— 2018 ᠣᠨ ᠤ 1 ᠰᠠᠷ᠎ᠠ ᠶᠢᠨ 7 ᠤ ᠡᠳᠦᠷ ᠪᠠᠶᠠᠨᠨᠠᠭᠤᠷ ᠬᠤᠲᠠ ᠶᠢᠨ ᠳᠥᠷᠪᠡᠳᠦᠭᠡᠷ ᠬᠤᠭᠤᠴᠠᠭᠠᠨ ᠤ ᠠᠷᠠᠳ ᠤᠨ ᠲᠥᠯᠥᠭᠡᠯᠡᠭᠴᠢᠳ ᠤᠨ | ᠶᠡᠭᠡ ᠬᠤᠷᠠᠯ ᠤᠨ ᠨᠢᠭᠡᠳᠦᠭᠡᠷ ᠤᠳᠠᠭ᠎ᠠ ᠶᠢᠨ ᠬᠤᠷᠠᠯᠳᠤᠭᠠᠨ ᠳᠡᠭᠡᠷ᠎ᠡ | | ᠪᠠᠶᠠᠨᠨᠠᠭᠤᠷ ᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠬᠤᠲᠠ ᠶᠢᠨ ᠳᠠᠷᠤᠭ᠎ᠠ | ᠵᠠᠩ ᠰᠢᠶᠣᠣ ᠪᠢᠩ | | ᠲᠥᠯᠥᠭᠡᠯᠡᠭᠴᠢᠳ ᠡ᠄ | | ᠣᠳᠣ ᠪᠢ᠂ ᠬᠤᠲᠠ ᠶᠢᠨ ᠠᠷᠠᠳ ᠤᠨ ᠵᠠᠰᠠᠭ ᠤᠨ ᠣᠷᠳᠣᠨ ᠢ ᠲᠥᠯᠥᠭᠡᠯᠡᠨ ᠶᠡᠭᠡ ᠬᠤᠷᠠᠯ ᠳᠤ ᠢᠯᠡᠳᠬᠡᠯ ᠬᠢᠶ᠎ᠡ᠂ ᠬᠢᠨᠠᠨ ᠵᠥᠪᠯᠡᠭᠡᠷᠡᠢ᠂ ᠬᠤᠲᠠ ᠶᠢᠨ ᠤᠯᠤᠰ | ᠲᠥᠷᠥ ᠶᠢᠨ ᠵᠥᠪᠯᠡᠯᠭᠡᠨ ᠤ ᠭᠡᠰᠢᠭᠦᠳ ᠪᠠ ᠬᠤᠷᠠᠯ ᠳᠤ ᠰᠤᠯᠠ ᠣᠷᠣᠯᠴᠠᠭ᠎ᠠ ᠨᠥᠬᠦᠳ ᠰᠠᠨᠠᠯ ᠢᠶᠠᠨ ᠳᠤᠷᠠᠳᠤᠭᠠᠷᠠᠢ᠃ | ᠨᠢᠭᠡ᠂ ᠥᠩᠭᠡᠷᠡᠭᠰᠡᠨ ᠲᠠᠪᠤᠨ ᠵᠢᠯ ᠤᠨ ᠠᠵᠢᠯ | ᠥᠩᠭᠡᠷᠡᠭᠰᠡᠨ ᠲᠠᠪᠤᠨ ᠵᠢᠯ ᠪᠣᠯ ᠮᠠᠨ ᠤ ᠬᠤᠲᠠ ᠶᠢᠨ ᠬᠥᠭᠵᠢᠯᠲᠡ ᠶᠢᠨ ᠠᠬᠢᠴᠠ ᠳᠤᠮᠳᠠᠬᠢ ᠮᠠᠰᠢ ᠶᠡᠷᠦ ᠪᠤᠰᠤ ᠶᠢᠨ ᠲᠠᠪᠤᠨ ᠵᠢᠯ ᠪᠣᠯᠣᠨ᠎ᠠ᠃ ᠠᠵᠤ | ᠠᠬᠤᠢ ᠶᠢᠨ ᠬᠥᠭᠵᠢᠯᠲᠡ ᠰᠢᠨ᠎ᠡ ᠬᠡᠪ ᠪᠠᠶᠢᠳᠠᠯ ᠳᠤ ᠣᠷᠣᠭᠰᠠᠨ ᠵᠡᠷᠭᠡ ᠠᠯᠢ ᠣᠯᠠᠨ ᠭᠦᠨᠵᠡᠭᠡᠢ ᠬᠤᠪᠢᠷᠠᠯᠲᠠ ᠶᠢᠨ ᠡᠮᠦᠨ᠎ᠡ᠂ ᠬᠤᠲᠠ ᠶᠢᠨ ᠨᠠᠮ ᠤᠨ ᠬᠤᠷᠢᠶᠠᠨ ᠤ | ᠵᠥᠪ ᠣᠨᠣᠪᠴᠢᠲᠠᠢ ᠤᠳᠤᠷᠢᠳᠤᠯᠭ᠎ᠠ ᠳᠣᠣᠷ᠎ᠠ᠂ ᠪᠢᠳᠡ ᠨᠠᠮ ᠤᠨ ᠲᠥᠪ ᠬᠤᠷᠢᠶ᠎ᠠ ᠲᠥᠷᠥ ᠶᠢᠨ ᠶᠠᠪᠤᠳᠠᠯ ᠤᠨ ᠬᠤᠷᠢᠶ᠎ᠠ᠂ ᠥᠪᠡᠷᠲᠡᠭᠡᠨ ᠵᠠᠰᠠᠬᠤ ᠣᠷᠣᠨ ᠤ | ᠨᠠᠮ ᠤᠨ ᠬᠤᠷᠢᠶ᠎ᠠ ᠵᠠᠰᠠᠭ ᠤᠨ ᠣᠷᠳᠣᠨ ᠤ ᠡᠯ᠎ᠡ ᠲᠥᠷᠥᠯ ᠤᠨ ᠰᠢᠢᠳᠪᠦᠷᠢᠲᠦ ᠪᠣᠳᠣᠯᠭ᠎ᠠ ᠶᠢᠨ ᠪᠠᠶᠢᠷᠢᠯᠠᠭᠤᠯᠤᠯᠲᠠ ᠶᠢ ᠬᠢᠨᠠᠮᠠᠭᠠᠢ ᠲᠤᠤᠱᠯᠠᠭᠤᠯᠵᠤ᠂ ᠲᠣᠭᠲᠠᠭᠤᠨ ᠤ | ᠳᠤᠮᠳᠠ ᠬᠥᠭᠵᠢᠯᠲᠡ ᠶᠢ ᠡᠷᠢᠯᠬᠢᠯᠡᠬᠦ ᠠᠵᠢᠯ ᠤᠨ ᠶᠡᠷᠦᠩᠬᠡᠢ ᠬᠥᠭ ᠠᠶᠠᠰ ᠢ ᠪᠠᠷᠢᠮᠲᠠᠯᠠᠨ᠂ ᠬᠦᠴᠢᠷ ᠢ ᠰᠥᠷᠥᠨ ᠤᠷᠤᠭᠰᠢᠯᠠᠵᠤ᠂ ᠵᠠᠮ ᠨᠡᠭᠡᠭᠡᠨ ᠤᠷᠤᠭᠰᠢ | ᠳᠠᠪᠰᠢᠵᠤ᠂ ᠠᠵᠤ ᠠᠬᠤᠢ ᠨᠡᠶᠢᠭᠡᠮ ᠤᠨ ᠬᠥᠭᠵᠢᠯᠲᠡ ᠶᠢ ᠰᠢᠨ᠎ᠡ ᠱᠠᠲᠤᠨ ᠳᠤ ᠠᠬᠢᠭᠤᠯᠵᠤ᠂ ᠴᠢᠨᠡᠭᠡᠯᠢᠭ ᠨᠡᠶᠢᠭᠡᠮ ᠢ ᠪᠦᠬᠦ ᠲᠠᠯ᠎ᠠ ᠪᠠᠷ ᠪᠠᠶᠢᠭᠤᠯᠤᠨ | ᠪᠡᠶᠡᠯᠡᠭᠦᠯᠬᠦ ᠳᠤ ᠪᠠᠲᠤ ᠰᠠᠭᠤᠷᠢ ᠶᠢ ᠲᠠᠯᠪᠢᠵᠠᠢ᠃ | — ᠶᠡᠷᠦᠩᠬᠡᠶᠢᠯᠡᠭᠰᠡᠨ ᠪᠣᠳᠠᠲᠤ ᠬᠦᠴᠦᠨ ᠲᠣᠭᠲᠠᠭᠤᠨ ᠤ ᠳᠤᠮᠳᠠ ᠳᠡᠭᠡᠭᠰᠢᠯᠡᠯᠲᠡ ᠲᠠᠢ ᠪᠣᠯᠪᠠ᠃ ᠬᠤᠭᠤᠰᠣᠨ ᠨᠡᠮᠡᠭᠳᠡᠯ ᠤᠨ ᠡᠯᠧᠮᠧᠨ᠋ᠲ ᠢ ᠠᠷᠢᠯᠭᠠᠵᠤ᠂ | ᠣᠷᠣᠨ ᠨᠤᠲᠤᠭ ᠤᠨ ᠦᠢᠯᠡᠳᠪᠦᠷᠢᠯᠡᠯ ᠤᠨ ᠶᠡᠷᠦᠩᠬᠡᠢ ᠥᠷᠲᠡᠭ ᠵᠢᠯ ᠳᠤᠮᠳᠠᠴᠢ ᠪᠠᠷ 7.2% ᠨᠡᠮᠡᠭᠳᠡᠵᠦ᠂ ᠲᠣᠭᠲᠠᠮᠠᠯ ᠬᠥᠷᠥᠩᠭᠡ ᠶᠢᠨ ᠪᠡᠯᠡ ᠣᠷᠣᠭᠤᠯᠤᠯᠲᠠ ᠵᠢᠯ | ᠳᠤᠮᠳᠠᠴᠢ ᠪᠠᠷ 8.5% ᠨᠡᠮᠡᠭᠳᠡᠵᠦ᠂ ᠨᠡᠶᠢᠭᠡᠮ ᠤᠨ ᠬᠡᠷᠡᠭᠯᠡᠭᠡᠨ ᠤ ᠲᠠᠸᠠᠷ ᠤᠨ ᠵᠢᠵᠢᠭᠯᠡᠨ ᠪᠣᠷᠣᠯᠠᠭᠤᠯᠤᠭᠰᠠᠨ ᠶᠡᠷᠦᠩᠬᠡᠢ ᠥᠷᠲᠡᠭ ᠵᠢᠯ ᠳᠤᠮᠳᠠᠴᠢ ᠪᠠᠷ 10.6% | ᠨᠡᠮᠡᠭᠳᠡᠪᠡ︔ ᠡᠩ ᠤᠨ ᠣᠯᠠᠨ ᠨᠡᠶᠢᠲᠡ ᠶᠢᠨ ᠲᠥᠰᠦᠪ ᠤᠨ ᠣᠷᠣᠯᠭ᠎ᠠ ᠵᠢᠯ ᠳᠤᠮᠳᠠᠴᠢ ᠪᠠᠷ 2.9% ᠨᠡᠮᠡᠭᠳᠡᠪᠡ︔ ᠬᠤᠲᠠ ᠬᠥᠳᠡᠭᠡ ᠶᠢᠨ ᠰᠠᠭᠤᠭᠠᠯᠢ ᠠᠷᠠᠳ ᠤᠨ | ᠬᠥᠮᠥᠨ ᠳᠤᠮᠳᠠᠴᠢ ᠡᠵᠡᠮᠳᠡᠵᠦ ᠪᠣᠯᠬᠤ ᠣᠷᠣᠯᠭ᠎ᠠ ᠵᠢᠯ ᠳᠤᠮᠳᠠᠴᠢ ᠪᠠᠷ 8.9% ᠪᠠ 9.8% ᠳᠤ ᠬᠦᠷᠴᠡᠢ᠃ ᠠᠵᠤ ᠠᠬᠤᠢ ᠲᠣᠭᠲᠠᠭᠤᠨ ᠢᠶᠠᠷ ᠬᠥᠭᠵᠢᠭᠰᠡᠨ | ᠰᠠᠭᠤᠷᠢᠨ ᠳᠡᠭᠡᠷ᠎ᠡ᠂ ᠪᠢᠳᠡ ᠳᠤᠲᠠᠭᠤᠳᠠᠯ ᠢ ᠬᠦᠴᠦᠯᠡᠨ ᠨᠥᠬᠦᠵᠦ᠂ ᠠᠷᠠᠳ ᠤᠨ ᠠᠮᠢᠳᠤᠷᠠᠯ ᠢ ᠬᠠᠷᠠᠭᠠᠯᠵᠠᠨ᠂ ᠡᠯ᠎ᠡ ᠦᠨᠳᠦᠰᠦᠲᠡᠨ ᠤ ᠣᠯᠠᠨ ᠲᠦᠮᠡᠨ ᠤ | ᠣᠯᠵᠠᠪᠤᠷᠢᠲᠤ ᠰᠡᠳᠬᠢᠭᠳᠡᠯ᠂ ᠵᠣᠯ ᠵᠢᠷᠭᠠᠯᠲᠤ ᠰᠡᠳᠬᠢᠭᠳᠡᠯ ᠢ ᠴᠢᠩᠭᠠᠷᠠᠭᠤᠯᠪᠠ᠃ | — ᠠᠵᠤ ᠦᠢᠯᠡᠰ ᠤᠨ ᠪᠦᠲᠦᠴᠡ ᠰᠢᠯᠢᠳᠡᠭᠵᠢᠨ ᠳᠡᠰ ᠳᠡᠪᠰᠢᠪᠡ᠃ ᠠᠮᠤ ᠪᠤᠳᠠᠭᠠᠨ ᠤ ᠦᠢᠯᠡᠳᠪᠦᠷᠢᠯᠡᠯ ᠤᠨ ᠴᠢᠳᠠᠪᠤᠷᠢ 60 ᠢᠯᠡᠭᠦᠦ ᠳ᠋ᠦᠩᠰᠢᠭᠤᠷ | ᠵᠢᠩ ᠳᠤ ᠲᠣᠭᠲᠠᠪᠤᠷᠢᠵᠢᠵᠤ᠂ ᠠᠯᠠᠰᠢᠨ ᠬᠤᠨᠢ ᠲᠡᠵᠢᠭᠡᠭᠰᠡᠨ ᠬᠡᠮᠵᠢᠶ᠎ᠡ ᠪᠠ ᠬᠠᠰᠢᠶᠠᠨ ᠠᠴᠠ ᠭᠠᠷᠭᠠᠭᠰᠠᠨ ᠬᠡᠮᠵᠢᠶ᠎ᠡ ᠪᠦᠬᠦ ᠣᠷᠣᠨ ᠳᠠᠭᠠᠨ ᠲᠡᠷᠢᠭᠦᠯᠡᠵᠦ᠂ ᠣᠷᠭᠠᠨᠢᠭ | ᠰᠦ ᠶᠢᠨ ᠦᠢᠯᠡᠳᠪᠦᠷᠢᠯᠡᠯ ᠪᠦᠬᠦ ᠤᠯᠤᠰ ᠤᠨ ᠲᠡᠷᠢᠭᠦᠨ ᠳᠤ ᠣᠷᠣᠪᠠ᠃ ᠪᠠᠶᠠᠨᠨᠠᠭᠤᠷ ᠤᠨ ᠮᠧᠷᠢᠨᠣᠰ ᠠᠯᠠᠰᠢᠨ ᠬᠤᠨᠢ ᠶᠢᠨ ᠰᠢᠨ᠎ᠡ ᠡᠭᠦᠯᠳᠡᠷ ᠤᠨ ᠪᠣᠶᠢᠵᠢᠭᠤᠯᠤᠯᠲᠠ | ᠨᠢ ᠤᠯᠤᠰ ᠤᠨ ᠰᠢᠨᠵᠢᠯᠡᠬᠦ ᠤᠬᠠᠭᠠᠨ ᠮᠡᠷᠭᠡᠵᠢᠯ ᠤᠨ ᠳᠠᠪᠰᠢᠯᠲᠠ ᠤᠨ ᠬᠤᠶᠠᠳᠤᠭᠠᠷ ᠳᠡᠰ ᠤᠨ ᠱᠠᠩᠨᠠᠯ ᠢ ᠬᠦᠷᠲᠡᠪᠡ᠃ ᠮᠠᠯ ᠲᠠᠷᠢᠶᠠᠯᠠᠩ ᠤᠨ ᠪᠦᠲᠦᠭᠡᠭᠳᠡᠬᠦᠨ ᠢ | ᠡᠳ᠋ᠰᠢᠭᠦᠯᠦᠨ ᠣᠨᠳᠣᠣᠰᠢᠭᠤᠯᠬᠤ ᠨᠣᠷᠮ᠎ᠠ 69% ᠪᠠᠶᠢᠭᠰᠠᠨ ᠠᠴᠠ ᠪᠠᠨ 76% ᠳᠤ ᠬᠦᠷᠴᠦ᠂ ᠰᠢᠨ᠎ᠡ ᠡᠨᠧᠷᠭᠢ᠂ ᠰᠢᠨ᠎ᠡ ᠮᠠᠲ᠋ᠧᠷᠢᠶᠠᠯ᠂ ᠲᠣᠮᠣ ᠳ᠋ᠠᠶᠢᠲ᠋ᠠ ᠵᠡᠷᠭᠡ | ᠰᠢᠨ᠎ᠡ ᠪᠠᠷ ᠮᠠᠨᠳᠤᠭᠰᠠᠨ ᠠᠵᠤ ᠦᠢᠯᠡᠰ ᠦᠳᠲᠡᠷ ᠲᠦᠷᠭᠡᠨ ᠬᠥᠭᠵᠢᠪᠡ᠂ ᠰᠠᠯᠬᠢᠨ ᠴᠠᠬᠢᠯᠭᠠᠨ ᠪᠠ ᠨᠠᠷᠠᠨ ᠴᠠᠬᠢᠯᠭᠠᠨ ᠤ ᠮᠠᠰᠢᠨ ᠴᠣᠭᠴᠠᠯᠠᠪᠤᠷᠢ ᠶᠢᠨ ᠪᠠᠭᠲᠠᠭᠠᠮᠵᠢ | ᠨᠢ ᠪᠦᠬᠦ ᠬᠤᠲᠠ ᠶᠢᠨ ᠴᠠᠬᠢᠯᠭᠠᠨ ᠬᠦᠴᠦᠨ ᠤ ᠮᠠᠰᠢᠨ ᠴᠣᠭᠴᠠᠯᠠᠪᠤᠷᠢ ᠶᠢᠨ ᠪᠠᠭᠲᠠᠭᠠᠮᠵᠢ ᠶᠢᠨ 64% ᠶᠢ ᠡᠵᠡᠯᠡᠪᠡ᠂ ᠣᠯᠠᠨ ᠲᠠᠯᠠᠰᠲᠤ ᠴᠠᠬᠢᠭᠤᠷ ᠤᠨ | ᠦᠢᠯᠡᠳᠪᠦᠷᠢᠯᠡᠯ ᠤᠨ ᠬᠡᠮᠵᠢᠶ᠎ᠡ ᠨᠢ ᠪᠦᠬᠦ ᠣᠷᠣᠨ ᠤ 40% ᠳᠤ ᠬᠦᠷᠴᠡᠢ᠃ ᠭᠤᠷᠪᠠᠳᠤᠭᠠᠷ ᠠᠵᠤ ᠦᠢᠯᠡᠰ ᠠᠴᠠ ᠦᠢᠯᠡᠳᠪᠦᠷᠢᠯᠡᠯ ᠤᠨ ᠶᠡᠷᠦᠩᠬᠡᠢ ᠥᠷᠲᠡᠭ ᠤᠨ | ᠨᠡᠮᠡᠭᠳᠡᠯ ᠳᠠᠬᠢ ᠵᠢᠳᠬᠦᠯ ᠤᠨ ᠨᠣᠷᠮ᠎ᠠ ᠨᠢ 61% ᠳᠤ ᠬᠦᠷᠴᠦ᠂ 44 ᠵᠠᠭᠤᠨ ᠤ ᠬᠤᠪᠢᠳᠠᠯ ᠨᠡᠮᠡᠭᠳᠡᠵᠡᠢ᠃ ᠤᠯᠤᠰ ᠤᠨ 4A ᠳᠡᠰ ᠤᠨ ᠵᠤᠭᠠᠴᠠᠯ ᠤᠨ | ᠦᠵᠡᠮᠵᠢ ᠶᠢᠨ ᠣᠷᠣᠨ ᠰᠢᠨ᠎ᠡ ᠪᠠᠷ 5 ᠨᠡᠮᠡᠭᠳᠡᠵᠦ᠂ ᠬᠠᠲᠤᠨ ᠭᠤᠣᠯ ᠤᠨ ᠪᠣᠷᠣᠲᠣᠬᠤᠢ ᠰᠣᠶᠣᠯ ᠤᠨ ᠵᠤᠭᠠᠴᠠᠯ ᠤᠨ ᠣᠷᠣᠨ᠂ ᠣᠯᠣᠰᠣᠲᠤ ᠶᠢᠨ ᠨᠠᠭᠤᠷ ᠵᠡᠷᠭᠡ | ᠦᠵᠡᠮᠵᠢ ᠶᠢᠨ ᠣᠷᠣᠨ ᠤ ᠨᠡᠷ᠎ᠡ ᠠᠯᠳᠠᠷᠰᠢᠯ ᠲᠠᠰᠤᠷᠠᠯᠲᠠ ᠦᠭᠡᠢ ᠳᠡᠭᠡᠭᠰᠢᠯᠡᠵᠡᠢ᠂ ᠹᠦ᠋ ᠴᠢᠶᠠᠩ ᠲᠣᠰᠬᠤᠨ ︽ᠳᠤᠮᠳᠠᠳᠤ ᠤᠯᠤᠰ ᠤᠨ ᠠᠷᠪᠠᠨ ᠶᠡᠭᠡ ᠬᠠᠮᠤᠭ | ᠭᠤᠶᠣ ᠬᠥᠳᠡᠭᠡ ᠲᠣᠰᠬᠤᠨ︾ ᠢᠶᠠᠷ ᠦᠨᠡᠯᠡᠭᠳᠡᠵᠡᠢ᠃ ᠡᠯᠧᠺᠲᠷᠣᠨ ᠬᠤᠳᠠᠯᠳᠤᠭ᠎ᠠ᠂ ᠮᠥᠩᠭᠦᠨ ᠭᠦᠢᠯᠭᠡᠭᠡ᠂ ᠪᠠᠷᠠᠭᠠᠨ ᠤ ᠭᠦᠢᠯᠭᠡᠭᠡ ᠵᠡᠷᠭᠡ ᠣᠳᠣ ᠦᠶ᠎ᠡ ᠶᠢᠨ | ᠦᠢᠯᠡᠴᠢᠯᠡᠭᠡᠨ ᠤ ᠦᠢᠯᠡᠰ ᠢᠳᠡᠷᠡᠭᠦᠨ ᠢᠶᠠᠷ ᠬᠥᠭᠵᠢᠪᠡ᠃ | — ᠬᠤᠲᠠ ᠬᠥᠳᠡᠭᠡ ᠶᠢᠨ ᠣᠷᠴᠢᠨ ᠲᠣᠭᠤᠷᠢᠨ ᠶᠡᠬᠡᠪᠡᠷ ᠰᠠᠶᠢᠵᠢᠷᠠᠪᠠ᠃ ᠬᠤᠲᠠ ᠪᠠᠯᠭᠠᠰᠤᠨ ᠤ ᠪᠠᠶᠢᠭᠤᠯᠤᠭᠳᠠᠭᠰᠠᠨ ᠣᠷᠣᠨ ᠤ ᠲᠠᠯᠠᠪᠠᠢ 128.6 ᠲᠡᠭᠰᠢ | ᠳᠥᠷᠪᠡᠯᠵᠢᠨ ᠺᠢᠯᠣᠮᠧᠲᠷ ᠲᠤ ᠬᠦᠷᠴᠦ᠂ ᠪᠠᠶᠢᠩᠭᠤ ᠰᠠᠭᠤᠭ᠎ᠠ ᠬᠥᠮᠥᠨ ᠠᠮᠠ ᠶᠢᠨ ᠬᠤᠲᠠ ᠪᠠᠯᠭᠠᠰᠤᠵᠢᠯᠲᠠ ᠶᠢᠨ ᠨᠣᠷᠮ᠎ᠠ 54.2% ᠲᠤ ᠬᠦᠷᠴᠦ᠂ ᠬᠤᠲᠠ | ᠬᠥᠳᠡᠭᠡ ᠶᠢᠨ ᠲᠥᠯᠥᠪᠵᠢᠭᠦᠯᠭᠡ ᠪᠦᠲᠦᠭᠡᠨ ᠪᠠᠶᠢᠭᠤᠯᠤᠯᠲᠠ ᠬᠠᠮᠢᠶᠠᠷᠤᠯᠲᠠ ᠶᠢᠨ ᠠᠵᠢᠯ ᠪᠦᠬᠦ ᠣᠷᠣᠨ ᠤ ᠲᠡᠷᠢᠭᠦᠨ ᠡᠩᠨᠡᠭᠡᠨ ᠳᠤ ᠶᠠᠪᠤᠵᠤ ᠪᠠᠶᠢᠨ᠎ᠠ᠃ ᠰᠢᠨ᠎ᠡ ᠪᠠᠷ | ᠨᠡᠮᠡᠭᠳᠡᠭᠰᠡᠨ ᠵᠠᠰᠠᠮᠠᠯ ᠵᠠᠮ ᠤᠨ ᠤᠷᠲᠤ 2543 ᠺᠢᠯᠣᠮᠧᠲᠷ ᠲᠤ ᠬᠦᠷᠴᠦ᠂ ᠶᠡᠷᠦᠩᠬᠡᠢ ᠤᠷᠲᠤ ᠪᠠ ᠵᠠᠮ ᠤᠨ ᠲᠣᠣᠷ ᠤᠨ ᠨᠢᠭᠲᠠᠴᠠ ᠨᠢ ᠪᠦᠷ ᠪᠦᠬᠦ ᠣᠷᠣᠨ ᠤ | ᠲᠦᠷᠦᠭᠦᠦ ᠭᠤᠷᠪᠠ ᠳᠤ ᠣᠷᠣᠵᠠᠢ᠂ ᠵᠠᠰᠠᠭ ᠵᠠᠬᠢᠷᠭᠠᠨ ᠤ ᠭᠠᠴᠠᠭ᠎ᠠ ᠲᠣᠰᠬᠤᠨ ᠳᠤ ᠪᠦᠷ ᠴᠠᠷᠳᠠᠮᠠᠯ ᠵᠠᠮ ᠪᠧᠲ᠋ᠤᠨ ᠵᠠᠮ ᠨᠡᠪᠲᠡᠷᠡᠵᠡᠢ᠃ ᠤᠰᠤᠯᠠᠯᠲᠠ ᠶᠢᠨ | ᠣᠷᠣᠨ ᠤ ᠦᠷᠭᠦᠯᠵᠢᠯᠡᠨ ᠪᠦᠲᠦᠭᠡᠨ ᠪᠠᠶᠢᠭᠤᠯᠵᠤ ᠲᠥᠬᠦᠷᠵᠢᠭᠦᠯᠬᠦ ᠪᠠ ᠤᠰᠤ ᠠᠷᠪᠢᠯᠠᠬᠤ ᠥᠭᠡᠷᠡᠴᠢᠯᠡᠯᠲᠡ᠂ ᠤᠰᠤ ᠵᠠᠯᠠᠬᠤ ᠲᠥᠬᠦᠭᠡᠷᠦᠮᠵᠢ ᠶᠢᠨ ᠥᠭᠡᠷᠡᠴᠢᠯᠡᠯᠲᠡ | ᠂ ᠥᠨᠳᠥᠷ ᠪᠠᠷᠢᠮᠵᠢᠶᠠᠲᠤ ᠲᠠᠷᠢᠶᠠᠨ ᠭᠠᠵᠠᠷ ᠤᠨ ᠪᠦᠲᠦᠭᠡᠨ ᠪᠠᠶᠢᠭᠤᠯᠤᠯᠲᠠ ᠶᠢᠨ ᠦᠷ᠎ᠡ ᠪᠦᠲᠦᠮᠵᠢ ᠢᠯᠡᠷᠬᠡᠢ ᠪᠠᠶᠢᠵᠤ᠂ 70% ᠣᠷᠴᠢᠮ ᠤᠨ ᠲᠠᠷᠢᠶᠠᠨ | ᠭᠠᠵᠠᠷ ᠤᠨ ᠦᠢᠯᠡᠳᠪᠦᠷᠢᠯᠡᠯ ᠤᠨ ᠨᠥᠬᠦᠴᠡᠯ ᠰᠠᠶᠢᠵᠢᠷᠠᠵᠠᠢ᠃ ᠣᠢ ᠰᠢᠭᠤᠢ ᠶᠢᠨ ᠠᠮᠢ ᠠᠬᠤᠢ ᠶᠢᠨ ᠪᠦᠲᠦᠭᠡᠨ ᠪᠠᠶᠢᠭᠤᠯᠤᠯᠲᠠ ᠶᠢ 410.8 ᠲᠦᠮᠡᠨ ᠮᠦ | ᠪᠡᠶᠡᠯᠡᠭᠦᠯᠵᠦ᠂ ᠪᠣᠷᠣᠲᠣᠬᠤᠢ ᠣᠷᠣᠨ ᠤ ᠣᠢ ᠰᠢᠭᠤᠢ ᠶᠢᠨ ᠪᠦᠷᠬᠦᠴᠡ 20% ᠳᠤ ᠬᠦᠷᠴᠦ᠂ ᠰᠢᠨ᠎ᠡ ᠪᠠᠷ ᠨᠡᠮᠡᠭᠳᠡᠭᠰᠡᠨ ᠨᠤᠭᠤ ᠭᠠᠵᠠᠷ ᠤᠨ ᠲᠠᠯᠠᠪᠠᠢ 10.4 | ᠲᠦᠮᠡᠨ ᠮᠦ ᠳᠤ ᠬᠦᠷᠴᠦ᠂ ᠤᠯᠤᠰ ᠤᠨ ᠠᠮᠢ ᠠᠬᠤᠢ ᠶᠢᠨ ᠪᠣᠯᠪᠠᠰᠤᠨ ᠤ ᠪᠠᠶᠢᠭᠤᠯᠤᠯᠲᠠ ᠶᠢ ᠤᠷᠢᠳᠠᠪᠠᠷ ᠬᠥᠭᠵᠢᠭᠦᠯᠦᠭᠰᠡᠨ ᠵᠢᠱᠢᠶ᠎ᠡ ᠦᠵᠡᠭᠦᠯᠬᠦ ᠣᠷᠣᠨ ᠪᠣᠯᠵᠤ᠂ | ᠤᠯᠤᠰ ᠤᠨ ᠭᠠᠵᠠᠷ ᠰᠢᠷᠣᠢ ᠡᠬᠢ ᠪᠠᠶᠠᠯᠢᠭ ᠢ ᠠᠷᠪᠢᠯᠠᠨ ᠡᠷᠴᠢᠮᠵᠢᠭᠦᠯᠦᠭᠰᠡᠨ ᠳᠠᠭᠤᠷᠢᠶᠠᠯ ᠬᠤᠲᠠ ᠶᠢᠨ ᠢᠷᠠᠭᠤ ᠠᠯᠳᠠᠷ ᠢ ᠣᠯᠵᠠᠢ᠃ | — ᠥᠭᠡᠷᠡᠴᠢᠯᠡᠯᠲᠡ ᠬᠢᠵᠦ ᠴᠢᠯᠥᠭᠡᠲᠡᠢ ᠶᠠᠪᠤᠯᠴᠠᠬᠤ ᠠᠵᠢᠯ ᠭᠦᠨᠵᠡᠭᠡᠶᠢᠷᠡᠨ ᠠᠬᠢᠪᠠ᠃ ᠠᠵᠤ ᠠᠬᠤᠢ᠂ ᠠᠮᠢ ᠠᠬᠤᠢ ᠪᠠ ᠨᠡᠶᠢᠭᠡᠮ ᠤᠨ ᠠᠵᠢᠯ ᠦᠢᠯᠡᠰ ᠤᠨ | ᠬᠦᠷᠢᠶ᠎ᠡ ᠴᠠᠷᠠᠭ᠎ᠠ ᠳᠠᠬᠢ ᠥᠭᠡᠷᠡᠴᠢᠯᠡᠯᠲᠡ ᠶᠢᠨ ᠦᠷ᠎ᠡ ᠪᠦᠲᠦᠭᠡᠯ ᠢ 547 ᠣᠯᠵᠠᠢ᠃ ᠰᠢ ᠶᠢᠨ ᠫᠢᠩ ᠶᠡᠷᠦᠩᠬᠡᠢ ᠱᠦᠵᠢ ᠶᠢᠨ ᠨᠠᠶᠢᠳᠠᠭᠰᠠᠨ ᠭᠤᠷᠪᠠᠨ | ᠲᠥᠷᠥᠯ ᠤᠨ ᠭᠤᠣᠯᠳᠠᠯᠭ᠎ᠠ ᠲᠠᠢ ᠥᠭᠡᠷᠡᠴᠢᠯᠡᠯᠲᠡ ᠶᠢᠨ ᠦᠷ᠎ᠡ ᠪᠦᠲᠦᠭᠡᠯ ᠠᠩᠬ᠎ᠠ ᠢᠯᠡᠷᠡᠵᠦ᠂ ᠬᠠᠩᠭᠠᠯᠭ᠎ᠠ ᠶᠢᠨ ᠲᠠᠯ᠎ᠠ ᠶᠢᠨ ᠪᠦᠲᠦᠴᠡ ᠶᠢᠨ ᠴᠢᠨᠠᠷᠲᠠᠢ | ᠥᠭᠡᠷᠡᠴᠢᠯᠡᠯᠲᠡ ᠪᠦᠲᠦᠮᠵᠢᠲᠡᠢ ᠨᠠᠶᠢᠳᠠᠪᠤᠷᠢᠵᠢᠵᠤ᠂ ︽ᠲᠠᠯᠪᠢᠬᠤ ᠬᠠᠮᠢᠶᠠᠷᠬᠤ ᠦᠢᠯᠡᠴᠢᠯᠡᠬᠦ︾ ᠥᠭᠡᠷᠡᠴᠢᠯᠡᠯᠲᠡ ᠲᠠᠰᠤᠷᠠᠯᠲᠠ ᠦᠭᠡᠢ ᠭᠦᠨᠵᠡᠭᠡᠶᠢᠷᠡᠪᠡ᠃ ᠮᠠᠯᠵᠢᠬᠤ | ᠲᠠᠷᠢᠶᠠᠯᠠᠬᠤ ᠣᠷᠣᠨ ᠤ ᠶᠡᠷᠦᠩᠬᠡᠶᠢᠯᠡᠭᠰᠡᠨ ᠥᠭᠡᠷᠡᠴᠢᠯᠡᠯᠲᠡ ᠲᠣᠭᠲᠠᠭᠤᠨ ᠢᠶᠠᠷ ᠠᠬᠢᠵᠤ᠂ ᠲᠠᠷᠢᠶᠠᠨ ᠭᠠᠵᠠᠷ ᠨᠤᠲᠤᠭ ᠪᠡᠯᠴᠢᠭᠡᠷ ᠤᠨ ᠡᠵᠡᠩᠨᠡᠬᠦ ᠡᠷᠬᠡ ᠶᠢ | ᠲᠣᠳᠣᠳᠬᠠᠬᠤ ᠠᠵᠢᠯ ᠤᠷᠤᠭᠰᠢᠲᠠᠢ ᠪᠠᠶᠢᠨ᠎ᠠ᠃ ᠰᠤᠷᠭᠠᠨ ᠬᠥᠮᠥᠵᠢᠯ ᠡᠮ ᠡᠮᠨᠡᠯᠭᠡ᠂ ᠡᠳ᠋ ᠤᠨ ᠵᠠᠰᠠᠭ ᠭᠠᠶᠢᠯᠢ ᠮᠥᠩᠭᠦᠨ ᠭᠦᠢᠯᠭᠡᠭᠡ᠂ ᠠᠮᠢ ᠠᠬᠤᠢ ᠶᠢᠨ | ᠪᠣᠯᠪᠠᠰᠤᠨ ᠵᠡᠷᠭᠡ ᠲᠠᠯ᠎ᠠ ᠶᠢᠨ ᠥᠭᠡᠷᠡᠴᠢᠯᠡᠯᠲᠡ ᠡᠮᠬᠢ ᠴᠡᠭᠴᠡᠲᠡᠢ ᠬᠡᠷᠡᠭᠵᠢᠭᠦᠯᠦᠭᠳᠡᠵᠦ ᠪᠠᠶᠢᠨ᠎ᠠ᠃ ᠪᠦᠬᠦ ᠲᠠᠯ᠎ᠠ ᠶᠢᠨ ᠭᠠᠳᠠᠭᠠᠳᠤ ᠲᠠᠢ ᠴᠢᠯᠥᠭᠡᠲᠡᠢ ᠶᠠᠪᠤᠯᠴᠠᠬᠤ | ᠰᠢᠨ᠎ᠡ ᠪᠠᠶᠢᠳᠠᠯ ᠠᠩᠬ᠎ᠠ ᠠᠯᠬᠤᠮ ᠪᠦᠷᠢᠯᠳᠦᠵᠦ᠂ ᠮᠣᠩᠭᠤᠯ ᠤᠯᠤᠰ ᠯᠤᠭ᠎ᠠ ᠶᠢᠨ ᠬᠠᠮᠵᠢᠯᠴᠠᠭ᠎ᠠ ᠨᠡᠩ ᠨᠢᠭᠲᠠᠷᠠᠵᠠᠢ᠃ ᠭᠠᠶᠢᠯᠢ ᠶᠢ ᠪᠠᠲᠤᠯᠠᠬᠤ ᠪᠠᠷᠠᠭᠠᠨ ᠤ | ᠭᠦᠢᠯᠭᠡᠭᠡᠨ ᠤ ᠬᠦᠷᠢᠶᠡᠯᠡᠩ ᠲᠣᠭᠤᠷᠢᠭ ᠤᠨ ᠬᠠᠭᠤᠷᠠᠢ ᠵᠠᠮ ᠤᠨ ᠭᠠᠷᠠᠮ ᠨᠡᠪᠲᠡᠷᠡᠨ ᠡᠵᠡᠩᠨᠡᠯᠲᠡ ᠪᠠᠨ ᠡᠬᠢᠯᠡᠭᠦᠯᠵᠦ᠂ ᠮᠠᠯ ᠲᠠᠷᠢᠶᠠᠯᠠᠩ ᠤᠨ ᠪᠦᠲᠦᠭᠡᠭᠳᠡᠬᠦᠨ ᠤ | ᠭᠠᠳᠠᠭᠠᠳᠤ ᠭᠠᠷᠭᠠᠯᠲᠠ ᠶᠢᠨ ᠬᠡᠮᠵᠢᠶ᠎ᠡ 9 ᠵᠢᠯ ᠳᠠᠷᠠᠭᠠᠯᠠᠨ ᠪᠦᠬᠦ ᠣᠷᠣᠨ ᠳᠠᠭᠠᠨ ᠲᠡᠷᠢᠭᠦᠯᠡᠵᠦ᠂ ᠤᠯᠤᠰ ᠤᠨ ᠳᠣᠲᠣᠭᠠᠳᠤ ᠠᠴᠠ ᠲᠠᠲᠠᠨ ᠣᠷᠣᠭᠤᠯᠤᠭᠰᠠᠨ | ᠪᠠᠶᠢᠷᠢᠨ ᠳᠠᠭᠠᠨ ᠬᠦᠷᠦᠭᠰᠡᠨ ᠪᠡᠯᠡ ᠮᠥᠩᠭᠦ ᠨᠡᠶᠢᠲᠡ 1473 ᠳ᠋ᠦᠩᠰᠢᠭᠤᠷ ᠲᠥᠭᠦᠷᠢᠭ ᠲᠤ ᠬᠦᠷᠴᠡᠢ᠃ | — ᠠᠷᠠᠳ ᠤᠨ ᠠᠮᠢᠳᠤᠷᠠᠯ ᠦᠷᠭᠦᠯᠵᠢᠯᠡᠨ ᠰᠠᠶᠢᠵᠢᠷᠠᠪᠠ᠃ ᠡᠯ᠎ᠡ ᠱᠠᠲᠤᠨ ᠤ ᠡᠳ᠋ ᠤᠨ ᠵᠠᠰᠠᠭ ᠠᠴᠠ ᠠᠷᠠᠳ ᠤᠨ ᠠᠮᠢᠳᠤᠷᠠᠯ ᠳᠤ ᠣᠷᠣᠭᠤᠯᠤᠭᠰᠠᠨ ᠪᠡᠯᠡ | ᠮᠥᠩᠭᠦ ᠨᠡᠶᠢᠲᠡ 816.1 ᠳ᠋ᠦᠩᠰᠢᠭᠤᠷ ᠲᠥᠭᠦᠷᠢᠭ ᠲᠤ ᠬᠦᠷᠴᠦ᠂ ᠡᠩ ᠤᠨ ᠣᠯᠠᠨ ᠨᠡᠶᠢᠲᠡ ᠶᠢᠨ ᠲᠥᠰᠦᠪ ᠤᠨ ᠵᠠᠷᠤᠳᠠᠯ ᠤᠨ 70% ᠠᠴᠠ ᠳᠡᠭᠡᠭᠰᠢᠬᠢ ᠶᠢ | ᠡᠵᠡᠯᠡᠵᠡᠢ᠃ 9.92 ᠲᠦᠮᠡᠨ ᠶᠠᠳᠠᠭᠤ ᠬᠦᠴᠢᠷᠳᠡᠯᠲᠡᠢ ᠬᠥᠮᠥᠨ ᠠᠮᠠ ᠶᠢ ᠲᠣᠭᠲᠠᠭᠤᠨ ᠢᠶᠠᠷ ᠶᠠᠳᠠᠭᠤ ᠠᠴᠠ ᠠᠩᠭᠢᠵᠢᠷᠠᠭᠤᠯᠵᠤ᠂ ᠶᠠᠳᠠᠭᠤ ᠬᠦᠴᠢᠷᠳᠡᠯ ᠤᠨ ᠡᠭᠦᠰᠬᠦ | ᠨᠣᠷᠮ᠎ᠠ ᠶᠢ 0.5% ᠬᠦᠷᠲᠡᠯ᠎ᠡ ᠪᠠᠭᠤᠷᠠᠭᠤᠯᠪᠠ᠃ ᠠᠵᠢᠯ ᠣᠯᠭᠤᠯᠲᠠ ᠶᠢᠨ ᠪᠠᠶᠢᠳᠠᠯ ᠲᠣᠭᠲᠠᠭᠤᠨ ᠪᠠᠶᠢᠵᠤ᠂ ᠬᠤᠲᠠ ᠬᠥᠳᠡᠭᠡ ᠶᠢᠨ ᠰᠠᠭᠤᠭᠠᠯᠢ ᠠᠷᠠᠳ ᠢ | ᠨᠡᠶᠢᠳᠡᠮ ᠪᠦᠷᠬᠦᠭᠰᠡᠨ ᠨᠡᠶᠢᠭᠡᠮ ᠤᠨ ᠪᠠᠲᠤᠯᠠᠪᠤᠷᠢ ᠶᠢᠨ ᠲᠣᠭᠲᠠᠯᠴᠠᠭ᠎ᠠ ᠦᠨᠳᠦᠰᠦᠨ ᠳᠡᠭᠡᠨ ᠪᠦᠷᠢᠯᠳᠦᠵᠦ᠂ ᠪᠠᠲᠤᠯᠠᠭ᠎ᠠ ᠶᠢᠨ ᠪᠠᠷᠢᠮᠵᠢᠶ᠎ᠠ ᠪᠦᠬᠦ ᠣᠷᠣᠨ ᠤ ᠳᠤᠮᠳᠠᠴᠢ | ᠲᠦᠪᠰᠢᠨ ᠳᠤ ᠬᠦᠷᠦᠭᠰᠡᠨ ᠪᠤᠶᠤ ᠳᠠᠪᠠᠭᠰᠠᠨ ᠪᠠᠶᠢᠨ᠎ᠠ᠂ ᠨᠠᠰᠤᠲᠠᠨ ᠢ ᠠᠰᠠᠷᠠᠬᠤ ᠬᠦᠷᠢᠶᠡᠯᠡᠩ᠂ ᠡᠳᠦᠷ ᠢᠶᠠᠷ ᠠᠰᠠᠷᠠᠬᠤ ᠲᠥᠪ ᠵᠡᠷᠭᠡ ᠨᠠᠰᠤᠲᠠᠨ ᠢ ᠠᠰᠠᠷᠠᠬᠤ | ᠦᠢᠯᠡᠴᠢᠯᠡᠭᠡᠨ ᠤ ᠲᠥᠬᠦᠭᠡᠷᠦᠮᠵᠢ ᠶᠢ 48 ᠪᠠᠶᠢᠭᠤᠯᠵᠤ᠂ 36 ᠲᠦᠮᠡᠨ ᠬᠤᠲᠠ ᠬᠥᠳᠡᠭᠡ ᠶᠢᠨ ᠳᠣᠣᠷ᠎ᠠ ᠣᠷᠣᠯᠭ᠎ᠠ ᠲᠠᠢ ᠭᠡᠷ ᠪᠦᠯᠢ ᠶᠢᠨ ᠣᠷᠣᠨ ᠰᠠᠭᠤᠴᠠ ᠶᠢᠨ | ᠨᠥᠬᠦᠴᠡᠯ ᠰᠠᠶᠢᠵᠢᠷᠠᠵᠠᠢ᠃ ᠡᠯ᠎ᠡ ᠱᠠᠲᠤᠨ ᠤ ᠡᠯ᠎ᠡ ᠲᠥᠷᠥᠯ ᠤᠨ ᠰᠤᠷᠭᠠᠨ ᠬᠥᠮᠥᠵᠢᠯ ᠵᠣᠬᠢᠴᠠᠯᠳᠤᠨ ᠬᠥᠭᠵᠢᠵᠦ᠂ ᠠᠷᠪᠠᠨ ᠬᠤᠶᠠᠷ ᠵᠢᠯ ᠤᠨ ᠰᠦᠢᠳᠬᠡᠯ | ᠬᠤᠷᠢᠶᠠᠬᠤ ᠦᠭᠡᠢ ᠰᠤᠷᠭᠠᠨ ᠬᠥᠮᠥᠵᠢᠯ ᠪᠦᠬᠦ ᠲᠠᠯ᠎ᠠ ᠪᠠᠷ ᠬᠡᠷᠡᠭᠵᠢᠭᠦᠯᠦᠭᠳᠡᠪᠡ᠃ ᠬᠤᠲᠠ ᠶᠢᠨ ᠡᠮᠨᠡᠯᠭᠡ ᠶᠢᠨ ᠬᠤᠷᠢᠶ᠎ᠠ᠂ ᠬᠤᠲᠠ ᠶᠢᠨ ᠬᠢᠲᠠᠳ ᠡᠮᠨᠡᠯᠭᠡ ᠶᠢᠨ | ᠬᠤᠷᠢᠶ᠎ᠠ ᠤᠯᠤᠰ ᠤᠨ ᠭᠤᠷᠪᠠᠨ ᠬᠥᠬᠡ ᠳᠡᠰ ᠤᠨ ᠡᠮᠨᠡᠯᠭᠡ ᠶᠢᠨ ᠬᠤᠷᠢᠶ᠎ᠠ ᠪᠣᠯᠤᠨ ᠳᠡᠰ ᠳᠡᠪᠰᠢᠵᠦ᠂ ᠬᠤᠲᠠ ᠶᠢᠨ ᠡᠮᠨᠡᠯᠭᠡ ᠶᠢᠨ ᠬᠤᠷᠢᠶᠠᠨ ᠤ ᠰᠢᠨ᠎ᠡ ᠰᠠᠭᠤᠷᠢᠰᠢᠯ | ᠪᠠᠶᠢᠭᠤᠯᠤᠭᠳᠠᠨ ᠠᠰᠢᠭᠯᠠᠯᠲᠠ ᠳᠤ ᠣᠷᠣᠵᠠᠢ᠃ ᠣᠯᠠᠨ ᠨᠡᠶᠢᠲᠡ ᠶᠢᠨ ᠰᠣᠶᠣᠯ ᠤᠨ ᠦᠢᠯᠡᠴᠢᠯᠡᠭᠡᠨ ᠤ ᠲᠣᠭᠲᠠᠯᠴᠠᠭ᠎ᠠ ᠤᠯᠠᠮ ᠲᠡᠭᠦᠯᠳᠡᠷᠵᠢᠵᠦ᠂ ᠪᠣᠷᠣᠲᠣᠬᠤᠢ | ᠰᠣᠶᠣᠯ ᠤᠨ ᠨᠥᠯᠥᠭᠡᠯᠡᠬᠦ ᠬᠦᠴᠦᠨ ᠤᠯᠠᠮᠵᠢᠯᠠᠭᠳᠠᠬᠤ ᠬᠦᠴᠦᠨ ᠢᠯᠡᠷᠬᠡᠢ ᠴᠢᠩᠭᠠᠷᠠᠪᠠ᠃ ᠠᠮᠤᠷ ᠠᠮᠤᠭᠤᠯᠠᠩ ᠪᠠᠶᠠᠨᠨᠠᠭᠤᠷ ᠤᠨ ᠪᠠᠶᠢᠭᠤᠯᠤᠯᠲᠠ ᠯᠠᠪᠳᠠᠭᠤᠨ ᠢᠶᠠᠷ | ᠲᠦᠯᠬᠢᠭᠳᠡᠨ ᠠᠬᠢᠵᠤ᠂ ᠣᠯᠠᠨ ᠲᠦᠮᠡᠨ ᠤ ᠠᠮᠤᠷ ᠲᠦᠪᠰᠢᠨ ᠤ ᠰᠡᠳᠬᠢᠭᠳᠡᠯ ᠢᠯᠡᠷᠬᠡᠢ ᠳᠡᠭᠡᠭᠰᠢᠯᠡᠪᠡ᠃ ᠪᠦᠬᠦ ᠤᠯᠤᠰ ᠤᠨ ᠬᠤᠶᠠᠷ ᠢ ᠬᠦᠷᠢᠶᠡᠯᠡᠭᠰᠡᠨ ᠵᠢᠱᠢᠶᠡᠴᠢ | ᠬᠤᠲᠠ᠂ ᠥᠪᠡᠷᠲᠡᠭᠡᠨ ᠵᠠᠰᠠᠬᠤ ᠣᠷᠣᠨ ᠤ ᠪᠣᠯᠪᠠᠰᠤᠨ ᠬᠤᠲᠠ ᠶᠢᠨ ᠲᠣᠭᠤᠷᠢᠭ ᠤᠨ ᠢᠷᠠᠭᠤ ᠠᠯᠳᠠᠷ ᠢ ᠬᠦᠷᠲᠡᠪᠡ᠃ | — ᠲᠤᠰ ᠪᠡᠶ᠎ᠡ ᠶᠢᠨ ᠪᠠᠶᠢᠭᠤᠯᠤᠯᠲᠠ ᠲᠠᠰᠤᠷᠠᠯᠲᠠ ᠦᠭᠡᠢ ᠴᠢᠩᠭᠠᠷᠠᠪᠠ᠃ ᠨᠠᠮ ᠢ ᠪᠦᠬᠦ ᠲᠠᠯ᠎ᠠ ᠪᠠᠷ ᠴᠢᠩᠭ᠎ᠠ ᠵᠠᠰᠠᠬᠤ ᠬᠠᠷᠢᠭᠤᠴᠠᠯᠭ᠎ᠠ ᠶᠢ ᠬᠢᠨᠠᠮᠠᠭᠠᠢ | ᠨᠠᠶᠢᠳᠠᠪᠤᠷᠢᠵᠢᠭᠤᠯᠵᠤ᠂ ᠲᠥᠪ ᠤᠨ ᠨᠠᠢᠮᠠᠨ ᠵᠤᠷᠪᠤᠰ ᠲᠣᠭᠲᠠᠭᠠᠯ᠂ ᠲᠥᠷᠥ ᠶᠢᠨ ᠶᠠᠪᠤᠳᠠᠯ ᠤᠨ ᠬᠤᠷᠢᠶᠠᠨ ᠤ ︽ᠭᠤᠷᠪᠠᠨ ᠵᠦᠢᠯ ᠤᠨ ᠬᠠᠤᠯᠢ ᠲᠣᠭᠲᠠᠭᠠᠯ︾ ᠢ | ᠴᠢᠩᠭ᠎ᠠ ᠭᠦᠢᠴᠡᠳᠬᠡᠵᠦ᠂ ᠨᠠᠮ ᠤᠨ ᠣᠯᠠᠨ ᠲᠦᠮᠡᠨᠴᠢ ᠱᠤᠭᠤᠮ ᠤᠨ ᠬᠥᠮᠥᠵᠢᠯ ᠦᠢᠯᠡᠳᠦᠯᠭᠡ ᠶᠢᠨ ᠠᠵᠢᠯᠯᠠᠭ᠎ᠠ᠂ ︽ᠭᠤᠷᠪᠠᠨ ᠴᠢᠩᠭ᠎ᠠ ᠭᠤᠷᠪᠠᠨ ᠪᠣᠳᠠᠲᠠᠢ︾ | ᠲᠤᠰᠬᠠᠢ ᠰᠡᠳᠦᠪᠲᠦ ᠬᠥᠮᠥᠵᠢᠯ ᠪᠠ ︽ᠬᠤᠶᠠᠷ ᠢ ᠰᠤᠷᠤᠯᠴᠠᠵᠤ ᠬᠢᠷᠢ ᠲᠡᠩᠴᠡᠭᠰᠡᠨ ᠨᠠᠮ ᠤᠨ ᠭᠡᠰᠢᠭᠦᠨ ᠪᠣᠯᠬᠤ︾ ᠰᠤᠷᠤᠯᠴᠠᠯᠭ᠎ᠠ ᠬᠥᠮᠥᠵᠢᠯ ᠤᠨ ᠠᠵᠢᠯᠯᠠᠭ᠎ᠠ ᠶᠢ | ᠭᠦᠨᠵᠡᠭᠡᠢ ᠥᠷᠨᠢᠭᠦᠯᠵᠦ᠂ ᠵᠠᠰᠠᠭ ᠤᠨ ᠣᠷᠳᠣᠨ ᠤ ᠨᠠᠮ ᠤᠨ ᠤᠳᠤᠷᠢᠳᠬᠤ ᠳᠤᠭᠤᠶᠢᠯᠠᠩ ᠪᠠ ᠵᠠᠰᠠᠭ ᠤᠨ ᠣᠷᠳᠣᠨ ᠤ ᠰᠢᠰᠲ᠋ᠧᠮ ᠤᠨ ᠨᠠᠮ ᠤᠨ ᠪᠠᠶᠢᠭᠤᠯᠤᠯᠲᠠ | ᠴᠢᠨᠠᠭᠰᠢᠳᠠ ᠴᠢᠩᠭᠠᠷᠠᠪᠠ᠃ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠬᠠᠤᠯᠢ ᠶᠣᠰᠣᠨ ᠤ ᠬᠢᠨᠠᠯᠲᠠ ᠪᠠ ᠤᠯᠤᠰ ᠲᠥᠷᠥ ᠶᠢᠨ ᠵᠥᠪᠯᠡᠯᠭᠡᠨ ᠤ | ᠠᠷᠠᠳᠴᠢᠯᠠᠯᠲᠤ ᠬᠢᠨᠠᠯᠲᠠ ᠶᠢ ᠰᠠᠨᠠᠭᠠᠴᠢᠯᠠᠭ᠎ᠠ ᠠᠴᠠ ᠪᠠᠨ ᠬᠦᠯᠢᠶᠡᠵᠦ᠂ ᠰᠠᠨᠠᠭᠤᠯᠭ᠎ᠠ ᠪᠠ ᠰᠠᠨᠠᠯ ᠳᠤᠷᠠᠳᠤᠯᠭ᠎ᠠ ᠶᠢ ᠭᠦᠢᠴᠡᠳᠬᠡᠨ ᠬᠠᠷᠢᠭᠤ ᠥᠭᠭᠦᠭᠰᠡᠨ ᠨᠣᠷᠮ᠎ᠠ ᠪᠦᠷ | 100% ᠳᠤ ᠬᠦᠷᠴᠡᠢ᠃ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠲᠠᠢ ᠢᠳᠡᠪᠬᠢᠲᠡᠢ ᠬᠠᠮᠵᠢᠯᠴᠠᠨ ᠬᠠᠤᠯᠢ ᠲᠣᠭᠲᠠᠭᠠᠬᠤ ᠠᠵᠢᠯ ᠢ ᠰᠠᠶᠢᠲᠤᠷ ᠬᠢᠪᠡ᠂ ︽ | ᠪᠣᠷᠣᠲᠣᠬᠤᠢ ᠶᠢᠨ ᠤᠰᠤᠯᠠᠯᠲᠠ ᠶᠢᠨ ᠣᠷᠣᠨ ᠤ ᠤᠰᠤᠨ ᠠᠰᠢᠭᠯᠠᠯᠲᠠ ᠶᠢᠨ ᠪᠠᠷᠢᠯᠭ᠎ᠠ ᠶᠢ ᠬᠠᠮᠠᠭᠠᠯᠠᠬᠤ ᠳᠦᠷᠢᠮ︾ ︽ᠤᠯᠠᠭᠠᠨᠰᠤᠬᠠᠢ ᠨᠠᠭᠤᠷ ᠤᠨ ᠥᠪᠡᠷᠲᠡᠭᠡᠨ | ᠵᠠᠰᠠᠬᠤ ᠣᠷᠣᠨ ᠤ ᠳᠡᠰ ᠤᠨ ᠨᠤᠭᠤ ᠭᠠᠵᠠᠷ ᠤᠨ ᠤᠰᠤᠨ ᠤ ᠵᠢᠭᠦᠷᠲᠡᠨ ᠤ ᠪᠠᠶᠢᠭᠠᠯᠢ ᠶᠢᠨ ᠬᠠᠮᠠᠭᠠᠯᠠᠯᠲᠠ ᠶᠢᠨ ᠣᠷᠣᠨ ᠤ ᠳᠦᠷᠢᠮ︾ ᠢ ᠨᠡᠶᠢᠲᠡᠯᠡᠨ ᠬᠡᠷᠡᠭᠵᠢᠭᠦᠯᠪᠡ᠃ | ︽ᠵᠢᠷᠭᠤᠭ᠎ᠠ ᠲᠠᠪᠤ︾ ᠶᠢᠨ ᠬᠠᠤᠯᠢ ᠶᠢ ᠲᠦᠭᠡᠮᠡᠯᠵᠢᠭᠦᠯᠬᠦ ᠠᠵᠢᠯ ᠲᠡᠭᠦᠰ ᠠᠮᠵᠢᠯᠲᠠᠲᠠᠢ ᠪᠡᠶᠡᠯᠡᠭᠳᠡᠵᠦ᠂ ︽ᠳᠣᠯᠤᠭ᠎ᠠ ᠲᠠᠪᠤ︾ ᠶᠢᠨ ᠬᠠᠤᠯᠢ ᠶᠢ ᠲᠦᠭᠡᠮᠡᠯᠵᠢᠭᠦᠯᠬᠦ | ᠠᠵᠢᠯ ᠴᠡᠭᠴᠡᠲᠡᠢ ᠥᠷᠨᠢᠵᠦ ᠪᠤᠢ᠂ ᠬᠤᠲᠠ ᠰᠢᠶᠠᠨ ᠰᠢᠶᠠᠩ ᠭᠤᠷᠪᠠᠨ ᠱᠠᠲᠤᠨ ᠤ ᠵᠠᠰᠠᠭ ᠤᠨ ᠣᠷᠳᠣᠨ ᠨᠡᠶᠢᠳᠡᠮ ᠬᠠᠤᠯᠢ ᠴᠠᠭᠠᠵᠠ ᠶᠢᠨ ᠯᠠᠪᠯᠠᠭ᠎ᠠ ᠶᠢᠨ ᠳᠦᠷᠢᠮ ᠢ | ᠪᠠᠶᠢᠭᠤᠯᠪᠠ᠃ ᠬᠢᠨᠠᠨ ᠪᠣᠳᠣᠬᠤ᠂ ᠬᠢᠨᠠᠨ ᠪᠠᠶᠢᠴᠠᠭᠠᠬᠤ ᠠᠵᠢᠯ ᠤᠨ ᠬᠦᠴᠦᠯᠡᠴᠡ ᠨᠡᠮᠡᠭᠳᠡᠵᠦ᠂ ᠵᠠᠰᠠᠭ ᠤᠨ ᠣᠷᠳᠣᠨ ᠤ ᠰᠢᠰᠲ᠋ᠧᠮ ᠤᠨ ᠴᠢᠬᠡᠴᠢ ᠵᠠᠰᠠᠭ ᠤᠨ | ᠪᠠᠶᠢᠭᠤᠯᠤᠯᠲᠠ ᠭᠦᠨᠵᠡᠭᠡᠢ ᠥᠷᠨᠢᠪᠡ᠃ | ᠲᠥᠯᠥᠭᠡᠯᠡᠭᠴᠢᠳ ᠡ᠂ ᠰᠠᠶ᠋ᠢᠬᠠᠨ ᠥᠩᠭᠡᠷᠡᠭᠰᠡᠨ 2017 ᠣᠨ ᠪᠣᠯ᠂ ᠶᠡᠭᠡ ᠶᠠᠪᠤᠳᠠᠯ ᠣᠯᠠᠨ᠂ ᠴᠢᠬᠤᠯᠠ ᠶᠠᠪᠤᠳᠠᠯ ᠣᠯᠠᠨ᠂ ᠪᠠᠶᠠᠷᠲᠤ ᠶᠠᠪᠤᠳᠠᠯ ᠣᠯᠠᠨ᠂ | ᠬᠦᠴᠢᠷ ᠶᠠᠪᠤᠳᠠᠯ ᠴᠤ ᠣᠯᠠᠨ ᠨᠢᠭᠡ ᠵᠢᠯ ᠪᠣᠯᠵᠠᠢ᠃ ᠪᠢᠳᠡ ᠥᠪᠡᠷᠲᠡᠭᠡᠨ ᠵᠠᠰᠠᠬᠤ ᠣᠷᠣᠨ ᠪᠠᠶᠢᠭᠤᠯᠤᠭᠳᠠᠭᠰᠠᠨ 70 ᠵᠢᠯ ᠤᠨ ᠣᠢ ᠶᠢ ᠪᠠᠶᠠᠷᠯᠠᠨ ᠪᠡᠯᠭᠡᠯᠡᠬᠦ ᠰᠢᠷᠢᠰ | ᠠᠵᠢᠯᠯᠠᠭ᠎ᠠ ᠶᠢ ᠠᠮᠵᠢᠯᠲᠠᠲᠠᠢ ᠵᠣᠬᠢᠶᠠᠨ ᠪᠠᠶᠢᠭᠤᠯᠵᠠᠢ᠂ ᠬᠥᠬᠡᠮᠥ᠋ᠷᠡᠨ ᠤ ᠭᠤᠷᠪᠠᠯᠵᠢᠨ ᠬᠤᠶᠢᠭ᠂ ᠪᠡᠭᠡᠵᠢᠩ ᠲᠢᠶᠠᠨᠵᠢᠨ ᠾᠧᠪᠧᠢ᠂ ᠵᠦᠵᠢᠶᠠᠩ ᠮᠥᠷᠡᠨ ᠤ | ᠭᠤᠷᠪᠠᠯᠵᠢᠨ ᠬᠤᠶᠢᠭ ᠤᠨ ᠲᠣᠮᠣ ᠬᠡᠯᠪᠡᠷᠢ ᠶᠢᠨ ᠠᠷᠠᠯᠵᠢᠶᠠᠴᠢᠨ ᠤᠷᠢᠵᠤ ᠪᠡᠯᠡ ᠲᠠᠲᠠᠨ ᠣᠷᠣᠭᠤᠯᠬᠤ ᠲᠠᠨᠢᠯᠴᠠᠭᠤᠯᠬᠤ ᠬᠤᠷᠠᠯ ᠢ ᠡᠷᠬᠢᠯᠡᠪᠡ᠂ ᠪᠦᠬᠦ ᠤᠯᠤᠰ ᠤᠨ | ᠬᠥᠳᠡᠭᠡ ᠲᠣᠰᠬᠤᠨ ᠤ ᠠᠵᠤ ᠦᠢᠯᠡᠰ ᠢ ᠠᠭᠤᠰᠤᠯᠴᠠᠭᠤᠯᠤᠨ ᠬᠥᠭᠵᠢᠭᠦᠯᠬᠦ ᠲᠤᠬᠠᠢ ᠶᠢᠨ ᠭᠠᠵᠠᠷ ᠤᠨ ᠬᠤᠷᠠᠯ᠂ ᠪᠦᠬᠦ ᠤᠯᠤᠰ ᠤᠨ ᠲᠠᠷᠢᠶᠠᠯᠠᠩ ᠬᠤᠳᠠᠯᠳᠤᠭ᠎ᠠ ᠶᠢ | ᠬᠤᠯᠪᠣᠯᠳᠤᠭᠤᠯᠵᠤ ᠦᠢᠯᠡᠳᠪᠦᠷᠢᠯᠡᠯ ᠪᠣᠷᠣᠯᠠᠭᠤᠯᠭ᠎ᠠ ᠶᠢ ᠵᠠᠯᠭᠠᠯᠳᠤᠭᠤᠯᠬᠤ ᠬᠤᠷᠠᠯ᠂ ᠪᠦᠬᠦ ᠣᠷᠣᠨ ᠤ ᠡᠯᠧᠺᠲᠷᠣᠨ ᠬᠤᠳᠠᠯᠳᠤᠭ᠎ᠠ ᠶᠢ ᠬᠥᠳᠡᠭᠡ ᠲᠣᠰᠬᠤᠨ | ᠮᠠᠯᠵᠢᠬᠤ ᠣᠷᠣᠨ ᠳᠤ ᠣᠷᠣᠭᠤᠯᠬᠤ ᠠᠵᠢᠯ ᠤᠨ ᠲᠤᠬᠠᠢ ᠶᠢᠨ ᠭᠠᠵᠠᠷ ᠤᠨ ᠬᠤᠷᠠᠯ᠂ ᠥᠪᠥᠷ ᠮᠣᠩᠭᠤᠯ ᠤᠨ ᠪᠣᠬᠢᠷᠲᠤᠯ ᠦᠭᠡᠢ ᠮᠠᠯ ᠲᠠᠷᠢᠶᠠᠯᠠᠩ ᠤᠨ | ᠪᠦᠲᠦᠭᠡᠭᠳᠡᠬᠦᠨ ᠤ ᠣᠯᠠᠨ ᠤᠯᠤᠰ ᠤᠨ ᠦᠵᠡᠰᠬᠦᠯᠡᠩ᠂ ᠪᠦᠬᠦ ᠣᠷᠣᠨ ᠤ ᠶᠡᠷᠦᠩᠬᠡᠶᠢᠯᠡᠭᠰᠡᠨ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠥᠭᠡᠷᠡᠴᠢᠯᠡᠯᠲᠡ ᠶᠢᠨ | ᠲᠤᠬᠠᠢ ᠶᠢᠨ ᠭᠠᠵᠠᠷ ᠤᠨ ᠬᠤᠷᠠᠯ ᠵᠡᠷᠭᠡ ᠴᠢᠬᠤᠯᠠ ᠶᠡᠭᠡ ᠠᠵᠢᠯᠯᠠᠭ᠎ᠠ ᠨᠤᠭᠤᠳ ᠢ ᠳᠠᠭᠠᠭᠠᠨ ᠡᠷᠬᠢᠯᠡᠵᠡᠢ᠃ ᠪᠢᠳᠡ ᠳᠡᠭᠡᠳᠦ ᠬᠡᠮᠵᠢᠶᠡᠨ ᠤ ᠤᠯᠤᠰ ᠲᠥᠷᠥ ᠶᠢᠨ | ᠤᠬᠠᠮᠰᠠᠷ ᠢᠶᠠᠷ᠂ ᠲᠥᠪ ᠬᠤᠷᠢᠶ᠎ᠠ᠂ ᠥᠪᠡᠷᠲᠡᠭᠡᠨ ᠵᠠᠰᠠᠬᠤ ᠣᠷᠣᠨ ᠤ ᠲᠣᠭᠤᠷᠢᠨ ᠪᠠᠶᠢᠴᠠᠭᠠᠵᠤ ᠭᠡᠳᠡᠷᠭᠦ ᠲᠤᠰᠬᠠᠭᠰᠠᠨ ᠠᠰᠠᠭᠤᠳᠠᠯ ᠪᠠ ᠣᠷᠴᠢᠨ ᠲᠣᠭᠤᠷᠢᠨ ᠤ | ᠬᠢᠨᠠᠨ ᠪᠠᠶᠢᠴᠠᠭᠠᠯᠲᠠ ᠶᠢᠨ ᠭᠡᠳᠡᠷᠭᠦ ᠲᠤᠰᠬᠠᠭᠰᠠᠨ ᠰᠠᠨᠠᠯ ᠢ ᠴᠡᠭᠴᠡᠯᠡᠨ ᠥᠭᠡᠷᠡᠴᠢᠯᠡᠬᠦ ᠠᠵᠢᠯ ᠢ ᠲᠦᠯᠬᠢᠨ ᠠᠬᠢᠭᠤᠯᠵᠤ᠂ ᠵᠠᠰᠠᠭ ᠤᠨ ᠣᠷᠳᠣᠨ ᠤ ᠥᠭᠴᠡᠭᠡ ᠶᠢ | ᠨᠠᠮᠳᠠᠭᠠᠬᠤ ᠪᠠ ᠡᠳ᠋ ᠤᠨ ᠵᠠᠰᠠᠭ ᠮᠥᠩᠭᠦᠨ ᠭᠦᠢᠯᠭᠡᠭᠡᠨ ᠤ ᠲᠦᠭᠰᠢᠭᠦᠷᠢ ᠶᠢ ᠢᠳᠡᠪᠬᠢᠲᠡᠢ ᠰᠡᠷᠭᠡᠶᠢᠯᠡᠪᠡ᠃ | ᠪᠢᠳᠡ ᠵᠣᠪᠠᠭᠤᠷᠢ ᠪᠠᠨ ᠲᠡᠪᠴᠢᠨ᠂ ᠣᠯᠠᠨ ᠵᠢᠯ ᠬᠤᠷᠠᠮᠳᠤᠭᠰᠠᠨ ᠠᠵᠤ ᠠᠬᠤᠢ ᠶᠢᠨ ᠲᠤᠭ᠎ᠠ ᠪᠠᠷᠢᠮᠲᠠ ᠳᠠᠬᠢ ᠬᠤᠭᠤᠰᠣᠨ ᠲᠤᠭ᠎ᠠ ᠶᠢ ᠡᠷᠡᠰ ᠵᠠᠰᠠᠬᠤ ᠶᠢᠨ | ᠬᠠᠮᠲᠤ᠂ ᠵᠠᠰᠠᠭ ᠤᠨ ᠣᠷᠳᠣᠨ ᠤ ᠪᠡᠯᠡ ᠣᠷᠣᠭᠤᠯᠬᠤ ᠲᠥᠷᠥᠯ ᠵᠦᠢᠯ ᠢ ᠪᠦᠬᠦ ᠲᠠᠯ᠎ᠠ ᠪᠠᠷ ᠴᠡᠭᠴᠡᠯᠡᠵᠦ᠂ ᠬᠡᠲᠦᠷᠬᠡᠢ ᠤᠷᠢᠲᠠᠮᠠᠯ᠂ ᠰᠣᠬᠤᠷ ᠢᠶᠠᠷ ᠥᠷᠢ ᠲᠠᠯᠪᠢᠵᠤ | ᠪᠡᠯᠡ ᠣᠷᠣᠭᠤᠯᠤᠭᠰᠠᠨ ᠲᠥᠷᠥᠯ ᠵᠦᠢᠯ ᠢ ᠡᠷᠡᠰ ᠴᠡᠪᠡᠷᠯᠡᠪᠡ᠂ ᠠᠵᠤ ᠦᠢᠯᠡᠰ ᠤᠨ ᠬᠥᠭᠵᠢᠯᠲᠡ ᠶᠢ ᠰᠢᠭᠤᠳ ᠠᠬᠢᠭᠤᠯᠬᠤ ᠦᠢᠯᠡᠳᠦᠯ ᠦᠭᠡᠢ᠂ ᠠᠷᠠᠳ ᠤᠨ | ᠠᠮᠢᠳᠤᠷᠠᠯ ᠢ ᠰᠢᠭᠤᠳ ᠦᠢᠯᠡᠴᠢᠯᠡᠬᠦ ᠪᠠ ᠰᠠᠶᠢᠵᠢᠷᠠᠭᠤᠯᠬᠤ ᠦᠭᠡᠢ ᠲᠥᠷᠥᠯ ᠵᠦᠢᠯ ᠢ ᠡᠷᠡᠰ ᠵᠣᠭᠰᠣᠭᠠᠵᠤ᠂ ᠨᠢᠭᠡᠨᠲᠡ ᠪᠠᠷᠢᠯᠭ᠎ᠠ ᠡᠬᠢᠯᠡᠭᠰᠡᠨ ᠢ ᠨᠢ ᠵᠣᠬᠢᠰᠲᠠᠢ ᠪᠠᠷ | ᠪᠠᠭᠠᠰᠬᠠᠪᠠ᠃ ᠲᠥᠰᠦᠪᠯᠡᠭᠰᠡᠨ ᠢᠶᠠᠷ᠂ ᠪᠦᠬᠦ ᠵᠢᠯ ᠤᠨ ᠣᠷᠣᠨ ᠨᠤᠲᠤᠭ ᠤᠨ ᠦᠢᠯᠡᠳᠪᠦᠷᠢᠯᠡᠯ ᠤᠨ ᠶᠡᠷᠦᠩᠬᠡᠢ ᠥᠷᠲᠡᠭ 820 ᠳ᠋ᠦᠩᠰᠢᠭᠤᠷ ᠲᠥᠭᠦᠷᠢᠭ ᠲᠤ | ᠬᠦᠷᠴᠦ᠂ 2016 ᠣᠨ ᠤ ᠬᠤᠭᠤᠰᠣᠨ ᠨᠡᠮᠡᠭᠳᠡᠯ ᠤᠨ ᠬᠡᠰᠡᠭ ᠢ ᠬᠠᠰᠤᠪᠠᠯ᠂ ᠪᠣᠳᠠᠲᠠᠢ ᠨᠡᠮᠡᠭᠳᠡᠯ 4.8% ᠳᠤ ᠬᠦᠷᠦᠨ᠎ᠡ︔ ᠪᠦᠬᠦ ᠬᠤᠲᠠ ᠶᠢᠨ ᠣᠯᠠᠨ | ᠨᠡᠶᠢᠲᠡ ᠶᠢᠨ ᠡᠳ᠋ ᠤᠨ ᠵᠠᠰᠠᠭ ᠤᠨ ᠲᠥᠰᠦᠪ ᠤᠨ ᠣᠷᠣᠯᠭ᠎ᠠ ᠶᠢ 57.2 ᠳ᠋ᠦᠩᠰᠢᠭᠤᠷ ᠲᠥᠭᠦᠷᠢᠭ ᠪᠡᠶᠡᠯᠡᠭᠦᠯᠵᠦ᠂ 2016 ᠣᠨ ᠤ ᠬᠤᠭᠤᠰᠣᠨ ᠨᠡᠮᠡᠭᠳᠡᠯ | ᠡᠷᠭᠢᠯᠲᠡ ᠶᠢᠨ ᠡᠯᠧᠮᠧᠨ᠋ᠲ ᠢ ᠬᠠᠰᠤᠪᠠᠯ᠂ ᠪᠣᠳᠠᠲᠠᠢ ᠨᠡᠮᠡᠭᠳᠡᠯ ᠨᠢ1.7% ᠲᠤ ᠬᠦᠷᠪᠡ᠂ ᠭᠠᠶᠢᠯᠢ ᠶᠢᠨ ᠪᠤᠰᠤ ᠣᠷᠣᠯᠭ᠎ᠠ ᠶᠢᠨ ᠬᠤᠪᠢ ᠶᠢᠨ ᠵᠢᠩ ᠨᠢ 2016 | ᠣᠨ ᠳᠤ 30.6% ᠪᠠᠶᠢᠭᠰᠠᠨ ᠠᠴᠠ ᠪᠠᠨ 21.9% ᠳᠤ ᠬᠦᠷᠴᠡᠢ︔ ᠨᠡᠶᠢᠭᠡᠮ ᠤᠨ ᠬᠡᠷᠡᠭᠯᠡᠭᠡᠨ ᠤ ᠲᠠᠸᠠᠷ ᠤᠨ ᠵᠢᠵᠢᠭᠯᠡᠨ ᠪᠣᠷᠣᠯᠠᠭᠤᠯᠤᠭᠰᠠᠨ ᠶᠡᠷᠦᠩᠬᠡᠢ | ᠥᠷᠲᠡᠭ ᠢ 278 ᠳ᠋ᠦᠩᠰᠢᠭᠤᠷ ᠲᠥᠭᠦᠷᠢᠭ ᠪᠡᠶᠡᠯᠡᠭᠦᠯᠵᠦ᠂ ᠨᠡᠮᠡᠭᠳᠡᠯ ᠨᠢ 7.9% ᠳᠤ ᠬᠦᠷᠴᠡᠢ︔ ᠬᠤᠲᠠ ᠬᠥᠳᠡᠭᠡ ᠶᠢᠨ ᠰᠠᠭᠤᠭᠠᠯᠢ ᠠᠷᠠᠳ ᠤᠨ ᠬᠥᠮᠥᠨ | ᠳᠤᠮᠳᠠᠴᠢ ᠡᠵᠡᠮᠳᠡᠵᠦ ᠪᠣᠯᠬᠤ ᠣᠷᠣᠯᠭ᠎ᠠ ᠲᠤᠰᠪᠦᠷᠢ 28255 ᠲᠥᠭᠦᠷᠢᠭ᠂15634 ᠲᠥᠭᠦᠷᠢᠭ ᠲᠤ ᠬᠦᠷᠴᠦ᠂ ᠲᠤᠰᠪᠦᠷᠢ 7.6% ᠪᠠ 8% ᠨᠡᠮᠡᠭᠳᠡᠵᠦ᠂ | ᠠᠵᠤ ᠠᠬᠤᠢ ᠶᠢᠨ ᠨᠡᠮᠡᠭᠳᠡᠯ ᠤᠨ ᠬᠤᠷᠳᠤᠴᠠ ᠠᠴᠠ ᠥᠨᠳᠥᠷ ᠪᠣᠯᠪᠠ᠃ ᠡᠯ᠎ᠡ ᠲᠠᠯ᠎ᠠ ᠶᠢᠨ ᠪᠠᠶᠢᠳᠠᠯ ᠢ ᠶᠡᠷᠦᠩᠬᠡᠶᠢᠯᠡᠨ ᠵᠠᠳᠠᠯᠵᠤ ᠦᠵᠡᠬᠦ ᠳᠤ᠂ ᠮᠠᠨ ᠤ ᠬᠤᠲᠠ ᠶᠢᠨ | ᠠᠵᠤ ᠠᠬᠤᠢ ᠶᠢᠨ ᠡᠷᠭᠢᠯᠲᠡ ᠶᠢᠨ ᠦᠨᠳᠦᠰᠦᠨ ᠪᠠᠶᠢᠳᠠᠯ ᠰᠠᠶᠢᠨ ᠪᠠᠶᠢᠨ᠎ᠠ᠂ ᠲᠥᠰᠦᠪᠯᠡᠭᠰᠡᠨ ᠢᠶᠠᠷ᠂ ᠪᠦᠬᠦ ᠵᠢᠯ ᠤᠨ ᠠᠵᠤ ᠦᠢᠯᠡᠳᠪᠦᠷᠢ ᠶᠢᠨ ᠴᠠᠬᠢᠯᠭᠠᠨ | ᠵᠠᠷᠤᠭᠰᠠᠨ ᠬᠡᠮᠵᠢᠶ᠎ᠡ ᠶᠢᠨ ᠨᠡᠮᠡᠭᠳᠡᠯ 17.6% ᠳᠤ ᠬᠦᠷᠴᠦ᠂ ᠲᠡᠮᠦᠷ ᠵᠠᠮ ᠤᠨ ᠪᠠᠷᠠᠭᠠᠨ ᠤ ᠲᠡᠭᠡᠭᠡᠪᠦᠷᠢ 15% ᠨᠡᠮᠡᠭᠳᠡᠵᠦ᠂ ᠢᠲᠡᠭᠡᠮᠵᠢᠲᠦ ᠵᠢᠭᠡᠯᠡᠯᠭᠡ ᠶᠢᠨ | ᠲᠠᠯᠪᠢᠭᠰᠠᠨ ᠬᠡᠮᠵᠢᠶ᠎ᠡ ᠶᠢᠨ ᠨᠡᠮᠡᠭᠳᠡᠯ 13.3% ᠳᠤ ᠬᠦᠷᠴᠦ᠂ ᠬᠡᠪᠴᠢᠶᠡᠵᠢᠯ ᠠᠴᠠ ᠳᠡᠭᠡᠭᠰᠢᠬᠢ ᠠᠵᠤ ᠦᠢᠯᠡᠳᠪᠦᠷᠢ ᠶᠢᠨ ᠠᠵᠤ ᠠᠬᠤᠶᠢᠯᠠᠯ ᠤᠨ ᠣᠯᠵᠠ | ᠠᠯᠳᠠᠪᠤᠷᠢ ᠶᠢ ᠬᠠᠷᠢᠯᠴᠠᠨ ᠬᠠᠰᠤᠭᠰᠠᠨ ᠤ ᠳᠠᠷᠠᠭᠠᠬᠢ ᠠᠰᠢᠭ ᠬᠤᠨᠵᠢᠪᠣᠷᠢ ᠶᠢᠨ ᠨᠡᠮᠡᠭᠳᠡᠯ 51% ᠳᠤ ᠬᠦᠷᠴᠦ᠂ ᠨᠢᠭᠡᠴᠢ GDP ᠳᠠᠬᠢ ᠡᠨᠧᠷᠭᠢ ᠶᠢᠨ | ᠬᠤᠷᠣᠭᠳᠠᠯ᠂ ᠭᠤᠣᠯ ᠪᠣᠯᠬᠤ ᠪᠣᠬᠢᠷᠲᠤᠯ ᠪᠣᠳᠠᠰ ᠢ ᠭᠠᠳᠠᠭᠰᠢᠯᠠᠭᠤᠯᠤᠭᠰᠠᠨ ᠬᠡᠮᠵᠢᠶ᠎ᠡ ᠦᠷᠭᠦᠯᠵᠢᠯᠡᠨ ᠪᠠᠭᠤᠷᠠᠵᠤ᠂ ᠠᠵᠤ ᠠᠬᠤᠢ ᠶᠢᠨ ᠡᠷᠭᠢᠯᠲᠡ ᠲᠣᠭᠲᠠᠭᠤᠨ ᠤ | ᠳᠤᠮᠳᠠ ᠠᠬᠢᠴᠠ ᠲᠠᠢ ᠪᠣᠯᠵᠤ᠂ ᠵᠠᠬ᠎ᠠ ᠳᠡᠯᠭᠡᠭᠦᠷ ᠤᠨ ᠵᠢᠱᠢᠯᠲᠡ ᠰᠠᠶᠢᠵᠢᠷᠠᠬᠤ ᠬᠠᠨᠳᠤᠰᠢ ᠲᠠᠢ ᠪᠠᠶᠢᠨ᠎ᠠ᠃ ᠨᠡᠩ ᠴᠢᠬᠤᠯᠠ ᠨᠢ᠂ ᠣᠯᠠᠨ ᠵᠢᠯ ᠰᠢᠨᠠᠯᠭᠠᠭᠰᠠᠨ | ᠬᠤᠭᠤᠰᠣᠨ ᠲᠤᠭ᠎ᠠ ᠪᠠᠷᠢᠮᠲᠠ ᠶᠢᠨ ᠳᠠᠷᠤᠭᠠᠰᠤ ᠪᠠᠨ ᠲᠠᠶᠠᠭᠳᠠᠵᠤ᠂ ᠬᠥᠩᠭᠡᠨ ᠡᠭᠦᠷᠭᠡᠯᠡᠯ ᠲᠠᠢ ᠪᠠᠷ ᠠᠶᠠᠨ ᠵᠠᠮ ᠳᠠᠭᠠᠨ ᠭᠠᠷᠴᠤ᠂ ᠯᠠᠪᠳᠠᠭᠤᠨ ᠬᠥᠭᠵᠢᠯᠲᠡ ᠳᠤ | ᠪᠠᠲᠤ ᠰᠠᠭᠤᠷᠢ ᠲᠠᠯᠪᠢᠪᠠ᠃ | ᠨᠢᠭᠡ ᠵᠢᠯ ᠤᠨ ᠲᠤᠷᠰᠢ᠂ ᠪᠢᠳᠡ ᠭᠤᠣᠯᠳᠠᠭᠤ ᠳᠣᠣᠷᠠᠬᠢ ᠮᠡᠲᠦ ᠠᠵᠢᠯ ᠤᠳ ᠢ ᠬᠢᠪᠡ᠄ | ᠨᠢᠭᠡ ᠳᠤ᠂ ᠲᠥᠷᠥᠯ ᠵᠦᠢᠯ ᠤᠨ ᠪᠦᠲᠦᠭᠡᠨ ᠪᠠᠶᠢᠭᠤᠯᠤᠯᠲᠠ ᠪᠠᠷ ᠰᠢᠪᠲᠤᠯᠤᠯᠲᠠ ᠪᠣᠯᠭᠠᠵᠤ᠂ ᠠᠵᠤ ᠠᠬᠤᠢ ᠶᠢᠨ ᠬᠥᠭᠵᠢᠭᠦᠯᠦᠯᠲᠡ ᠶᠢᠨ ᠨᠥᠭᠡᠴᠡ ᠬᠦᠴᠦᠨ ᠢ | ᠲᠠᠰᠤᠷᠠᠯᠲᠠ ᠦᠭᠡᠢ ᠴᠢᠩᠭᠠᠷᠠᠭᠤᠯᠪᠠ᠃ ︽ᠲᠥᠷᠥᠯ ᠵᠦᠢᠯ ᠤᠨ ᠪᠦᠲᠦᠭᠡᠨ ᠪᠠᠶᠢᠭᠤᠯᠤᠯᠲᠠ ᠶᠢᠨ ᠣᠨ︾ ᠤ ᠠᠵᠢᠯᠯᠠᠭ᠎ᠠ ᠶᠢ ᠭᠦᠨᠵᠡᠭᠡᠢ ᠥᠷᠨᠢᠭᠦᠯᠵᠦ᠂ | ᠳ᠋ᠦᠩᠰᠢᠭᠤᠷ ᠲᠥᠭᠦᠷᠢᠭ ᠠᠴᠠ ᠳᠡᠭᠡᠭᠰᠢᠬᠢ ᠭᠤᠣᠯᠳᠠᠯᠭ᠎ᠠ ᠲᠠᠢ ᠲᠥᠷᠥᠯ ᠵᠦᠢᠯ ᠢ 121 ᠬᠡᠷᠡᠭᠵᠢᠭᠦᠯᠪᠡ᠃ ᠳ᠋ᠦᠩ ᠯᠢ ᠶᠢᠨ ᠣᠯᠠᠨ ᠲᠠᠯᠠᠰᠲᠤ ᠴᠠᠬᠢᠭᠤᠷ ᠤᠨ | ᠨᠢᠭᠡᠳᠦᠭᠡᠷ ᠬᠤᠭᠤᠴᠠᠭᠠᠨ ᠤ ᠪᠠᠷᠢᠯᠭ᠎ᠠ᠂ ᠾᠧᠩ ᠵᠢᠶᠠ ᠶᠢᠨ ᠪᠢᠳᠦᠷᠶᠠ ᠶᠢᠨ ᠨᠢᠭᠡᠳᠦᠭᠡᠷ ᠬᠤᠭᠤᠴᠠᠭᠠᠨ ᠤ ᠪᠠᠷᠢᠯᠭ᠎ᠠ᠂ ᠬᠤᠸᠠ ᠲᠦᠸᠧ ᠠᠭᠤᠷᠬᠠᠢ ᠶᠢᠨ | ᠦᠢᠯᠡᠰ ᠤᠨ ᠡᠨᠧᠷᠭᠢ ᠠᠷᠪᠢᠯᠠᠬᠤ ᠥᠭᠡᠷᠡᠴᠢᠯᠡᠯᠲᠡ᠂ ᠶᠢᠨ ᠳ᠋ᠢᠩ ᠤᠨ ᠺᠠᠯᠼ ᠤᠨ ᠴᠠᠭᠠᠨ ᠨᠤᠨᠲᠠᠭ᠂ ᠮᠧᠢ ᠶᠠᠩ ᠶᠠᠩ ᠠᠯᠠᠰᠢᠨ ᠬᠤᠨᠢ ᠶᠢ ᠨᠠᠷᠢᠯᠢᠭ ᠭᠦᠨᠵᠡᠭᠡᠢ | ᠡᠳ᠋ᠰᠢᠭᠦᠯᠬᠦ᠂ ᠷᠧᠨ ᠴᠤᠸᠠᠩ ᠰᠢᠨᠵᠢᠯᠡᠬᠦ ᠤᠬᠠᠭᠠᠨ ᠮᠡᠷᠭᠡᠵᠢᠯ ᠤᠨ ᠡᠷᠭᠢᠯᠲᠡᠲᠦ ᠤᠰᠤᠨ ᠳᠤ ᠥᠨᠳᠥᠷ ᠨᠢᠭᠲᠠᠴᠠ ᠲᠠᠢ ᠪᠠᠷ ᠲᠡᠵᠢᠭᠡᠨ ᠦᠷᠡᠵᠢᠭᠦᠯᠬᠦ᠂ ᠳ᠋ᠠ ᠮᠦᠸᠧ | ᠰᠠᠯᠬᠢᠨ ᠴᠠᠬᠢᠯᠭᠠᠨ ᠤ 5 ᠲᠦᠮᠡᠨ ᠺᠢᠯᠣᠸᠠᠲ ᠤᠨ ᠢᠯᠴᠢ ᠬᠠᠩᠭᠠᠬᠤ᠂ ᠳ᠋ᠧᠩᠺᠧᠦ ᠳᠠᠬᠢ 500 ᠺᠢᠯᠣᠸᠤᠯᠲ ᠤᠨ ᠬᠦᠴᠦᠳᠡᠯ ᠬᠤᠪᠢᠰᠬᠠᠬᠤ ᠥᠷᠲᠡᠭᠡ ᠵᠡᠷᠭᠡ | ᠲᠥᠷᠥᠯ ᠵᠦᠢᠯ ᠪᠠᠶᠢᠭᠤᠯᠤᠭᠳᠠᠨ ᠠᠰᠢᠭᠯᠠᠯᠲᠠ ᠳᠤ ᠣᠷᠣᠵᠠᠢ᠃ ᠱᠧᠩ ᠬᠤᠸᠠ ᠭᠦᠸᠧ ᠨᠧᠩ ᠤᠨ20 ᠲᠦᠮᠡᠨ ᠺᠢᠯᠣᠸᠠᠲ ᠤᠨ ᠰᠠᠯᠬᠢᠨ ᠴᠠᠬᠢᠯᠭᠠᠨ᠂ ᠯᠦᠩ | ᠲᠧᠩ ᠤᠨ10 ᠲᠦᠮᠡᠨ ᠺᠢᠯᠣᠸᠠᠲ ᠤᠨ ᠭᠡᠷᠡᠯ ᠤᠨ ᠢᠯᠴᠢ᠂ ᠵᠦᠩ ᠯᠢᠶᠠᠩ ᠪᠦᠯᠦᠭᠯᠡᠯ ᠤᠨ 30 ᠲᠦᠮᠡᠨ ᠲᠣᠨ ᠴᠢᠨᠠᠷ ᠰᠠᠶᠢᠲᠠᠢ ᠭᠤᠯᠢᠷ ᠦᠢᠯᠡᠳᠪᠦᠷᠢᠯᠡᠬᠦ᠂ ᠺᠠᠩ | ᠰᠾᠢ ᠲᠧ ᠶᠢᠨ 4500 ᠲᠣᠨ ᠵᠢᠮᠢᠰ ᠤᠨ ᠴᠠᠪᠠᠤ ᠦᠢᠯᠡᠳᠪᠦᠷᠢᠯᠡᠬᠦ ᠵᠡᠷᠭᠡ ᠲᠥᠷᠥᠯ ᠵᠦᠢᠯ ᠲᠦᠷᠭᠡᠰᠦᠨ ᠲᠦᠯᠬᠢᠭᠳᠡᠨ ᠠᠬᠢᠵᠤ ᠪᠤᠢ᠃ ᠪᠤᠭᠤᠲᠤ ᠠᠴᠠ ᠢᠷᠭᠠᠢ | ᠬᠦᠷᠬᠦ ᠲᠦᠷᠭᠡᠨ ᠤ ᠲᠡᠮᠦᠷ ᠵᠠᠮ ᠤᠨ ᠱᠤᠭᠤᠮ ᠪᠠᠶᠢᠷᠢ ᠶᠢ ᠰᠣᠩᠭᠤᠨ ᠲᠣᠭᠲᠠᠭᠠᠬᠤ ᠪᠠ ᠥᠷᠲᠡᠭᠡ ᠲᠠᠯᠠᠪᠠᠢ ᠶᠢᠨ ᠰᠠᠭᠤᠷᠢᠰᠢᠯ ᠢ ᠲᠣᠭᠲᠠᠭᠠᠬᠤ ᠠᠵᠢᠯ ᠢ | ᠪᠡᠶᠡᠯᠡᠭᠦᠯᠵᠡᠢ᠂ ᠪᠡᠭᠡᠵᠢᠩ ᠠᠴᠠ ᠰᠢᠨᠵᠢᠶᠠᠩ ᠬᠦᠷᠬᠦ ᠲᠦᠷᠭᠡᠨ ᠤ ᠵᠠᠮ ᠤᠨ ᠪᠠᠶᠠᠨᠨᠠᠭᠤᠷ ᠲᠠᠬᠢ ᠬᠡᠰᠡᠭ᠂ 311 ᠮᠤᠵᠢ ᠶᠢᠨ ᠵᠠᠮ ᠤᠨ ᠵᠢᠶᠠᠨ ᠹᠧᠩ ᠲᠠᠷᠢᠶᠠᠯᠠᠩ ᠤᠨ | ᠲᠠᠯᠠᠪᠠᠢ ᠠᠴᠠ ᠵᠢᠶᠠᠨ ᠱᠧ ᠬᠦᠷᠬᠦ ᠬᠡᠰᠡᠭ᠂ ᠬᠥᠬᠡᠥ᠌ᠨᠳᠥᠷ ᠠᠴᠠ ᠤᠥ ᠶᠢᠨ ᠭᠤᠣᠯ ᠬᠦᠷᠬᠦ ᠨᠢᠭᠡᠳᠦᠭᠡᠷ ᠳᠡᠰ ᠤᠨ ᠵᠠᠰᠠᠮᠠᠯ ᠵᠠᠮ᠂ ᠬᠠᠲᠤᠨ ᠭᠤᠣᠯ ᠳᠠᠭᠠᠤ ᠶᠢᠨ | ᠨᠢᠭᠡᠳᠦᠭᠡᠷ ᠳᠡᠰ ᠤᠨ ᠵᠠᠰᠠᠮᠠᠯ ᠵᠠᠮ ᠤᠨ ᠵᠢᠦ ᠵᠤᠸᠠᠩ ᠬᠦᠷᠲᠡᠯᠡᠬᠢ ᠬᠡᠰᠡᠭ ᠪᠠᠶᠢᠭᠤᠯᠤᠭᠳᠠᠨ ᠲᠡᠷᠭᠡ ᠨᠡᠪᠲᠡᠷᠡᠪᠡ᠃ ᠠᠷᠠᠯᠵᠢᠶᠠᠴᠢᠨ ᠤᠷᠢᠵᠤ ᠪᠡᠯᠡ ᠲᠠᠲᠠᠨ | ᠣᠷᠣᠭᠤᠯᠬᠤ ᠬᠠᠷᠠᠭᠠᠯᠵᠠᠯ ᠤᠨ ᠲᠥᠷᠥ ᠶᠢᠨ ᠪᠣᠳᠣᠯᠭ᠎ᠠ ᠶᠢ ᠲᠣᠭᠲᠠᠭᠠᠨ ᠬᠡᠷᠡᠭᠵᠢᠭᠦᠯᠵᠦ᠂ ᠱᠧᠦ ᠨᠦᠩ᠂ ᠰᠢ ᠪᠧᠢ᠂ ᠳᠤᠮᠳᠠᠳᠤ ᠤᠯᠤᠰ ᠤᠨ ᠮᠥᠩᠭᠦᠨ | ᠭᠦᠢᠯᠭᠡᠭᠡᠨ ᠤ ᠲᠦᠷᠢᠶᠡᠰᠦᠯᠡᠯ᠂ ᠵᠦᠩ ᠵᠢᠶᠣᠣ ᠴᠡᠪᠡᠷᠯᠡᠨ ᠯᠠᠶᠢᠳᠠᠬᠤ᠂ ᠤᠯᠤᠰ ᠤᠨ ᠴᠠᠬᠢᠯᠭᠠᠨ ᠬᠦᠴᠦᠨ ᠤ ᠪᠡᠯᠡ ᠣᠷᠣᠭᠤᠯᠤᠯᠲᠠ ᠶᠢᠨ ᠪᠦᠯᠦᠭᠯᠡᠯ ᠵᠡᠷᠭᠡ ᠠᠵᠤ | ᠠᠬᠤᠶᠢᠯᠠᠯ ᠲᠠᠢ ᠬᠠᠮᠵᠢᠯᠴᠠᠬᠤ ᠭᠡᠷ᠎ᠡ ᠲᠣᠭᠲᠠᠵᠠᠢ᠂ ᠯᠢ ᠵᠢᠩ ᠬᠤᠸᠠ ᠷᠦᠩ ᠠᠮᠢᠳᠤ ᠪᠣᠳᠠᠰ ᠤᠨ ᠣᠷᠭᠠᠨᠢᠭ ᠪᠣᠷᠳᠣᠭᠤᠷ᠂ ᠲᠢᠶᠠᠨ ᠾᠧᠩ ᠡᠮ ᠦᠢᠯᠡᠳᠬᠦ ᠵᠡᠷᠭᠡ | ᠲᠥᠷᠥᠯ ᠵᠦᠢᠯ ᠪᠦᠲᠦᠭᠡᠨ ᠪᠠᠶᠢᠭᠤᠯᠤᠯᠲᠠ ᠪᠠᠨ ᠡᠬᠢᠯᠡᠭᠦᠯᠵᠡᠢ᠃ ᠲᠢᠶᠠᠨᠵᠢᠨ ᠤ ᠬᠤᠲᠠ ᠶᠢᠨ ᠪᠡᠯᠡ ᠣᠷᠣᠭᠤᠯᠤᠯᠲᠠ ᠶᠢᠨ ᠺᠣᠮᠫᠠᠨᠢ ᠶᠢᠨ ᠤᠰᠤ ᠬᠠᠩᠭᠠᠵᠤ | ᠵᠠᠯᠠᠬᠤ ᠶᠢ ᠨᠢᠭᠡ ᠴᠣᠭᠴᠠᠵᠢᠭᠤᠯᠬᠤ᠂ ᠦᠶᠤᠸᠠᠨ ᠰᠢᠶᠠᠨ ᠤ ᠲᠦᠮᠡᠨ ᠮᠦ ᠶᠢᠨ ᠣᠳᠣ ᠦᠶ᠎ᠡ ᠶᠢᠨ ᠲᠠᠷᠢᠶᠠᠯᠠᠩ ᠤᠨ ᠵᠢᠱᠢᠶ᠎ᠡ ᠦᠵᠡᠭᠦᠯᠬᠦ ᠬᠦᠷᠢᠶᠡᠯᠡᠩ ᠵᠡᠷᠭᠡ | PPP ᠲᠥᠷᠥᠯ ᠵᠦᠢᠯ ᠤᠷᠤᠭᠰᠢᠲᠠᠢ ᠬᠡᠷᠡᠭᠵᠢᠭᠦᠯᠦᠭᠳᠡᠪᠡ᠃ | ᠬᠤᠶᠠᠷ ᠲᠤ᠂ ᠪᠣᠷᠣᠲᠣᠬᠤᠢ ᠶᠢᠨ ᠪᠦᠬᠦ ᠴᠠᠷᠠᠭ᠎ᠠ ᠶᠢᠨ ᠪᠣᠬᠢᠷᠲᠤᠯ ᠦᠭᠡᠢ ᠣᠷᠭᠠᠨᠢᠭ ᠥᠨᠳᠥᠷ ᠳᠡᠰ ᠤᠨ ᠮᠠᠯ ᠲᠠᠷᠢᠶᠠᠯᠠᠩ ᠤᠨ ᠪᠦᠲᠦᠭᠡᠭᠳᠡᠬᠦᠨ ᠢ | ᠦᠢᠯᠡᠳᠪᠦᠷᠢᠯᠡᠨ ᠡᠳ᠋ᠰᠢᠭᠦᠯᠵᠦ ᠭᠠᠳᠠᠭᠰᠢ ᠭᠠᠷᠭᠠᠬᠤ ᠰᠠᠭᠤᠷᠢᠨ ᠭᠠᠵᠠᠷ ᠢ ᠪᠠᠶᠢᠭᠤᠯᠬᠤ ᠪᠠᠷ ᠬᠠᠷᠠᠯᠲᠠ ᠪᠣᠯᠭᠠᠵᠤ᠂ ᠮᠠᠯ ᠲᠠᠷᠢᠶᠠᠯᠠᠩ ᠤᠨ ᠬᠠᠩᠭᠠᠯᠭ᠎ᠠ ᠶᠢᠨ | ᠲᠠᠯ᠎ᠠ ᠶᠢᠨ ᠪᠦᠲᠦᠴᠡ ᠶᠢᠨ ᠴᠢᠨᠠᠷᠲᠠᠢ ᠥᠭᠡᠷᠡᠴᠢᠯᠡᠯᠲᠡ ᠶᠢ ᠪᠦᠬᠦ ᠲᠠᠯ᠎ᠠ ᠪᠠᠷ ᠭᠦᠨᠵᠡᠭᠡᠶᠢᠷᠡᠭᠦᠯᠪᠡ᠃ ᠪᠣᠬᠢᠷᠲᠤᠯ ᠦᠭᠡᠢ᠂ ᠠᠮᠢ ᠠᠬᠤᠢ ᠶᠢᠨ᠂ ᠥᠨᠳᠥᠷ ᠦᠷ᠎ᠡ | ᠠᠰᠢᠭᠲᠤ ᠮᠠᠯ ᠲᠠᠷᠢᠶᠠᠯᠠᠩ ᠢ ᠬᠦᠴᠦᠲᠡᠢ ᠬᠥᠭᠵᠢᠭᠦᠯᠵᠦ᠂ ᠲᠥᠬᠦᠭᠡᠷᠦᠮᠵᠢᠲᠦ ᠲᠠᠷᠢᠶᠠᠯᠠᠩ ᠢ ᠰᠢᠨ᠎ᠡ ᠪᠠᠷ 2.3 ᠲᠦᠮᠡᠨ ᠮᠦ ᠨᠡᠮᠡᠭᠳᠡᠭᠦᠯᠵᠦ᠂ ᠪᠠᠷᠢᠮᠵᠢᠶᠠᠵᠢᠭᠰᠠᠨ | ᠬᠡᠪᠴᠢᠶᠡᠵᠢᠭᠦᠯᠦᠨ ᠲᠡᠵᠢᠭᠡᠨ ᠦᠷᠡᠵᠢᠭᠦᠯᠬᠦ ᠲᠠᠯᠠᠪᠠᠢ ᠶᠢ 170 ᠪᠠᠶᠢᠭᠤᠯᠵᠤ᠂ ᠮᠠᠯ ᠠᠵᠤ ᠠᠬᠤᠢ ᠶᠢᠨ ᠣᠨ ᠤ ᠮᠠᠯ ᠲᠡᠵᠢᠭᠡᠪᠦᠷᠢ ᠶᠢᠨ ᠲᠡᠵᠢᠭᠡᠨ ᠠᠷᠠᠴᠢᠯᠠᠭᠰᠠᠨ | ᠲᠤᠭ᠎ᠠ 2276 ᠲᠦᠮᠡ ᠳᠤ ᠬᠦᠷᠴᠡᠢ᠃ ︽ᠭᠤᠷᠪᠠᠨ ᠪᠦᠲᠦᠭᠡᠭᠳᠡᠬᠦᠨ︾ ᠤ ᠭᠡᠷᠡᠴᠢᠯᠡᠯ ᠢ ᠣᠯᠣᠭᠰᠠᠨ ᠪᠦᠲᠦᠭᠡᠭᠳᠡᠬᠦᠨ ᠰᠢᠨ᠎ᠡ ᠪᠠᠷ 81 ᠨᠡᠮᠡᠭᠳᠡᠪᠡ᠂ | ᠪᠣᠷᠣᠲᠣᠬᠤᠢ ᠶᠢᠨ ᠪᠠᠯᠲᠤ ᠬᠡᠮᠬᠡ᠂ ᠪᠣᠷᠣᠲᠣᠬᠤᠢ ᠶᠢᠨ ᠲᠠᠷᠪᠤᠰ᠂ ᠬᠤᠶᠠᠷ ᠪᠣᠭᠳᠠ ᠶᠢᠨ ᠴᠠᠭᠠᠨ ᠨᠣᠣᠯᠣᠭᠤᠷᠲᠤ ᠢᠮᠠᠭᠠᠨ ᠵᠡᠷᠭᠡ 6 ᠪᠦᠲᠦᠭᠡᠭᠳᠡᠬᠦᠨ | ᠲᠠᠷᠢᠶᠠᠯᠠᠩ ᠤᠨ ᠶᠠᠮᠤᠨ ᠤ ᠲᠠᠷᠢᠶᠠᠯᠠᠩ ᠤᠨ ᠪᠦᠲᠦᠭᠡᠭᠳᠡᠬᠦᠨ ᠤ ᠭᠠᠵᠠᠷ ᠵᠦᠢ ᠶᠢᠨ ᠪᠡᠯᠭᠡ ᠲᠡᠮᠳᠡᠭᠲᠦ ᠪᠦᠲᠦᠭᠡᠭᠳᠡᠬᠦᠨ ᠤ ᠳᠠᠩᠰᠠᠯᠠᠯᠲᠠ ᠳᠤ ᠣᠷᠣᠵᠤ | ᠬᠠᠮᠠᠭᠠᠯᠠᠭᠳᠠᠪᠠ᠂ ᠪᠣᠷᠣᠲᠣᠬᠤᠢ ᠶᠢᠨ ᠣᠷᠣᠨ ᠪᠦᠰᠡ ᠶᠢᠨ ᠨᠡᠷ᠎ᠡ ᠲᠡᠮᠳᠡᠭ ᠤᠨ ᠠᠯᠳᠠᠷᠰᠢᠯ ᠲᠠᠰᠤᠷᠠᠯᠲᠠ ᠦᠭᠡᠢ ᠳᠡᠭᠡᠭᠰᠢᠯᠡᠪᠡ᠃ ᠮᠠᠯᠵᠢᠬᠤ ᠲᠠᠷᠢᠶᠠᠯᠠᠬᠤ ᠣᠷᠣᠨ ᠤ | ᠠᠵᠤ ᠦᠢᠯᠡᠰ ᠤᠨ ᠠᠭᠤᠰᠤᠯᠴᠠᠨ ᠬᠥᠭᠵᠢᠬᠦ ᠶᠢ ᠯᠠᠪᠳᠠᠭᠤᠨ ᠢᠶᠠᠷ ᠲᠦᠯᠬᠢᠨ ᠠᠬᠢᠭᠤᠯᠪᠠ᠂ ᠬᠥᠳᠡᠭᠡ ᠲᠣᠰᠬᠤᠨ ᠤ ᠡᠯᠧᠺᠲᠷᠣᠨ ᠬᠤᠳᠠᠯᠳᠤᠭ᠎ᠠ᠂ ᠬᠥᠳᠡᠭᠡ | ᠲᠣᠰᠬᠤᠨ ᠤ ᠵᠤᠭᠠᠴᠠᠯ ᠢᠳᠡᠷᠡᠭᠦᠨ ᠬᠥᠭᠵᠢᠵᠦ᠂ ᠲᠠᠷᠢᠶᠠᠴᠢᠨ ᠠᠵᠤ ᠠᠬᠤᠶᠢᠯᠠᠯ ᠤᠨ ᠠᠰᠢᠭ ᠲᠤᠰᠠ ᠬᠤᠯᠪᠣᠯᠴᠠᠭᠰᠠᠨ ᠨᠣᠷᠮ᠎ᠠ 75% ᠲᠤ ᠬᠦᠷᠴᠦ᠂ 20 | ᠲᠦᠮᠡᠨ ᠮᠠᠯᠴᠢᠨ ᠲᠠᠷᠢᠶᠠᠴᠢᠨ ᠠᠵᠤ ᠦᠢᠯᠡᠰᠵᠢᠭᠦᠯᠦᠨ ᠡᠵᠡᠩᠨᠡᠬᠦ ᠬᠡᠯᠬᠢᠶ᠎ᠡ ᠳᠤ ᠣᠷᠣᠵᠤ᠂ ᠠᠵᠤ ᠦᠢᠯᠡᠰ ᠢ ᠠᠭᠤᠰᠤᠯᠴᠠᠭᠤᠯᠤᠨ ᠬᠥᠭᠵᠢᠭᠦᠯᠬᠦ ᠠᠵᠢᠯ ᠪᠦᠬᠦ | ᠣᠷᠣᠨ ᠤ ᠡᠮᠦᠨ᠎ᠡ ᠡᠩᠨᠡᠭᠡᠨ ᠳᠤ ᠶᠠᠪᠤᠵᠤ ᠪᠠᠶᠢᠨ᠎ᠠ᠃ ᠬᠠᠩᠭᠢᠨ ᠬᠤᠶᠢᠲᠤ ᠬᠤᠰᠢᠭᠤ ᠤᠯᠤᠰ ᠤᠨ ᠲᠠᠷᠢᠶᠠᠯᠠᠩ ᠤᠨ ᠦᠷᠭᠦᠯᠵᠢᠯᠡᠯ ᠬᠥᠭᠵᠢᠯᠲᠡ ᠶᠢᠨ | ᠲᠤᠷᠰᠢᠯᠲᠠ ᠶᠢᠨ ᠵᠢᠱᠢᠶ᠎ᠡ ᠦᠵᠡᠭᠦᠯᠬᠦ ᠲᠣᠭᠤᠷᠢᠭ ᠪᠠ ᠣᠨᠴᠠᠯᠢᠭᠲᠤ ᠲᠠᠷᠢᠶᠠᠯᠠᠩ ᠤᠨ ᠪᠦᠲᠦᠭᠡᠭᠳᠡᠬᠦᠨ ᠤ ᠳᠠᠪᠠᠭᠤᠯᠢᠭ ᠣᠷᠣᠨ ᠪᠣᠯᠵᠠᠢ᠂ ᠳ᠋ᠧᠩᠺᠧᠦ ᠰᠢᠶᠠᠨ | ᠤᠯᠤᠰ ᠤᠨ ᠣᠷᠭᠠᠨᠢᠭ ᠪᠦᠲᠦᠭᠡᠭᠳᠡᠬᠦᠨ ᠤ ᠳᠠᠩᠰᠠᠯᠠᠯᠲᠠ ᠶᠢᠨ ᠵᠢᠱᠢᠶ᠎ᠡ ᠦᠵᠡᠭᠦᠯᠦᠨ ᠡᠭᠦᠳᠦᠨ ᠪᠠᠶᠢᠭᠤᠯᠬᠤ ᠣᠷᠣᠨ ᠪᠣᠯᠵᠠᠢ᠃ | ᠭᠤᠷᠪᠠ ᠳᠤ᠂ ᠠᠵᠤ ᠠᠬᠤᠶᠢᠯᠠᠯ ᠤᠨ ᠡᠷᠭᠢᠯᠲᠡ ᠶᠢ ᠲᠣᠭᠲᠠᠪᠤᠷᠢᠵᠢᠭᠤᠯᠬᠤ ᠶᠠᠪᠤᠳᠠᠯ ᠢ ᠲᠡᠷᠢᠭᠦᠨ ᠴᠢᠬᠤᠯᠠ ᠡᠭᠦᠷᠭᠡ ᠪᠣᠯᠭᠠᠵᠤ᠂ ᠠᠵᠤ ᠦᠢᠯᠡᠳᠪᠦᠷᠢ ᠶᠢᠨ | ᠠᠵᠤ ᠠᠬᠤᠢ ᠶᠢᠨ ᠶᠠᠰᠤ ᠴᠢᠨᠠᠷ ᠰᠠᠶᠢᠵᠢᠷᠠᠨ ᠦᠷ᠎ᠡ ᠠᠰᠢᠭ ᠨᠡᠮᠡᠭᠳᠡᠬᠦ ᠶᠢ ᠠᠬᠢᠭᠤᠯᠪᠠ᠃ ᠲᠥᠪ ᠬᠤᠷᠢᠶ᠎ᠠ ᠪᠠ ᠥᠪᠡᠷᠲᠡᠭᠡᠨ ᠵᠠᠰᠠᠬᠤ ᠣᠷᠣᠨ ᠤ ᠠᠵᠤ | ᠠᠬᠤᠶᠢᠯᠠᠯ ᠤᠨ ᠬᠥᠭᠵᠢᠯᠲᠡ ᠶᠢ ᠲᠡᠳᠬᠦᠬᠦ ᠲᠥᠷᠥ ᠶᠢᠨ ᠪᠣᠳᠣᠯᠭ᠎ᠠ ᠠᠷᠭ᠎ᠠ ᠪᠠᠷᠢᠯ ᠢ ᠬᠢᠨᠠᠮᠠᠭᠠᠢ ᠨᠠᠶᠢᠳᠠᠪᠤᠷᠢᠵᠢᠭᠤᠯᠵᠤ᠂ ᠠᠵᠤ ᠦᠢᠯᠡᠳᠪᠦᠷᠢ ᠶᠢᠨ ᠠᠵᠤ | ᠠᠬᠤᠢ ᠶᠢᠨ ᠡᠷᠭᠢᠯᠲᠡ ᠶᠢ ᠵᠣᠬᠢᠴᠠᠭᠤᠯᠬᠤ ᠠᠵᠢᠯ ᠢ ᠴᠢᠩᠭᠠᠳᠬᠠᠵᠤ᠂ ᠨᠡᠭᠦᠷᠡᠰᠦ ᠴᠠᠬᠢᠯᠭᠠᠨ ᠲᠣᠰᠣ ᠲᠡᠭᠡᠭᠡᠪᠦᠷᠢ ᠵᠡᠷᠭᠡ ᠡᠯᠧᠮᠧᠨ᠋ᠲ ᠤᠨ ᠪᠠᠲᠤᠯᠠᠭ᠎ᠠ ᠶᠢ ᠰᠠᠶᠢᠲᠤᠷ | ᠬᠢᠵᠦ᠂ ᠠᠵᠤ ᠠᠬᠤᠶᠢᠯᠠᠯ ᠤᠨ ᠦᠢᠯᠡᠳᠪᠦᠷᠢᠯᠡᠯ ᠡᠵᠡᠩᠨᠡᠯᠲᠡ ᠶᠢᠨ ᠲᠣᠭᠲᠠᠪᠤᠷᠢᠵᠢᠯ ᠢ ᠠᠬᠢᠭᠤᠯᠪᠠ᠃ ᠪᠦᠬᠦ ᠵᠢᠯ ᠳᠤ ᠠᠵᠤ ᠠᠬᠤᠶᠢᠯᠠᠯ ᠤᠨ ᠭᠠᠶᠢᠯᠢ | ᠰᠦᠢᠳᠬᠡᠯ ᠤᠨ ᠳᠠᠷᠤᠭᠠᠰᠤ ᠶᠢ 17.5 ᠳ᠋ᠦᠩᠰᠢᠭᠤᠷ ᠲᠥᠭᠦᠷᠢᠭ ᠬᠠᠰᠤᠵᠤ᠂ ᠴᠠᠬᠢᠯᠭᠠᠨ ᠬᠡᠷᠡᠭᠯᠡᠬᠦ ᠥᠪᠡᠷ ᠤᠨ ᠥᠷᠲᠡᠭ ᠢ 5.4 ᠳ᠋ᠦᠩᠰᠢᠭᠤᠷ ᠲᠥᠭᠦᠷᠢᠭ | ᠬᠠᠰᠤᠪᠠ᠂ ᠳᠤᠮᠳᠠ ᠪᠠᠭ᠎ᠠ ᠵᠢᠵᠢᠭ ᠠᠵᠤ ᠠᠬᠤᠶᠢᠯᠠᠯ ᠢ ᠬᠠᠪᠰᠤᠷᠤᠨ 263 ᠳ᠋ᠦᠩᠰᠢᠭᠤᠷ ᠲᠥᠭᠦᠷᠢᠭ ᠤᠨ ᠪᠡᠯᠡ ᠬᠤᠷᠠᠮᠳᠤᠭᠤᠯᠬᠤ ᠵᠢᠭᠡᠯᠡᠯᠭᠡ ᠶᠢ ᠵᠣᠬᠢᠴᠠᠭᠤᠯᠤᠨ | ᠰᠢᠢᠳᠪᠦᠷᠢᠯᠡᠵᠡᠢ᠃ ᠦᠢᠯᠡᠳᠪᠦᠷᠢᠯᠡᠯ ᠵᠣᠭᠰᠣᠭᠰᠠᠨ ᠪᠤᠶᠤ ᠬᠢᠵᠠᠭᠠᠷᠯᠠᠵᠤ ᠪᠠᠶᠢᠭᠰᠠᠨ ᠠᠵᠤ ᠠᠬᠤᠶᠢᠯᠠᠯ ᠤᠨ ᠦᠢᠯᠡᠳᠪᠦᠷᠢᠯᠡᠯ ᠢᠶᠠᠨ ᠰᠡᠷᠭᠦᠭᠡᠬᠦ ᠶᠢ ᠠᠬᠢᠭᠤᠯᠪᠠ᠂ | ᠦᠢᠯᠡᠳᠪᠦᠷᠢᠯᠡᠯ ᠵᠣᠭᠰᠣᠭᠰᠠᠨ ᠪᠠ ᠠᠯᠳᠠᠭᠳᠠᠯ ᠲᠠᠢ ᠠᠵᠤ ᠠᠬᠤᠶᠢᠯᠠᠯ ᠤᠨ ᠲᠤᠭ᠎ᠠ ᠲᠤᠰᠪᠦᠷᠢ 6 ᠡᠷᠦᠬᠡ ᠪᠠ 14 ᠡᠷᠦᠬᠡ ᠬᠠᠰᠤᠭᠳᠠᠪᠠ᠃ 5.7 ᠳ᠋ᠦᠩᠰᠢᠭᠤᠷ | ᠲᠥᠭᠦᠷᠢᠭ ᠤᠨ ᠪᠡᠯᠡ ᠣᠷᠣᠭᠤᠯᠵᠤ᠂ ᠠᠵᠤ ᠦᠢᠯᠡᠳᠪᠦᠷᠢ ᠶᠢᠨ ᠬᠦᠷᠢᠶᠡᠯᠡᠩ ᠲᠣᠭᠤᠷᠢᠭ ᠤᠨ ᠪᠤᠵᠠᠷ ᠤᠰᠤ ᠰᠢᠢᠳᠪᠦᠷᠢᠯᠡᠬᠦ᠂ ᠬᠤᠭᠤᠯᠠᠢ ᠲᠣᠣᠷ ᠢ ᠲᠥᠬᠦᠷᠵᠢᠭᠦᠯᠬᠦ | ᠂ ᠣᠶᠢᠵᠢᠭᠤᠯᠤᠯᠲᠠ ᠨᠣᠭᠤᠭᠠᠷᠠᠭᠤᠯᠤᠯᠲᠠ ᠵᠡᠷᠭᠡ ᠰᠠᠭᠤᠷᠢ ᠲᠥᠬᠦᠭᠡᠷᠦᠮᠵᠢ ᠶᠢᠨ ᠲᠥᠷᠥᠯ ᠵᠦᠢᠯ ᠢ ᠬᠡᠷᠡᠭᠵᠢᠭᠦᠯᠵᠦ᠂ ᠶᠡᠷᠦᠩᠬᠡᠶᠢᠯᠡᠭᠰᠡᠨ ᠳᠠᠭᠠᠭᠠᠬᠤ ᠴᠢᠳᠠᠪᠤᠷᠢ ᠶᠢ | ᠴᠢᠨᠠᠭᠰᠢᠳᠠ ᠳᠡᠭᠡᠭᠰᠢᠯᠡᠭᠦᠯᠵᠡᠢ᠃ | ᠳᠥᠷᠪᠡ ᠳᠤ᠂ ᠣᠳᠣ ᠦᠶ᠎ᠡ ᠶᠢᠨ ᠦᠢᠯᠡᠴᠢᠯᠡᠭᠡᠨ ᠤ ᠦᠢᠯᠡᠰ ᠢ ᠬᠥᠭᠵᠢᠭᠦᠯᠬᠦ ᠶᠠᠪᠤᠳᠠᠯ ᠢ ᠪᠠᠶᠢᠯᠳᠤᠬᠤ ᠪᠣᠳᠣᠯᠭ᠎ᠠ ᠶᠢᠨ ᠠᠷᠭ᠎ᠠ ᠪᠠᠷᠢᠯ ᠪᠣᠯᠭᠠᠵᠤ᠂ ᠠᠵᠤ | ᠠᠬᠤᠢ ᠶᠢᠨ ᠰᠢᠨ᠎ᠡ ᠨᠡᠮᠡᠭᠳᠡᠯ ᠤᠨ ᠴᠡᠭ ᠢ ᠲᠦᠷᠭᠡᠳᠬᠡᠨ ᠪᠣᠶᠢᠵᠢᠭᠤᠯᠪᠠ᠃ ᠬᠠᠲᠤᠨ ᠭᠤᠣᠯ ᠤᠨ ᠪᠣᠷᠣᠲᠣᠬᠤᠢ ᠰᠣᠶᠣᠯ ᠤᠨ ᠵᠤᠭᠠᠴᠠᠯ ᠤᠨ ᠣᠷᠣᠨ᠂ ᠦᠶᠤᠸᠠᠨ | ᠰᠢᠶᠠᠨ ᠤ ᠶᠠᠫᠣᠨ ᠢ ᠡᠰᠡᠷᠭᠦᠴᠡᠬᠦ ᠳᠤᠷᠠᠰᠬᠠᠯ ᠤᠨ ᠬᠦᠷᠢᠶᠡᠯᠡᠩ᠂ ᠤᠷᠠᠳ ᠠᠶᠢᠮᠠᠭ ᠤᠨ ᠳᠠᠯᠠᠢ ᠲᠠᠩᠭᠢᠰ ᠤᠨ ᠣᠷᠳᠣᠨ ᠵᠡᠷᠭᠡ 52 ᠲᠥᠷᠥᠯ ᠵᠦᠢᠯ ᠢ | ᠬᠡᠷᠡᠭᠵᠢᠭᠦᠯᠪᠡ᠂ ᠬᠠᠲᠤᠨ ᠭᠤᠣᠯ ᠤᠨ ᠣᠨᠴᠠᠯᠢᠭᠲᠤ ᠵᠢᠵᠢᠭ ᠪᠠᠯᠭᠠᠰᠤ᠂ ᠪᠣᠷᠣᠲᠣᠬᠤᠢ ᠶᠢᠨ ᠲᠠᠷᠢᠶᠠᠯᠠᠬᠤ ᠰᠣᠶᠣᠯ ᠤᠨ ᠦᠵᠡᠰᠬᠦᠯᠡᠩ ᠤᠨ ᠣᠷᠳᠣᠨ ᠨᠢ ᠪᠦᠬᠦ | ᠤᠯᠤᠰ ᠤᠨ ᠰᠢᠯᠢᠳᠡᠭ ᠵᠤᠭᠠᠴᠠᠯ ᠤᠨ ᠲᠥᠷᠥᠯ ᠵᠦᠢᠯ ᠤᠨ ᠨᠡᠷᠡᠰ ᠲᠤ ᠣᠷᠣᠵᠠᠢ᠃ ᠣᠯᠠᠨ ᠤᠯᠤᠰ ᠤᠨ ᠮᠠᠷᠠᠰᠤᠨ ᠤᠷᠤᠯᠳᠤᠭᠠᠨ᠂ ᠰᠢᠨᠳᠠᠰᠤ ᠰᠢᠯᠭᠠᠬᠤ ᠭᠤᠷᠪᠠᠨ | ᠵᠦᠢᠯ ᠤᠨ ᠤᠷᠤᠯᠳᠤᠭᠠᠨ᠂ ᠪᠦᠬᠦ ᠤᠯᠤᠰ ᠤᠨ ᠯᠤᠤᠲᠤ ᠣᠩᠭᠤᠴᠠ ᠶᠢᠨ ᠤᠷᠤᠯᠳᠤᠭᠠᠨ᠂ ᠬᠠᠲᠤᠨ ᠭᠤᠣᠯ ᠳᠠᠭᠠᠤ ᠶᠢᠨ ᠳᠤᠭᠤᠢ ᠲᠡᠷᠭᠡᠨ ᠤ ᠤᠷᠤᠯᠳᠤᠭᠠᠨ᠂ | ᠬᠤᠨ ᠭᠠᠯᠠᠭᠤ ᠰᠣᠶᠣᠯ ᠤᠨ ᠨᠠᠶᠢᠷ᠂ ᠭᠠᠭ᠋ᠠᠢ ᠶᠢᠨ ᠰᠣᠶᠣᠯ ᠤᠨ ᠨᠠᠶᠢᠷ᠂ ᠡᠪᠦᠯ ᠤᠨ ᠤᠯᠠᠷᠢᠯ ᠤᠨ ᠵᠢᠭᠠᠰᠤ ᠠᠩᠨᠠᠬᠤ ᠨᠠᠶᠢᠷ᠂ ᠴᠢᠮᠡᠭᠲᠦ ᠳ᠋ᠧᠩᠯᠦ ᠶᠢᠨ ᠨᠠᠶᠢᠷ᠂ | ᠠᠯᠢᠮ᠎ᠠ ᠶᠢᠨ ᠴᠡᠴᠡᠭ ᠤᠨ ᠨᠠᠶᠢᠷ ᠵᠡᠷᠭᠡ ᠠᠵᠢᠯᠯᠠᠭ᠎ᠠ ᠶᠢ ᠠᠮᠵᠢᠯᠲᠠᠲᠠᠢ ᠥᠷᠨᠢᠭᠦᠯᠵᠦ᠂ ᠨᠡᠩ ᠣᠯᠠᠨ ᠳᠤᠮᠳᠠᠳᠤ ᠭᠠᠳᠠᠭᠠᠳᠤ ᠶᠢᠨ ᠵᠤᠭᠠᠴᠠᠭᠰᠠᠳ ᠠᠯᠳᠠᠷ ᠨᠡᠷ᠎ᠡ ᠪᠠᠷ | ᠨᠢ ᠡᠷᠢᠵᠦ ᠢᠷᠡᠬᠦ ᠪᠣᠯᠵᠠᠢ᠃ ᠪᠦᠬᠦ ᠵᠢᠯ ᠳᠤ 552 ᠲᠦᠮᠡᠨ ᠵᠤᠭᠠᠴᠠᠭᠰᠠᠳ ᠢ ᠬᠦᠯᠢᠶᠡᠨ ᠠᠪᠴᠤ ᠵᠣᠴᠢᠯᠠᠨ᠂ 56.2 ᠳ᠋ᠦᠩᠰᠢᠭᠤᠷ ᠲᠥᠭᠦᠷᠢᠭ ᠤᠨ | ᠵᠤᠭᠠᠴᠠᠯ ᠤᠨ ᠣᠷᠣᠯᠭ᠎ᠠ ᠶᠢ ᠪᠡᠶᠡᠯᠡᠭᠦᠯᠵᠦ᠂ ᠲᠤᠰᠪᠦᠷᠢ 29.8% ᠪᠠ 30.1% ᠨᠡᠮᠡᠭᠳᠡᠵᠡᠢ᠃ B ᠬᠡᠯᠪᠡᠷᠢ ᠶᠢᠨ ᠭᠠᠶᠢᠯᠢ ᠶᠢ ᠪᠠᠲᠤᠯᠠᠬᠤ ᠪᠠᠷᠠᠭᠠᠨ ᠤ | ᠭᠦᠢᠯᠭᠡᠭᠡᠨ ᠤ ᠲᠥᠪ ᠤᠨ ᠲᠥᠷᠥᠯ ᠵᠦᠢᠯ ᠵᠢᠩᠬᠢᠨᠢ ᠪᠠᠷ ᠵᠥᠪᠰᠢᠶᠡᠷᠡᠭᠳᠡᠵᠦ᠂ ᠬᠠᠭᠤᠷᠠᠢ ᠵᠠᠮ ᠤᠨ ᠭᠠᠷᠠᠮ ᠤᠨ ᠲᠠᠷᠢᠶᠠᠯᠠᠩ ᠤᠨ ᠲᠤᠰᠠᠯᠠᠬᠤ ᠪᠦᠲᠦᠭᠡᠭᠳᠡᠬᠦᠨ ᠤ | ᠭᠠᠯᠲᠤ ᠲᠡᠷᠭᠡ ᠨᠡᠪᠲᠡᠷᠡᠵᠡᠢ᠃ ᠭᠠᠭᠴᠠᠮᠣᠳᠣ ᠬᠢᠯᠢ ᠶᠢᠨ ᠪᠣᠭᠤᠮᠲᠠ ᠪᠠᠷ ᠳᠠᠮᠵᠢᠭᠤᠯᠤᠭᠰᠠᠨ ᠪᠠᠷᠠᠭᠠᠨ ᠤ ᠬᠡᠮᠵᠢᠶ᠎ᠡ 1800 ᠲᠦᠮᠡᠨ ᠲᠣᠨ ᠳᠤ ᠬᠦᠷᠴᠦ᠂ | ᠠᠷᠠᠯᠵᠢᠶᠠᠨ ᠤ ᠥᠷᠲᠡᠭ 200 ᠳ᠋ᠦᠩᠰᠢᠭᠤᠷ ᠲᠥᠭᠦᠷᠢᠭ ᠣᠷᠴᠢᠮ ᠳᠤ ᠬᠦᠷᠴᠦ᠂ ᠪᠦᠬᠦ ᠤᠯᠤᠰ ᠤᠨ ᠪᠠᠷᠠᠭ᠎ᠠ ᠥᠩᠭᠡᠷᠡᠭᠡᠭᠰᠡᠨ ᠬᠡᠮᠵᠢᠶ᠎ᠡ ᠬᠠᠮᠤᠭ ᠶᠡᠭᠡ᠂ | ᠠᠷᠠᠯᠵᠢᠶᠠᠨ ᠤ ᠥᠷᠲᠡᠭ ᠬᠠᠮᠤᠭ ᠥᠨᠳᠥᠷ ᠵᠠᠰᠠᠮᠠᠯ ᠵᠠᠮ ᠤᠨ ᠬᠢᠯᠢ ᠶᠢᠨ ᠪᠣᠭᠤᠮᠲᠠ ᠪᠣᠯᠵᠠᠢ᠃ ᠪᠦᠬᠦ ᠤᠯᠤᠰ ᠤᠨ ᠶᠢᠰᠦᠳᠡᠬᠢ ᠰᠦᠯᠵᠢᠶᠡᠨ ᠤ ᠵᠠᠬ᠎ᠠ ᠳᠡᠯᠭᠡᠭᠦᠷ ᠤᠨ | ᠬᠢᠨᠠᠨ ᠬᠠᠮᠢᠶᠠᠷᠤᠯᠲᠠ ᠪᠠ ᠦᠢᠯᠡᠴᠢᠯᠡᠭᠡᠨ ᠤ ᠵᠢᠱᠢᠶ᠎ᠡ ᠦᠵᠡᠭᠦᠯᠬᠦ ᠲᠣᠭᠤᠷᠢᠭ ᠢ ᠡᠭᠦᠳᠦᠨ ᠪᠠᠶᠢᠭᠤᠯᠬᠤ ᠠᠵᠢᠯ ᠪᠦᠬᠦ ᠲᠠᠯ᠎ᠠ ᠪᠠᠷ ᠡᠬᠢᠯᠡᠪᠡ᠃ ᠡᠯᠧᠺᠲᠷᠣᠨ | ᠬᠤᠳᠠᠯᠳᠤᠭᠠᠨ ᠤ ᠠᠵᠤ ᠠᠬᠤᠶᠢᠯᠠᠯ 1202 ᠡᠷᠦᠬᠡ ᠳᠤ ᠬᠦᠷᠴᠦ᠂ 11.1% ᠢᠶᠠᠷ ᠨᠡᠮᠡᠭᠳᠡᠵᠡᠢ︔ ᠠᠷᠠᠯᠵᠢᠶᠠᠨ ᠤ ᠥᠷᠲᠡᠭ 41 ᠳ᠋ᠦᠩᠰᠢᠭᠤᠷ | ᠲᠥᠭᠦᠷᠢᠭ ᠲᠤ ᠬᠦᠷᠴᠦ᠂ 25.6% ᠢᠶᠠᠷ ᠨᠡᠮᠡᠭᠳᠡᠪᠡ᠃ ᠮᠥᠩᠭᠦᠨ ᠭᠦᠢᠯᠭᠡᠭᠡᠨ ᠤ ᠣᠷᠴᠢᠨ ᠴᠢᠨᠠᠭᠰᠢᠳᠠ ᠰᠢᠯᠢᠳᠡᠭᠵᠢᠵᠦ᠂ ᠮᠥᠩᠭᠦᠨ ᠭᠦᠢᠯᠭᠡᠭᠡᠨ ᠤ ᠰᠠᠯᠠᠭ᠎ᠠ | ᠮᠥᠴᠢᠷ ᠤᠨ ᠬᠠᠳᠠᠭᠠᠯᠠᠮᠵᠢ ᠵᠢᠭᠡᠯᠡᠯᠭᠡ ᠶᠢᠨ ᠦᠯᠡᠳᠡᠪᠦᠷᠢ ᠲᠤᠭ᠎ᠠ ᠲᠤᠰᠪᠦᠷᠢ 967 ᠳ᠋ᠦᠩᠰᠢᠭᠤᠷ ᠲᠥᠭᠦᠷᠢᠭ ᠪᠠ 855 ᠳ᠋ᠦᠩᠰᠢᠭᠤᠷ ᠲᠥᠭᠦᠷᠢᠭ ᠲᠤ ᠬᠦᠷᠴᠡᠢ᠃ | | ᠲᠠᠪᠤ ᠳᠤ᠂ ᠣᠷᠣᠰᠢᠨ ᠰᠠᠭᠤᠷᠢᠰᠢᠬᠤ ᠣᠷᠴᠢᠨ ᠲᠣᠭᠤᠷᠢᠨ ᠢ ᠰᠠᠶᠢᠵᠢᠷᠠᠭᠤᠯᠬᠤ ᠶᠠᠪᠤᠳᠠᠯ ᠢ ᠠᠵᠢᠯ ᠤᠨ ᠭᠤᠣᠯᠳᠠᠯᠭ᠎ᠠ ᠪᠣᠯᠭᠠᠵᠤ᠂ ᠬᠤᠲᠠ ᠬᠥᠳᠡᠭᠡ ᠶᠢᠨ | ᠪᠦᠲᠦᠭᠡᠨ ᠪᠠᠶᠢᠭᠤᠯᠤᠯᠲᠠ ᠶᠢ ᠬᠦᠴᠦᠯᠡᠨ ᠠᠬᠢᠭᠤᠯᠪᠠ᠃ ᠠᠷᠠᠳ ᠤᠨ ᠠᠮᠢᠳᠤᠷᠠᠯ ᠤᠨ ᠬᠤᠲᠠ ᠶᠢᠨ ᠪᠦᠲᠦᠭᠡᠨ ᠪᠠᠶᠢᠭᠤᠯᠤᠯᠲᠠ ᠶᠢᠨ ᠣᠶᠢᠯᠠᠭᠠᠭᠳᠠᠬᠤᠨ ᠢ ᠪᠠᠲᠤ | ᠱᠤᠭᠤᠵᠤ᠂ 92 ᠺᠢᠯᠣᠮᠧᠲᠷ ᠬᠤᠲᠠ ᠪᠠᠯᠭᠠᠰᠤ ᠶᠢᠨ ᠵᠠᠮ ᠢ ᠰᠢᠨ᠎ᠡ ᠪᠠᠷ ᠪᠤᠶᠤ ᠥᠭᠡᠷᠡᠴᠢᠯᠡᠨ ᠥᠷᠭᠡᠳᠬᠡᠨ ᠵᠠᠰᠠᠵᠤ᠂ ᠡᠯ᠎ᠡ ᠲᠥᠷᠥᠯ ᠤᠨ ᠬᠤᠭᠤᠯᠠᠢ ᠶᠢᠨ ᠲᠣᠣᠷ ᠢ | 327 ᠺᠢᠯᠣᠮᠧᠲᠷ ᠳᠡᠪᠢᠰᠴᠦ᠂ 19 ᠵᠤᠷᠪᠤᠰ ᠮᠤᠬᠤᠷ ᠵᠠᠮ ᠢ ᠨᠡᠪᠲᠡᠷᠡᠭᠦᠯᠵᠡᠢ᠂ ᠬᠤᠲᠠ ᠪᠠᠯᠭᠠᠰᠤᠨ ᠤ ᠪᠠᠶᠢᠰᠢᠩᠲᠤ ᠲᠣᠭᠤᠷᠢᠭ ᠪᠠ ᠬᠠᠭᠤᠴᠢᠨ ᠰᠠᠭᠤᠭᠠᠯᠢ | ᠲᠣᠭᠤᠷᠢᠭ ᠢ 176 ᠲᠦᠮᠡᠨ ᠲᠡᠭᠰᠢ ᠳᠥᠷᠪᠡᠯᠵᠢᠨ ᠮᠧᠲᠷ ᠥᠭᠡᠷᠡᠴᠢᠯᠡᠵᠦ᠂ ᠪᠤᠶᠢᠳᠠ ᠵᠠᠮ ᠪᠥᠭᠯᠡᠭᠦᠦ ᠭᠤᠳᠤᠮᠵᠢ ᠶᠢ 60 ᠲᠦᠮᠡᠨ ᠲᠡᠭᠰᠢ ᠳᠥᠷᠪᠡᠯᠵᠢᠨ ᠮᠧᠲᠷ | ᠥᠭᠡᠷᠡᠴᠢᠯᠡᠵᠡᠢ᠂ ᠰᠢᠨ᠎ᠡ ᠪᠠᠷ ᠨᠡᠮᠡᠭᠳᠡᠭᠰᠡᠨ ᠲᠥᠪᠯᠡᠷᠡᠭᠦᠯᠦᠨ ᠢᠯᠴᠢ ᠬᠠᠩᠭᠠᠬᠤ ᠲᠠᠯᠠᠪᠠᠢ 480 ᠲᠦᠮᠡᠨ ᠲᠡᠭᠰᠢ ᠳᠥᠷᠪᠡᠯᠵᠢᠨ ᠮᠧᠲᠷ ᠲᠤ ᠬᠦᠷᠴᠦ᠂ 8621 | ᠡᠷᠦᠬᠡ ᠳᠤ ᠰᠢᠨ᠎ᠡ ᠪᠠᠷ ᠰᠢᠲᠠᠮᠠᠬᠠᠢ ᠬᠡᠢ ᠵᠠᠯᠭᠠᠨ ᠣᠷᠣᠭᠤᠯᠵᠠᠢ᠂ 131 ᠨᠡᠶᠢᠲᠡ ᠶᠢᠨ ᠵᠣᠷᠯᠣᠩ ᠢ ᠰᠢᠨ᠎ᠡ ᠪᠠᠷ ᠪᠠᠶᠢᠭᠤᠯᠵᠠᠢ᠃ ᠴᠡᠴᠡᠷᠯᠢᠭᠵᠢᠭᠦᠯᠦᠨ | ᠣᠶᠢᠵᠢᠭᠤᠯᠤᠭᠰᠠᠨ ᠨᠣᠭᠤᠭᠠᠨ ᠭᠠᠵᠠᠷ ᠢ ᠰᠢᠨ᠎ᠡ ᠪᠠᠷ 3010 ᠮᠦ ᠨᠡᠮᠡᠭᠳᠡᠭᠦᠯᠵᠦ᠂ ᠤᠯᠤᠰ ᠤᠨ ᠴᠡᠴᠡᠷᠯᠢᠭᠵᠢᠭᠰᠡᠨ ᠬᠤᠲᠠ ᠶᠢ ᠠᠮᠵᠢᠯᠲᠠᠲᠠᠢ ᠡᠭᠦᠳᠦᠨ | ᠪᠠᠶᠢᠭᠤᠯᠪᠠ᠂ 6 ᠬᠤᠰᠢᠭᠤ ᠰᠢᠶᠠᠨ ᠲᠣᠭᠤᠷᠢᠭ ᠥᠪᠡᠷᠲᠡᠭᠡᠨ ᠵᠠᠰᠠᠬᠤ ᠣᠷᠣᠨ ᠤ ᠠᠮᠢ ᠠᠬᠤᠢ ᠶᠢᠨ ᠣᠷᠣᠰᠢᠨ ᠰᠠᠭᠤᠷᠢᠰᠢᠬᠤ ᠳᠤ ᠲᠣᠬᠢᠷᠠᠮᠵᠢᠲᠠᠢ ᠰᠢᠶᠠᠨ ᠤ | ᠬᠤᠲᠠ ᠪᠣᠯᠵᠠᠢ᠃ ᠱᠤᠸᠠᠩ ᠾᠧ ᠲᠣᠭᠤᠷᠢᠭ ᠤᠨ ᠪᠦᠲᠦᠭᠡᠨ ᠪᠠᠶᠢᠭᠤᠯᠤᠯᠲᠠ ᠶᠢᠨ ᠪᠡᠯᠡ ᠣᠷᠣᠭᠤᠯᠤᠯᠲᠠ ᠲᠡᠦᠬᠡ ᠶᠢᠨ ᠰᠢᠨ᠎ᠡ ᠥᠨᠳᠥᠷᠴᠡ ᠳᠤ ᠬᠦᠷᠴᠦ᠂ | ᠰᠢᠶᠠᠨ ᠹᠧᠩ ᠬᠥᠭᠦᠷᠭᠡ᠂ ᠰᠢᠶᠠᠨ ᠹᠧᠩ ᠡᠮᠦᠨ᠎ᠡ ᠵᠠᠮ᠂ ᠶᠦᠨ ᠵᠦᠩ ᠵᠡᠭᠡᠯᠢ ᠪᠠᠶᠢᠭᠤᠯᠤᠭᠳᠠᠨ ᠲᠡᠷᠭᠡ ᠨᠡᠪᠲᠡᠷᠡᠵᠡᠢ᠂ ᠬᠤᠲᠠ ᠶᠢᠨ ᠨᠠᠮ ᠤᠨ ᠬᠤᠷᠢᠶᠠᠨ ᠤ | ᠨᠠᠮ ᠤᠨ ᠰᠤᠷᠭᠠᠭᠤᠯᠢ ᠶᠢᠨ ᠰᠢᠨ᠎ᠡ ᠰᠠᠭᠤᠷᠢᠰᠢᠯ᠂ ᠥᠪᠥᠷ ᠮᠣᠩᠭᠤᠯ ᠤᠨ ᠤᠷᠠᠨ ᠵᠢᠷᠤᠭ ᠤᠨ ᠠᠵᠢᠯ ᠮᠡᠷᠭᠡᠵᠢᠯ ᠤᠨ ᠰᠤᠷᠭᠠᠭᠤᠯᠢ ᠶᠢᠨ ᠰᠢᠨ᠎ᠡ ᠰᠠᠭᠤᠷᠢᠰᠢᠯ᠂ | ᠤᠷᠭᠤᠮᠠᠯ ᠤᠨ ᠬᠦᠷᠢᠶᠡᠯᠡᠩ ᠵᠡᠷᠭᠡ 11 ᠲᠥᠷᠥᠯ ᠵᠦᠢᠯ ᠴᠡᠭᠴᠡᠲᠡᠢ ᠠᠬᠢᠵᠤ᠂ ︽ᠬᠤᠶᠠᠷ ᠬᠥᠭᠦᠷᠭᠡ ᠬᠤᠶᠠᠷ ᠭᠤᠯᠳᠤ ᠬᠤᠶᠠᠷ ᠬᠥᠨᠳᠡᠯᠡᠨ︾ ᠵᠠᠮ ᠤᠨ ᠲᠣᠣᠷ | ᠦᠨᠳᠦᠰᠦᠨ ᠳᠡᠭᠡᠨ ᠪᠦᠷᠢᠯᠳᠦᠪᠡ᠃ ᠰᠢᠶᠠᠨ ᠤ ᠬᠤᠲᠠ ᠪᠠ ᠪᠠᠯᠭᠠᠰᠤ ᠲᠣᠰᠬᠤᠨ ᠤ ᠬᠠᠮᠢᠶᠠᠷᠤᠯᠲᠠ ᠶᠢᠨ ᠲᠦᠪᠰᠢᠨ ᠲᠠᠰᠤᠷᠠᠯᠲᠠ ᠦᠭᠡᠢ ᠳᠡᠭᠡᠭᠰᠢᠯᠡᠵᠦ᠂ 69% | ᠤᠨ ᠠᠶᠢᠯ ᠲᠣᠰᠬᠤᠨ ᠤᠷᠲᠤ ᠬᠤᠭᠤᠴᠠᠭᠠᠲᠤ ᠬᠠᠮᠢᠶᠠᠷᠤᠯᠲᠠ ᠶᠢᠨ ᠲᠣᠭᠲᠠᠴᠠ ᠲᠠᠢ ᠪᠣᠯᠵᠠᠢ᠂ ᠤᠯᠤᠰ ᠤᠨ ᠬᠥᠳᠡᠭᠡ ᠲᠣᠰᠬᠤᠨ ᠤ ᠣᠷᠣᠰᠢᠨ ᠰᠠᠭᠤᠷᠢᠰᠢᠬᠤ | ᠣᠷᠴᠢᠨ ᠢ ᠰᠠᠶᠢᠵᠢᠷᠠᠭᠤᠯᠤᠭᠰᠠᠨ ᠵᠢᠱᠢᠶ᠎ᠡ ᠦᠵᠡᠭᠦᠯᠬᠦ ᠲᠣᠰᠬᠤᠨ ᠪᠠ ᠳᠤᠮᠳᠠᠳᠤ ᠤᠯᠤᠰ ᠤᠨ ᠤᠯᠠᠮᠵᠢᠯᠠᠯᠲᠤ ᠠᠶᠢᠯ ᠲᠣᠰᠬᠤᠨ ᠢ 4᠂ ᠥᠪᠡᠷᠲᠡᠭᠡᠨ ᠵᠠᠰᠠᠬᠤ | ᠣᠷᠣᠨ ᠤ ᠪᠣᠬᠢᠷᠲᠤᠯ ᠦᠭᠡᠢ ᠠᠶᠢᠯ ᠲᠣᠰᠬᠤᠨ 2566 ᠡᠭᠦᠳᠦᠨ ᠪᠠᠶᠢᠭᠤᠯᠵᠠᠢ᠃ | ᠵᠢᠷᠭᠤᠭ᠎ᠠ ᠳᠤ᠂ ᠠᠭᠤᠯᠠ ᠤᠰᠤ ᠣᠢ ᠲᠠᠷᠢᠶ᠎ᠠ ᠨᠠᠭᠤᠷ ᠪᠡᠯᠴᠢᠭᠡᠷ ᠡᠯᠡᠰᠦ ᠶᠢ ᠶᠡᠷᠦᠩᠬᠡᠶᠢᠯᠡᠨ ᠵᠠᠰᠠᠬᠤ ᠪᠠᠷ ᠶᠡᠷᠦᠩᠬᠡᠢ ᠭᠠᠷᠳᠠᠴᠠ ᠪᠣᠯᠭᠠᠵᠤ᠂ ᠠᠮᠢ ᠠᠬᠤᠢ ᠶᠢᠨ | ᠪᠦᠲᠦᠭᠡᠨ ᠪᠠᠶᠢᠭᠤᠯᠤᠯᠲᠠ ᠪᠠ ᠣᠷᠴᠢᠨ ᠠᠬᠤᠢ ᠶᠢᠨ ᠬᠠᠮᠠᠭᠠᠯᠠᠯᠲᠠ ᠶᠢᠨ ᠬᠦᠴᠦᠯᠡᠴᠡ ᠶᠢ ᠨᠡᠮᠡᠭᠳᠡᠭᠦᠯᠪᠡ᠃ 484 ᠲᠦᠮᠡᠨ ᠮᠦ ᠬᠤᠵᠢᠷᠯᠢᠭ ᠭᠠᠵᠠᠷ ᠢ | ᠥᠭᠡᠷᠡᠴᠢᠯᠡᠨ ᠰᠠᠶᠢᠵᠢᠷᠠᠭᠤᠯᠬᠤ ᠢᠨᠵᠧᠨᠧᠷᠢᠩ ᠤᠯᠤᠰ ᠤᠨ ᠪᠠ ᠥᠪᠡᠷᠲᠡᠭᠡᠨ ᠵᠠᠰᠠᠬᠤ ᠣᠷᠣᠨ ᠤ ᠴᠢᠬᠤᠯᠠᠴᠢᠯᠠᠭ᠎ᠠ ᠶᠢ ᠣᠯᠵᠤ᠂ ᠲᠥᠯᠥᠪᠵᠢᠭᠦᠯᠭᠡ ᠶᠢᠨ | ᠨᠠᠶᠢᠷᠠᠭᠤᠯᠬᠤ ᠠᠵᠢᠯ ᠨᠢᠭᠡᠨᠲᠡ ᠳᠠᠭᠤᠰᠴᠤ᠂ ᠬᠥᠷᠥᠰᠥᠨ ᠤ ᠨᠡᠶᠢᠳᠡᠮ ᠪᠠᠶᠢᠴᠠᠭᠠᠯᠲᠠ ᠶᠢᠨ ᠠᠵᠢᠯ ᠯᠠᠪᠳᠠᠭᠤᠨ ᠢᠶᠠᠷ ᠠᠬᠢᠵᠤ᠂ ᠲᠤᠷᠰᠢᠯᠲᠠ ᠶᠢᠨ ᠵᠢᠱᠢᠶ᠎ᠡ | ᠦᠵᠡᠭᠦᠯᠬᠦ ᠣᠷᠣᠨ 2.1 ᠲᠦᠮᠡᠨ ᠮᠦ ᠬᠦᠷᠴᠡᠢ᠃ ᠥᠨᠢᠳᠡ ᠶᠢᠨ ᠦᠨᠳᠦᠰᠦᠨ ᠲᠠᠷᠢᠶᠠᠨ ᠭᠠᠵᠠᠷ ᠢ ᠵᠢᠷᠤᠵᠤ ᠲᠣᠭᠲᠠᠭᠠᠬᠤ ᠠᠵᠢᠯ ᠢ ᠪᠡᠶᠡᠯᠡᠭᠦᠯᠵᠦ᠂ 807.9 | ᠲᠦᠮᠡᠨ ᠮᠦ ᠲᠠᠷᠢᠶᠠᠨ ᠭᠠᠵᠠᠷ ᠢ ᠵᠢᠷᠤᠵᠤ ᠲᠣᠭᠲᠠᠭᠠᠵᠠᠢ᠃ ᠭᠤᠣᠯ ᠤᠨ ᠳᠠᠷᠤᠭ᠎ᠠ ᠶᠢᠨ ᠳᠦᠷᠢᠮ ᠨᠠᠶᠢᠳᠠᠪᠤᠷᠢᠵᠢᠭᠳᠠᠵᠤ᠂ ᠤᠯᠠᠭᠠᠨᠰᠤᠬᠠᠢ ᠨᠠᠭᠤᠷ ᠤᠨ ᠴᠡᠭ | ᠰᠤᠷᠪᠤᠯᠵᠢ ᠶᠢᠨ ᠪᠣᠬᠢᠷ ᠤᠰᠤ ᠶᠢ ︽ᠨᠠᠭᠤᠷ ᠲᠤ ᠣᠷᠣᠭᠤᠯᠬᠤ ᠦᠭᠡᠢ︾ ᠪᠠ ᠳᠤᠮᠳᠠ ᠤᠰᠤ ᠶᠢ ᠬᠤᠷᠢᠶᠠᠨ ᠠᠰᠢᠭᠯᠠᠬᠤ ᠢᠨᠵᠧᠨᠧᠷᠢᠩ ᠡᠬᠢᠯᠡᠨ | ᠬᠡᠷᠡᠭᠵᠢᠭᠦᠯᠦᠭᠳᠡᠪᠡ᠂ ᠤᠰᠤᠨ ᠤ ᠴᠢᠨᠠᠷ ᠢ ᠰᠢᠯᠭᠠᠨ ᠬᠡᠮᠵᠢᠬᠦ 36 ᠴᠡᠭ ᠪᠠᠶᠢᠭᠤᠯᠤᠭᠳᠠᠨ ᠬᠡᠷᠡᠭᠯᠡᠭᠳᠡᠵᠦ᠂ 2.5 ᠳ᠋ᠦᠩᠰᠢᠭᠤᠷ ᠪᠣᠰᠤᠭ᠎ᠠ ᠳᠥᠷᠪᠡᠯᠵᠢᠨ ᠮᠧᠲᠷ ᠠᠮᠢ | ᠠᠬᠤᠢ ᠶᠢᠨ ᠤᠰᠤ ᠨᠥᠬᠦᠪᠡ᠃ 92 ᠲᠦᠮᠡᠨ ᠮᠦ ᠣᠢ ᠰᠢᠭᠤᠢ ᠶᠢᠨ ᠠᠮᠢ ᠠᠬᠤᠢ ᠶᠢᠨ ᠪᠦᠲᠦᠭᠡᠨ ᠪᠠᠶᠢᠭᠤᠯᠤᠯᠲᠠ ᠶᠢ ᠪᠡᠶᠡᠯᠡᠭᠦᠯᠵᠦ᠂ ᠨᠤᠲᠤᠭ ᠪᠡᠯᠴᠢᠭᠡᠷ ᠤᠨ | ᠠᠮᠢ ᠠᠬᠤᠢ ᠶᠢᠨ ᠨᠥᠬᠦᠪᠥᠷᠢ ᠱᠠᠩᠨᠠᠯ ᠤᠨ ᠮᠥᠩᠭᠦ ᠶᠢ 3.2 ᠳ᠋ᠦᠩᠰᠢᠭᠤᠷ ᠲᠥᠭᠦᠷᠢᠭ ᠲᠠᠷᠬᠠᠭᠠᠪᠠ᠂ ᠤᠯᠠᠭᠠᠨᠪᠤᠬ᠎ᠠ ᠶᠢᠨ ᠡᠯᠡᠰᠦᠷᠬᠡᠭ ᠣᠷᠣᠨ ᠳᠤ ᠰᠢᠨ᠎ᠡ ᠪᠠᠷ | ᠨᠡᠮᠡᠭᠳᠡᠭᠰᠡᠨ ᠡᠯᠡᠰᠦᠨ ᠤ ᠠᠵᠤ ᠦᠢᠯᠡᠰ ᠤᠨ ᠲᠠᠯᠠᠪᠠᠢ 1.3 ᠲᠦᠮᠡᠨ ᠮᠦ ᠳᠤ ᠬᠦᠷᠴᠡᠢ᠃ ᠪᠠᠶᠠᠨᠨᠠᠭᠤᠷ ᠤᠨ ᠠᠮᠢ ᠠᠬᠤᠢ ᠶᠢᠨ ᠵᠠᠰᠠᠯᠲᠠ ᠪᠠ ᠪᠣᠬᠢᠷᠲᠤᠯ ᠦᠭᠡᠢ | ᠬᠥᠭᠵᠢᠯᠲᠡ ᠶᠢᠨ ᠠᠺᠠᠳᠧᠮᠢᠴᠢ ᠲᠤᠰᠬᠠᠢ ᠮᠡᠷᠭᠡᠵᠢᠯᠲᠡᠨ ᠤ ᠠᠵᠢᠯᠯᠠᠬᠤ ᠥᠷᠲᠡᠭᠡ ᠫᠠᠶᠢᠰᠠ ᠡᠯᠭᠦᠪᠡ᠃ ᠠᠮᠢ ᠠᠬᠤᠢ ᠶᠢᠨ ᠣᠷᠴᠢᠨ ᠲᠣᠭᠤᠷᠢᠨ ᠤ | ᠬᠠᠮᠠᠭᠠᠯᠠᠯᠲᠠ ᠶᠢᠨ ᠶᠡᠭᠡ ᠪᠠᠶᠢᠴᠠᠭᠠᠯᠲᠠ ᠶᠢ ᠦᠷᠭᠦᠯᠵᠢᠯᠡᠨ ᠥᠷᠨᠢᠭᠦᠯᠵᠦ᠂ ᠣᠯᠠᠨ ᠲᠦᠮᠡᠨ ᠤ ᠲᠤᠰᠬᠠᠯ ᠴᠢᠩᠭ᠎ᠠ ᠪᠠᠶᠢᠭᠰᠠᠨ ᠣᠷᠴᠢᠨ ᠲᠣᠭᠤᠷᠢᠨ ᠤ ᠨᠢᠭᠡ ᠪᠦᠯᠦᠭ | ᠠᠰᠠᠭᠤᠳᠠᠯ ᠢ ᠴᠡᠭᠴᠡᠯᠡᠨ ᠵᠠᠰᠠᠪᠠ᠃ | ᠳᠣᠯᠤᠭ᠎ᠠ ᠳᠤ᠂ ᠠᠷᠠᠳ ᠤᠨ ᠠᠮᠢᠳᠤᠷᠠᠯ ᠤᠨ ᠪᠤᠶᠠᠨ ᠬᠡᠰᠢᠭ ᠢ ᠨᠡᠮᠡᠭᠳᠡᠭᠦᠯᠬᠦ ᠶᠠᠪᠤᠳᠠᠯ ᠢᠶᠠᠷ ᠠᠵᠢᠯ ᠤᠨ ᠢᠶᠠᠨ ᠭᠠᠷᠤᠭ᠎ᠠ ᠪᠣᠯᠭᠠᠵᠤ᠂ ᠣᠯᠠᠨ ᠲᠦᠮᠡᠨ ᠳᠤ ᠨᠡᠩ | ᠰᠠᠶᠢᠨ ᠰᠠᠶᠢᠬᠠᠨ ᠠᠮᠢᠳᠤᠷᠠᠯ ᠢ ᠡᠳ᠋ᠯᠡᠭᠦᠯᠬᠦ ᠪᠠᠷ ᠴᠢᠷᠮᠠᠶᠢᠪᠠ᠃ ᠡᠯ᠎ᠡ ᠱᠠᠲᠤᠨ ᠤ ᠡᠳ᠋ ᠤᠨ ᠵᠠᠰᠠᠭ ᠠᠴᠠ ᠠᠷᠠᠳ ᠤᠨ ᠠᠮᠢᠳᠤᠷᠠᠯ ᠤᠨ ᠵᠠᠷᠤᠴᠠᠭᠤᠯᠭ᠎ᠠ ᠨᠢ ᠡᠩ ᠤᠨ | ᠣᠯᠠᠨ ᠨᠡᠶᠢᠲᠡ ᠶᠢᠨ ᠲᠥᠰᠦᠪ ᠤᠨ ᠵᠠᠷᠤᠳᠠᠯ ᠤᠨ 74.7% ᠶᠢ ᠡᠵᠡᠯᠡᠵᠡᠢ᠂ 5.6 ᠳ᠋ᠦᠩᠰᠢᠭᠤᠷ ᠲᠥᠭᠦᠷᠢᠭ ᠤᠨ ᠶᠠᠳᠠᠭᠤ ᠶᠢ ᠲᠡᠳᠬᠦᠬᠦ ᠪᠡᠯᠡ ᠮᠥᠩᠭᠦ | ᠵᠠᠷᠤᠴᠠᠭᠤᠯᠵᠤ᠂ 1.4 ᠲᠦᠮᠡᠨ ᠶᠠᠳᠠᠭᠤ ᠬᠦᠴᠢᠷᠳᠡᠯᠲᠡᠢ ᠬᠥᠮᠥᠨ ᠠᠮᠠ ᠶᠢ ᠶᠠᠳᠠᠭᠤ ᠠᠴᠠ ᠠᠩᠭᠢᠵᠢᠷᠠᠭᠤᠯᠪᠠ᠃ ᠬᠤᠲᠠ ᠪᠠᠯᠭᠠᠰᠤ ᠶᠢᠨ 1.14 ᠲᠦᠮᠡᠨ | ᠬᠥᠮᠥᠨ ᠳᠤ ᠰᠢᠨ᠎ᠡ ᠪᠠᠷ ᠠᠵᠢᠯ ᠣᠯᠭᠤᠵᠤ᠂ 13 ᠲᠦᠮᠡᠨ ᠮᠠᠯᠴᠢᠨ ᠲᠠᠷᠢᠶᠠᠴᠢᠨ ᠢ ᠰᠢᠯᠵᠢᠭᠦᠯᠦᠨ ᠠᠵᠢᠯ ᠣᠯᠭᠤᠵᠤ᠂ ᠨᠡᠶᠢᠭᠡᠮ ᠤᠨ ᠪᠠᠲᠤᠯᠠᠪᠤᠷᠢ ᠶᠢ ᠨᠡᠶᠢᠳᠡᠮ | ᠪᠦᠷᠬᠦᠭᠦᠯᠪᠡ᠃ ᠪᠣᠷᠣ ᠭᠡᠷᠲᠦ ᠲᠣᠭᠤᠷᠢᠭ ᠤᠨ ᠥᠭᠡᠷᠡᠴᠢᠯᠡᠯᠲᠡ ᠶᠢ 5000 ᠢᠵᠢ ᠡᠬᠢᠯᠡᠨ ᠪᠠᠶᠢᠭᠤᠯᠵᠤ᠂ ᠬᠥᠳᠡᠭᠡ ᠲᠣᠰᠬᠤᠨ ᠮᠠᠯᠵᠢᠬᠤ ᠣᠷᠣᠨ ᠤ ᠨᠤᠷᠠᠬᠤ | ᠠᠶᠤᠯᠲᠠᠢ 1287 ᠡᠷᠦᠬᠡ ᠶᠢᠨ ᠪᠠᠶᠢᠰᠢᠩ ᠢ ᠥᠭᠡᠷᠡᠴᠢᠯᠡᠨ ᠵᠠᠰᠠᠪᠠ᠃ ᠬᠠᠲᠤᠨ ᠭᠤᠣᠯ ᠤᠨ ᠤᠰᠤᠨ ᠤ ᠦᠢᠯᠡᠳᠪᠦᠷᠢ ᠶᠢᠨ ᠦᠷᠭᠦᠯᠵᠢᠯᠡᠨ ᠪᠠᠶᠢᠭᠤᠯᠬᠤ ᠪᠠ | ᠲᠥᠬᠦᠷᠵᠢᠭᠦᠯᠬᠦ ᠢᠨᠵᠧᠨᠧᠷᠢᠩ ᠪᠠᠶᠢᠭᠤᠯᠤᠭᠳᠠᠨ ᠠᠰᠢᠭᠯᠠᠯᠲᠠ ᠳᠤ ᠣᠷᠣᠵᠤ᠂ ᠭᠤᠣᠯ ᠬᠤᠲᠠ ᠶᠢᠨ ᠲᠣᠭᠤᠷᠢᠭ ᠤᠨ ᠰᠠᠭᠤᠭᠠᠯᠢ ᠠᠷᠠᠳ ᠰᠢᠯᠢᠳᠡᠭ ᠴᠢᠨᠠᠷ ᠤᠨ | ᠠᠮᠤᠷ ᠲᠦᠪᠰᠢᠨ ᠬᠠᠲᠤᠨ ᠭᠤᠣᠯ ᠤᠨ ᠤᠰᠤ ᠶᠢ ᠤᠤᠭᠤᠵᠤ ᠴᠢᠳᠠᠬᠤ ᠪᠣᠯᠵᠠᠢ᠃ ᠵᠠᠰᠠᠭ ᠤᠨ ᠣᠷᠳᠣᠨ ᠠᠴᠠ ᠵᠢᠭᠡᠯᠡᠯᠭᠡ ᠶᠢ ᠨᠢ ᠪᠤᠴᠠᠭᠠᠵᠤ ᠪᠠᠶᠢᠭ᠎ᠠ | ᠬᠤᠶᠠᠳᠤᠭᠠᠷ ᠳᠡᠰ ᠠᠴᠠ ᠳᠣᠷᠣᠭᠰᠢᠬᠢ ᠵᠠᠰᠠᠮᠠᠯ ᠵᠠᠮ ᠤᠨ ᠰᠦᠢᠳᠬᠡᠯ ᠬᠤᠷᠢᠶᠠᠯᠲᠠ ᠶᠢ ᠪᠦᠷᠢᠮᠦᠰᠦᠨ ᠵᠣᠭᠰᠣᠭᠠᠪᠠ᠂ ᠰᠢᠨ᠎ᠡ ᠡᠨᠧᠷᠭᠢ ᠶᠢᠨ ᠨᠡᠶᠢᠲᠡ ᠶᠢᠨ ᠮᠠᠰᠢᠨ | ᠲᠡᠷᠭᠡ ᠶᠢ 53 ᠲᠣᠬᠢᠷᠠᠭᠤᠯᠵᠤ᠂ ᠬᠠᠮᠲᠤᠪᠠᠷ ᠡᠳ᠋ᠯᠡᠬᠦ ᠨᠡᠶᠢᠲᠡ ᠶᠢᠨ ᠳᠤᠭᠤᠢ ᠶᠢ 2000 ᠲᠣᠬᠢᠷᠠᠭᠤᠯᠪᠠ᠃ 7 ᠬᠤᠰᠢᠭᠤ ᠰᠢᠶᠠᠨ ᠲᠣᠭᠤᠷᠢᠭ ᠪᠦᠭᠦᠳᠡᠭᠡᠷ | ᠤᠯᠤᠰ ᠤᠨ ᠰᠢᠶᠠᠨ ᠤ ᠬᠡᠪᠴᠢᠶᠡᠨ ᠤ ᠠᠯᠪᠠᠨ ᠵᠢᠷᠤᠮ ᠤᠨ ᠰᠤᠷᠭᠠᠨ ᠬᠥᠮᠥᠵᠢᠯ ᠢ ᠲᠡᠩᠴᠡᠭᠦᠷᠢᠲᠡᠢ ᠬᠥᠭᠵᠢᠭᠦᠯᠦᠭᠰᠡᠨ ᠰᠢᠯᠭᠠᠨ ᠬᠤᠷᠢᠶᠠᠯᠲᠠ ᠶᠢ ᠲᠤᠭᠤᠯᠵᠠᠢ᠂ | ᠠᠯᠪᠠᠨ ᠵᠢᠷᠤᠮ ᠤᠨ ᠰᠤᠷᠭᠠᠨ ᠬᠥᠮᠥᠵᠢᠯ ᠤᠨ ᠱᠠᠲᠤᠨ ᠳᠠᠬᠢ ᠰᠤᠷᠭᠠᠭᠤᠯᠢ ᠶᠢᠨ ︽ᠬᠠᠨᠵᠤ ᠲᠠᠢ ᠪᠠᠶᠢᠷᠢ︾ ᠶᠢᠨ ᠠᠰᠠᠭᠤᠳᠠᠯ ᠪᠦᠬᠦ ᠲᠠᠯ᠎ᠠ ᠪᠠᠷ ᠰᠢᠢᠳᠪᠦᠷᠢᠯᠡᠭᠳᠡᠵᠡᠢ | ᠃ ᠪᠦᠬᠦ ᠣᠷᠣᠨ ᠤ ᠠᠩᠬᠠᠳᠠᠭᠴᠢ ︽ᠡᠮᠨᠡᠯᠭᠡ ᠶᠢᠨ ᠬᠤᠷᠢᠶᠠᠨ ᠤ ᠬᠠᠮᠲᠤᠷᠠᠯ︾ ᠢ ᠪᠠᠶᠢᠭᠤᠯᠪᠠ᠃ ᠤᠷᠠᠳ ᠤᠨ ᠳᠤᠮᠳᠠᠳᠤ ᠬᠤᠰᠢᠭᠤ ᠶᠢᠨ ᠤᠯᠠᠭᠠᠨᠮᠥ᠋ᠴᠢᠷ ︽ᠪᠦᠬᠦ | ᠣᠷᠣᠨ ᠤ ᠠᠷᠪᠠᠨ ᠰᠣᠳᠣᠨ ᠤᠯᠠᠭᠠᠨᠮᠥ᠋ᠴᠢᠷ︾ ᠤᠨ ᠢᠷᠠᠭᠤ ᠠᠯᠳᠠᠷ ᠢ ᠬᠦᠷᠲᠡᠵᠡᠢ᠂ ︽ᠬᠤᠨ ᠭᠠᠯᠠᠭᠤ︾ ᠵᠦᠴᠦᠭᠡ ᠪᠦᠬᠦ ᠣᠷᠣᠨ ᠤ ᠠᠩᠬᠠᠳᠤᠭᠠᠷ | ᠬᠤᠭᠤᠴᠠᠭᠠᠨ ᠤ ᠮᠣᠩᠭᠤᠯ ᠬᠡᠯᠡᠨ ᠤ ᠵᠦᠴᠦᠭᠡ ᠶᠢᠨ ᠨᠠᠶᠢᠷ ᠲᠤ ᠰᠣᠩᠭᠤᠭᠳᠠᠨ ᠣᠷᠣᠭᠰᠠᠨ ᠱᠠᠩᠨᠠᠯ ᠬᠦᠷᠲᠡᠵᠡᠢ᠂ ᠬᠥᠯ ᠪᠥᠮᠪᠦᠭᠡ ᠶᠢᠨ ᠭᠤᠣᠯ ᠰᠡᠳᠦᠪᠲᠦ | ᠴᠡᠴᠡᠷᠯᠢᠭ ᠪᠠᠶᠢᠭᠤᠯᠤᠭᠳᠠᠨ ᠠᠰᠢᠭᠯᠠᠯᠲᠠ ᠳᠤ ᠣᠷᠣᠵᠠᠢ᠃ ᠨᠡᠶᠢᠭᠡᠮ ᠤᠨ ᠠᠮᠤᠷ ᠲᠦᠪᠰᠢᠨ ᠤ ᠪᠠᠶᠢᠳᠠᠯ ᠦᠷᠭᠦᠯᠵᠢᠯᠡᠨ ᠰᠠᠶᠢᠵᠢᠷᠠᠵᠤ᠂ ᠡᠷᠡᠭᠦᠦ ᠶᠢᠨ ᠬᠡᠷᠡᠭ ᠪᠠ ︽ | ᠬᠤᠶᠠᠷ ᠲᠣᠨᠣᠯᠲᠠ︾ ᠶᠢᠨ ᠬᠡᠷᠡᠭ ᠲᠤᠰᠪᠦᠷᠢ 5.9% ᠪᠠ 53.8% ᠳᠣᠷᠣᠭᠰᠢᠯᠠᠪᠠ᠂ ᠵᠠᠬᠢᠳᠠᠯ ᠰᠤᠷᠪᠤᠯᠵᠢᠯᠠᠭ᠎ᠠ ᠶᠢᠨ ᠬᠡᠷᠡᠭ ᠤᠴᠢᠷ ᠪᠠ ᠬᠥᠮᠥᠨ ᠤ ᠲᠤᠭ᠎ᠠ | ᠲᠤᠰᠪᠦᠷᠢ 9.1% ᠪᠠ 19.6% ᠳᠣᠷᠣᠭᠰᠢᠯᠠᠪᠠ᠃ ᠠᠶᠤᠯᠭᠦᠢ ᠦᠢᠯᠡᠳᠪᠦᠷᠢᠯᠡᠯ ᠤᠨ ᠬᠡᠷᠡᠭ ᠤᠴᠢᠷ ᠤᠨ ᠲᠤᠭ᠎ᠠ ᠪᠠ ᠦᠬᠦᠭᠰᠡᠳ ᠤᠨ ᠲᠤᠭ᠎ᠠ ︽ᠵᠡᠷᠭᠡᠪᠡᠷ | ᠪᠠᠭᠤᠷᠠᠬᠤ︾ ᠶᠢ ᠪᠡᠶᠡᠯᠡᠭᠦᠯᠵᠡᠢ᠂ ᠢᠳᠡᠭᠡᠨ ᠡᠮ ᠤᠨ ᠵᠦᠢᠯᠡᠰ ᠤᠨ ᠠᠮᠤᠷ ᠲᠦᠪᠰᠢᠨ ᠤ ᠪᠠᠶᠢᠳᠠᠯ ᠶᠡᠷᠦᠩᠬᠡᠢ ᠳᠡᠭᠡᠨ ᠲᠣᠭᠲᠠᠭᠤᠨ ᠪᠠᠶᠢᠨ᠎ᠠ᠃ | ᠲᠥᠯᠥᠭᠡᠯᠡᠭᠴᠢᠳ ᠡ᠂ ᠲᠠᠪᠤᠨ ᠵᠢᠯ ᠤᠨ ᠲᠤᠷᠰᠢᠬᠢ ᠴᠢᠷᠮᠠᠶᠢᠯᠭ᠎ᠠ ᠮᠠᠰᠢ ᠬᠠᠲᠠᠭᠤ ᠪᠡᠷᠬᠡᠲᠡᠢ ᠪᠠᠶᠢᠵᠤ᠂ ᠲᠠᠪᠤᠨ ᠵᠢᠯ ᠤᠨ ᠣᠯᠣᠭᠰᠠᠨ ᠠᠮᠵᠢᠯᠲᠠ ᠢᠯᠡ ᠲᠣᠳᠣ | ᠪᠠᠶᠢᠨ᠎ᠠ᠃ ᠡᠳᠡᠭᠡᠷ ᠠᠮᠵᠢᠯᠲᠠ ᠶᠢ ᠣᠯᠣᠭᠰᠠᠨ ᠦᠨᠳᠦᠰᠦ ᠰᠤᠷᠪᠤᠯᠵᠢ ᠨᠢ ᠰᠢ ᠶᠢᠨ ᠫᠢᠩ ᠨᠥᠬᠦᠷ ᠢᠶᠠᠷ ᠭᠤᠣᠯ ᠪᠣᠯᠭᠠᠭᠰᠠᠨ ᠨᠠᠮ ᠤᠨ ᠲᠥᠪ ᠬᠤᠷᠢᠶ᠎ᠠ | ᠬᠤᠷᠢᠶᠠᠨ ᠤ ᠪᠠᠲᠤ ᠴᠢᠩᠭ᠎ᠠ ᠤᠳᠤᠷᠢᠳᠤᠯᠭ᠎ᠠ ᠳᠤ ᠪᠤᠢ᠂ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ | ᠵᠢᠷᠤᠮ ᠤᠨ ᠦᠵᠡᠯ ᠰᠠᠨᠠᠭᠠᠨ ᠤ ᠰᠢᠨᠵᠢᠯᠡᠬᠦ ᠤᠬᠠᠭᠠᠨᠴᠢ ᠵᠢᠯᠣᠭᠤᠳᠤᠯᠭ᠎ᠠ ᠳᠤ ᠪᠤᠢ᠂ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ ᠵᠠᠰᠠᠭ ᠤᠨ ᠣᠷᠳᠣᠨ ᠪᠠ | ᠬᠤᠲᠠ ᠶᠢᠨ ᠨᠠᠮ ᠤᠨ ᠬᠤᠷᠢᠶᠠᠨ ᠤ ᠵᠥᠪ ᠣᠨᠣᠪᠴᠢᠲᠠᠢ ᠤᠳᠤᠷᠢᠳᠤᠯᠭ᠎ᠠ᠂ ᠬᠤᠲᠠ ᠶᠢᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ᠂ ᠤᠯᠤᠰ ᠲᠥᠷᠥ ᠶᠢᠨ | ᠵᠥᠪᠯᠡᠯᠭᠡᠨ ᠤ ᠪᠦᠲᠦᠮᠵᠢᠲᠡᠢ ᠬᠢᠨᠠᠯᠲᠠ ᠪᠣᠯᠤᠨ ᠬᠦᠴᠦᠲᠡᠢ ᠳᠡᠮᠵᠢᠯᠭᠡ ᠠᠴᠠ ᠰᠠᠯᠵᠤ ᠴᠢᠳᠠᠬᠤ ᠦᠭᠡᠢ ᠶᠤᠮ᠂ ᠪᠦᠬᠦ ᠬᠤᠲᠠ ᠶᠢᠨ ᠡᠯ᠎ᠡ ᠦᠨᠳᠦᠰᠦᠲᠡᠨ ᠤ ᠺᠠᠳ᠋ᠷ | ᠣᠯᠠᠨ ᠲᠦᠮᠡᠨ ᠤ ᠪᠡᠷᠬᠡ ᠪᠣᠭᠤᠮᠲᠠ ᠶᠢ ᠬᠠᠮᠲᠤ ᠪᠠᠷ ᠲᠤᠭᠤᠯᠵᠤ᠂ ᠬᠠᠮᠲᠤ ᠪᠠᠷ ᠲᠡᠮᠡᠴᠡᠭᠰᠡᠨ ᠤ ᠦᠷ᠎ᠡ ᠪᠦᠲᠦᠭᠡᠯ ᠮᠥᠨ᠃ ᠠᠳᠡ ᠪᠢ᠂ ᠬᠤᠲᠠ ᠶᠢᠨ ᠠᠷᠠᠳ ᠤᠨ | ᠵᠠᠰᠠᠭ ᠤᠨ ᠣᠷᠳᠣᠨ ᠢ ᠲᠥᠯᠥᠭᠡᠯᠡᠨ᠂ ᠪᠦᠬᠦ ᠬᠤᠲᠠ ᠶᠢᠨ ᠡᠯ᠎ᠡ ᠦᠨᠳᠦᠰᠦᠲᠡᠨ ᠤ ᠠᠷᠠᠳ ᠲᠦᠮᠡᠨ᠂ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ | ᠲᠥᠯᠥᠭᠡᠯᠡᠭᠴᠢᠳ᠂ ᠤᠯᠤᠰ ᠲᠥᠷᠥ ᠶᠢᠨ ᠵᠥᠪᠯᠡᠯᠭᠡᠨ ᠤ ᠭᠡᠰᠢᠭᠦᠳ ᠪᠠ ᠨᠡᠶᠢᠭᠡᠮ ᠤᠨ ᠡᠯ᠎ᠡ ᠡᠲᠡᠭᠡᠳ ᠤᠨ ᠬᠥᠮᠥᠰ ᠲᠤ ᠦᠨᠡᠨᠴᠢ ᠲᠠᠯᠠᠷᠬᠠᠯ ᠢᠶᠠᠨ ᠳᠡᠪᠰᠢᠭᠦᠯᠵᠦ | ᠪᠠᠶᠢᠨ᠎ᠠ︕ ᠪᠠᠶᠠᠨᠨᠠᠭᠤᠷ ᠤᠨ ᠪᠦᠲᠦᠭᠡᠨ ᠪᠠᠶᠢᠭᠤᠯᠤᠯᠲᠠ ᠪᠠ ᠬᠥᠭᠵᠢᠯᠲᠡ ᠳᠤ ᠵᠢᠳᠬᠦᠯ ᠦᠵᠡᠭᠦᠯᠦᠭᠰᠡᠨ ᠨᠠᠶᠢᠵᠠ ᠨᠥᠬᠦᠳ ᠲᠤ ᠡᠷᠬᠢᠮ ᠬᠦᠨᠳᠦᠳᠬᠡᠯ ᠢᠶᠠᠨ | ᠳᠡᠪᠰᠢᠭᠦᠯᠵᠦ ᠪᠠᠶᠢᠨ᠎ᠠ︕ | ᠲᠥᠯᠥᠭᠡᠯᠡᠭᠴᠢᠳ ᠡ᠂ ᠣᠯᠣᠭᠰᠠᠨ ᠠᠮᠵᠢᠯᠲᠠ ᠪᠣᠯ ᠪᠦᠷ ᠥᠩᠭᠡᠷᠡᠭᠰᠡᠨ ᠤ ᠤᠴᠢᠷ᠂ ᠢᠷᠡᠭᠡᠳᠦᠢ ᠪᠠᠨ ᠴᠣᠭᠴᠠᠯᠠᠬᠤ ᠳᠤ ᠪᠠᠰᠠ ᠦᠷᠭᠦᠯᠵᠢᠯᠡᠨ ᠴᠢᠷᠮᠠᠶᠢᠬᠤ | ᠴᠢᠬᠤᠯᠠᠲᠠᠢ᠃ ᠠᠵᠤ ᠠᠬᠤᠢ ᠨᠡᠶᠢᠭᠡᠮ ᠤᠨ ᠬᠥᠭᠵᠢᠯᠲᠡ ᠪᠠ ᠵᠠᠰᠠᠭ ᠤᠨ ᠣᠷᠳᠣᠨ ᠤ ᠠᠵᠢᠯ ᠳᠤᠮᠳᠠ ᠪᠠᠰᠠ ᠣᠯᠠᠨ ᠲᠣᠪᠣᠶᠢᠮ᠎ᠠ ᠠᠰᠠᠭᠤᠳᠠᠯ ᠣᠷᠣᠰᠢᠵᠤ᠂ | ᠴᠥᠭᠡᠨ ᠪᠤᠰᠤ ᠥᠷᠢᠰᠦᠯᠳᠦᠭᠡᠨ ᠳᠤ ᠲᠤᠯᠭᠠᠷᠠᠵᠤ ᠪᠠᠶᠢᠭ᠎ᠠ ᠶᠢ ᠪᠢᠳᠡ ᠰᠡᠷᠭᠡᠭ ᠢᠶᠠᠷ ᠣᠯᠵᠤ ᠲᠠᠨᠢᠬᠤ ᠬᠡᠷᠡᠭᠲᠡᠢ᠃ ᠭᠤᠣᠯᠳᠠᠭᠤ᠄ ᠨᠢᠭᠡ ᠳᠤ᠂ ᠠᠵᠤ ᠠᠬᠤᠢ ᠶᠢᠨ | ᠶᠡᠷᠦᠩᠬᠡᠢ ᠬᠡᠮᠵᠢᠶ᠎ᠡ ᠪᠠᠭ᠎ᠠ᠂ ᠠᠵᠤ ᠦᠢᠯᠡᠰ ᠤᠨ ᠪᠦᠲᠦᠴᠡ ᠵᠣᠬᠢᠰ ᠦᠭᠡᠢ᠂ ᠲᠠᠷᠢᠶᠠᠯᠠᠩ ᠮᠠᠯ ᠠᠵᠤ ᠠᠬᠤᠢ ᠲᠣᠮᠣ ᠪᠣᠯᠪᠠᠴᠤ ᠬᠦᠴᠦᠷᠬᠡᠭ ᠪᠤᠰᠤ᠂ ᠶᠡᠭᠡ ᠣᠯᠠᠨ | ᠪᠦᠲᠦᠭᠡᠭᠳᠡᠬᠦᠨ ᠢ ᠲᠠᠷᠢᠬᠤ ᠳᠤ ᠠᠮᠠᠷ ᠪᠣᠷᠣᠯᠠᠭᠤᠯᠬᠤ ᠳᠤ ᠬᠦᠴᠢᠷ᠂ ᠬᠤᠷᠢᠶᠠᠯᠲᠠ ᠪᠠᠶᠢᠭᠠᠳ ᠠᠯᠳᠠᠷ ᠦᠭᠡᠢ᠂ ᠴᠢᠨᠠᠷ ᠰᠠᠶᠢᠲᠠᠢ ᠴᠤ ᠦᠨ᠎ᠡ ᠳᠤ ᠬᠦᠷᠬᠦ ᠦᠭᠡᠢ | ᠪᠠᠶᠢᠨ᠎ᠠ︔ ᠤᠯᠠᠮᠵᠢᠯᠠᠯᠲᠤ ᠠᠵᠤ ᠦᠢᠯᠡᠰ ᠤᠨ ︽ᠪᠦᠳᠦᠭᠦᠯᠢᠭ ᠡᠳ᠋ᠰᠢᠭᠦᠯᠭᠡ︾ ᠶᠢᠨ ᠠᠵᠤ ᠠᠬᠤᠶᠢᠯᠠᠯ ᠣᠯᠠᠨ᠂ ᠠᠵᠤ ᠦᠢᠯᠡᠰ ᠤᠨ ᠬᠡᠯᠬᠢᠶ᠎ᠡ ᠣᠬᠤᠷ᠂ | ᠦᠢᠯᠡᠳᠬᠦᠨ ᠤ ᠨᠡᠮᠡᠭᠳᠡᠯ ᠥᠷᠲᠡᠭ ᠳᠣᠣᠷ᠎ᠠ᠂ ᠪᠠᠶᠢᠯᠳᠤᠬᠤ ᠪᠣᠳᠣᠯᠭ᠎ᠠ ᠶᠢᠨ ᠴᠢᠨᠠᠷᠲᠠᠢ ᠰᠢᠨ᠎ᠡ ᠪᠠᠷ ᠮᠠᠨᠳᠤᠭᠰᠠᠨ ᠠᠵᠤ ᠦᠢᠯᠡᠰ ᠤᠨ ᠬᠤᠪᠢ ᠶᠢᠨ ᠵᠢᠩ ᠨᠡᠯᠢᠶᠡᠳ | ᠪᠠᠭ᠎ᠠ᠂ ᠨᠡᠶᠢᠲᠡ ᠶᠢᠨ ᠪᠤᠰᠤ ᠥᠮᠴᠢᠯᠡᠯᠲᠦ ᠠᠵᠤ ᠠᠬᠤᠢ ᠶᠢᠨ ᠬᠥᠭᠵᠢᠯᠲᠡ ᠭᠦᠢᠴᠡᠳ ᠪᠤᠰᠤ᠂ ᠪᠦᠬᠦ ᠨᠡᠶᠢᠭᠡᠮ ᠤᠨ ᠢᠲᠡᠭᠡᠮᠵᠢ ᠶᠢᠨ ᠣᠷᠴᠢᠨ ᠢ ᠰᠠᠶᠢᠵᠢᠷᠠᠭᠤᠯᠬᠤ | ᠴᠢᠬᠤᠯᠠᠲᠠᠢ ᠪᠠᠶᠢᠨ᠎ᠠ︔ ᠵᠤᠭᠠᠴᠠᠯ ᠤᠨ ᠦᠢᠯᠡᠰ ᠤᠨ ᠬᠥᠭᠵᠢᠯᠲᠡ ᠪᠠᠰᠠ ᠡᠬᠢᠯᠡᠯᠲᠡ ᠶᠢᠨ ᠱᠠᠲᠤᠨ ᠳᠤ ᠪᠠᠶᠢᠵᠤ᠂ ᠪᠦᠬᠦ ᠤᠯᠤᠰ ᠪᠦᠬᠦ ᠣᠷᠣᠨ ᠳᠤ ᠨᠥᠯᠥᠭᠡ ᠲᠠᠢ | ᠵᠤᠭᠠᠴᠠᠯ ᠤᠨ ᠦᠵᠡᠮᠵᠢ ᠶᠢᠨ ᠣᠷᠣᠨ ᠳᠤᠲᠠᠮᠠᠭ ᠪᠠᠶᠢᠨ᠎ᠠ︔ ᠲᠥᠷᠥᠯ ᠵᠦᠢᠯ ᠤᠨ ᠨᠥᠭᠡᠴᠡ ᠭᠦᠢᠴᠡᠳ ᠪᠤᠰᠤ᠂ ᠲᠣᠮᠣ ᠠᠵᠤ ᠠᠬᠤᠶᠢᠯᠠᠯ ᠲᠣᠮᠣ ᠲᠥᠷᠥᠯ ᠵᠦᠢᠯ | ᠴᠥᠭᠡᠨ ᠪᠠᠶᠢᠨ᠎ᠠ︔ ᠰᠢᠨ᠎ᠡ ᠶᠢ ᠡᠭᠦᠳᠬᠦ ᠴᠢᠳᠠᠪᠤᠷᠢ ᠪᠠᠭᠤᠷᠠᠢ᠂ ᠰᠢᠨᠵᠢᠯᠡᠬᠦ ᠤᠬᠠᠭᠠᠨ ᠮᠡᠷᠭᠡᠵᠢᠯ ᠠᠴᠠ ᠠᠵᠤ ᠠᠬᠤᠢ ᠶᠢᠨ ᠨᠡᠮᠡᠭᠳᠡᠯ ᠳᠤ ᠦᠵᠡᠭᠦᠯᠬᠦ ᠵᠢᠳᠬᠦᠯ ᠤᠨ | ᠨᠣᠷᠮ᠎ᠠ ᠨᠡᠯᠢᠶᠡᠳ ᠳᠣᠣᠷ᠎ᠠ ᠪᠠᠶᠢᠨ᠎ᠠ︔ ᠬᠢᠯᠢ ᠶᠢᠨ ᠪᠣᠭᠤᠮᠲᠠ ᠪᠠᠷ ᠣᠷᠣᠭᠤᠯᠤᠭᠰᠠᠨ ᠨᠡᠭᠦᠷᠡᠰᠦ ᠵᠡᠰ ᠤᠨ ᠡᠬᠢ ᠪᠠᠶᠠᠯᠢᠭ ᠤᠨ ᠣᠯᠠᠩᠬᠢ ᠶᠢ ︽ᠰᠢᠭᠤᠳ | ᠳᠠᠮᠵᠢᠭᠤᠯᠵᠤ︾᠂ ᠣᠷᠣᠨ ᠨᠤᠲᠤᠭ ᠲᠠᠭᠠᠨ ᠡᠳ᠋ᠰᠢᠭᠦᠯᠦᠨ ᠣᠨᠳᠣᠣᠰᠢᠭᠤᠯᠬᠤ ᠨᠣᠷᠮ᠎ᠠ ᠥᠨᠳᠥᠷ ᠪᠢᠰᠢ ᠪᠠᠶᠢᠨ᠎ᠠ᠃ ᠬᠤᠶᠠᠷ ᠲᠤ᠂ ᠠᠮᠢ ᠠᠬᠤᠢ ᠶᠢᠨ ᠪᠦᠲᠦᠭᠡᠨ | ᠪᠠᠶᠢᠭᠤᠯᠤᠯᠲᠠ ᠪᠠ ᠣᠷᠴᠢᠨ ᠲᠣᠭᠤᠷᠢᠨ ᠤ ᠬᠠᠮᠠᠭᠠᠯᠠᠯᠲᠠ ᠶᠢᠨ ᠡᠭᠦᠷᠭᠡ ᠬᠦᠨᠳᠦ ᠵᠠᠮ ᠬᠤᠯᠠ ᠪᠠᠶᠢᠵᠤ᠂ ᠠᠮᠢ ᠠᠬᠤᠢ ᠶᠢ ᠡᠪᠳᠡᠵᠦ᠂ ᠣᠷᠴᠢᠨ ᠲᠣᠭᠤᠷᠢᠨ ᠢ | ᠪᠣᠬᠢᠷᠲᠤᠭᠤᠯᠬᠤ ᠬᠡᠷᠡᠭ ᠦᠷᠭᠦᠯᠵᠢ ᠭᠠᠷᠤᠭᠰᠠᠭᠠᠷ ᠪᠠᠶᠢᠨ᠎ᠠ︔ ᠠᠭᠤᠷᠬᠠᠢ ᠶᠢᠨ ᠡᠬᠢ ᠪᠠᠶᠠᠯᠢᠭ ᠢ ᠨᠡᠭᠡᠭᠡᠨ ᠠᠰᠢᠭᠯᠠᠬᠤ ᠨᠢ ᠪᠦᠳᠦᠭᠦᠯᠢᠭ᠂ ᠬᠡᠰᠡᠭ ᠭᠠᠵᠠᠷ | ᠣᠷᠣᠨ ᠤ ᠬᠥᠷᠥᠰᠥᠨ ᠳᠣᠣᠷᠠᠬᠢ ᠤᠰᠤ ᠶᠢ ᠮᠠᠰᠢ ᠬᠡᠲᠦᠷᠡᠲᠡᠯ᠎ᠡ ᠵᠠᠷᠤᠵᠤ ᠪᠠᠶᠢᠨ᠎ᠠ︔ ᠤᠯᠠᠭᠠᠨᠰᠤᠬᠠᠢ ᠨᠠᠭᠤᠷ᠂ ᠤᠷᠠᠳ ᠤᠨ ᠲᠠᠯ᠎ᠠ ᠨᠤᠲᠤᠭ᠂ ᠤᠯᠠᠭᠠᠨᠪᠤᠬ᠎ᠠ ᠶᠢᠨ | ᠡᠯᠡᠰᠦᠨ ᠴᠥᠯ᠂ ᠮᠤᠨᠠ ᠠᠭᠤᠯᠠ ᠨᠢᠷᠤᠭᠤ ᠵᠡᠷᠭᠡ ᠭᠤᠣᠯᠳᠠᠯᠭ᠎ᠠ ᠲᠠᠢ ᠠᠮᠢ ᠠᠬᠤᠢ ᠶᠢᠨ ᠴᠢᠳᠠᠪᠬᠢᠲᠤ ᠣᠷᠣᠨ ᠤ ᠣᠷᠴᠢᠨ ᠠᠬᠤᠢ ᠪᠠᠰᠠ ᠬᠡᠪᠡᠷᠡᠭ ᠪᠠᠶᠢᠵᠤ᠂ | ᠬᠠᠮᠠᠭᠠᠯᠠᠬᠤ ᠪᠠ ᠵᠠᠰᠠᠬᠤ ᠡᠭᠦᠷᠭᠡ ᠬᠦᠨᠳᠦ ᠪᠠᠶᠢᠨ᠎ᠠ᠃ ᠭᠤᠷᠪᠠ ᠳᠤ᠂ ᠬᠤᠲᠠ ᠬᠥᠳᠡᠭᠡ ᠶᠢᠨ ᠰᠠᠭᠤᠷᠢ ᠲᠥᠬᠦᠭᠡᠷᠦᠮᠵᠢ ᠨᠡᠯᠢᠶᠡᠳ ᠪᠠᠭᠤᠷᠠᠢ᠂ ᠬᠠᠭᠤᠴᠢᠨ | ᠬᠤᠲᠠ ᠶᠢᠨ ᠲᠣᠭᠤᠷᠢᠭ ᠪᠣᠯᠤᠨ ᠰᠢᠨ᠎ᠡ ᠲᠣᠭᠤᠷᠢᠭ ᠤᠨ ᠰᠠᠭᠤᠷᠢ ᠲᠥᠬᠦᠭᠡᠷᠦᠮᠵᠢ ᠪᠠᠰᠠ ᠪᠠᠭ᠎ᠠ ᠪᠤᠰᠤ ᠶᠢᠨ ᠵᠥᠷᠢᠶ᠎ᠡ ᠲᠠᠢ ᠪᠠᠶᠢᠨ᠎ᠠ᠂ ᠪᠦᠬᠦ ᠬᠤᠲᠠ ᠶᠢᠨ 1000 | ᠭᠠᠷᠤᠢ ᠲᠦᠮᠡᠨ ᠲᠡᠭᠰᠢ ᠳᠥᠷᠪᠡᠯᠵᠢᠨ ᠮᠧᠲᠷ ᠤᠨ ᠪᠣᠷᠣ ᠭᠡᠷᠲᠦ ᠲᠣᠭᠤᠷᠢᠭ ᠢ ᠪᠠᠰᠠ ᠥᠭᠡᠷᠡᠴᠢᠯᠡᠭᠡᠳᠦᠢ᠂ ᠭᠡᠷ ᠭᠠᠵᠠᠷ ᠬᠥᠷᠥᠩᠭᠡ ᠶᠢᠨ ᠨᠡᠭᠡᠭᠡᠯᠲᠡ ᠳᠤ ᠪᠠᠰᠠ | ᠮᠠᠰᠢ ᠣᠯᠠᠨ ᠦᠯᠡᠳᠡᠮᠡᠯ ᠠᠰᠠᠭᠤᠳᠠᠯ ᠣᠷᠣᠰᠢᠵᠤ᠂ 325 ᠲᠦᠮᠡᠨ ᠲᠡᠭᠰᠢ ᠳᠥᠷᠪᠡᠯᠵᠢᠨ ᠮᠧᠲᠷ ᠤᠨ ︽ᠰᠠᠭᠠᠲᠠᠯᠲᠤ ᠪᠠᠷᠢᠯᠭ᠎ᠠ︾ ᠪᠠ ︽ᠳᠤᠲᠠᠭᠤ ᠳᠣᠷᠭᠤᠨ | ᠢᠨᠵᠧᠨᠧᠷᠢᠩ︾ ᠣᠷᠣᠰᠢᠵᠤ ᠪᠤᠢ︔ ᠬᠤᠲᠠ ᠶᠢᠨ ᠵᠠᠮ ᠬᠠᠷᠢᠯᠴᠠᠭ᠎ᠠ ᠲᠦᠭᠵᠢᠷᠡᠬᠦ᠂ ᠲᠡᠷᠭᠡ ᠵᠣᠭᠰᠣᠬᠤ ᠳᠤ ᠬᠦᠴᠢᠷ᠂ ᠠᠳᠠᠯ ᠠᠬᠤᠢ ᠶᠢᠨ ᠬᠠᠮᠢᠶᠠᠷᠤᠯᠲᠠ ᠶᠢᠨ | ᠲᠦᠪᠰᠢᠨ ᠥᠨᠳᠥᠷ ᠪᠤᠰᠤ ᠪᠠᠶᠢᠬᠤ ᠵᠡᠷᠭᠡ ᠠᠰᠠᠭᠤᠳᠠᠯ ᠤᠯᠠᠮ ᠢᠶᠠᠷ ᠲᠣᠪᠣᠶᠢᠵᠤ ᠪᠠᠶᠢᠨ᠎ᠠ︔ ᠯᠢᠨ ᠾᠧ ᠶᠢᠨ ᠬᠤᠲᠠ ᠶᠢᠨ ᠲᠣᠭᠤᠷᠢᠭ ᠲᠠᠬᠢ ᠣᠯᠠᠨ ᠲᠦᠮᠡᠨ ᠤ | ᠣᠯᠠᠨ ᠵᠢᠯ ᠲᠤᠰᠬᠠᠭᠰᠠᠨ ᠬᠤᠶᠢᠲᠤ ᠤᠰᠤᠨ ᠰᠤᠪᠠᠭ ᠤᠨ ᠥᠭᠡᠷᠡᠴᠢᠯᠡᠯᠲᠡ ᠶᠢᠨ ᠠᠰᠠᠭᠤᠳᠠᠯ ᠢ ᠪᠠᠰᠠ ᠲᠤᠶᠢᠯᠪᠤᠷᠢᠲᠠᠢ ᠰᠢᠢᠳᠪᠦᠷᠢᠯᠡᠭᠡᠳᠦᠢ︔ ᠬᠥᠳᠡᠭᠡ | ᠲᠣᠰᠬᠤᠨ ᠤ ᠵᠣᠷᠯᠣᠩ᠂ ᠬᠤᠭ ᠨᠣᠪᠰᠢ ᠪᠤᠵᠠᠷ ᠤᠰᠤ ᠶᠢ ᠲᠥᠪᠯᠡᠷᠡᠭᠦᠯᠦᠨ ᠰᠢᠢᠳᠪᠦᠷᠢᠯᠡᠬᠦ ᠵᠡᠷᠭᠡ ᠲᠥᠬᠦᠭᠡᠷᠦᠮᠵᠢ ᠲᠡᠶᠢᠮᠦ ᠲᠡᠭᠦᠯᠳᠡᠷ ᠪᠢᠰᠢ᠂ ᠮᠠᠯᠵᠢᠬᠤ | ᠣᠷᠣᠨ ᠤ ᠴᠢᠮᠡᠭᠡ ᠨᠡᠪᠲᠡᠷᠡᠯᠭᠡ᠂ ᠴᠠᠬᠢᠯᠭᠠᠨ ᠬᠠᠩᠭᠠᠯᠭ᠎ᠠ᠂ ᠤᠰᠤᠨ ᠤ ᠬᠠᠩᠭᠠᠯᠭ᠎ᠠ ᠶᠢᠨ ᠪᠠᠲᠤᠯᠠᠭ᠎ᠠ ᠶᠢᠨ ᠴᠢᠳᠠᠪᠤᠷᠢ ᠭᠦᠢᠴᠡᠳ ᠪᠤᠰᠤ ᠪᠠᠶᠢᠨ᠎ᠠ᠃ ᠳᠥᠷᠪᠡ ᠳᠤ᠂ | ᠮᠠᠨ ᠤ ᠬᠤᠲᠠ ᠶᠢᠨ ᠡᠳ᠋ ᠤᠨ ᠵᠠᠰᠠᠭ ᠤᠨ ᠬᠡᠪᠴᠢᠶ᠎ᠡ ᠪᠠᠭ᠎ᠠ᠂ ᠡᠳ᠋ ᠤᠨ ᠵᠠᠰᠠᠭ ᠤᠨ ᠣᠷᠣᠯᠭ᠎ᠠ ᠶᠢ ᠦᠷᠭᠦᠯᠵᠢᠯᠡᠨ ᠨᠡᠮᠡᠭᠳᠡᠭᠦᠯᠬᠦ ᠬᠦᠴᠢᠷᠳᠡᠯ ᠶᠡᠭᠡ᠂ ᠣᠷᠣᠯᠭ᠎ᠠ | ᠵᠠᠷᠤᠯᠭ᠎ᠠ ᠶᠢᠨ ᠵᠥᠷᠢᠴᠡᠯ ᠲᠣᠪᠣᠶᠢᠮ᠎ᠠ ᠪᠠᠶᠢᠨ᠎ᠠ᠂ ᠵᠠᠰᠠᠭ ᠤᠨ ᠣᠷᠳᠣᠨ ᠤ ᠥᠭᠴᠡᠭᠡ ᠶᠢ ᠪᠤᠴᠠᠭᠠᠬᠤ ᠭᠤᠣᠯ ᠬᠤᠭᠤᠴᠠᠭᠠᠨ ᠳᠤ ᠣᠷᠣᠵᠤ᠂ ᠳᠡᠭᠡᠷ᠎ᠡ ᠨᠢ ᠪᠢᠳᠡᠨ | ᠳᠥᠷᠪᠡᠨ ᠵᠢᠯ ᠳᠣᠲᠣᠷ᠎ᠠ ᠵᠠᠰᠠᠭ ᠤᠨ ᠣᠷᠳᠣᠨ ᠤ ᠥᠭᠴᠡᠭᠡ ᠶᠢᠨ ᠨᠣᠷᠮ᠎ᠠ ᠶᠢ ᠵᠣᠬᠢᠰᠲᠠᠢ ᠲᠦᠪᠰᠢᠨ ᠳᠤ ᠪᠠᠭᠤᠷᠠᠭᠤᠯᠬᠤ ᠪᠠᠷ ᠪᠠᠶᠢᠭ᠎ᠠ ᠲᠤᠯᠠ᠂ ᠲᠥᠪᠯᠡᠷᠡᠭᠦᠯᠦᠨ | ᠪᠤᠴᠠᠭᠠᠬᠤ ᠳᠠᠷᠤᠯᠲᠠ ᠶᠡᠭᠡ ᠪᠠᠶᠢᠨ᠎ᠠ᠃ ᠲᠠᠪᠤ ᠳᠤ᠂ ᠠᠷᠠᠳ ᠤᠨ ᠠᠮᠢᠳᠤᠷᠠᠯ ᠤᠨ ᠬᠦᠷᠢᠶ᠎ᠡ ᠴᠠᠷᠠᠭ᠎ᠠ ᠳᠠᠬᠢ ᠳᠤᠲᠠᠭᠤᠳᠠᠯ ᠨᠡᠯᠢᠶᠡᠳ ᠣᠯᠠᠨ᠂ ᠬᠤᠲᠠ ᠬᠥᠳᠡᠭᠡ ᠶᠢᠨ | ᠰᠠᠭᠤᠭᠠᠯᠢ ᠠᠷᠠᠳ ᠤᠨ ᠣᠷᠣᠯᠭ᠎ᠠ ᠨᠡᠯᠢᠶᠡᠳ ᠳᠣᠣᠷ᠎ᠠ᠂ ᠣᠷᠣᠯᠭ᠎ᠠ ᠶᠢ ᠦᠷᠭᠦᠯᠵᠢᠯᠡᠨ ᠨᠡᠮᠡᠭᠳᠡᠭᠦᠯᠬᠦ ᠳᠤ ᠨᠡᠯᠢᠶᠡᠳ ᠶᠡᠭᠡ ᠳᠠᠷᠤᠯᠲᠠ ᠲᠠᠢ ᠪᠠᠶᠢᠨ᠎ᠠ᠂ ᠤᠯᠠᠭᠠᠨᠰᠤᠬᠠᠢ | ᠨᠠᠭᠤᠷ ᠤᠨ ᠣᠶᠢᠷ᠎ᠠ ᠬᠠᠪᠢ᠂ ᠠᠭᠤᠯᠠᠷᠬᠠᠭ ᠭᠠᠩᠳᠠᠩᠭᠤᠢ ᠣᠷᠣᠨ᠂ ᠬᠢᠯᠢ ᠬᠢᠵᠠᠭᠠᠷ ᠤᠨ ᠮᠠᠯᠵᠢᠬᠤ ᠣᠷᠣᠨ ᠵᠡᠷᠭᠡ ᠭᠠᠵᠠᠷ ᠣᠷᠣᠨ ᠤ ᠬᠥᠭᠵᠢᠯᠲᠡ ᠬᠤᠴᠣᠷᠤᠩᠭᠤᠢ | ᠂ ᠬᠡᠰᠡᠭ ᠣᠯᠠᠨ ᠲᠦᠮᠡᠨ ᠤ ᠠᠮᠢᠳᠤᠷᠠᠯ ᠪᠠᠰᠠ ᠨᠡᠯᠢᠶᠡᠳ ᠬᠦᠴᠢᠷᠳᠡᠯᠲᠡᠢ ᠪᠠᠶᠢᠨ᠎ᠠ︔ ᠨᠠᠰᠤᠲᠠᠨ ᠢ ᠠᠰᠠᠷᠠᠬᠤ᠂ ᠰᠣᠶᠣᠯ᠂ ᠪᠡᠶ᠎ᠡ ᠶᠢᠨ ᠲᠠᠮᠢᠷ ᠵᠡᠷᠭᠡ ᠣᠯᠠᠨ | ᠨᠡᠶᠢᠲᠡ ᠶᠢᠨ ᠦᠢᠯᠡᠴᠢᠯᠡᠭᠡᠨ ᠬᠤᠴᠣᠷᠤᠩᠭᠤᠢ ᠪᠠᠶᠢᠵᠤ᠂ ᠰᠢᠯᠢᠳᠡᠭ ᠰᠤᠷᠭᠠᠨ ᠬᠥᠮᠥᠵᠢᠯ᠂ ᠡᠮ ᠡᠮᠨᠡᠯᠭᠡ ᠶᠢᠨ ᠡᠬᠢ ᠪᠠᠶᠠᠯᠢᠭ ᠭᠦᠢᠴᠡᠳ ᠪᠤᠰᠤ᠂ ︽ᠰᠤᠷᠭᠠᠭᠤᠯᠢ | ᠰᠢᠯᠢᠬᠦ ᠬᠠᠯᠠᠭᠤᠷᠠᠯ︾᠂ ︽ᠡᠪᠡᠳᠴᠢᠨ ᠦᠵᠡᠭᠦᠯᠬᠦ ᠳᠤ ᠦᠨᠡᠲᠡᠢ︾ ᠵᠡᠷᠭᠡ ᠠᠰᠠᠭᠤᠳᠠᠯ ᠮᠥᠨ ᠣᠷᠣᠰᠢᠭᠰᠠᠭᠠᠷ᠂ ᠬᠥᠯᠥᠰᠥᠨ ᠠᠵᠢᠯᠴᠢᠨ ᠤ ᠴᠠᠯᠢᠩ ᠤᠨ | ᠪᠠᠲᠤᠯᠠᠭ᠎ᠠ ᠶᠢᠨ ᠲᠣᠭᠲᠠᠴᠠ ᠪᠠᠰᠠ ᠲᠡᠶᠢᠮᠦ ᠲᠡᠭᠦᠯᠳᠡᠷ ᠪᠢᠰᠢ ᠪᠠᠶᠢᠨ᠎ᠠ︔ ᠰᠢᠨ᠎ᠡ ᠬᠠᠭᠤᠴᠢᠨ ᠨᠡᠶᠢᠭᠡᠮ ᠤᠨ ᠵᠥᠷᠢᠴᠡᠯ ᠰᠢᠷᠢᠯᠳᠦᠵᠦ᠂ ᠵᠠᠷᠢᠮ ᠭᠤᠣᠯᠳᠠᠯᠭ᠎ᠠ ᠲᠠᠢ | ᠬᠦᠷᠢᠶ᠎ᠡ ᠴᠠᠷᠠᠭ᠎ᠠ᠂ ᠭᠤᠣᠯᠳᠠᠯᠭ᠎ᠠ ᠲᠠᠢ ᠣᠯᠠᠨ ᠲᠦᠮᠡᠨ ᠤ ᠵᠠᠬᠢᠳᠠᠯ ᠰᠤᠷᠪᠤᠯᠵᠢᠯᠠᠭ᠎ᠠ ᠬᠢᠵᠦ ᠪᠠᠶᠢᠭ᠎ᠠ ᠠᠰᠠᠭᠤᠳᠠᠯ ᠮᠥᠨ ᠲᠣᠪᠣᠶᠢᠮ᠎ᠠ ᠪᠠᠶᠢᠨ᠎ᠠ᠃ ᠵᠢᠷᠭᠤᠭ᠎ᠠ ᠳᠤ᠂ | ᠵᠠᠰᠠᠭ ᠤᠨ ᠣᠷᠳᠣᠨ ᠤ ᠲᠤᠰ ᠪᠡᠶ᠎ᠡ ᠶᠢᠨ ᠪᠠᠶᠢᠭᠤᠯᠤᠯᠲᠠ ᠳᠤ ᠪᠠᠰᠠ ᠶᠡᠭᠡ ᠣᠯᠠᠨ ᠳᠤᠲᠠᠭᠳᠠᠯ ᠣᠷᠣᠰᠢᠵᠤ ᠪᠤᠢ᠂ ︽ᠳᠥᠷᠪᠡᠨ ᠰᠤᠷᠲᠠᠯ︾ ᠤᠨ ᠠᠰᠠᠭᠤᠳᠠᠯ ᠤᠨ | ᠰᠢᠨ᠎ᠡ ᠢᠯᠡᠷᠡᠯ ᠨᠢ ᠬᠡᠰᠡᠭ ᠪᠠᠶᠢᠭᠤᠯᠭ᠎ᠠ ᠨᠢᠭᠡᠴᠢ ᠪᠠ ᠺᠠᠳ᠋ᠷᠴᠤᠳ ᠤᠨ ᠪᠡᠶ᠎ᠡ ᠳᠡᠭᠡᠷ᠎ᠡ ᠠᠳᠠᠯᠢ ᠪᠤᠰᠤ ᠬᠡᠮᠵᠢᠶ᠎ᠡ ᠪᠠᠷ ᠣᠷᠣᠰᠢᠵᠤ ᠪᠤᠢ︔ ᠴᠥᠭᠡᠨ ᠲᠣᠭᠠᠨ ᠤ | ᠤᠳᠤᠷᠢᠳᠬᠤ ᠺᠠᠳ᠋ᠷ ᠨᠣᠶᠠᠨ ᠰᠠᠭᠤᠭᠠᠳ ᠠᠵᠢᠯ ᠬᠢᠬᠦ ᠦᠭᠡᠢ᠂ ᠡᠭᠦᠷᠭᠡᠯᠡᠬᠦ ᠵᠣᠷᠢᠭ ᠦᠭᠡᠢ ᠪᠠᠶᠢᠨ᠎ᠠ᠂ ᠵᠠᠷᠢᠮ ᠨᠢᠭᠡᠴᠢ ᠶᠢᠨ ︽ᠡᠭᠦᠳᠡ ᠪᠠᠷ ᠨᠢ ᠣᠷᠣᠬᠤ ᠳᠤ ᠠᠮᠠᠷ | ᠂ ᠴᠢᠷᠠᠢ ᠨᠢ ᠰᠠᠶᠢᠬᠠᠨ᠂ ᠤᠴᠢᠷ ᠰᠢᠢᠳᠪᠦᠷᠢᠯᠡᠬᠦ ᠳᠤ ᠬᠦᠴᠢᠷ︾᠂ ᠦᠢᠯᠡᠴᠢᠯᠡᠬᠦ ᠤᠬᠠᠮᠰᠠᠷ ᠪᠠᠭᠤᠷᠠᠢ᠂ ᠵᠠᠰᠠᠭ ᠵᠠᠬᠢᠷᠭᠠᠨ ᠤ ᠦᠷ᠎ᠡ ᠪᠦᠲᠦᠮᠵᠢ ᠳᠣᠣᠷ᠎ᠠ ᠪᠠᠶᠢᠨ᠎ᠠ︔ | ᠵᠠᠷᠢᠮ ᠤᠯᠤᠰ ᠤᠨ ᠠᠵᠢᠯᠲᠠᠨ ᠵᠠᠯᠬᠠᠭᠤ ᠬᠤᠶᠢᠷᠭᠤ᠂ ᠴᠢᠷᠮᠠᠶᠢᠬᠤ ᠪᠣᠳᠣᠯ ᠦᠭᠡᠢ ᠠᠰᠠᠭᠤᠳᠠᠯ ᠨᠡᠯᠢᠶᠡᠳ ᠲᠣᠪᠣᠶᠢᠮ᠎ᠠ ᠪᠠᠶᠢᠨ᠎ᠠ᠂ ᠵᠠᠷᠢᠮ ᠭᠤᠣᠯᠳᠠᠯᠭ᠎ᠠ ᠲᠠᠢ | ᠬᠦᠷᠢᠶ᠎ᠡ ᠴᠠᠷᠠᠭ᠎ᠠ ᠳᠤ ᠳᠦᠷᠢᠮ ᠰᠠᠬᠢᠯᠭ᠎ᠠ ᠶᠢ ᠵᠥᠷᠢᠴᠡᠬᠦ ᠦᠵᠡᠭᠳᠡᠯ ᠮᠥᠨ ᠡᠭᠦᠰᠦᠭᠰᠡᠭᠡᠷ ᠪᠠᠶᠢᠨ᠎ᠠ᠂ ᠨᠠᠮ ᠤᠨ ᠰᠤᠷᠲᠠᠯ ᠴᠢᠬᠡᠴᠢ ᠵᠠᠰᠠᠭ ᠤᠨ ᠪᠠᠶᠢᠭᠤᠯᠤᠯᠲᠠ ᠶᠢ | ᠪᠠᠰᠠ ᠵᠠᠪᠠᠯ ᠰᠤᠯᠠᠷᠠᠰᠢ ᠦᠭᠡᠢ ᠠᠳᠬᠤᠬᠤ ᠴᠢᠬᠤᠯᠠᠲᠠᠢ ᠪᠠᠶᠢᠭ᠎ᠠ ᠭᠡᠬᠦ ᠮᠡᠲᠦ᠃ ᠡᠶᠢᠮᠦ ᠠᠴᠠ᠂ ᠪᠢᠳᠡ ᠵᠠᠪᠠᠯ ᠠᠰᠠᠭᠤᠳᠠᠯ ᠢᠶᠠᠷ ᠬᠥᠲᠥᠴᠢ ᠪᠣᠯᠭᠠᠬᠤ ᠶᠢ | ᠪᠠᠷᠢᠮᠲᠠᠯᠠᠵᠤ᠂ ᠬᠠᠷᠢᠭᠤᠴᠠᠯᠭ᠎ᠠ ᠡᠭᠦᠷᠭᠡᠯᠡᠯ ᠢᠶᠠᠨ ᠴᠢᠩᠭᠠᠳᠬᠠᠵᠤ᠂ ᠪᠣᠳᠠᠲᠠᠢ ᠶᠢ ᠡᠷᠬᠢᠮᠯᠡᠬᠦ ᠣᠪᠣᠷ ᠢᠶᠠᠷ ᠠᠰᠠᠭᠤᠳᠠᠯ ᠳᠤ ᠬᠠᠨᠳᠤᠵᠤ᠂ ᠰᠢᠨ᠎ᠡ ᠶᠢ ᠡᠭᠦᠳᠬᠦ ᠦᠵᠡᠯ | ᠰᠠᠨᠠᠭ᠎ᠠ ᠪᠠᠷ ᠠᠰᠠᠭᠤᠳᠠᠯ ᠢ ᠰᠢᠢᠳᠪᠦᠷᠢᠯᠡᠵᠦ᠂ ᠵᠠᠰᠠᠭ ᠤᠨ ᠣᠷᠳᠣᠨ ᠤ ᠠᠵᠢᠯ ᠢ ᠨᠡᠩ ᠰᠠᠶᠢᠲᠤᠷ ᠬᠢᠬᠦ ᠪᠠᠷ ᠴᠢᠷᠮᠠᠶᠢᠬᠤ ᠬᠡᠷᠡᠭᠲᠡᠢ ᠪᠠᠶᠢᠨ᠎ᠠ᠃ | ᠬᠤᠶᠠᠷ᠂ ᠬᠤᠶᠢᠰᠢᠳᠠ ᠶᠢᠨ ᠲᠠᠪᠤᠨ ᠵᠢᠯ ᠤᠨ ᠠᠵᠢᠯ | ᠬᠤᠶᠢᠰᠢᠳᠠ ᠶᠢᠨ ᠲᠠᠪᠤᠨ ᠵᠢᠯ ᠪᠣᠯ᠂ ︽ᠬᠤᠶᠠᠷ ᠵᠠᠭᠤᠨ ᠵᠢᠯ︾ ᠤᠨ ᠲᠡᠮᠡᠴᠡᠬᠦ ᠬᠠᠷᠠᠯᠲᠠ ᠶᠢᠨ ᠲᠡᠦᠬᠡ ᠶᠢᠨ ᠠᠭᠤᠯᠵᠠᠷ ᠬᠤᠭᠤᠴᠠᠭ᠎ᠠ ᠪᠣᠯᠬᠤ ᠪᠥᠭᠡᠳ᠂ | ᠪᠢᠳᠡ ︽ᠠᠷᠤ ᠭᠠᠵᠠᠷ ᠤᠨ ᠵᠢᠶᠠᠩᠨᠠᠨ᠂ ᠪᠣᠬᠢᠷᠲᠤᠯ ᠦᠭᠡᠢ ᠪᠠᠷ ᠬᠥᠭᠵᠢᠨ ᠮᠠᠨᠳᠤᠬᠤ︾ ᠶᠢ ᠪᠡᠶᠡᠯᠡᠭᠦᠯᠬᠦ ᠴᠢᠬᠤᠯᠠ ᠪᠠᠶᠢᠯᠳᠤᠬᠤ ᠪᠣᠳᠣᠯᠭ᠎ᠠ ᠶᠢᠨ ᠠᠵᠠ | ᠲᠣᠬᠢᠶᠠᠯ ᠤᠨ ᠬᠤᠭᠤᠴᠠᠭ᠎ᠠ ᠪᠣᠯᠣᠨ᠎ᠠ᠃ ᠨᠠᠮ ᠤᠨ ᠠᠷᠪᠠ ᠶᠢᠰᠦᠳᠦᠭᠡᠷ ᠶᠡᠭᠡ ᠬᠤᠷᠠᠯ ᠠᠴᠠ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ | ᠣᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭᠠᠨ ᠤ ᠲᠡᠦᠬᠡ ᠶᠢᠨ ᠪᠠᠶᠢᠷᠢ ᠰᠠᠭᠤᠷᠢ ᠶᠢ ᠲᠣᠭᠲᠠᠭᠠᠵᠤ᠂ ᠰᠢᠨ᠎ᠡ ᠴᠠᠭ ᠦᠶ᠎ᠡ ᠳᠤ ᠳᠤᠮᠳᠠᠳᠤ ᠤᠯᠤᠰ ᠤᠨ | ᠣᠨᠴᠠᠯᠢᠭ ᠲᠠᠢ ᠨᠡᠶᠢᠭᠡᠮ ᠵᠢᠷᠤᠮ ᠢ ᠪᠠᠷᠢᠮᠲᠠᠯᠠᠨ ᠬᠥᠭᠵᠢᠭᠦᠯᠬᠦ ᠦᠨᠳᠦᠰᠦᠨ ᠠᠷᠭ᠎ᠠ ᠪᠣᠳᠣᠯᠭ᠎ᠠ ᠶᠢ ᠳᠤᠷᠠᠳᠴᠤ᠂ ᠴᠢᠨᠡᠭᠡᠯᠢᠭ ᠨᠡᠶᠢᠭᠡᠮ ᠢ ᠪᠦᠬᠦ ᠲᠠᠯ᠎ᠠ ᠪᠠᠷ | ᠪᠠᠶᠢᠭᠤᠯᠤᠨ ᠪᠡᠶᠡᠯᠡᠭᠦᠯᠬᠦ ᠰᠢᠢᠳᠪᠦᠷᠢᠲᠦ ᠢᠯᠠᠯᠲᠠ ᠶᠢ ᠣᠯᠵᠤ᠂ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠠᠭᠤᠤ | ᠶᠡᠭᠡ ᠢᠯᠠᠯᠲᠠ ᠶᠢ ᠲᠡᠮᠡᠴᠡᠨ ᠣᠯᠬᠤ ᠠᠤᠭ᠎ᠠ ᠲᠥᠰᠦᠯ ᠢ ᠵᠢᠷᠤᠭᠯᠠᠵᠤ᠂ ᠪᠢᠳᠡᠨ ᠤ ᠡᠯ᠎ᠡ ᠲᠥᠷᠥᠯ ᠤᠨ ᠠᠵᠢᠯ ᠦᠢᠯᠡᠰ ᠤᠨ ᠬᠥᠭᠵᠢᠯᠲᠡ ᠶᠢ ᠲᠦᠯᠬᠢᠨ | ᠠᠬᠢᠭᠤᠯᠬᠤ ᠳᠤ ᠤᠷᠤᠭᠰᠢᠯᠠᠯᠲᠠ ᠶᠢᠨ ᠴᠢᠭᠯᠡᠯ ᠢ ᠵᠢᠭᠠᠨ ᠲᠣᠳᠣᠷᠬᠠᠶᠢᠯᠠᠵᠠᠢ᠃ ᠤᠯᠤᠰ ᠠᠴᠠ ︽ᠨᠢᠭᠡ ᠪᠦᠰᠡ ᠨᠢᠭᠡ ᠵᠠᠮ︾᠂ ︽ᠳᠤᠮᠳᠠᠳᠤ ᠮᠣᠩᠭᠤᠯ | ᠣᠷᠣᠰ ᠤᠨ ᠠᠵᠤ ᠠᠬᠤᠢ ᠶᠢᠨ ᠭᠤᠳᠤᠮ︾ ᠤᠨ ᠪᠦᠲᠦᠭᠡᠨ ᠪᠠᠶᠢᠭᠤᠯᠤᠯᠲᠠ ᠶᠢ ᠭᠦᠨᠵᠡᠭᠡᠢ ᠲᠦᠯᠬᠢᠨ ᠠᠬᠢᠭᠤᠯᠵᠤ᠂ ᠪᠠᠷᠠᠭᠤᠨ ᠬᠡᠰᠡᠭ ᠣᠷᠣᠨ ᠤ ᠶᠡᠭᠡ ᠨᠡᠭᠡᠭᠡᠯᠲᠡ | ᠂ ᠪᠡᠭᠡᠵᠢᠩ ᠲᠢᠶᠠᠨᠵᠢᠨ ᠾᠧᠪᠧᠢ ᠶᠢ ᠵᠣᠬᠢᠴᠠᠯᠳᠤᠭᠤᠯᠤᠨ ᠬᠥᠭᠵᠢᠭᠦᠯᠬᠦ ᠪᠠᠶᠢᠯᠳᠤᠬᠤ ᠪᠣᠳᠣᠯᠭ᠎ᠠ ᠶᠢ ᠬᠡᠷᠡᠭᠵᠢᠭᠦᠯᠵᠦ᠂ ᠦᠨᠳᠦᠰᠦᠲᠡᠨ ᠤ ᠣᠷᠣᠨ᠂ ᠬᠢᠯᠢ ᠬᠢᠵᠠᠭᠠᠷ | ᠣᠷᠣᠨ ᠪᠠ ᠶᠠᠳᠠᠭᠤ ᠬᠦᠴᠢᠷᠳᠡᠯᠲᠡᠢ ᠭᠠᠵᠠᠷ ᠣᠷᠣᠨ ᠢ ᠳᠡᠮᠵᠢᠨ ᠦᠢᠯᠡᠳᠪᠦᠷᠢᠯᠡᠯ ᠠᠮᠢᠳᠤᠷᠠᠯ ᠤᠨ ᠨᠥᠬᠦᠴᠡᠯ ᠢ ᠨᠢ ᠰᠠᠶᠢᠵᠢᠷᠠᠭᠤᠯᠵᠤ ᠪᠤᠢ᠂ ᠡᠨᠡ ᠨᠢ ᠪᠢᠳᠡᠨ ᠳᠤ | ᠣᠯᠳᠠᠰᠢ ᠦᠭᠡᠢ ᠬᠥᠭᠵᠢᠯᠲᠡ ᠶᠢᠨ ᠠᠵᠠ ᠲᠣᠬᠢᠶᠠᠯ ᠢ ᠬᠠᠩᠭᠠᠵᠠᠢ᠃ ᠰᠢᠨ᠎ᠡ ᠴᠠᠭ ᠦᠶ᠎ᠡ ᠳᠠᠬᠢ ᠰᠢᠨ᠎ᠡ ᠠᠶᠠᠨ ᠵᠠᠮ ᠨᠢ ᠰᠢᠨ᠎ᠡ ᠴᠢᠷᠮᠠᠶᠢᠯᠭ᠎ᠠ ᠶᠢ ᠱᠠᠭᠠᠷᠳᠠᠵᠤ ᠪᠤᠢ | ᠃ ᠪᠢᠳᠡ ᠠᠵᠠ ᠲᠣᠬᠢᠶᠠᠯ ᠤᠨ ᠤᠬᠠᠮᠰᠠᠷ᠂ ᠬᠠᠷᠢᠭᠤᠴᠠᠯᠭ᠎ᠠ ᠶᠢᠨ ᠤᠬᠠᠮᠰᠠᠷ᠂ ᠡᠭᠦᠷᠭᠡᠲᠦ ᠤᠬᠠᠮᠰᠠᠷ ᠢᠶᠠᠨ ᠴᠢᠨᠠᠭᠰᠢᠳᠠ ᠴᠢᠩᠭᠠᠳᠬᠠᠵᠤ᠂ ᠰᠢᠨ᠎ᠡ ᠶᠢ ᠡᠭᠦᠳᠬᠦ | ᠰᠡᠳᠬᠢᠴᠡ ᠪᠠ ᠠᠷᠭ᠎ᠠ ᠪᠠᠷ ᠠᠵᠢᠯ ᠢᠶᠠᠨ ᠴᠢᠷᠮᠠᠶᠢᠨ ᠥᠷᠨᠢᠭᠦᠯᠵᠦ᠂ ᠨᠡᠩ ᠶᠡᠭᠡ ᠵᠣᠷᠢᠭ ᠪᠠ ᠣᠶᠣᠨ ᠤᠬᠠᠭᠠᠨ ᠢᠶᠠᠷ ᠵᠠᠮ ᠨᠡᠭᠡᠭᠡᠨ ᠤᠷᠤᠭᠰᠢᠯᠠᠵᠤ᠂ ᠰᠢᠨ᠎ᠡ | ᠭᠠᠷᠤᠭ᠎ᠠ ᠳᠡᠭᠡᠷ᠎ᠡ ᠰᠢᠨ᠎ᠡ ᠬᠥᠭᠵᠢᠯᠲᠡ ᠶᠢ ᠰᠦᠪᠡᠭᠴᠢᠯᠡᠵᠦ᠂ ᠰᠢᠨ᠎ᠡ ᠰᠢᠪᠲᠤᠯᠤᠯᠲᠠ ᠶᠢ ᠪᠡᠶᠡᠯᠡᠭᠦᠯᠬᠦ ᠴᠢᠬᠤᠯᠠᠲᠠᠢ᠃ | ᠬᠤᠶᠢᠰᠢᠳᠠ ᠶᠢᠨ ᠲᠠᠪᠤᠨ ᠵᠢᠯ ᠳᠠᠬᠢ ᠵᠠᠰᠠᠭ ᠤᠨ ᠣᠷᠳᠣᠨ ᠤ ᠠᠵᠢᠯ ᠤᠨ ᠶᠡᠷᠦᠩᠬᠡᠢ ᠰᠡᠳᠬᠢᠴᠡ ᠪᠣᠯ᠄ ᠨᠠᠮ ᠤᠨ ᠠᠷᠪᠠ ᠶᠢᠰᠦᠳᠦᠭᠡᠷ ᠶᠡᠭᠡ ᠬᠤᠷᠠᠯ ᠤᠨ ᠵᠣᠷᠢᠭ | ᠰᠠᠨᠠᠭ᠎ᠠ ᠶᠢ ᠪᠦᠬᠦ ᠲᠠᠯ᠎ᠠ ᠪᠠᠷ ᠲᠤᠤᠱᠯᠠᠭᠤᠯᠵᠤ᠂ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ | ᠦᠵᠡᠯ ᠰᠠᠨᠠᠭ᠎ᠠ ᠪᠠᠷ ᠤᠳᠤᠷᠢᠳᠤᠭᠤᠯᠵᠤ᠂ ︽ᠲᠠᠪᠤ ᠶᠢ ᠨᠢᠭᠡ ᠴᠣᠭᠴᠠᠵᠢᠭᠤᠯᠬᠤ︾ ᠶᠡᠷᠦᠩᠬᠡᠢ ᠪᠠᠶᠢᠷᠢᠰᠢᠭᠤᠯᠤᠯᠲᠠ ᠶᠢ ᠨᠢᠭᠡᠳᠦᠯᠲᠡᠢ ᠲᠥᠯᠥᠪᠵᠢᠭᠦᠯᠦᠨ | ᠠᠬᠢᠭᠤᠯᠵᠤ᠂ ︽ᠳᠥᠷᠪᠡᠨ ᠪᠦᠬᠦ ᠲᠠᠯ᠎ᠠ︾ ᠶᠢᠨ ᠪᠠᠶᠢᠯᠳᠤᠬᠤ ᠪᠣᠳᠣᠯᠭ᠎ᠠ ᠶᠢᠨ ᠪᠠᠶᠢᠷᠢᠰᠢᠭᠤᠯᠤᠯᠲᠠ ᠶᠢ ᠵᠣᠬᠢᠴᠠᠭᠤᠯᠤᠨ ᠠᠬᠢᠭᠤᠯᠵᠤ᠂ ᠲᠣᠭᠲᠠᠭᠤᠨ ᠤ ᠳᠤᠮᠳᠠ | ᠬᠥᠭᠵᠢᠯᠲᠡ ᠶᠢ ᠡᠷᠢᠯᠬᠢᠯᠡᠬᠦ ᠶᠡᠷᠦᠩᠬᠡᠢ ᠬᠥᠭ ᠠᠶᠠᠰ ᠢ ᠪᠠᠷᠢᠮᠲᠠᠯᠠᠨ᠂ ᠰᠢᠨ᠎ᠡ ᠬᠥᠭᠵᠢᠭᠦᠯᠦᠯᠲᠡ ᠶᠢᠨ ᠣᠶᠢᠯᠠᠭᠠᠭᠳᠠᠬᠤᠨ ᠢ ᠨᠠᠶᠢᠳᠠᠪᠤᠷᠢᠵᠢᠭᠤᠯᠵᠤ᠂ ᠬᠦᠨᠳᠦ ᠶᠡᠭᠡ | ᠲᠦᠭᠰᠢᠭᠦᠷᠢ ᠶᠢ ᠰᠡᠷᠭᠡᠶᠢᠯᠡᠨ ᠨᠠᠮᠳᠠᠭᠠᠬᠤ᠂ ᠣᠨᠢᠨ ᠳᠡᠭᠡᠷ᠎ᠡ ᠨᠢ ᠶᠠᠳᠠᠭᠤ ᠠᠴᠠ ᠠᠩᠭᠢᠵᠢᠷᠠᠭᠤᠯᠬᠤ᠂ ᠪᠣᠬᠢᠷᠲᠤᠯ ᠢ ᠰᠡᠷᠭᠡᠶᠢᠯᠡᠨ ᠵᠠᠰᠠᠬᠤ ᠭᠤᠷᠪᠠᠨ ᠶᠡᠭᠡ ᠪᠣᠭᠤᠮᠲᠠ | ᠰᠢᠪᠲᠤᠯᠬᠤ ᠳᠠᠶᠢᠯᠠᠯᠳᠤᠭᠠᠨ ᠢ ᠰᠠᠶᠢᠲᠤᠷ ᠬᠢᠵᠦ᠂ ᠬᠥᠭᠵᠢᠯᠲᠡ᠂ ᠠᠷᠠᠳ ᠤᠨ ᠠᠮᠢᠳᠤᠷᠠᠯ᠂ ᠠᠮᠢ ᠠᠬᠤᠢ ᠭᠤᠷᠪᠠᠨ ᠳᠣᠣᠷ᠎ᠠ ᠱᠤᠭᠤᠮ ᠢ ᠡᠷᠡᠰ ᠬᠠᠮᠠᠭᠠᠯᠠᠵᠤ᠂ | ᠦᠵᠡᠯ ᠰᠠᠨᠠᠭ᠎ᠠ ᠪᠠᠨ ᠴᠢᠯᠥᠭᠡᠯᠡᠵᠦ᠂ ᠵᠠᠮ ᠨᠡᠭᠡᠭᠡᠨ ᠰᠢᠨ᠎ᠡ ᠶᠢ ᠡᠭᠦᠳᠴᠦ᠂ ᠦᠨᠡᠨ ᠬᠦ ᠠᠳᠬᠤᠨ ᠪᠣᠳᠠᠲᠠᠢ ᠪᠠᠷ ᠠᠵᠢᠯᠯᠠᠵᠤ᠂ ᠥᠨᠳᠥᠷ ᠶᠠᠰᠤ ᠴᠢᠨᠠᠷᠲᠠᠢ | ᠬᠥᠭᠵᠢᠯᠲᠡ ᠶᠢ ᠲᠦᠯᠬᠢᠨ ᠠᠬᠢᠭᠤᠯᠵᠤ᠂ ᠪᠠᠶᠠᠨᠨᠠᠭᠤᠷ ᠢᠶᠠᠨ ᠪᠣᠬᠢᠷᠲᠤᠯ ᠦᠭᠡᠢ ᠠᠵᠤ ᠦᠢᠯᠡᠰ ᠲᠥᠪᠯᠡᠷᠡᠭᠰᠡᠨ ᠣᠷᠣᠨ᠂ ᠠᠮᠢ ᠠᠬᠤᠢ ᠶᠢᠨ ᠪᠣᠯᠪᠠᠰᠤᠨ ᠤ ᠵᠢᠱᠢᠶ᠎ᠡ | ᠦᠵᠡᠭᠦᠯᠬᠦ ᠣᠷᠣᠨ᠂ ᠬᠥᠳᠡᠭᠡ ᠲᠣᠰᠬᠤᠨ ᠢ ᠮᠠᠨᠳᠤᠭᠤᠯᠤᠭᠰᠠᠨ ᠳᠠᠭᠤᠷᠢᠶᠠᠯ ᠣᠷᠣᠨ᠂ ᠮᠣᠩᠭᠤᠯ ᠤᠯᠤᠰ ᠲᠠᠢ ᠴᠢᠯᠥᠭᠡᠲᠡᠢ ᠶᠠᠪᠤᠯᠴᠠᠭᠰᠠᠨ ᠲᠦᠷᠦᠭᠦᠴᠢ ᠣᠷᠣᠨ᠂ | ᠰᠠᠶᠢᠨ ᠰᠠᠶᠢᠬᠠᠨ ᠠᠮᠢᠳᠤᠷᠠᠯ ᠢ ᠬᠠᠮᠲᠤᠪᠠᠷ ᠡᠳ᠋ᠯᠡᠬᠦ ᠣᠷᠣᠨ ᠪᠣᠯᠭᠠᠨ ᠪᠦᠲᠦᠭᠡᠨ ᠪᠠᠶᠢᠭᠤᠯᠵᠤ᠂ ᠣᠳᠣᠬᠢᠴᠢᠯᠠᠭᠰᠠᠨ ᠠᠮᠢ ᠠᠬᠤᠢ ᠶᠢᠨ ᠲᠠᠷᠢᠶᠠᠯᠠᠩ ᠤᠨ ᠬᠤᠲᠠ | ᠪᠣᠯᠭᠠᠨ ᠴᠢᠷᠮᠠᠶᠢᠨ ᠪᠠᠶᠢᠭᠤᠯᠵᠤ᠂ ᠠᠷᠤ ᠭᠠᠵᠠᠷ ᠤᠨ ᠵᠢᠶᠠᠩᠨᠠᠨ᠂ ᠪᠣᠬᠢᠷᠲᠤᠯ ᠦᠭᠡᠢ ᠪᠠᠷ ᠬᠥᠭᠵᠢᠨ ᠮᠠᠨᠳᠤᠬᠤ ᠶᠢ ᠪᠡᠶᠡᠯᠡᠭᠦᠯᠦᠨ᠎ᠡ᠃ | ᠠᠵᠤ ᠠᠬᠤᠢ ᠨᠡᠶᠢᠭᠡᠮ ᠤᠨ ᠬᠥᠭᠵᠢᠭᠦᠯᠦᠯᠲᠡ ᠶᠢᠨ ᠭᠤᠣᠯ ᠬᠠᠷᠠᠯᠲᠠ ᠪᠣᠯ᠄ ᠪᠦᠬᠦ ᠬᠤᠲᠠ ᠶᠢᠨ ᠠᠵᠤ ᠠᠬᠤᠢ ᠶᠢᠨ ᠪᠣᠳᠠᠲᠤ ᠬᠦᠴᠦᠨ ᠢ ᠢᠯᠡᠷᠬᠡᠢ | ᠴᠢᠩᠭᠠᠷᠠᠭᠤᠯᠵᠤ᠂ ᠠᠮᠢ ᠠᠬᠤᠢ ᠶᠢᠨ ᠣᠷᠴᠢᠨ ᠲᠣᠭᠤᠷᠢᠨ ᠢ ᠨᠡᠩᠳᠡ ᠭᠤᠶᠣᠵᠢᠭᠤᠯᠵᠤ᠂ ᠥᠭᠡᠷᠡᠴᠢᠯᠡᠯᠲᠡ ᠶᠢ ᠭᠦᠨᠵᠡᠭᠡᠶᠢᠷᠡᠭᠦᠯᠬᠦ ᠲᠠᠯ᠎ᠠ ᠪᠠᠷ ᠰᠢᠢᠳᠪᠦᠷᠢᠲᠦ | ᠴᠢᠨᠠᠷᠲᠠᠢ ᠠᠮᠵᠢᠯᠲᠠ ᠣᠯᠵᠤ᠂ ᠰᠠᠭᠤᠷᠢ ᠲᠥᠬᠦᠭᠡᠷᠦᠮᠵᠢ ᠶᠢᠨ ᠲᠤᠯᠭᠠᠭᠤᠷᠯᠠᠨ ᠪᠠᠲᠤᠯᠠᠬᠤ ᠴᠢᠳᠠᠪᠤᠷᠢ ᠶᠢ ᠴᠢᠨᠠᠭᠰᠢᠳᠠ ᠳᠡᠭᠡᠭᠰᠢᠯᠡᠭᠦᠯᠵᠦ᠂ ᠣᠯᠠᠨ ᠲᠦᠮᠡᠨ ᠤ | ᠠᠮᠢᠳᠤᠷᠠᠯ ᠢ ᠨᠡᠩ ᠪᠠᠶᠠᠨ ᠲᠠᠩᠰᠤᠭ ᠪᠣᠯᠭᠠᠵᠤ᠂ ᠪᠦᠬᠦ ᠤᠯᠤᠰ ᠪᠦᠬᠦ ᠣᠷᠣᠨ ᠲᠠᠢ ᠵᠡᠷᠭᠡ ᠪᠠᠷ ᠴᠢᠨᠡᠭᠡᠯᠢᠭ ᠨᠡᠶᠢᠭᠡᠮ ᠢ ᠪᠦᠬᠦ ᠲᠠᠯ᠎ᠠ ᠪᠠᠷ ᠪᠠᠶᠢᠭᠤᠯᠤᠨ ᠪᠡᠶᠡᠯᠡᠭᠦᠯᠵᠦ | ᠂ ᠣᠳᠣᠬᠢᠴᠢᠯᠠᠭᠰᠠᠨ ᠪᠠᠶᠠᠨᠨᠠᠭᠤᠷ ᠢ ᠪᠦᠲᠦᠭᠡᠨ ᠪᠠᠶᠢᠭᠤᠯᠬᠤ ᠰᠢᠨ᠎ᠡ ᠠᠶᠠᠨ ᠵᠠᠮ ᠢ ᠡᠬᠢᠯᠡᠭᠦᠯᠦᠨ᠎ᠡ᠃ | ᠡᠨᠡ ᠬᠦ ᠬᠠᠷᠠᠯᠲᠠ ᠶᠢ ᠪᠡᠶᠡᠯᠡᠭᠦᠯᠬᠦ ᠳᠤ᠂ ᠵᠠᠪᠠᠯ ᠨᠡᠩ ᠰᠢᠷᠭᠠᠭᠤ ᠴᠢᠷᠮᠠᠶᠢᠯᠭ᠎ᠠ ᠭᠠᠷᠭᠠᠬᠤ ᠴᠢᠬᠤᠯᠠᠲᠠᠢ᠃ ᠪᠠᠶᠠᠨᠨᠠᠭᠤᠷ ᠤᠨ ᠪᠣᠳᠠᠲᠠᠢ ᠠᠴᠠ ᠡᠭᠦᠰᠴᠦ᠂ ᠪᠢᠳᠡ | ᠵᠠᠪᠠᠯ ᠪᠣᠬᠢᠷᠲᠤᠯ ᠦᠭᠡᠢ ᠬᠥᠭᠵᠢᠭᠦᠯᠦᠯᠲᠡ ᠶᠢᠨ ᠵᠠᠮ ᠢ ᠡᠷᠡᠰ ᠪᠠᠷᠢᠮᠲᠠᠯᠠᠵᠤ᠂ ᠪᠣᠬᠢᠷᠲᠤᠯ ᠦᠭᠡᠢ ᠬᠥᠭᠵᠢᠭᠦᠯᠦᠯᠲᠡ ᠶᠢᠨ ᠣᠶᠢᠯᠠᠭᠠᠭᠳᠠᠬᠤᠨ ᠢ ᠠᠵᠤ ᠠᠬᠤᠢ | ᠨᠡᠶᠢᠭᠡᠮ ᠤᠨ ᠬᠥᠭᠵᠢᠭᠦᠯᠦᠯᠲᠡ ᠶᠢᠨ ᠪᠦᠬᠦ ᠲᠠᠯ᠎ᠠ᠂ ᠪᠦᠬᠦ ᠬᠦᠷᠢᠶ᠎ᠡ ᠴᠠᠷᠠᠭ᠎ᠠ ᠳᠤ ᠲᠤᠤᠱᠯᠠᠭᠤᠯᠵᠤ᠂ ᠬᠥᠭᠵᠢᠭᠦᠯᠦᠯᠲᠡ ᠶᠢᠨ ᠶᠠᠰᠤ ᠴᠢᠨᠠᠷ ᠪᠠ ᠦᠷ᠎ᠡ ᠠᠰᠢᠭ ᠢ | ᠬᠦᠴᠦᠯᠡᠨ ᠳᠡᠭᠡᠭᠰᠢᠯᠡᠭᠦᠯᠵᠦ᠂ ᠬᠥᠭᠵᠢᠯᠲᠡ ᠶᠢᠨ ᠲᠡᠩᠴᠡᠭᠦᠷᠢ ᠦᠭᠡᠢ ᠭᠦᠢᠴᠡᠳ ᠦᠭᠡᠢ ᠠᠰᠠᠭᠤᠳᠠᠯ ᠢ ᠬᠦᠴᠦᠯᠡᠨ ᠰᠢᠢᠳᠪᠦᠷᠢᠯᠡᠵᠦ᠂ ᠠᠷᠠᠳ ᠣᠯᠠᠨ ᠤ ᠡᠳᠦᠷ | ᠢᠷᠡᠬᠦᠶ᠎ᠡ ᠨᠡᠮᠡᠭᠳᠡᠵᠦ ᠪᠠᠶᠢᠭ᠎ᠠ ᠰᠠᠶᠢᠨ ᠰᠠᠶᠢᠬᠠᠨ ᠠᠮᠢᠳᠤᠷᠠᠯ ᠤᠨ ᠲᠤᠬᠠᠢ ᠬᠡᠷᠡᠭᠴᠡᠭᠡ ᠶᠢ ᠨᠡᠩ ᠰᠠᠶᠢᠲᠤᠷ ᠬᠠᠩᠭᠠᠬᠤ ᠪᠣᠯᠣᠨ᠎ᠠ᠃ | ︵ᠨᠢᠭᠡ︶ ᠠᠵᠤ ᠦᠢᠯᠡᠰ ᠢ ᠮᠠᠨᠳᠤᠭᠤᠯᠤᠨ᠂ ᠬᠡᠯᠪᠡᠷᠢ ᠶᠢ ᠬᠤᠪᠢᠷᠠᠭᠤᠯᠬᠤ ᠶᠢ ᠠᠬᠢᠭᠤᠯᠵᠤ᠂ ᠪᠣᠬᠢᠷᠲᠤᠯ ᠦᠭᠡᠢ ᠣᠳᠣ ᠦᠶ᠎ᠡ ᠶᠢᠨ ᠠᠵᠤ ᠦᠢᠯᠡᠰ ᠤᠨ | ᠲᠣᠭᠲᠠᠯᠴᠠᠭ᠎ᠠ ᠶᠢ ᠪᠠᠶᠢᠭᠤᠯᠤᠨ᠎ᠠ᠃ ᠬᠥᠭᠵᠢᠭᠦᠯᠦᠯᠲᠡ ᠪᠣᠯ ᠮᠠᠨ ᠤ ᠬᠤᠲᠠ ᠶᠢᠨ ᠠᠯᠢᠪᠠ ᠠᠰᠠᠭᠤᠳᠠᠯ ᠢ ᠰᠢᠢᠳᠪᠦᠷᠢᠯᠡᠬᠦ ᠰᠠᠭᠤᠷᠢ ᠪᠠ ᠵᠠᠩᠭᠢᠯᠠᠭ᠎ᠠ ᠮᠥᠨ᠃ ᠪᠢᠳᠡ | ᠪᠣᠬᠢᠷᠲᠤᠯ ᠦᠭᠡᠢ ᠬᠥᠭᠵᠢᠯᠲᠡ ᠶᠢ ᠠᠬᠢᠭᠤᠯᠵᠤ᠂ ᠥᠨᠳᠥᠷ ᠶᠠᠰᠤ ᠴᠢᠨᠠᠷᠲᠠᠢ ᠬᠥᠭᠵᠢᠯᠲᠡ ᠶᠢ ᠠᠬᠢᠭᠤᠯᠬᠤ ᠪᠠᠷ ᠭᠤᠣᠯ ᠰᠢᠪᠲᠤᠯᠬᠤ ᠴᠢᠭᠯᠡᠯ ᠪᠣᠯᠭᠠᠵᠤ᠂ ᠪᠣᠳᠠᠲᠤ | ᠴᠣᠭᠴᠠ ᠶᠢᠨ ᠠᠵᠤ ᠠᠬᠤᠢ᠂ ᠰᠢᠨᠵᠢᠯᠡᠬᠦ ᠤᠬᠠᠭᠠᠨ ᠮᠡᠷᠭᠡᠵᠢᠯ ᠤᠨ ᠰᠢᠨ᠎ᠡ ᠶᠢ ᠡᠭᠦᠳᠬᠦ᠂ ᠣᠳᠣ ᠦᠶ᠎ᠡ ᠶᠢᠨ ᠮᠥᠩᠭᠦᠨ ᠭᠦᠢᠯᠭᠡᠭᠡ᠂ ᠬᠥᠮᠥᠨ ᠤ ᠬᠦᠴᠦᠨ ᠤ ᠡᠬᠢ | ᠪᠠᠶᠠᠯᠢᠭ ᠢ ᠵᠣᠬᠢᠴᠠᠯᠳᠤᠭᠤᠯᠤᠨ ᠬᠥᠭᠵᠢᠭᠦᠯᠦᠭᠰᠡᠨ ᠠᠵᠤ ᠦᠢᠯᠡᠰ ᠤᠨ ᠲᠣᠭᠲᠠᠯᠴᠠᠭ᠎ᠠ ᠶᠢ ᠲᠦᠷᠭᠡᠳᠬᠡᠨ ᠪᠠᠶᠢᠭᠤᠯᠤᠨ᠎ᠠ᠃ ᠬᠥᠳᠡᠭᠡ ᠲᠣᠰᠬᠤᠨ ᠢ ᠮᠠᠨᠳᠤᠭᠤᠯᠬᠤ | ᠪᠠᠶᠢᠯᠳᠤᠬᠤ ᠪᠣᠳᠣᠯᠭ᠎ᠠ ᠶᠢ ᠬᠦᠴᠦᠲᠡᠢ ᠬᠡᠷᠡᠭᠵᠢᠭᠦᠯᠦᠨ᠎ᠡ᠃ ᠠᠵᠤ ᠦᠢᠯᠡᠰ ᠪᠠᠳᠠᠷᠠᠨ ᠬᠥᠭᠵᠢᠵᠦ᠂ ᠠᠮᠢ ᠠᠬᠤᠢ ᠣᠷᠣᠰᠢᠨ ᠰᠠᠭᠤᠬᠤ ᠳᠤ ᠲᠣᠬᠢᠷᠠᠮᠵᠢᠲᠠᠢ᠂ | ᠬᠥᠳᠡᠭᠡ ᠶᠢᠨ ᠰᠤᠷᠲᠠᠯ ᠪᠣᠯᠪᠠᠰᠤᠨ᠂ ᠵᠠᠰᠠᠯᠲᠠ ᠨᠢ ᠪᠦᠲᠦᠮᠵᠢᠲᠡᠢ᠂ ᠠᠮᠢᠳᠤᠷᠠᠯ ᠪᠠᠶᠠᠨ ᠴᠢᠨᠡᠭᠡᠯᠢᠭ ᠪᠠᠶᠢᠬᠤ ᠶᠡᠷᠦᠩᠬᠡᠢ ᠱᠠᠭᠠᠷᠳᠠᠯᠭ᠎ᠠ ᠶᠣᠰᠣᠭᠠᠷ᠂ ᠬᠤᠲᠠ ᠬᠥᠳᠡᠭᠡ | ᠠᠭᠤᠰᠤᠯᠴᠠᠨ ᠬᠥᠭᠵᠢᠬᠦ ᠪᠠᠶᠢᠭᠤᠯᠤᠮᠵᠢ ᠲᠣᠭᠲᠠᠴᠠ ᠶᠢ ᠲᠡᠭᠦᠯᠳᠡᠷᠵᠢᠭᠦᠯᠵᠦ᠂ ᠮᠠᠯ ᠲᠠᠷᠢᠶᠠᠯᠠᠩ ᠪᠠ ᠮᠠᠯᠵᠢᠬᠤ ᠲᠠᠷᠢᠶᠠᠯᠠᠬᠤ ᠣᠷᠣᠨ ᠤ ᠣᠳᠣᠬᠢᠴᠢᠯᠠᠯᠲᠠ ᠶᠢ | ᠲᠦᠷᠭᠡᠳᠬᠡᠨ ᠠᠬᠢᠭᠤᠯᠤᠨ᠎ᠠ᠃ ᠲᠠᠷᠢᠶᠠᠯᠠᠩ ᠮᠠᠯ ᠠᠵᠤ ᠠᠬᠤᠢ ᠶᠢᠨ ᠬᠠᠩᠭᠠᠯᠭ᠎ᠠ ᠶᠢᠨ ᠲᠠᠯ᠎ᠠ ᠶᠢᠨ ᠪᠦᠲᠦᠴᠡ ᠶᠢᠨ ᠴᠢᠨᠠᠷᠲᠠᠢ ᠥᠭᠡᠷᠡᠴᠢᠯᠡᠯᠲᠡ ᠶᠢ | ᠭᠦᠨᠵᠡᠭᠡᠶᠢᠷᠡᠭᠦᠯᠵᠦ᠂ ᠠᠵᠤ ᠦᠢᠯᠡᠰ ᠤᠨ ᠲᠣᠭᠲᠠᠯᠴᠠᠭ᠎ᠠ᠂ ᠦᠢᠯᠡᠳᠪᠦᠷᠢᠯᠡᠯ ᠤᠨ ᠲᠣᠭᠲᠠᠯᠴᠠᠭ᠎ᠠ ᠪᠠ ᠡᠵᠡᠩᠨᠡᠯᠲᠡ ᠶᠢᠨ ᠲᠣᠭᠲᠠᠯᠴᠠᠭ᠎ᠠ ᠶᠢ ᠰᠢᠯᠢᠳᠡᠭᠵᠢᠭᠦᠯᠵᠦ᠂ ︽ | ᠭᠤᠷᠪᠠᠨ ᠲᠣᠭᠤᠷᠢᠭ ᠭᠤᠷᠪᠠᠨ ᠬᠦᠷᠢᠶᠡᠯᠡᠩ ᠨᠢᠭᠡ ᠴᠣᠭᠴᠠ︾ ᠶᠢᠨ ᠪᠦᠲᠦᠭᠡᠨ ᠪᠠᠶᠢᠭᠤᠯᠤᠯᠲᠠ ᠶᠢ ᠠᠬᠢᠭᠤᠯᠵᠤ᠂ ᠮᠠᠯᠵᠢᠬᠤ ᠲᠠᠷᠢᠶᠠᠯᠠᠬᠤ ᠣᠷᠣᠨ ᠤ ᠠᠵᠤ | ᠦᠢᠯᠡᠰ ᠤᠨ ᠠᠭᠤᠰᠤᠯᠴᠠᠨ ᠬᠥᠭᠵᠢᠭᠡᠬᠦ ᠶᠢ ᠠᠬᠢᠭᠤᠯᠤᠨ᠎ᠠ᠃ ᠠᠮᠤ ᠪᠤᠳᠠᠭᠠᠨ ᠤ ᠠᠮᠤᠷ ᠲᠦᠪᠰᠢᠨ ᠢ ᠪᠠᠲᠤᠯᠠᠵᠤ᠂ ᠲᠠᠷᠢᠵᠤ ᠲᠡᠵᠢᠭᠡᠬᠦ ᠪᠦᠲᠦᠴᠡ ᠶᠢ | ᠰᠢᠯᠢᠳᠡᠭᠵᠢᠭᠦᠯᠵᠦ᠂ ᠨᠠᠷᠢᠯᠢᠭ ᠭᠦᠨᠵᠡᠭᠡᠢ ᠡᠳ᠋ᠰᠢᠭᠦᠯᠬᠦ ᠦᠢᠯᠡᠰ ᠢ ᠬᠥᠭᠵᠢᠭᠦᠯᠵᠦ᠂ ᠪᠣᠬᠢᠲᠤᠯ ᠦᠭᠡᠢ ᠦᠢᠯᠡᠳᠪᠦᠷᠢᠯᠡᠯ ᠢ ᠳᠡᠯᠭᠡᠷᠡᠭᠦᠯᠵᠦ᠂ ᠪᠣᠷᠣᠲᠣᠬᠤᠢ ᠶᠢᠨ | ᠣᠷᠣᠨ ᠪᠦᠰᠡ ᠶᠢᠨ ᠨᠡᠷ᠎ᠡ ᠲᠡᠮᠳᠡᠭ ᠤᠨ ᠪᠠᠶᠢᠯᠳᠤᠬᠤ ᠪᠣᠳᠣᠯᠭ᠎ᠠ ᠶᠢ ᠬᠡᠷᠡᠭᠵᠢᠭᠦᠯᠵᠦ᠂ ᠠᠵᠤ ᠦᠢᠯᠡᠰᠵᠢᠭᠰᠡᠨ ᠬᠤᠯᠪᠣᠭᠠᠲᠤ ᠴᠣᠭᠴᠠ᠂ ᠰᠢᠨ᠎ᠡ ᠬᠡᠯᠪᠡᠷᠢ ᠶᠢᠨ | ᠡᠵᠡᠩᠨᠡᠯᠲᠡ ᠶᠢᠨ ᠭᠤᠣᠯ ᠴᠣᠭᠴᠠ᠂ ᠰᠢᠨ᠎ᠡ ᠬᠡᠯᠪᠡᠷᠢ ᠶᠢᠨ ᠠᠵᠢᠯ ᠮᠡᠷᠭᠡᠵᠢᠯ ᠤᠨ ᠮᠠᠯᠴᠢᠨ ᠲᠠᠷᠢᠶᠠᠴᠢᠨ ᠢ ᠪᠣᠶᠢᠵᠢᠭᠤᠯᠵᠤ᠂ ᠪᠣᠷᠣᠲᠣᠬᠤᠢ ᠶᠢᠨ ᠪᠦᠬᠦ ᠴᠠᠷᠠᠭᠠᠨ ᠤ | ᠪᠣᠬᠢᠷᠲᠤᠯ ᠦᠭᠡᠢ ᠣᠷᠭᠠᠨᠢᠭ ᠥᠨᠳᠥᠷ ᠳᠡᠰ ᠤᠨ ᠮᠠᠯ ᠲᠠᠷᠢᠶᠠᠯᠠᠩ ᠤᠨ ᠪᠦᠲᠦᠭᠡᠭᠳᠡᠬᠦᠨ ᠢ ᠦᠢᠯᠡᠳᠪᠦᠷᠢᠯᠡᠨ ᠡᠳ᠋ᠰᠢᠭᠦᠯᠵᠦ ᠭᠠᠳᠠᠭᠰᠢ ᠭᠠᠷᠭᠠᠬᠤ ᠰᠠᠭᠤᠷᠢᠨ | ᠭᠠᠵᠠᠷ ᠢ ᠡᠭᠦᠳᠦᠨ ᠪᠠᠶᠢᠭᠤᠯᠵᠤ᠂ ︽ᠠᠷᠤ ᠭᠠᠵᠠᠷ ᠤᠨ ᠠᠮᠤ ᠶᠢᠨ ᠰᠠᠩ᠂ ᠲᠩᠷᠢ ᠶᠢᠨ ᠳᠣᠣᠷᠠᠬᠢ ᠲᠣᠭᠤᠭᠠᠨ ᠭᠡᠷ︾᠂ ︽ᠲᠠᠯ᠎ᠠ ᠨᠤᠲᠤᠭ ᠳᠡᠭᠡᠷᠡᠬᠢ | ᠨᠣᠭᠤᠭ᠎ᠠ ᠶᠢᠨ ᠰᠠᠭᠰᠤ᠂ ᠬᠠᠲᠤᠨ ᠭᠤᠣᠯ ᠤᠨ ᠬᠥᠪᠡᠭᠡᠨ ᠳᠠᠬᠢ ᠲᠠᠷᠢᠮᠠᠯ ᠤᠨ ᠬᠦᠷᠢᠶᠡᠯᠡᠩ︾ ᠢ ᠴᠣᠭᠴᠠᠯᠠᠨ᠎ᠠ᠃ ᠮᠠᠯᠵᠢᠬᠤ ᠲᠠᠷᠢᠶᠠᠯᠠᠬᠤ ᠣᠷᠣᠨ ᠤ ᠰᠠᠭᠤᠷᠢ | ᠲᠥᠬᠦᠭᠡᠷᠦᠮᠵᠢ᠂ ᠣᠯᠠᠨ ᠨᠡᠶᠢᠲᠡ ᠶᠢᠨ ᠦᠢᠯᠡᠴᠢᠯᠡᠭᠡᠨ᠂ ᠣᠶᠤᠨ ᠤ ᠪᠣᠯᠪᠠᠰᠤᠨ᠂ ᠠᠮᠢ ᠠᠬᠤᠢ ᠶᠢᠨ ᠪᠦᠲᠦᠭᠡᠨ ᠪᠠᠶᠢᠭᠤᠯᠤᠯᠲᠠ ᠶᠢ ᠨᠢᠭᠡᠳᠦᠯᠲᠡᠢ | ᠲᠥᠯᠥᠪᠵᠢᠭᠦᠯᠦᠨ ᠰᠠᠶᠢᠲᠤᠷ ᠠᠳᠬᠤᠵᠤ᠂ ᠮᠠᠯ ᠲᠠᠷᠢᠶᠠᠯᠠᠩ ᠢ ᠬᠦᠴᠦᠷᠬᠡᠭᠵᠢᠭᠦᠯᠵᠦ᠂ ᠮᠠᠯᠵᠢᠬᠤ ᠲᠠᠷᠢᠶᠠᠯᠠᠬᠤ ᠣᠷᠣᠨ ᠢ ᠭᠤᠶᠣᠵᠢᠭᠤᠯᠵᠤ᠂ ᠮᠠᠯᠴᠢᠨ | ᠲᠠᠷᠢᠶᠠᠴᠢᠨ ᠢ ᠪᠠᠶᠠᠵᠢᠭᠤᠯᠤᠨ᠎ᠠ᠃ ᠰᠢᠨ᠎ᠡ ᠬᠡᠯᠪᠡᠷᠢ ᠶᠢᠨ ᠠᠵᠤ ᠦᠢᠯᠡᠳᠪᠦᠷᠢᠵᠢᠯᠲᠡ ᠶᠢᠨ ᠠᠬᠢᠴᠠ ᠶᠢ ᠲᠦᠷᠭᠡᠳᠬᠡᠨ᠎ᠡ᠃ ᠤᠯᠠᠮᠵᠢᠯᠠᠯᠲᠤ ᠠᠵᠤ ᠦᠢᠯᠡᠰ ᠢ ᠳᠡᠰ | ᠳᠡᠪᠰᠢᠭᠦᠯᠬᠦ ᠪᠠ ᠰᠢᠨ᠎ᠡ ᠪᠠᠷ ᠮᠠᠨᠳᠤᠭᠰᠠᠨ ᠠᠵᠤ ᠦᠢᠯᠡᠰ ᠢ ᠪᠣᠶᠢᠵᠢᠭᠤᠯᠬᠤ ᠶᠢ ᠵᠡᠷᠭᠡᠪᠡᠷ ᠴᠢᠬᠤᠯᠠᠴᠢᠯᠠᠵᠤ᠂ ᠭᠤᠣᠯᠯᠠᠬᠤ ᠠᠵᠤ ᠠᠬᠤᠶᠢᠯᠠᠯ ᠢ ᠪᠤᠵᠠᠭᠠᠶᠢᠷᠠᠭᠤᠯᠬᠤ | ᠪᠣᠯᠤᠨ ᠳᠤᠮᠳᠠ ᠪᠠᠭ᠎ᠠ ᠵᠢᠵᠢᠭ ᠠᠵᠤ ᠠᠬᠤᠶᠢᠯᠠᠯ ᠢ ᠬᠥᠭᠵᠢᠭᠦᠯᠬᠦ ᠶᠢ ᠵᠡᠷᠭᠡᠪᠡᠷ ᠠᠳᠬᠤᠵᠤ᠂ ᠲᠥᠷᠥᠯ ᠵᠦᠢᠯ ᠤᠨ ᠪᠦᠲᠦᠭᠡᠨ ᠪᠠᠶᠢᠭᠤᠯᠤᠯᠲᠠ ᠶᠢᠨ ᠬᠦᠴᠦᠯᠡᠴᠡ ᠶᠢ | ᠶᠡᠬᠡᠰᠬᠡᠵᠦ᠂ ᠠᠵᠤ ᠦᠢᠯᠡᠳᠪᠦᠷᠢ ᠶᠢᠨ ᠠᠵᠤ ᠠᠬᠤᠢ ᠶᠢᠨ ᠬᠡᠮᠵᠢᠶ᠎ᠡ ᠶᠢ ᠥᠷᠭᠡᠳᠬᠡᠨ ᠴᠢᠨᠠᠷ ᠢ ᠳᠡᠭᠡᠭᠰᠢᠯᠡᠭᠦᠯᠵᠦ ᠦᠷ᠎ᠡ ᠠᠰᠢᠭ ᠨᠡᠮᠡᠭᠳᠡᠬᠦ ᠶᠢ ᠠᠬᠢᠭᠤᠯᠤᠨ᠎ᠠ᠃ | ᠰᠢᠨ᠎ᠡ ᠮᠠᠲ᠋ᠧᠷᠢᠶᠠᠯ᠂ ᠰᠢᠨ᠎ᠡ ᠡᠨᠧᠷᠭᠢ᠂ ᠲᠣᠮᠣ ᠳ᠋ᠠᠶᠢᠲ᠋ᠠ ᠶᠢᠨ ᠬᠡᠷᠡᠭᠯᠡᠭᠡᠨ᠂ ᠠᠮᠢᠳᠤ ᠪᠣᠳᠠᠰ ᠤᠨ ᠮᠡᠷᠭᠡᠵᠢᠯ ᠵᠡᠷᠭᠡ ᠠᠵᠤ ᠦᠢᠯᠡᠰ ᠢ ᠢᠳᠡᠪᠬᠢᠲᠡᠢ ᠬᠥᠭᠵᠢᠭᠦᠯᠵᠦ᠂ | ᠣᠯᠠᠨ ᠲᠠᠯᠠᠰᠲᠤ ᠴᠠᠬᠢᠭᠤᠷ ᠤᠨ ᠦᠢᠯᠡᠳᠪᠦᠷᠢᠯᠡᠯ ᠤᠨ ᠴᠢᠳᠠᠪᠤᠷᠢ ᠶᠢ 5 ᠲᠦᠮᠡᠨ ᠲᠣᠨ ᠳᠤ ᠬᠦᠷᠭᠡᠵᠦ᠂ ᠰᠠᠯᠬᠢ ᠭᠡᠷᠡᠯ ᠤᠨ ᠴᠠᠬᠢᠯᠭᠠᠨ ᠤ ᠮᠠᠰᠢᠨ | ᠴᠣᠭᠴᠠᠯᠠᠪᠤᠷᠢ ᠶᠢᠨ ᠪᠠᠭᠲᠠᠭᠠᠮᠵᠢ ᠶᠢ 1000 ᠲᠦᠮᠡᠨ ᠺᠢᠯᠣᠸᠠᠲ ᠲᠤ ᠬᠦᠷᠭᠡᠵᠦ᠂ ᠤᠯᠤᠰ ᠤᠨ ᠴᠡᠪᠡᠷ ᠡᠨᠧᠷᠭᠢ ᠶᠢᠨ ᠰᠠᠭᠤᠷᠢᠨ ᠭᠠᠵᠠᠷ ᠢ ᠪᠠᠶᠢᠭᠤᠯᠤᠨ᠎ᠠ᠃ | ᠭᠤᠣᠯ ᠴᠣᠭᠴᠠ ᠶᠢᠨ ᠴᠢᠳᠠᠪᠬᠢᠲᠤ ᠣᠷᠣᠨ ᠤ ᠲᠥᠯᠥᠪᠵᠢᠭᠦᠯᠭᠡ ᠪᠠ ᠠᠵᠤ ᠦᠢᠯᠡᠰ ᠤᠨ ᠵᠢᠯᠣᠭᠤᠳᠬᠤ ᠭᠠᠷᠴᠠᠭ ᠢ ᠬᠢᠨᠠᠮᠠᠭᠠᠢ ᠨᠠᠶᠢᠳᠠᠪᠤᠷᠢᠵᠢᠭᠤᠯᠵᠤ᠂ ᠠᠵᠤ | ᠦᠢᠯᠡᠰ ᠤᠨ ᠪᠠᠶᠢᠷᠢᠰᠢᠯ ᠢ ᠰᠢᠯᠢᠳᠡᠭᠵᠢᠭᠦᠯᠦᠨ᠎ᠡ᠂ ᠬᠦᠷᠢᠶᠡᠯᠡᠩ ᠲᠣᠭᠤᠷᠢᠭ ᠢ ᠮᠠᠨᠳᠤᠭᠤᠯᠬᠤ ᠲᠥᠯᠥᠪᠯᠡᠭᠡ ᠶᠢ ᠬᠡᠷᠡᠭᠵᠢᠭᠦᠯᠵᠦ᠂ ᠪᠣᠷᠣᠲᠣᠬᠤᠢ ᠣᠷᠣᠨ ᠳᠠᠬᠢ ᠠᠵᠤ | ᠦᠢᠯᠡᠳᠪᠦᠷᠢ ᠶᠢᠨ ᠬᠦᠷᠢᠶᠡᠯᠡᠩ ᠲᠣᠭᠤᠷᠢᠭ ᠲᠤ ᠮᠠᠯ ᠲᠠᠷᠢᠶᠠᠯᠠᠩ ᠤᠨ ᠪᠦᠲᠦᠭᠡᠭᠳᠡᠬᠦᠨ ᠢ ᠨᠠᠷᠢᠯᠢᠭ ᠭᠦᠨᠵᠡᠭᠡᠢ ᠡᠳ᠋ᠰᠢᠭᠦᠯᠬᠦ᠂ ᠳᠡᠭᠡᠳᠦ ᠰᠢᠨ᠎ᠡ ᠮᠡᠷᠭᠡᠵᠢᠯ ᠵᠡᠷᠭᠡ | ᠠᠵᠤ ᠦᠢᠯᠡᠰ ᠢ ᠭᠤᠣᠯᠳᠠᠯᠭ᠎ᠠ ᠲᠠᠢ ᠬᠥᠭᠵᠢᠭᠦᠯᠵᠦ᠂ ᠠᠭᠤᠯᠠ ᠳᠠᠭᠠᠤ ᠠᠵᠤ ᠦᠢᠯᠡᠳᠪᠦᠷᠢ ᠶᠢᠨ ᠲᠣᠭᠤᠷᠢᠭ ᠲᠤ ᠣᠳᠣ ᠦᠶ᠎ᠡ ᠶᠢᠨ ᠲᠡᠮᠦᠷᠯᠢᠭ ᠬᠠᠶᠢᠯᠤᠭᠤᠯᠬᠤ᠂ | ᠰᠢᠨ᠎ᠡ ᠬᠡᠯᠪᠡᠷᠢ ᠶᠢᠨ ᠬᠢᠮᠢ ᠶᠢᠨ ᠠᠵᠤ ᠦᠢᠯᠡᠳᠪᠦᠷᠢ᠂ ᠰᠢᠨ᠎ᠡ ᠬᠡᠯᠪᠡᠷᠢ ᠶᠢᠨ ᠪᠠᠷᠢᠯᠭ᠎ᠠ ᠶᠢᠨ ᠮᠠᠲ᠋ᠧᠷᠢᠶᠠᠯ ᠵᠡᠷᠭᠡ ᠠᠵᠤ ᠦᠢᠯᠡᠰ ᠢ ᠲᠥᠪᠯᠡᠷᠡᠭᠦᠯᠦᠨ ᠬᠥᠭᠵᠢᠭᠦᠯᠦᠨ᠎ᠡ | ᠃ ᠣᠳᠣ ᠦᠶ᠎ᠡ ᠶᠢᠨ ᠦᠢᠯᠡᠴᠢᠯᠡᠭᠡᠨ ᠤ ᠦᠢᠯᠡᠰ ᠢ ᠬᠥᠭᠵᠢᠭᠦᠯᠦᠨ ᠬᠦᠴᠦᠷᠬᠡᠭᠵᠢᠭᠦᠯᠦᠨ᠎ᠡ᠃ ᠪᠣᠷᠣᠲᠣᠬᠤᠢ ᠰᠣᠶᠣᠯ ᠤᠨ ᠣᠨᠴᠠᠯᠢᠭᠲᠤ ᠵᠤᠭᠠᠴᠠᠯ ᠠᠮᠠᠷᠠᠯᠲᠠ ᠶᠢᠨ | ᠰᠠᠭᠤᠷᠢᠨ ᠭᠠᠵᠠᠷ ᠢ ᠪᠠᠶᠢᠭᠤᠯᠬᠤ ᠪᠠᠷ ᠬᠠᠷᠠᠯᠲᠠ ᠪᠣᠯᠭᠠᠵᠤ᠂ ᠪᠦᠬᠦ ᠴᠠᠷᠠᠭ᠎ᠠ ᠶᠢᠨ ᠵᠤᠭᠠᠴᠠᠯ᠂ ᠳᠥᠷᠪᠡᠨ ᠤᠯᠠᠷᠢᠯ ᠤᠨ ᠵᠤᠭᠠᠴᠠᠯ᠂᠂ ᠪᠦᠬᠦ ᠡᠯᠧᠮᠧᠨ᠋ᠲ ᠤᠨ | ᠵᠤᠭᠠᠴᠠᠯ ᠢ ᠬᠦᠴᠦᠲᠡᠢ ᠬᠥᠭᠵᠢᠭᠦᠯᠵᠦ᠂ ᠬᠠᠲᠤᠨ ᠭᠤᠣᠯ ᠤᠨ ᠵᠠᠩ ᠦᠢᠯᠡ ᠶᠢᠨ ᠵᠤᠭᠠᠴᠠᠯ᠂ ᠲᠠᠷᠢᠶᠠᠯᠠᠬᠤ ᠣᠷᠣᠨ ᠤ ᠰᠡᠯᠡᠭᠦᠴᠡᠯ ᠤᠨ ᠵᠤᠭᠠᠴᠠᠯ᠂ ᠲᠠᠯ᠎ᠠ | ᠨᠤᠲᠤᠭ ᠤᠨ ᠦᠵᠡᠮᠵᠢ ᠶᠢᠨ ᠵᠤᠭᠠᠴᠠᠯ᠂ ᠡᠯᠡᠰᠦᠨ ᠴᠥᠯ ᠤᠨ ᠪᠠᠷᠲᠠᠭ᠎ᠠ ᠰᠢᠨᠵᠢᠯᠡᠬᠦ ᠵᠤᠭᠠᠴᠠᠯ᠂ ᠳᠤᠮᠳᠠᠳᠤ ᠮᠣᠩᠭᠤᠯ ᠤᠨ ᠬᠢᠯᠢ ᠰᠤᠨᠳᠠᠯᠠᠭᠰᠠᠨ ᠵᠤᠭᠠᠴᠠᠯ ᠵᠡᠷᠭᠡ | ᠣᠯᠠᠨ ᠵᠦᠢᠯ ᠤᠨ ᠡᠵᠡᠩᠨᠡᠬᠦ ᠠᠷᠭ᠎ᠠ ᠬᠡᠯᠪᠡᠷᠢ ᠶᠢ ᠪᠦᠷᠢᠯᠳᠦᠭᠦᠯᠵᠦ᠂ ᠤᠯᠤᠰ ᠤᠨ 4A ᠳᠡᠰ ᠠᠴᠠ ᠳᠡᠭᠡᠭᠰᠢᠬᠢ ᠦᠵᠡᠮᠵᠢ ᠶᠢᠨ ᠣᠷᠣᠨ ᠢ ᠰᠢᠨ᠎ᠡ ᠪᠠᠷ 6 | ᠪᠠᠶᠢᠭᠤᠯᠵᠤ᠂ ᠵᠤᠭᠠᠴᠠᠯ ᠤᠨ ᠦᠢᠯᠡᠰ ᠢ ᠪᠠᠶᠢᠯᠳᠤᠬᠤ ᠪᠣᠳᠣᠯᠭ᠎ᠠ ᠶᠢᠨ ᠴᠢᠨᠠᠷᠲᠠᠢ ᠲᠤᠯᠭᠠᠭᠤᠷᠢ ᠠᠵᠤ ᠦᠢᠯᠡᠰ ᠪᠣᠯᠭᠠᠨ ᠪᠠᠶᠢᠭᠤᠯᠤᠨ᠎ᠠ᠃ ᠣᠳᠣ ᠦᠶ᠎ᠡ ᠶᠢᠨ | ᠪᠠᠷᠠᠭᠠᠨ ᠤ ᠭᠦᠢᠯᠭᠡᠭᠡ᠂ ᠡᠯᠧᠺᠲᠷᠣᠨ ᠬᠤᠳᠠᠯᠳᠤᠭᠠᠨ ᠤ ᠶᠠᠪᠤᠳᠠᠯ᠂ ᠡᠷᠡᠭᠦᠯᠵᠢᠯ ᠨᠠᠰᠤᠲᠠᠨ ᠢ ᠠᠰᠠᠷᠠᠬᠤ ᠵᠡᠷᠭᠡ ᠠᠵᠤ ᠦᠢᠯᠡᠰ ᠢ ᠪᠤᠵᠠᠭᠠᠶᠢᠷᠠᠭᠤᠯᠤᠨ | ᠬᠦᠴᠦᠷᠬᠡᠭᠵᠢᠭᠦᠯᠵᠦ᠂ ᠦᠢᠯᠡᠴᠢᠯᠡᠭᠡᠨ ᠤ ᠦᠢᠯᠡᠰ ᠤᠨ ᠦᠢᠯᠡᠳᠪᠦᠷᠢᠯᠡᠯ ᠤᠨ ᠶᠡᠷᠦᠩᠬᠡᠢ ᠥᠷᠲᠡᠭ ᠲᠠᠬᠢ ᠬᠤᠪᠢ ᠶᠢᠨ ᠵᠢᠩ ᠢ 40% ᠠᠴᠠ ᠳᠠᠪᠠᠭᠤᠯᠬᠤ ᠪᠠᠷ | ᠴᠢᠷᠮᠠᠶᠢᠨ᠎ᠠ᠃ ᠰᠢᠨ᠎ᠡ ᠶᠢ ᠡᠭᠦᠳᠬᠦ ᠪᠠᠷ ᠬᠥᠳᠡᠯᠭᠡᠬᠦ ᠬᠦᠴᠦᠨ ᠪᠣᠯᠭᠠᠬᠤ ᠬᠥᠭᠵᠢᠯᠲᠡ ᠶᠢ ᠭᠦᠨᠵᠡᠭᠡᠢ ᠲᠦᠯᠬᠢᠨ ᠠᠬᠢᠭᠤᠯᠤᠨ᠎ᠠ᠃ ᠮᠡᠷᠭᠡᠵᠢᠯ ᠤᠨ ᠰᠢᠨ᠎ᠡ | ᠡᠭᠦᠳᠦᠯᠲᠡ ᠳᠠᠬᠢ ᠣᠷᠣᠭᠤᠯᠤᠯᠲᠠ ᠶᠢᠨ ᠬᠦᠴᠦᠯᠡᠴᠡ ᠶᠢ ᠶᠡᠬᠡᠰᠬᠡᠵᠦ᠂ ᠰᠢᠨ᠎ᠡ ᠶᠢ ᠡᠭᠦᠳᠬᠦ ᠲᠠᠪᠴᠠᠩ ᠲᠡᠭᠡᠭᠡᠭᠴᠢ ᠪᠡᠶ᠎ᠡ ᠶᠢᠨ ᠪᠠᠶᠢᠭᠤᠯᠤᠯᠲᠠ ᠶᠢ ᠴᠢᠩᠭᠠᠳᠬᠠᠨ᠎ᠠ᠂ | ᠡᠯ᠎ᠡ ᠲᠥᠷᠥᠯ ᠤᠨ ᠰᠢᠨ᠎ᠡ ᠶᠢ ᠡᠭᠦᠳᠬᠦ ᠭᠤᠣᠯ ᠴᠣᠭᠴᠠ ᠶᠢᠨ ᠦᠢᠯᠡᠳᠦᠯ ᠢ ᠪᠠᠳᠠᠷᠠᠭᠤᠯᠵᠤ᠂ ᠦᠢᠯᠡᠳᠪᠦᠷᠢ ᠰᠤᠷᠭᠠᠭᠤᠯᠢ ᠰᠤᠳᠤᠯᠭᠠᠨ ᠤ ᠭᠠᠵᠠᠷ ᠪᠠ ᠬᠡᠷᠡᠭᠯᠡᠭᠡᠨ ᠤ | ᠭᠦᠨᠵᠡᠭᠡᠢ ᠠᠭᠤᠰᠤᠯᠴᠠᠯ ᠢ ᠠᠬᠢᠭᠤᠯᠤᠨ᠎ᠠ᠃ ᠴᠢᠳᠠᠪᠤᠷᠢᠲᠠᠨ ᠢᠶᠠᠷ ᠬᠤᠲᠠ ᠪᠠᠨ ᠬᠦᠴᠦᠷᠬᠡᠭᠵᠢᠭᠦᠯᠬᠦ ᠪᠠᠶᠢᠯᠳᠤᠬᠤ ᠪᠣᠳᠣᠯᠭ᠎ᠠ ᠪᠠ ︽ᠪᠣᠷᠣᠲᠣᠬᠤᠢ ᠶᠢᠨ | ᠴᠢᠳᠠᠪᠤᠷᠢᠲᠠᠨ︾ ᠤ ᠢᠨᠵᠧᠨᠧᠷᠢᠩ ᠢ ᠬᠡᠷᠡᠭᠵᠢᠭᠦᠯᠵᠦ᠂ ᠰᠢᠨ᠎ᠡ ᠬᠡᠯᠪᠡᠷᠢ ᠶᠢᠨ ᠣᠶᠣᠨ ᠤ ᠬᠥᠮᠥᠷᠭᠡ ᠶᠢ ᠲᠦᠷᠭᠡᠳᠬᠡᠨ ᠪᠠᠶᠢᠭᠤᠯᠵᠤ᠂ ᠴᠢᠳᠠᠪᠤᠷᠢᠲᠠᠨ ᠢ ᠠᠮᠢᠳᠤᠯᠢᠭ | ᠰᠠᠶᠢᠲᠤᠷ ᠬᠡᠷᠡᠭᠯᠡᠵᠦ᠂ ᠰᠢᠨ᠎ᠡ ᠶᠢ ᠡᠭᠦᠳᠦᠨ ᠬᠥᠭᠵᠢᠭᠦᠯᠬᠦ ᠳᠤᠮᠳᠠᠬᠢ ᠴᠢᠳᠠᠪᠤᠷᠢᠲᠠᠨ ᠤ ᠪᠠᠲᠤᠯᠠᠭ᠎ᠠ ᠶᠢ ᠴᠢᠩᠭᠠᠳᠬᠠᠨ᠎ᠠ᠃ ᠮᠥᠩᠭᠦᠨ ᠭᠦᠢᠯᠭᠡᠭᠡᠨ ᠠᠴᠠ ᠪᠣᠳᠠᠲᠤ | ᠴᠣᠭᠴᠠ ᠶᠢᠨ ᠠᠵᠤ ᠠᠬᠤᠢ ᠳᠤ ᠦᠢᠯᠡᠴᠢᠯᠡᠬᠦ ᠴᠢᠳᠠᠪᠤᠷᠢ ᠶᠢ ᠴᠢᠩᠭᠠᠷᠠᠭᠤᠯᠤᠨ᠎ᠠ᠃ ᠲᠦᠭᠡᠮᠡᠯ ᠬᠦᠷᠲᠡᠭᠡᠮᠵᠢᠲᠦ ᠮᠥᠩᠭᠦᠨ ᠭᠦᠢᠯᠭᠡᠭᠡ ᠶᠢ ᠬᠦᠴᠦᠲᠡᠢ ᠬᠥᠭᠵᠢᠭᠦᠯᠵᠦ | ᠂ ᠰᠢᠭᠤᠳ ᠪᠡᠯᠡ ᠬᠤᠷᠠᠮᠳᠤᠭᠤᠯᠬᠤ ᠬᠤᠪᠢ ᠶᠢᠨ ᠵᠢᠩ ᠢ ᠳᠡᠭᠡᠭᠰᠢᠯᠡᠭᠦᠯᠵᠦ᠂ ᠣᠯᠠᠨ ᠳᠡᠰ ᠳᠠᠪᠬᠤᠷᠭ᠎ᠠ ᠶᠢᠨ ᠬᠥᠷᠥᠩᠭᠡ ᠶᠢᠨ ᠵᠠᠬ᠎ᠠ ᠳᠡᠯᠭᠡᠭᠦᠷ ᠤᠨ ᠡᠷᠡᠭᠦᠯ | ᠬᠥᠭᠵᠢᠯᠲᠡ ᠶᠢ ᠠᠬᠢᠭᠤᠯᠤᠨ᠎ᠠ᠃ ᠡᠳ᠋ ᠤᠨ ᠵᠠᠰᠠᠭ ᠭᠠᠶᠢᠯᠢ ᠶᠢᠨ ᠣᠷᠣᠯᠭ᠎ᠠ ᠵᠠᠷᠤᠯᠭ᠎ᠠ ᠶᠢᠨ ᠬᠠᠮᠢᠶᠠᠷᠤᠯᠲᠠ ᠶᠢ ᠴᠢᠩᠭᠠᠳᠬᠠᠵᠤ᠂ ᠡᠳ᠋ ᠤᠨ ᠵᠠᠰᠠᠭ ᠤᠨ | ᠪᠠᠲᠤᠯᠠᠭ᠎ᠠ ᠶᠢᠨ ᠴᠢᠳᠠᠪᠤᠷᠢ ᠶᠢ ᠳᠡᠭᠡᠭᠰᠢᠯᠡᠭᠦᠯᠦᠨ᠎ᠡ᠃ | ︵ᠬᠤᠶᠠᠷ︶ ᠠᠮᠢ ᠠᠬᠤᠢ ᠶᠢ ᠵᠠᠰᠠᠵᠤ᠂ ᠬᠠᠯᠬᠠᠪᠴᠢ ᠶᠢ ᠴᠣᠭᠴᠠᠯᠠᠬᠤ ᠶᠢ ᠪᠠᠷᠢᠮᠲᠠᠯᠠᠨ᠂ ᠦᠵᠡᠰᠬᠦᠯᠡᠩᠲᠦ ᠰᠠᠶᠢᠬᠠᠨ ᠪᠠᠶᠠᠨᠨᠠᠭᠤᠷ ᠢ ᠲᠦᠷᠭᠡᠳᠬᠡᠨ ᠪᠦᠲᠦᠭᠡᠨ | ᠪᠠᠶᠢᠭᠤᠯᠤᠨ᠎ᠠ᠃ ᠵᠣᠯ ᠵᠢᠷᠭᠠᠯᠲᠤ ᠠᠮᠢᠳᠤᠷᠠᠯ ᠨᠢ ᠵᠥᠪᠬᠡᠨ ᠢᠳᠡᠵᠦ ᠡᠮᠦᠰᠬᠦ ᠳᠤ ᠯᠠ ᠪᠠᠶᠢᠳᠠᠭ ᠪᠢᠰᠢ᠂ ᠪᠠᠰᠠ ᠦᠵᠡᠰᠬᠦᠯᠡᠩᠲᠦ ᠰᠠᠶᠢᠬᠠᠨ ᠣᠷᠴᠢᠨ ᠲᠣᠭᠤᠷᠢᠨ | ᠪᠠᠶᠢᠬᠤ ᠬᠡᠷᠡᠭᠲᠡᠢ᠃ ᠪᠢᠳᠡ ᠠᠭᠤᠯᠠ ᠤᠰᠤ ᠣᠢ ᠲᠠᠷᠢᠶ᠎ᠠ ᠨᠠᠭᠤᠷ ᠪᠡᠯᠴᠢᠭᠡᠷ ᠡᠯᠡᠰᠦ ᠶᠢᠨ ᠶᠡᠷᠦᠩᠬᠡᠶᠢᠯᠡᠭᠰᠡᠨ ᠵᠠᠰᠠᠯᠲᠠ ᠶᠢ ᠨᠢᠭᠡᠳᠦᠯᠲᠡᠢ ᠲᠥᠯᠥᠪᠵᠢᠭᠦᠯᠦᠨ | ᠰᠠᠶᠢᠲᠤᠷ ᠠᠳᠬᠤᠵᠤ᠂ ᠪᠣᠷᠣᠲᠣᠬᠤᠢ ᠶᠢᠨ ᠲᠦᠪᠰᠢᠨ ᠲᠠᠯ᠎ᠠ ᠶᠢᠨ ᠨᠣᠭᠤᠭᠠᠷᠠᠭᠤᠯᠤᠯᠲᠠ᠂ ᠤᠯᠠᠭᠠᠨᠰᠤᠬᠠᠢ ᠨᠠᠭᠤᠷ ᠤᠨ ᠶᠡᠷᠦᠩᠬᠡᠶᠢᠯᠡᠭᠰᠡᠨ ᠵᠠᠰᠠᠯᠲᠠ᠂ | ᠤᠯᠠᠭᠠᠨᠪᠤᠬ᠎ᠠ ᠶᠢᠨ ᠡᠯᠡᠰᠦᠨ ᠴᠥᠯ ᠤᠨ ᠵᠠᠰᠠᠯᠲᠠ᠂ ᠤᠷᠠᠳ ᠤᠨ ᠲᠠᠯ᠎ᠠ ᠨᠤᠲᠤᠭ ᠤᠨ ᠬᠠᠮᠠᠭᠠᠯᠠᠯᠲᠠ᠂ ᠮᠤᠨᠠ ᠠᠭᠤᠯᠠ ᠨᠢᠷᠤᠭᠤ ᠶᠢᠨ ᠠᠮᠢ ᠠᠬᠤᠢ ᠶᠢᠨ | ᠬᠠᠮᠠᠭᠠᠯᠠᠯᠲᠠ᠂ ᠬᠠᠲᠤᠨ ᠭᠤᠣᠯ ᠤᠨ ᠨᠤᠭᠤ ᠭᠠᠵᠠᠷ ᠤᠨ ᠬᠠᠮᠠᠭᠠᠯᠠᠯᠲᠠ ᠵᠡᠷᠭᠡ ᠴᠢᠬᠤᠯᠠ ᠶᠡᠭᠡ ᠢᠨᠵᠧᠨᠧᠷᠢᠩ ᠢ ᠲᠦᠯᠬᠢᠨ ᠠᠬᠢᠭᠤᠯᠵᠤ᠂ ᠬᠠᠲᠤᠨ ᠭᠤᠣᠯ | ᠳᠠᠭᠠᠤ ᠶᠢᠨ ᠠᠮᠢ ᠠᠬᠤᠢ ᠶᠢᠨ ᠭᠤᠳᠤᠮ ᠤᠨ ᠪᠦᠲᠦᠭᠡᠨ ᠪᠠᠶᠢᠭᠤᠯᠤᠯᠲᠠ ᠳᠤ ᠢᠳᠡᠪᠬᠢᠲᠡᠢ ᠣᠷᠣᠯᠴᠠᠨ᠎ᠠ᠂ 484 ᠲᠦᠮᠡᠨ ᠮᠦ ᠬᠤᠵᠢᠷᠯᠢᠭ ᠭᠠᠵᠠᠷ ᠢ ᠵᠠᠰᠠᠬᠤ | ᠠᠵᠢᠯ ᠢ ᠦᠨᠳᠦᠰᠦᠨ ᠳᠡᠭᠡᠨ ᠪᠡᠶᠡᠯᠡᠭᠦᠯᠵᠦ᠂ ᠠᠮᠢ ᠠᠬᠤᠢ ᠶᠢᠨ ᠰᠢᠰᠲ᠋ᠧᠮ ᠤᠨ ᠶᠠᠰᠤ ᠴᠢᠨᠠᠷ ᠪᠠ ᠲᠣᠭᠲᠠᠪᠤᠷᠢᠲᠤ ᠴᠢᠨᠠᠷ ᠢ ᠪᠦᠬᠦ ᠲᠠᠯ᠎ᠠ ᠪᠠᠷ ᠳᠡᠭᠡᠭᠰᠢᠯᠡᠭᠦᠯᠦᠨ᠎ᠡ᠂ | ᠪᠣᠷᠣᠲᠣᠬᠤᠢ ᠣᠷᠣᠨ ᠤ ᠣᠢ ᠰᠢᠭᠤᠢ ᠶᠢᠨ ᠪᠦᠷᠬᠦᠴᠡ ᠶᠢᠨ ᠨᠣᠷᠮ᠎ᠠ ᠶᠢ ᠳᠡᠭᠡᠭᠰᠢᠯᠡᠭᠦᠯᠦᠭᠡᠳ 21.5% ᠳᠤ ᠬᠦᠷᠭᠡᠵᠦ᠂ ᠨᠤᠲᠤᠭ ᠪᠡᠯᠴᠢᠭᠡᠷ ᠤᠨ ᠤᠷᠭᠤᠮᠠᠯ ᠤᠨ | ᠪᠦᠷᠬᠦᠴᠡ ᠶᠢ 25% ᠳᠤ ᠬᠦᠷᠭᠡᠨ᠎ᠡ᠃ ᠡᠨᠧᠷᠭᠢ ᠪᠠ ᠤᠰᠤᠨ ᠤ ᠡᠬᠢ ᠪᠠᠶᠠᠯᠢᠭ ᠤᠨ ᠵᠠᠷᠤᠴᠠᠭᠤᠯᠭ᠎ᠠ᠂ ᠪᠠᠷᠢᠯᠭ᠎ᠠ ᠳᠤ ᠬᠡᠷᠡᠭᠯᠡᠬᠦ ᠭᠠᠵᠠᠷ ᠰᠢᠷᠣᠢ ᠵᠡᠷᠭᠡ ᠶᠢᠨ | ᠶᠡᠷᠦᠩᠬᠡᠢ ᠬᠡᠮᠵᠢᠶ᠎ᠡ ᠪᠠ ᠬᠦᠴᠦᠯᠡᠴᠡ ᠶᠢ ᠵᠡᠷᠭᠡ ᠪᠠᠷ ᠡᠵᠡᠮᠳᠡᠬᠦ ᠠᠵᠢᠯᠯᠠᠭ᠎ᠠ ᠶᠢ ᠴᠢᠩᠭ᠎ᠠ ᠬᠡᠷᠡᠭᠵᠢᠭᠦᠯᠵᠦ᠂ ᠡᠨᠧᠷᠭᠢ ᠶᠢ ᠠᠷᠪᠢᠯᠠᠨ ᠬᠤᠷᠣᠭᠳᠠᠯ ᠢ ᠪᠠᠭᠠᠰᠬᠠᠬᠤ | ᠬᠠᠷᠠᠯᠲᠠ ᠶᠢᠨ ᠬᠠᠷᠢᠭᠤᠴᠠᠯᠭ᠎ᠠ ᠶᠢᠨ ᠳᠦᠷᠢᠮ ᠢ ᠬᠢᠨᠠᠮᠠᠭᠠᠢ ᠨᠠᠶᠢᠳᠠᠪᠤᠷᠢᠵᠢᠭᠤᠯᠵᠤ᠂ ᠡᠯ᠎ᠡ ᠲᠥᠷᠥᠯ ᠤᠨ ᠡᠬᠢ ᠪᠠᠶᠠᠯᠢᠭ ᠢ ᠠᠷᠪᠢᠯᠠᠨ ᠥᠨᠳᠥᠷ ᠪᠦᠲᠦᠮᠵᠢᠲᠡᠢ ᠪᠠᠷ | ᠠᠰᠢᠭᠯᠠᠬᠤ ᠶᠢ ᠠᠬᠢᠭᠤᠯᠤᠨ᠎ᠠ᠃ ᠠᠷᠪᠢᠴᠢ ᠭᠠᠮᠲᠠᠢ᠂ ᠪᠣᠬᠢᠷᠲᠤᠯ ᠦᠭᠡᠢ ᠳᠣᠣᠷ᠎ᠠ ᠨᠡᠭᠦᠷᠡᠰᠦᠲᠥ᠋ᠷᠥᠭᠴᠢᠲᠦ ᠠᠮᠢᠳᠤᠷᠠᠯ ᠤᠨ ᠠᠷᠭ᠎ᠠ ᠬᠡᠯᠪᠡᠷᠢ ᠶᠢ ᠰᠠᠨᠠᠭᠠᠴᠢᠯᠠᠵᠤ᠂ | ᠠᠷᠪᠢᠴᠢ ᠭᠠᠮᠲᠠᠢ ᠠᠯᠪᠠᠨ ᠪᠠᠶᠢᠭᠤᠯᠭ᠎ᠠ᠂ ᠪᠣᠬᠢᠷᠲᠤᠯ ᠦᠭᠡᠢ ᠭᠡᠷ ᠪᠦᠯᠢ᠂ ᠪᠣᠬᠢᠷᠲᠤᠯ ᠦᠭᠡᠢ ᠰᠤᠷᠭᠠᠭᠤᠯᠢ᠂ ᠪᠣᠬᠢᠷᠲᠤᠯ ᠦᠭᠡᠢ ᠨᠡᠶᠢᠭᠡᠮ ᠲᠣᠭᠤᠷᠢᠭ ᠢ ᠡᠭᠦᠳᠦᠨ | ᠪᠠᠶᠢᠭᠤᠯᠬᠤ ᠪᠠ ᠪᠣᠬᠢᠷᠲᠤᠯ ᠦᠭᠡᠢ ᠠᠶᠠᠯᠠᠯ ᠵᠡᠷᠭᠡ ᠠᠵᠢᠯᠯᠠᠭ᠎ᠠ ᠶᠢ ᠥᠷᠨᠢᠭᠦᠯᠦᠨ᠎ᠡ᠃ | ︵ᠭᠤᠷᠪᠠ︶ ᠥᠭᠡᠷᠡᠴᠢᠯᠡᠯᠲᠡ ᠶᠢ ᠠᠳᠬᠤᠵᠤ᠂ ᠴᠢᠯᠥᠭᠡᠲᠡᠢ ᠶᠠᠪᠤᠯᠴᠠᠬᠤ ᠶᠢ ᠥᠷᠭᠡᠳᠬᠡᠬᠦ ᠶᠢ ᠪᠠᠷᠢᠮᠲᠠᠯᠠᠵᠤ᠂ ᠬᠥᠭᠵᠢᠯᠲᠡ ᠶᠢᠨ ᠰᠢᠨ᠎ᠡ ᠬᠥᠳᠡᠯᠭᠡᠬᠦ ᠬᠦᠴᠦᠨ ᠢ | ᠢᠳᠡᠪᠬᠢᠲᠡᠢ ᠪᠣᠶᠢᠵᠢᠭᠤᠯᠤᠨ᠎ᠠ᠃ ᠥᠭᠡᠷᠡᠴᠢᠯᠡᠯᠲᠡ ᠬᠢᠵᠦ ᠴᠢᠯᠥᠭᠡᠲᠡᠢ ᠶᠠᠪᠤᠯᠴᠠᠬᠤ ᠪᠣᠯ ᠥᠩᠭᠡᠷᠡᠭᠰᠡᠨ 40 ᠵᠢᠯ ᠳᠠᠬᠢ ᠪᠢᠳᠡᠨ ᠤ ᠬᠥᠭᠵᠢᠯᠲᠡ ᠶᠢᠨ ᠬᠠᠮᠤᠭ | ᠴᠢᠩᠭ᠎ᠠ ᠳᠠᠭᠤᠨ ᠮᠥᠨ᠂ ᠪᠠᠰᠠ ᠴᠤ ᠬᠤᠶᠢᠰᠢᠳᠠ ᠶᠢᠨ ᠪᠣᠬᠢᠷᠲᠤᠯ ᠦᠭᠡᠢ ᠪᠠᠷ ᠬᠥᠭᠵᠢᠨ ᠮᠠᠨᠳᠤᠬᠤ ᠶᠢᠨ ᠬᠥᠳᠡᠯᠭᠡᠬᠦ ᠬᠦᠴᠦᠨ ᠤ ᠰᠤᠷᠪᠤᠯᠵᠢ ᠮᠥᠨ᠃ ᠪᠢᠳᠡ | ᠵᠠᠪᠠᠯ ᠨᠡᠩ ᠪᠠᠲᠤ ᠵᠣᠷᠢᠭ ᠰᠢᠢᠳ ᠢᠶᠠᠷ ᠥᠭᠡᠷᠡᠴᠢᠯᠡᠯᠲᠡ ᠶᠢ ᠭᠦᠢᠴᠡᠳ ᠬᠢᠵᠦ᠂ ᠨᠡᠩ ᠥᠷᠭᠡᠨ ᠬᠠᠷᠠᠴᠠ ᠪᠠ ᠪᠠᠶᠢᠳᠠᠯ ᠢᠶᠠᠷ ᠭᠠᠳᠠᠭᠠᠳᠤ ᠲᠠᠢ ᠴᠢᠯᠥᠭᠡᠲᠡᠢ | ᠶᠠᠪᠤᠯᠴᠠᠬᠤ ᠶᠢ ᠪᠦᠬᠦ ᠲᠠᠯ᠎ᠠ ᠪᠠᠷ ᠥᠷᠭᠡᠳᠬᠡᠨ᠎ᠡ᠃ ᠠᠵᠤ ᠠᠬᠤᠢ ᠶᠢᠨ ᠪᠠᠶᠢᠭᠤᠯᠤᠮᠵᠢ ᠶᠢᠨ ᠥᠭᠡᠷᠡᠴᠢᠯᠡᠯᠲᠡ ᠪᠠᠷ ᠭᠤᠣᠯᠳᠠᠯᠭ᠎ᠠ ᠪᠣᠯᠭᠠᠵᠤ᠂ ᠭᠤᠣᠯᠳᠠᠯᠭ᠎ᠠ ᠲᠠᠢ | ᠬᠦᠷᠢᠶ᠎ᠡ ᠴᠠᠷᠠᠭ᠎ᠠ ᠪᠠ ᠵᠠᠩᠭᠢᠯᠠᠭ᠎ᠠ ᠶᠢᠨ ᠭᠤᠭᠴᠤᠭ᠎ᠠ ᠶᠢᠨ ᠥᠭᠡᠷᠡᠴᠢᠯᠡᠯᠲᠡ ᠶᠢ ᠲᠠᠰᠤᠷᠠᠯᠲᠠ ᠦᠭᠡᠢ ᠭᠦᠨᠵᠡᠭᠡᠶᠢᠷᠡᠭᠦᠯᠵᠦ᠂ ᠠᠯᠳᠠᠷ ᠨᠡᠷ᠎ᠡ ᠲᠠᠢ᠂ ᠪᠠᠲᠤ | ᠰᠠᠭᠤᠷᠢ ᠲᠠᠢ᠂ ᠣᠯᠠᠨ ᠲᠦᠮᠡᠨ ᠵᠥᠪᠰᠢᠶᠡᠷᠡᠳᠡᠭ ᠴᠢᠩᠭ᠎ᠠ ᠪᠣᠳᠠᠲᠠᠢ ᠠᠷᠭ᠎ᠠ ᠨᠤᠭᠤᠳ ᠢ ᠭᠠᠷᠭᠠᠵᠤ᠂ ᠴᠠᠭ ᠤᠨ ᠪᠠᠶᠢᠳᠠᠯ ᠳᠤ ᠨᠡᠶᠢᠴᠡᠬᠦ ᠦᠭᠡᠢ ᠪᠠᠶᠢᠭᠤᠯᠤᠮᠵᠢ | ᠲᠣᠭᠲᠠᠴᠠ ᠶᠢᠨ ᠭᠡᠮ ᠰᠣᠭᠤᠭ ᠢ ᠡᠷᠡᠰ ᠲᠠᠶᠠᠭᠳᠠᠵᠤ᠂ ᠥᠭᠡᠷᠡᠴᠢᠯᠡᠯᠲᠡ ᠶᠢ ᠪᠦᠬᠦ ᠲᠠᠯ᠎ᠠ ᠪᠠᠷ ᠭᠦᠨᠵᠡᠭᠡᠶᠢᠷᠡᠭᠦᠯᠬᠦ ᠪᠣᠭᠤᠮᠲᠠ ᠰᠢᠪᠲᠤᠯᠬᠤ ᠳᠠᠶᠢᠯᠠᠯᠳᠤᠭᠠᠨ ᠢ | ᠰᠠᠶᠢᠲᠤᠷ ᠬᠢᠨ᠎ᠡ᠃ ︽ᠨᠢᠭᠡ ᠪᠦᠰᠡ ᠨᠢᠭᠡ ᠵᠠᠮ︾ ︽ᠳᠤᠮᠳᠠᠳᠤ ᠮᠣᠩᠭᠤᠯ ᠣᠷᠣᠰ ᠤᠨ ᠠᠵᠤ ᠠᠬᠤᠢ ᠶᠢᠨ ᠭᠤᠳᠤᠮ︾ ᠤᠨ ᠪᠦᠲᠦᠭᠡᠨ ᠪᠠᠶᠢᠭᠤᠯᠤᠯᠲᠠ ᠳᠤ | ᠰᠠᠨᠠᠭᠠᠴᠢᠯᠠᠭ᠎ᠠ ᠠᠴᠠ ᠪᠠᠨ ᠠᠭᠤᠰᠤᠨ ᠣᠷᠣᠵᠤ᠂ ᠪᠡᠭᠡᠵᠢᠩ ᠲᠢᠶᠠᠨᠵᠢᠨ ᠾᠧᠪᠧᠢ᠂ ᠬᠥᠬᠡᠮᠥ᠋ᠷᠡᠨ ᠤ ᠭᠤᠷᠪᠠᠯᠵᠢᠨ ᠬᠤᠶᠢᠭ᠂ ᠵᠦᠵᠢᠶᠠᠩ ᠮᠥᠷᠡᠨ ᠤ ᠭᠤᠷᠪᠠᠯᠵᠢᠨ | ᠬᠤᠶᠢᠭ ᠵᠡᠷᠭᠡ ᠭᠠᠵᠠᠷ ᠣᠷᠣᠨ ᠯᠤᠭ᠎ᠠ ᠶᠢᠨ ᠬᠠᠮᠵᠢᠯᠴᠠᠭ᠎ᠠ ᠪᠠᠨ ᠴᠢᠩᠭᠠᠳᠬᠠᠵᠤ᠂ ᠬᠥᠬᠡᠬᠤᠲᠠ ᠪᠤᠭᠤᠲᠤ ᠢᠷᠭᠠᠢ ᠲᠡᠮᠡᠭᠡᠲᠦ ᠶᠢᠨ ᠠᠵᠤ ᠠᠬᠤᠢ ᠶᠢᠨ ᠣᠷᠣᠨ ᠳᠤ | ᠭᠦᠨᠵᠡᠭᠡᠢ ᠠᠭᠤᠰᠤᠨ ᠣᠷᠣᠨ᠎ᠠ᠃ ᠬᠢᠯᠢ ᠶᠢᠨ ᠪᠣᠭᠤᠮᠲᠠ ᠶᠢᠨ ᠠᠵᠤ ᠠᠬᠤᠢ ᠶᠢ ᠬᠦᠴᠦᠲᠡᠢ ᠬᠥᠭᠵᠢᠭᠦᠯᠵᠦ᠂ ᠬᠢᠯᠢ ᠶᠢᠨ ᠪᠣᠭᠤᠮᠲᠠ ᠶᠢᠨ ᠴᠢᠳᠠᠪᠬᠢᠲᠤ ᠲᠣᠭᠤᠷᠢᠭ᠂ | ᠬᠢᠯᠢ ᠶᠢᠨ ᠪᠣᠭᠤᠮᠲᠠ ᠶᠢᠨ ᠡᠳ᠋ᠰᠢᠭᠦᠯᠬᠦ ᠲᠣᠭᠤᠷᠢᠭ᠂ B ᠬᠡᠯᠪᠡᠷᠢ ᠶᠢᠨ ᠭᠠᠶᠢᠯᠢ ᠶᠢ ᠪᠠᠲᠤᠯᠠᠬᠤ ᠪᠠᠷᠠᠭᠠᠨ ᠤ ᠭᠦᠢᠯᠭᠡᠭᠡᠨ ᠤ ᠲᠥᠪ ᠬᠤᠯᠪᠣᠭᠠᠯᠠᠨ ᠬᠥᠭᠵᠢᠬᠦ ᠶᠢ | ᠠᠬᠢᠭᠤᠯᠤᠨ᠎ᠠ᠂ ᠤᠯᠤᠰ ᠤᠨ ᠳᠡᠰ ᠤᠨ ᠭᠤᠣᠯᠳᠠᠯᠭ᠎ᠠ ᠲᠠᠢ ᠨᠡᠭᠡᠭᠡᠯᠲᠡ ᠬᠢᠵᠦ ᠴᠢᠯᠥᠭᠡᠲᠡᠢ ᠶᠠᠪᠤᠯᠴᠠᠬᠤ ᠲᠤᠷᠰᠢᠯᠲᠠ ᠶᠢᠨ ᠲᠣᠭᠤᠷᠢᠭ ᠪᠠ ᠳᠤᠮᠳᠠᠳᠤ ᠮᠣᠩᠭᠤᠯ ᠤᠨ | ᠬᠢᠯᠢ ᠠᠯᠤᠰᠯᠠᠭᠰᠠᠨ ᠠᠭᠤᠷᠬᠠᠢ ᠡᠨᠧᠷᠭᠢ ᠶᠢᠨ ᠬᠠᠮᠵᠢᠯᠴᠠᠬᠤ ᠲᠤᠷᠰᠢᠯᠲᠠ ᠶᠢᠨ ᠲᠣᠭᠤᠷᠢᠭ ᠢ ᠢᠳᠡᠪᠬᠢᠲᠡᠢ ᠲᠡᠮᠡᠴᠡᠨ ᠣᠯᠵᠤ ᠪᠦᠲᠦᠭᠡᠨ ᠪᠠᠶᠢᠭᠤᠯᠤᠨ᠎ᠠ᠃ | ᠬᠢᠯᠢ ᠶᠢᠨ ᠪᠣᠭᠤᠮᠲᠠ ᠶᠢᠨ ᠬᠠᠮᠢᠶᠠᠷᠤᠯᠲᠠ ᠶᠢᠨ ᠪᠠᠶᠢᠭᠤᠯᠤᠯ ᠢ ᠵᠦᠭᠰᠢᠷᠡᠭᠦᠯᠵᠦ᠂ ᠬᠢᠯᠢ ᠶᠢᠨ ᠪᠣᠭᠤᠮᠲᠠ ᠶᠢᠨ ᠲᠥᠯᠥᠪᠵᠢᠭᠦᠯᠭᠡ ᠪᠦᠲᠦᠭᠡᠨ ᠪᠠᠶᠢᠭᠤᠯᠤᠯᠲᠠ | ᠬᠠᠮᠢᠶᠠᠷᠤᠯᠲᠠ ᠶᠢ ᠴᠢᠩᠭᠠᠳᠬᠠᠵᠤ᠂ ᠬᠢᠯᠢ ᠬᠢᠵᠠᠭᠠᠷ ᠤᠨ ᠬᠢᠯᠢ ᠶᠢᠨ ᠪᠣᠭᠤᠮᠲᠠ ᠶᠢᠨ ᠣᠨᠴᠠᠯᠢᠭᠲᠤ ᠬᠤᠲᠠ ᠪᠠᠯᠭᠠᠰᠤ ᠶᠢ ᠬᠦᠴᠦᠲᠡᠢ ᠴᠣᠭᠴᠠᠯᠠᠨ᠎ᠠ᠃ ᠬᠢᠯᠢ ᠶᠢᠨ | ᠪᠣᠭᠤᠮᠲᠠ ᠶᠢᠨ ᠣᠷᠣᠭᠤᠯᠵᠤ ᠭᠠᠷᠭᠠᠬᠤ ᠠᠷᠠᠯᠵᠢᠶ᠎ᠠ᠂ ᠬᠥᠮᠥᠷᠭᠡ ᠪᠠᠷᠠᠭᠠᠨ ᠤ ᠭᠦᠢᠯᠭᠡᠭᠡ᠂ ᠬᠢᠯᠢ ᠰᠤᠨᠳᠠᠯᠠᠭᠰᠠᠨ ᠵᠤᠭᠠᠴᠠᠯ᠂ ᠬᠢᠯᠢ ᠰᠤᠨᠳᠠᠯᠠᠭᠰᠠᠨ ᠡᠯᠧᠺᠲᠷᠣᠨ | ᠬᠤᠳᠠᠯᠳᠤᠭ᠎ᠠ ᠵᠡᠷᠭᠡ ᠠᠵᠤ ᠦᠢᠯᠡᠰ ᠢ ᠪᠣᠶᠢᠵᠢᠭᠤᠯᠤᠨ ᠬᠦᠴᠦᠷᠬᠡᠭᠵᠢᠭᠦᠯᠵᠦ᠂ ᠢᠷᠡᠭᠡᠳᠦᠢ ᠶᠢᠨ 3 ᠵᠢᠯ ᠳᠤ ᠬᠢᠯᠢ ᠶᠢᠨ ᠪᠣᠭᠤᠮᠲᠠ ᠶᠢᠨ ᠵᠢᠯ ᠤᠨ ᠪᠠᠷᠠᠭ᠎ᠠ | ᠥᠩᠭᠡᠷᠡᠭᠡᠬᠦ ᠬᠡᠮᠵᠢᠶ᠎ᠡ ᠶᠢ 5000 ᠲᠦᠮᠡᠨ ᠲᠣᠨ ᠢ ᠳᠠᠪᠠᠭᠤᠯᠬᠤ ᠪᠠᠷ ᠴᠢᠷᠮᠠᠶᠢᠨ᠎ᠠ᠂ ᠡᠬᠢ ᠪᠠᠶᠠᠯᠢᠭ ᠢ ᠲᠤᠰ ᠭᠠᠵᠠᠷ ᠲᠤᠨᠢ ᠨᠠᠷᠢᠯᠢᠭ ᠭᠦᠨᠵᠡᠭᠡᠢ ᠡᠳ᠋ᠰᠢᠭᠦᠯᠬᠦ | ᠴᠢᠳᠠᠪᠤᠷᠢ ᠪᠠᠨ ᠶᠡᠭᠡ ᠪᠠᠷ ᠳᠡᠭᠡᠭᠰᠢᠯᠡᠭᠦᠯᠵᠦ᠂ ᠬᠥᠮᠥᠨ ᠰᠣᠶᠣᠯ ᠤᠨ ᠰᠣᠯᠢᠯᠴᠠᠭ᠎ᠠ ᠶᠢ ᠤᠯᠠᠮ ᠨᠢᠭᠲᠠᠷᠠᠭᠤᠯᠵᠤ᠂ ᠭᠠᠭᠴᠠᠮᠣᠳᠣ ᠬᠢᠯᠢ ᠶᠢᠨ ᠪᠣᠭᠤᠮᠲᠠ ᠶᠢ | ᠥᠪᠡᠷᠲᠡᠭᠡᠨ ᠵᠠᠰᠠᠬᠤ ᠣᠷᠣᠨ ᠤ ᠰᠢᠨ᠎ᠡ ᠠᠵᠤ ᠠᠬᠤᠢ ᠶᠢᠨ ᠨᠡᠮᠡᠭᠳᠡᠯ ᠤᠨ ᠲᠤᠶᠢᠯ ᠪᠣᠯᠭᠠᠵᠤ᠂ ᠮᠣᠩᠭᠤᠯ ᠤᠯᠤᠰ ᠲᠠᠢ ᠴᠢᠯᠥᠭᠡᠲᠡᠢ ᠶᠠᠪᠤᠯᠴᠠᠬᠤ ᠲᠡᠷᠢᠭᠦᠨ | ᠪᠣᠭᠤᠮᠲᠠ ᠪᠣᠯᠭᠠᠨ᠎ᠠ᠃ | ︵ᠳᠥᠷᠪᠡ︶ ᠰᠠᠭᠤᠷᠢ ᠶᠢ ᠪᠠᠬᠢᠵᠢᠭᠦᠯᠦᠨ᠂ ᠶᠠᠰᠤ ᠴᠢᠨᠠᠷ ᠢ ᠳᠡᠭᠡᠭᠰᠢᠯᠡᠭᠦᠯᠬᠦ ᠶᠢ ᠪᠠᠷᠢᠮᠲᠠᠯᠠᠵᠤ᠂ ᠲᠤᠯᠭᠠᠭᠤᠷᠯᠠᠨ ᠪᠠᠲᠤᠯᠠᠬᠤ ᠴᠢᠳᠠᠪᠤᠷᠢ ᠶᠢ ᠴᠢᠩᠭᠠᠷᠠᠭᠤᠯᠤᠨ᠎ᠠ᠃ | ᠰᠠᠭᠤᠷᠢ ᠲᠥᠬᠦᠭᠡᠷᠦᠮᠵᠢ ᠬᠤᠴᠣᠷᠤᠩᠭᠤᠢ ᠪᠠᠶᠢᠬᠤ ᠪᠣᠯ ᠮᠠᠨ ᠤ ᠬᠤᠲᠠ ᠶᠢᠨ ᠪᠣᠬᠢᠷᠲᠤᠯ ᠦᠭᠡᠢ ᠬᠥᠭᠵᠢᠯᠲᠡ ᠶᠢᠨ ᠲᠣᠪᠣᠶᠢᠮ᠎ᠠ ᠳᠤᠲᠠᠭᠤᠳᠠᠯ ᠮᠥᠨ᠃ ᠪᠢᠳᠡ | ᠵᠣᠬᠢᠰᠲᠠᠢ ᠤᠷᠢᠲᠠᠮᠠᠯ ᠪᠠᠶᠢᠵᠤ᠂ ᠵᠣᠬᠢᠰᠲᠠᠢ ᠪᠠᠶᠢᠷᠢᠰᠢᠭᠤᠯᠵᠤ᠂ ᠲᠥᠬᠦᠭᠡᠷᠦᠮᠵᠢ ᠲᠡᠭᠦᠯᠳᠡᠷ᠂ ᠬᠥᠭᠵᠢᠯᠲᠡ ᠳᠤ ᠲᠣᠬᠢᠷᠠᠯᠴᠠᠬᠤ ᠵᠠᠷᠴᠢᠮ ᠶᠣᠰᠣᠭᠠᠷ᠂ ᠵᠠᠮ | ᠬᠠᠷᠢᠯᠴᠠᠭ᠎ᠠ᠂ ᠤᠰᠤᠨ ᠠᠰᠢᠭᠯᠠᠯᠲᠠ᠂ ᠴᠠᠬᠢᠯᠭᠠᠨ ᠬᠦᠴᠦᠨ᠂ ᠰᠤᠷᠠᠭ ᠵᠠᠩᠭᠢ᠂ ᠬᠤᠲᠠ ᠶᠢᠨ ᠶᠠᠪᠤᠳᠠᠯ᠂ ᠪᠠᠷᠠᠭᠠᠨ ᠤ ᠭᠦᠢᠯᠭᠡᠭᠡ ᠵᠡᠷᠭᠡ ᠴᠢᠬᠤᠯᠠ ᠶᠡᠭᠡ ᠰᠠᠭᠤᠷᠢ | ᠲᠥᠬᠦᠭᠡᠷᠦᠮᠵᠢ ᠶᠢ ᠲᠡᠭᠦᠯᠳᠡᠷᠵᠢᠭᠦᠯᠵᠦ᠂ ᠪᠣᠬᠢᠷᠲᠤᠯ ᠦᠭᠡᠢ ᠬᠥᠭᠵᠢᠯᠲᠡ ᠳᠤ ᠪᠠᠲᠤ ᠰᠠᠭᠤᠷᠢ ᠲᠠᠯᠪᠢᠨ᠎ᠠ᠃ ᠪᠤᠭᠤᠲᠤ ᠠᠴᠠ ᠢᠷᠭᠠᠢ ᠬᠦᠷᠬᠦ ᠲᠦᠷᠭᠡᠨ ᠤ ᠲᠡᠮᠦᠷ | ᠵᠠᠮ ᠪᠠ ᠤᠷᠠᠳ ᠤᠨ ᠡᠮᠦᠨᠡᠲᠦ ᠬᠤᠰᠢᠭᠤ᠂ ᠤᠷᠠᠳ ᠤᠨ ᠬᠤᠶᠢᠲᠤ ᠬᠤᠰᠢᠭᠤ᠂ ᠳ᠋ᠧᠩᠺᠧᠦ ᠰᠢᠶᠠᠨ ᠤ ᠨᠡᠶᠢᠲᠡ ᠶᠢᠨ ᠬᠡᠷᠡᠭᠯᠡᠭᠡᠨ ᠤ ᠨᠢᠰᠬᠡᠯ ᠤᠨ ᠪᠠᠭᠤᠳᠠᠯ ᠤᠨ | ᠪᠦᠲᠦᠭᠡᠨ ᠪᠠᠶᠢᠭᠤᠯᠤᠯᠲᠠ ᠶᠢ ᠠᠬᠢᠭᠤᠯᠵᠤ᠂ ᠪᠠᠶᠠᠨᠨᠠᠭᠤᠷ ᠨᠢᠰᠬᠡᠯ ᠤᠨ ᠪᠠᠭᠤᠳᠠᠯ ᠢ 4D ᠳᠡᠰ ᠤᠨ ᠨᠢᠰᠬᠡᠯ ᠤᠨ ᠪᠠᠭᠤᠳᠠᠯ ᠪᠣᠯᠭᠠᠨ ᠳᠡᠰ ᠳᠡᠪᠰᠢᠭᠦᠯᠬᠦ ᠪᠠᠷ | ᠴᠢᠷᠮᠠᠶᠢᠵᠤ᠂ ᠬᠤᠰᠢᠭᠤ ᠰᠢᠶᠠᠨ ᠲᠣᠭᠤᠷᠢᠭ ᠤᠨ ᠰᠠᠭᠤᠭ᠎ᠠ ᠭᠠᠵᠠᠷ᠂ ᠠᠵᠤ ᠦᠢᠯᠡᠳᠪᠦᠷᠢ ᠶᠢᠨ ᠬᠦᠷᠢᠶᠡᠯᠡᠩ ᠲᠣᠭᠤᠷᠢᠭ᠂ ᠬᠢᠯᠢ ᠶᠢᠨ ᠪᠣᠭᠤᠮᠲᠠ ᠳᠤ ᠥᠨᠳᠥᠷ | ᠳᠡᠰ ᠤᠨ ᠵᠠᠰᠠᠮᠠᠯ ᠵᠠᠮ ᠨᠡᠶᠢᠳᠡᠮ ᠨᠡᠪᠲᠡᠷᠡᠬᠦ ᠶᠢ ᠪᠡᠶᠡᠯᠡᠭᠦᠯᠵᠦ᠂ ᠣᠳᠣᠬᠢᠴᠢᠯᠠᠭᠰᠠᠨ ᠪᠣᠰᠤᠭᠠᠯᠵᠢᠨ ᠵᠠᠮ ᠲᠡᠭᠡᠭᠡᠪᠦᠷᠢ ᠶᠢᠨ ᠲᠣᠭᠲᠠᠯᠴᠠᠭ᠎ᠠ ᠶᠢ ᠲᠡᠭᠦᠯᠳᠡᠷᠵᠢᠭᠦᠯᠦᠨ᠎ᠡ᠃ | ᠤᠰᠤ ᠠᠷᠪᠢᠯᠠᠨ ᠤᠰᠤᠯᠠᠬᠤ᠂ ᠤᠤᠭᠤᠬᠤ ᠤᠰᠤᠨ ᠤ ᠠᠮᠤᠷ ᠲᠦᠪᠰᠢᠨ᠂ ᠦᠶᠡᠷ ᠢ ᠰᠡᠷᠭᠡᠶᠢᠯᠡᠨ ᠭᠠᠩ ᠲᠠᠢ ᠲᠡᠮᠡᠴᠡᠬᠦ ᠵᠡᠷᠭᠡ ᠤᠰᠤᠨ ᠠᠰᠢᠭᠯᠠᠯᠲᠠ ᠶᠢᠨ | ᠪᠠᠷᠢᠯᠭ᠎ᠠ ᠶᠢᠨ ᠪᠦᠲᠦᠭᠡᠨ ᠪᠠᠶᠢᠭᠤᠯᠤᠯᠲᠠ ᠶᠢ ᠴᠢᠩᠭᠠᠳᠬᠠᠵᠤ᠂ ᠤᠰᠤᠨ ᠤ ᠡᠬᠢ ᠰᠤᠷᠪᠤᠯᠵᠢ ᠶᠢᠨ ᠵᠣᠬᠢᠰᠲᠠᠢ ᠥᠨᠳᠥᠷ ᠪᠦᠲᠦᠮᠵᠢᠲᠡᠢ ᠲᠣᠬᠢᠷᠠᠭᠤᠯᠭ᠎ᠠ ᠶᠢ | ᠪᠡᠶᠡᠯᠡᠭᠦᠯᠦᠨ᠎ᠡ᠃ ᠬᠤᠲᠠ ᠬᠥᠳᠡᠭᠡ ᠶᠢᠨ ᠴᠠᠬᠢᠯᠭᠠᠨ ᠲᠣᠣᠷ ᠢ ᠳᠡᠰ ᠳᠡᠪᠰᠢᠭᠦᠯᠬᠦ ᠥᠭᠡᠷᠡᠴᠢᠯᠡᠯᠲᠡ ᠶᠢᠨ ᠲᠣᠬᠢᠶᠠᠯ ᠢ ᠰᠠᠶᠢᠲᠤᠷ ᠠᠳᠬᠤᠵᠤ᠂ ᠴᠠᠬᠢᠯᠭᠠᠨ | ᠬᠦᠴᠦᠨ ᠢ ᠭᠠᠳᠠᠭᠰᠢ ᠬᠦᠷᠭᠡᠬᠦ ᠨᠡᠪᠲᠡᠷᠡᠬᠦ ᠵᠠᠮ ᠤᠨ ᠪᠦᠲᠦᠭᠡᠨ ᠪᠠᠶᠢᠭᠤᠯᠤᠯᠲᠠ ᠶᠢ ᠠᠬᠢᠭᠤᠯᠵᠤ᠂ ᠰᠠᠯᠬᠢᠨ ᠪᠠ ᠨᠠᠷᠠᠨ ᠴᠠᠬᠢᠯᠭᠠᠨ ᠢ ᠭᠠᠳᠠᠭᠰᠢ ᠭᠠᠷᠭᠠᠬᠤ | ᠪᠣᠭᠤᠮᠢ ᠶᠢ ᠠᠯᠳᠠᠷᠠᠭᠠᠨᠠ᠃ ᠣᠶᠤᠲᠤ ᠪᠠᠶᠠᠨᠨᠠᠭᠤᠷ ᠤᠨ ᠪᠠᠶᠢᠭᠤᠯᠤᠯᠲᠠ ᠶᠢ ᠲᠦᠷᠭᠡᠳᠬᠡᠨ ᠠᠬᠢᠭᠤᠯᠵᠤ᠂ ᠬᠤᠲᠠ ᠬᠥᠳᠡᠭᠡ ᠶᠢ ᠪᠦᠷᠬᠦᠭᠰᠡᠨ᠂ ᠰᠠᠭᠠᠳ ᠦᠭᠡᠢ | ᠲᠦᠷᠭᠡᠨ᠂ ᠮᠡᠷᠭᠡᠵᠢᠯ ᠲᠡᠷᠢᠭᠦᠨ ᠤ ᠰᠤᠷᠠᠭ ᠵᠠᠩᠭᠢ ᠶᠢᠨ ᠰᠦᠯᠵᠢᠶ᠎ᠡ ᠶᠢ ᠪᠠᠶᠢᠭᠤᠯᠤᠨ᠎ᠠ᠃ ᠬᠥᠮᠥᠨ ᠢᠶᠠᠷ ᠭᠤᠣᠯ ᠪᠣᠯᠭᠠᠭᠰᠠᠨ ᠰᠢᠨ᠎ᠡ ᠬᠡᠯᠪᠡᠷᠢ ᠶᠢᠨ ᠬᠤᠲᠠ | ᠪᠠᠯᠭᠠᠰᠤᠵᠢᠯᠲᠠ ᠶᠢ ᠯᠠᠪᠳᠠᠭᠤᠨ ᠢᠶᠠᠷ ᠠᠬᠢᠭᠤᠯᠵᠤ᠂ ᠭᠤᠣᠯ ᠬᠤᠲᠠ ᠶᠢᠨ ᠲᠣᠭᠤᠷᠢᠭ ᠢ ᠲᠡᠷᠢᠭᠦᠨ ᠳᠤ ᠬᠥᠭᠵᠢᠭᠦᠯᠵᠦ᠂ ᠰᠢᠶᠠᠨ ᠤ ᠬᠤᠲᠠ ᠪᠠ ᠴᠤᠭᠯᠠᠭ᠎ᠠ | ᠪᠠᠯᠭᠠᠰᠤ ᠶᠢᠨ ᠪᠦᠲᠦᠭᠡᠨ ᠪᠠᠶᠢᠭᠤᠯᠤᠯᠲᠠ ᠶᠢ ᠳᠠᠶᠢᠴᠢᠯᠠᠬᠤ ᠶᠢ ᠪᠠᠷᠢᠮᠲᠠᠯᠠᠵᠤ᠂ ᠬᠤᠲᠠ ᠪᠠᠯᠭᠠᠰᠤ ᠶᠢᠨ ᠵᠠᠮ᠂ ᠬᠤᠭᠤᠯᠠᠢ ᠶᠢᠨ ᠲᠣᠣᠷ᠂ ᠤᠰᠤ ᠬᠠᠩᠭᠠᠵᠤ ᠤᠰᠤ | ᠵᠠᠯᠠᠬᠤ ᠵᠡᠷᠭᠡ ᠰᠠᠭᠤᠷᠢ ᠲᠥᠬᠦᠭᠡᠷᠦᠮᠵᠢ ᠶᠢ ᠲᠡᠭᠦᠯᠳᠡᠷᠵᠢᠭᠦᠯᠦᠨ᠎ᠡ᠂ ᠦᠨᠳᠦᠰᠦᠨ ᠣᠯᠠᠨ ᠨᠡᠶᠢᠲᠡ ᠶᠢᠨ ᠦᠢᠯᠡᠴᠢᠯᠡᠭᠡᠨ ᠤ ᠬᠠᠩᠭᠠᠯᠭ᠎ᠠ ᠶᠢ ᠥᠷᠭᠡᠳᠬᠡᠵᠦ᠂ ᠠᠵᠤ | ᠦᠢᠯᠡᠰ ᠤᠨ ᠲᠤᠯᠭᠠᠭᠤᠷᠯᠠᠯ ᠪᠠ ᠬᠥᠳᠡᠯᠮᠦᠷᠢ ᠬᠦᠴᠦᠨ ᠢ ᠰᠢᠩᠭᠡᠭᠡᠬᠦ ᠴᠢᠳᠠᠪᠤᠷᠢ ᠶᠢ ᠴᠢᠩᠭᠠᠷᠠᠭᠤᠯᠵᠤ᠂ ᠮᠠᠯ ᠲᠠᠷᠢᠶᠠᠯᠠᠩ ᠠᠴᠠ ᠰᠢᠯᠵᠢᠭᠰᠡᠨ ᠬᠥᠮᠥᠨ ᠠᠮᠠ | ᠬᠤᠲᠠ ᠶᠢᠨ ᠠᠷᠠᠳ ᠪᠣᠯᠬᠤ ᠶᠢ ᠲᠦᠷᠭᠡᠳᠬᠡᠵᠦ᠂ ᠬᠤᠲᠠ ᠪᠠᠯᠭᠠᠰᠤ ᠶᠢᠨ ᠣᠷᠣᠰᠢᠨ ᠰᠠᠭᠤᠷᠢᠰᠢᠬᠤ ᠳᠤ ᠲᠣᠬᠢᠷᠠᠮᠵᠢᠲᠠᠢ ᠪᠠᠶᠢᠬᠤ ᠬᠢᠷᠢ ᠲᠦᠪᠰᠢᠨ ᠢ | ᠳᠡᠭᠡᠭᠰᠢᠯᠡᠭᠦᠯᠦᠨ᠎ᠡ᠃ | ︵ᠲᠠᠪᠤ︶ ᠣᠯᠠᠨ ᠲᠦᠮᠡᠨ ᠢ ᠪᠠᠶᠠᠵᠢᠭᠤᠯᠬᠤ᠂ ᠪᠤᠶᠠᠨ ᠬᠡᠰᠢᠭ ᠢ ᠨᠡᠮᠡᠭᠳᠡᠭᠦᠯᠬᠦ ᠶᠢ ᠪᠠᠷᠢᠮᠲᠠᠯᠠᠵᠤ᠂ ᠠᠷᠠᠳ ᠤᠨ ᠠᠮᠢᠳᠤᠷᠠᠯ ᠢ ᠪᠠᠲᠤᠯᠠᠨ ᠰᠠᠶᠢᠵᠢᠷᠠᠭᠤᠯᠬᠤ ᠬᠢᠷᠢ | ᠲᠦᠪᠰᠢᠨ ᠢ ᠳᠡᠭᠡᠭᠰᠢᠯᠡᠭᠦᠯᠦᠨ᠎ᠡ᠃ ᠪᠠᠶᠠᠨᠨᠠᠭᠤᠷ ᠤᠨ ᠠᠷᠠᠳ ᠲᠦᠮᠡᠨ ᠤ ᠠᠮᠢᠳᠤᠷᠠᠯ ᠢ ᠤᠯᠠᠮ ᠰᠠᠶᠢᠵᠢᠷᠠᠭᠤᠯᠬᠤ ᠪᠣᠯ ᠵᠠᠰᠠᠭ ᠤᠨ ᠣᠷᠳᠣᠨ ᠤ ᠵᠠᠶᠢᠯᠠᠭᠤᠯᠵᠤ | ᠪᠣᠯᠤᠰᠢ ᠦᠭᠡᠢ ᠬᠠᠷᠢᠭᠤᠴᠠᠯᠭ᠎ᠠ ᠮᠥᠨ᠂ ᠪᠠᠰᠠ ᠴᠤ ᠬᠥᠭᠵᠢᠭᠦᠯᠬᠦ ᠦᠨᠳᠦᠰᠦᠨ ᠬᠠᠷᠠᠯᠲᠠ ᠮᠥᠨ᠃ ᠪᠢᠳᠡ ᠵᠠᠪᠠᠯ ᠠᠷᠠᠳ ᠲᠦᠮᠡᠨ ᠢᠶᠠᠷ ᠭᠤᠣᠯ ᠪᠣᠯᠭᠠᠭᠰᠠᠨ | ᠬᠥᠭᠵᠢᠭᠦᠯᠦᠯᠲᠡ ᠶᠢᠨ ᠰᠡᠳᠬᠢᠴᠡ ᠶᠢ ᠪᠠᠲᠤ ᠪᠤᠢ ᠪᠣᠯᠭᠠᠵᠤ᠂ ᠴᠢᠳᠠᠯ ᠢᠶᠠᠷ ᠢᠶᠠᠨ ᠴᠢᠷᠮᠠᠶᠢᠬᠤ ᠪᠥᠭᠡᠳ ᠬᠥᠨᠵᠢᠯᠡ ᠶᠢᠨ ᠬᠢᠷᠢ ᠪᠠᠷ ᠬᠥᠯ ᠢᠶᠠᠨ ᠵᠢᠭᠢᠵᠦ᠂ ᠨᠢᠭᠡ | ᠨᠢᠭᠡ ᠶᠠᠪᠤᠳᠠᠯ ᠢᠶᠠᠷ ᠬᠢᠵᠦ᠂ ᠵᠢᠯ ᠵᠢᠯ ᠢᠶᠠᠷ ᠦᠷᠭᠦᠯᠵᠢᠯᠡᠨ ᠬᠢᠵᠦ᠂ ᠠᠷᠠᠳ ᠣᠯᠠᠨ ᠤ ᠠᠮᠢᠳᠤᠷᠠᠯ ᠢ ᠵᠣᠯ ᠵᠢᠷᠭᠠᠯᠲᠠᠢ᠂ ᠨᠡᠶᠢᠭᠡᠮ ᠢ ᠡᠶ᠎ᠡ ᠵᠣᠬᠢᠴᠠᠯ ᠲᠠᠢ ᠠᠮᠤᠷ | ᠲᠣᠭᠲᠠᠭᠤᠨ ᠪᠠᠶᠢᠯᠭᠠᠨ᠎ᠠ᠃ ᠬᠤᠲᠠ ᠬᠥᠳᠡᠭᠡ ᠶᠢᠨ ᠰᠠᠭᠤᠭᠠᠯᠢ ᠠᠷᠠᠳ ᠤᠨ ᠣᠷᠣᠯᠭ᠎ᠠ ᠶᠢ ᠨᠡᠮᠡᠭᠳᠡᠭᠦᠯᠬᠦ ᠲᠥᠯᠥᠪᠯᠡᠭᠡ ᠶᠢ ᠬᠡᠷᠡᠭᠵᠢᠭᠦᠯᠵᠦ᠂ ᠰᠠᠭᠤᠭᠠᠯᠢ ᠠᠷᠠᠳ ᠤᠨ | ᠣᠷᠣᠯᠭ᠎ᠠ ᠶᠢᠨ ᠨᠡᠮᠡᠭᠳᠡᠯ ᠠᠵᠤ ᠠᠬᠤᠢ ᠶᠢᠨ ᠨᠡᠮᠡᠭᠳᠡᠯ ᠠᠴᠠ ᠬᠤᠷᠳᠤᠨ ᠪᠠᠶᠢᠬᠤ ᠶᠢ ᠪᠡᠶᠡᠯᠡᠭᠦᠯᠦᠨ᠎ᠡ᠃ ᠠᠵᠢᠯ ᠣᠯᠭᠤᠯᠲᠠ ᠶᠢ ᠲᠡᠷᠢᠭᠦᠨ ᠳᠤ ᠲᠠᠯᠪᠢᠬᠤ ᠪᠠᠶᠢᠯᠳᠤᠬᠤ | ᠪᠣᠳᠣᠯᠭ᠎ᠠ ᠪᠠ ᠢᠳᠡᠪᠬᠢᠲᠡᠢ ᠠᠵᠢᠯ ᠣᠯᠭᠤᠯᠲᠠ ᠶᠢᠨ ᠲᠥᠷᠥ ᠶᠢᠨ ᠪᠣᠳᠣᠯᠭ᠎ᠠ ᠶᠢ ᠪᠠᠷᠢᠮᠲᠠᠯᠠᠵᠤ᠂ ᠨᠡᠶᠢᠭᠡᠮ ᠤᠨ ᠪᠠᠲᠤᠯᠠᠪᠤᠷᠢ ᠶᠢᠨ ᠲᠣᠭᠲᠠᠯᠴᠠᠭ᠎ᠠ ᠶᠢᠨ | ᠪᠠᠶᠢᠭᠤᠯᠤᠯᠲᠠ ᠶᠢ ᠴᠢᠩᠭᠠᠳᠬᠠᠵᠤ᠂ ᠠᠷᠠᠳ ᠤᠨ ᠠᠮᠢᠳᠤᠷᠠᠯ ᠤᠨ ᠪᠠᠲᠤᠯᠠᠭ᠎ᠠ ᠶᠢᠨ ᠲᠣᠣᠷ ᠢ ᠨᠢᠭᠲᠠ ᠰᠦᠯᠵᠢᠨ᠎ᠡ᠃ ᠰᠤᠷᠭᠠᠨ ᠬᠥᠮᠥᠵᠢᠯ ᠤᠨ ᠦᠢᠯᠡᠰ ᠢ ᠡᠩ | ᠲᠡᠷᠢᠭᠦᠨ ᠳᠤ ᠬᠥᠭᠵᠢᠭᠦᠯᠵᠦ᠂ ᠡᠯ᠎ᠡ ᠱᠠᠲᠤᠨ ᠤ ᠡᠯ᠎ᠡ ᠲᠥᠷᠥᠯ ᠤᠨ ᠰᠤᠷᠭᠠᠨ ᠬᠥᠮᠥᠵᠢᠯ ᠢ ᠰᠠᠶᠢᠲᠤᠷ ᠡᠷᠬᠢᠯᠡᠵᠦ᠂ ᠬᠡᠦᠬᠡᠳ ᠪᠣᠯᠭᠠᠨ ᠳᠤ ᠡᠷᠬᠡ ᠲᠡᠭᠰᠢ ᠴᠢᠨᠠᠷ | ᠰᠠᠶᠢᠲᠠᠢ ᠰᠤᠷᠭᠠᠨ ᠬᠥᠮᠥᠵᠢᠯ ᠡᠳ᠋ᠯᠡᠭᠦᠯᠬᠦ ᠪᠠᠷ ᠴᠢᠷᠮᠠᠶᠢᠨ᠎ᠠ᠃ ᠡᠮᠡᠭᠲᠡᠶᠢᠴᠦᠳ ᠬᠡᠦᠬᠡᠳ ᠤᠨ ᠬᠠᠤᠯᠢ ᠶᠣᠰᠣᠨ ᠤ ᠡᠷᠬᠡ ᠠᠰᠢᠭ ᠢ ᠦᠨᠡᠨ ᠬᠦ ᠪᠠᠲᠤᠯᠠᠵᠤ᠂ ᠡᠷᠡᠭᠦᠯ | ᠡᠩᠬᠡ ᠪᠠᠶᠠᠨᠨᠠᠭᠤᠷ ᠢ ᠲᠦᠷᠭᠡᠳᠬᠡᠨ ᠪᠠᠶᠢᠭᠤᠯᠵᠤ᠂ ᠡᠮ ᠡᠮᠨᠡᠯᠭᠡ ᠡᠷᠡᠭᠦᠯ ᠬᠠᠮᠠᠭᠠᠯᠠᠯ ᠤᠨ ᠦᠢᠯᠡᠴᠢᠯᠡᠭᠡᠨ ᠤ ᠲᠣᠭᠲᠠᠯᠴᠠᠭ᠎ᠠ ᠶᠢ ᠪᠦᠷᠢᠨᠰᠢᠭᠦᠯᠵᠦ᠂ ᠣᠯᠠᠨ | ᠲᠦᠮᠡᠨ ᠳᠤ ᠪᠦᠬᠦ ᠲᠠᠯ᠎ᠠ ᠶᠢᠨ ᠪᠦᠷᠢᠨ ᠭᠦᠢᠴᠡᠳ ᠡᠷᠡᠭᠦᠯ ᠮᠡᠨᠳᠦ ᠶᠢᠨ ᠦᠢᠯᠡᠴᠢᠯᠡᠭᠡᠨ ᠬᠠᠩᠭᠠᠨ᠎ᠠ᠃ ᠣᠯᠠᠨ ᠨᠡᠶᠢᠲᠡ ᠶᠢᠨ ᠰᠣᠶᠣᠯ ᠤᠨ ᠦᠢᠯᠡᠴᠢᠯᠡᠭᠡᠨ ᠤ | ᠲᠣᠭᠲᠠᠯᠴᠠᠭ᠎ᠠ ᠶᠢ ᠲᠡᠭᠦᠯᠳᠡᠷᠵᠢᠭᠦᠯᠵᠦ᠂ ᠰᠣᠶᠣᠯ ᠤᠨ ᠦᠢᠯᠡᠰ ᠪᠠ ᠰᠣᠶᠣᠯ ᠤᠨ ᠠᠵᠤ ᠦᠢᠯᠡᠰ ᠢ ᠬᠦᠴᠦᠲᠡᠢ ᠬᠥᠭᠵᠢᠭᠦᠯᠦᠨ᠎ᠡ᠂ ᠰᠣᠶᠣᠯ ᠪᠡᠶ᠎ᠡ ᠶᠢᠨ ᠲᠠᠮᠢᠷ | ᠵᠤᠭᠠᠴᠠᠯ ᠤᠨ ᠠᠭᠤᠰᠤᠯᠴᠠᠨ ᠬᠥᠭᠵᠢᠬᠦ ᠶᠢ ᠠᠬᠢᠭᠤᠯᠵᠤ᠂ ᠤᠯᠠᠭᠠᠨᠮᠥ᠋ᠴᠢᠷ ᠤᠨ ᠡᠩᠨᠡᠭᠡᠨ ᠤ ᠪᠠᠶᠢᠭᠤᠯᠤᠯᠲᠠ ᠶᠢ ᠴᠢᠩᠭᠠᠳᠬᠠᠵᠤ᠂ ᠠᠷᠠᠳ ᠲᠦᠮᠡᠨ ᠲᠠᠢ | ᠣᠶᠢᠷᠠᠲᠤᠭᠰᠠᠨ᠂ ᠳᠡᠯᠭᠡᠷᠡᠵᠦ ᠳᠡᠶᠢᠯᠬᠦ᠂ ᠦᠯᠡᠳᠡᠵᠦ ᠳᠡᠶᠢᠯᠬᠦ ᠰᠢᠯᠢᠳᠡᠭ ᠪᠦᠲᠦᠭᠡᠯ ᠢ ᠨᠢᠭᠡ ᠪᠦᠯᠦᠭ ᠡᠭᠦᠳᠦᠨ ᠪᠦᠲᠦᠭᠡᠨ᠎ᠡ᠃ ᠣᠯᠠᠨ ᠲᠦᠮᠡᠨᠴᠢ ᠪᠦᠯᠬᠦᠮ ᠤᠨ | ᠵᠣᠬᠢᠶᠠᠨ ᠪᠠᠶᠢᠭᠤᠯᠤᠯᠲᠠ ᠶᠢᠨ ᠦᠢᠯᠡᠳᠦᠯ ᠢ ᠭᠦᠢᠴᠡᠳ ᠪᠠᠳᠠᠷᠠᠭᠤᠯᠵᠤ᠂ ᠣᠯᠠᠨ ᠲᠦᠮᠡᠨᠴᠢ ᠣᠶᠤᠨ ᠤ ᠪᠣᠯᠪᠠᠰᠤᠨ ᠤ ᠡᠭᠦᠳᠦᠨ ᠪᠠᠶᠢᠭᠤᠯᠬᠤ ᠠᠵᠢᠯᠯᠠᠭ᠎ᠠ ᠶᠢ | ᠥᠷᠨᠢᠭᠦᠯᠦᠨ᠎ᠡ᠃ ᠬᠠᠤᠯᠢ ᠪᠠᠷ ᠬᠤᠲᠠ ᠪᠠᠨ ᠵᠠᠰᠠᠬᠤ ᠶᠢ ᠭᠦᠨᠵᠡᠭᠡᠢ ᠲᠦᠯᠬᠢᠨ ᠠᠬᠢᠭᠤᠯᠵᠤ᠂ ᠠᠮᠤᠷ ᠠᠮᠤᠭᠤᠯᠠᠩ ᠪᠠᠶᠠᠨᠨᠠᠭᠤᠷ ᠤᠨ ᠪᠦᠲᠦᠭᠡᠨ ᠪᠠᠶᠢᠭᠤᠯᠤᠯᠲᠠ ᠶᠢ | ᠭᠦᠨᠵᠡᠭᠡᠶᠢᠷᠡᠭᠦᠯᠵᠦ᠂ ᠨᠠᠮ ᠤᠨ ᠦᠨᠳᠦᠰᠦᠲᠡᠨ ᠪᠠ ᠱᠠᠰᠢᠨ ᠰᠤᠷᠲᠠᠬᠤᠨ ᠤ ᠲᠥᠷᠥ ᠶᠢᠨ ᠪᠣᠳᠣᠯᠭ᠎ᠠ ᠶᠢ ᠨᠠᠶᠢᠳᠠᠪᠤᠷᠢᠵᠢᠭᠤᠯᠵᠤ᠂ ᠤᠯᠤᠰ ᠤᠨ ᠪᠠᠲᠤᠯᠠᠨ | ᠬᠠᠮᠠᠭᠠᠯᠠᠯᠲᠠ ᠪᠠ ᠴᠡᠷᠢᠭ ᠠᠩᠭᠢ ᠶᠢᠨ ᠪᠠᠶᠢᠭᠤᠯᠤᠯᠲᠠ ᠶᠢ ᠳᠡᠮᠵᠢᠵᠦ᠂ ᠡᠬᠡ ᠤᠯᠤᠰ ᠤᠨ ᠤᠮᠠᠷᠠᠲᠤ ᠬᠢᠯᠢ ᠶᠢᠨ ᠠᠮᠤᠷ ᠲᠦᠪᠰᠢᠨ ᠲᠣᠭᠲᠠᠭᠤᠨ ᠤ ᠬᠠᠯᠬᠠᠪᠴᠢ ᠶᠢ | ᠪᠠᠲᠤ ᠴᠣᠭᠴᠠᠯᠠᠨ᠎ᠠ᠃ | ᠲᠥᠯᠥᠭᠡᠯᠡᠭᠴᠢᠳ ᠡ᠂ ᠣᠳᠣ ᠠᠴᠠ ᠡᠬᠢᠯᠡᠭᠡᠳ 2020 ᠣᠨ ᠪᠣᠯᠲᠠᠯᠠᠬᠢ ᠬᠤᠭᠤᠴᠠᠭ᠎ᠠ ᠪᠣᠯ᠂ ᠴᠢᠨᠡᠭᠡᠯᠢᠭ ᠨᠡᠶᠢᠭᠡᠮ ᠢ ᠪᠦᠬᠦ ᠲᠠᠯ᠎ᠠ ᠪᠠᠷ ᠪᠠᠶᠢᠭᠤᠯᠤᠨ | ᠪᠡᠶᠡᠯᠡᠭᠦᠯᠬᠦ ᠰᠢᠢᠳᠪᠦᠷᠢᠲᠦ ᠢᠯᠠᠯᠲᠠ ᠶᠢ ᠲᠡᠮᠡᠴᠡᠨ ᠣᠯᠬᠤ ᠴᠠᠭ ᠬᠤᠭᠤᠴᠠᠭ᠎ᠠ ᠪᠣᠯᠣᠨ᠎ᠠ᠃ ᠵᠠᠭᠤᠨ ᠭᠠᠵᠠᠷ ᠠᠶᠠᠯᠠᠬᠤ ᠳᠤ ᠶᠡᠷᠡᠨ ᠭᠠᠵᠠᠷ ᠨᠢ ᠬᠠᠭᠠᠰ ᠢ ᠯᠠ | ᠶᠠᠪᠤᠭᠰᠠᠨ ᠲᠡᠳᠦᠢ᠂ ᠬᠠᠷᠠᠯᠲᠠ ᠠᠴᠠ ᠣᠶᠢᠷ᠎ᠠ ᠪᠣᠯᠬᠤ ᠲᠤᠲᠤᠮ ᠤᠯᠠᠮ ᠬᠦᠴᠦᠯᠡᠨ ᠤᠷᠤᠭᠰᠢᠯᠠᠬᠤ ᠴᠢᠬᠤᠯᠠᠲᠠᠢ᠃ ᠪᠢᠳᠡ ᠵᠠᠪᠠᠯ ᠭᠤᠣᠯᠳᠠᠯᠭ᠎ᠠ ᠶᠢ ᠲᠣᠪᠣᠶᠢᠯᠭᠠᠨ | ᠠᠳᠬᠤᠵᠤ᠂ ᠳᠤᠲᠠᠭᠤᠳᠠᠯ ᠢ ᠨᠥᠬᠦᠨ᠂ ᠪᠠᠭᠤᠷᠠᠢ ᠪᠠᠨ ᠴᠢᠩᠭᠠᠳᠬᠠᠵᠤ᠂ ᠣᠨᠴᠠᠭᠠᠶᠢᠯᠠᠨ ᠬᠦᠨᠳᠦ ᠶᠡᠭᠡ ᠲᠦᠭᠰᠢᠭᠦᠷᠢ ᠶᠢ ᠰᠡᠷᠭᠡᠶᠢᠯᠡᠨ ᠨᠠᠮᠳᠠᠭᠠᠬᠤ᠂ ᠣᠨᠢᠨ | ᠳᠡᠭᠡᠷ᠎ᠡ ᠨᠢ ᠶᠠᠳᠠᠭᠤ ᠠᠴᠠ ᠠᠩᠭᠢᠵᠢᠷᠠᠭᠤᠯᠬᠤ᠂ ᠪᠣᠬᠢᠷᠲᠤᠯ ᠢ ᠰᠡᠷᠭᠡᠶᠢᠯᠡᠨ ᠵᠠᠰᠠᠬᠤ ᠭᠤᠷᠪᠠᠨ ᠶᠡᠭᠡ ᠳᠠᠶᠢᠯᠠᠯᠳᠤᠭᠠᠨ ᠢ ᠵᠠᠪᠠᠯ ᠰᠠᠶᠢᠲᠤᠷ ᠬᠢᠬᠦ ᠬᠡᠷᠡᠭᠲᠡᠢ᠃ ᠮᠥᠩᠭᠦᠨ | ᠭᠦᠢᠯᠭᠡᠭᠡᠨ ᠤ ᠲᠦᠭᠰᠢᠭᠦᠷᠢ ᠶᠢ ᠪᠦᠲᠦᠮᠵᠢᠲᠡᠢ ᠰᠡᠷᠭᠡᠶᠢᠯᠡᠨ ᠨᠠᠮᠳᠠᠭᠠᠵᠤ᠂ ᠰᠢᠰᠲ᠋ᠧᠮ ᠤᠨ ᠴᠢᠨᠠᠷᠲᠠᠢ ᠮᠥᠩᠭᠦᠨ ᠭᠦᠢᠯᠭᠡᠭᠡᠨ ᠤ ᠲᠦᠭᠰᠢᠭᠦᠷᠢ ᠥᠯᠥ ᠡᠭᠦᠰᠬᠦ | ᠳᠣᠣᠷ᠎ᠠ ᠱᠤᠭᠤᠮ ᠢ ᠡᠷᠡᠰ ᠪᠠᠲᠤᠯᠠᠨ᠎ᠠ︔ ᠵᠠᠰᠠᠭ ᠤᠨ ᠣᠷᠳᠣᠨ ᠤ ᠥᠭᠴᠡᠭᠡᠨ ᠤ ᠬᠠᠮᠢᠶᠠᠷᠤᠯᠲᠠ ᠶᠢ ᠳᠦᠷᠢᠮᠵᠢᠭᠦᠯᠵᠦ᠂ ᠪᠠᠶᠢᠭ᠎ᠠ ᠥᠭᠴᠡᠭᠡ ᠶᠢ ᠢᠳᠡᠪᠬᠢᠲᠡᠢ | ᠠᠷᠢᠯᠭᠠᠵᠤ᠂ 2021 ᠣᠨ ᠤ ᠡᠴᠦᠰ ᠪᠣᠯᠲᠠᠯ᠎ᠠ ᠵᠠᠰᠠᠭ ᠤᠨ ᠣᠷᠳᠣᠨ ᠤ ᠥᠭᠴᠡᠭᠡᠨ ᠤ ᠨᠣᠷᠮ᠎ᠠ ᠶᠢ ᠵᠣᠬᠢᠰᠲᠠᠢ ᠲᠦᠪᠰᠢᠨ ᠳᠤ ᠬᠦᠷᠭᠡᠬᠦ ᠶᠢ ᠦᠨᠡᠨ ᠬᠦ | ᠪᠠᠲᠤᠯᠠᠨ᠎ᠠ᠃ ᠶᠠᠳᠠᠭᠤ ᠠᠴᠠ ᠠᠩᠭᠢᠵᠢᠷᠠᠭᠤᠯᠬᠤ ᠶᠠᠰᠤ ᠴᠢᠨᠠᠷ ᠢ ᠳᠡᠭᠡᠭᠰᠢᠯᠡᠭᠦᠯᠬᠦ ᠶᠠᠪᠤᠳᠠᠯ ᠢ ᠲᠡᠷᠢᠭᠦᠨ ᠳᠤ ᠲᠠᠯᠪᠢᠵᠤ᠂ ᠣᠨᠢᠨ ᠳᠡᠭᠡᠷ᠎ᠡ ᠨᠢ ᠶᠠᠳᠠᠭᠤ ᠶᠢ ᠲᠡᠳᠬᠦᠬᠦ | ᠂ ᠣᠨᠢᠨ ᠳᠡᠭᠡᠷ᠎ᠡ ᠨᠢ ᠶᠠᠳᠠᠭᠤ ᠠᠴᠠ ᠠᠩᠭᠢᠵᠢᠷᠠᠭᠤᠯᠬᠤ ᠬᠦᠴᠦᠯᠡᠴᠡ ᠶᠢ ᠶᠡᠬᠡᠰᠬᠡᠵᠦ᠂ ᠮᠠᠯᠵᠢᠬᠤ ᠲᠠᠷᠢᠶᠠᠯᠠᠬᠤ ᠣᠷᠣᠨ ᠤ ᠶᠠᠳᠠᠭᠤ ᠬᠦᠴᠢᠷᠳᠡᠯᠲᠡᠢ ᠬᠥᠮᠥᠨ ᠠᠮᠠ | ᠲᠣᠭᠲᠠᠭᠤᠨ ᠢᠶᠠᠷ ᠶᠠᠳᠠᠭᠤ ᠠᠴᠠ ᠠᠩᠭᠢᠵᠢᠷᠠᠬᠤ ᠶᠢ ᠦᠨᠡᠨ ᠬᠦ ᠪᠠᠲᠤᠯᠠᠨ᠎ᠠ᠃ ᠠᠭᠠᠷ ᠮᠠᠨᠳᠠᠯ᠂ ᠤᠰᠤ᠂ ᠬᠥᠷᠥᠰᠥᠨ ᠤ ᠪᠣᠬᠢᠷᠲᠤᠯ ᠵᠡᠷᠭᠡ ᠣᠷᠴᠢᠨ ᠲᠣᠭᠤᠷᠢᠨ ᠤ | ᠲᠣᠪᠣᠶᠢᠮ᠎ᠠ ᠠᠰᠠᠭᠤᠳᠠᠯ ᠢ ᠬᠦᠴᠦᠯᠡᠨ ᠰᠢᠢᠳᠪᠦᠷᠢᠯᠡᠵᠦ᠂ ᠠᠮᠢ ᠠᠬᠤᠢ ᠶᠢᠨ ᠣᠷᠴᠢᠨ ᠲᠣᠭᠤᠷᠢᠨ ᠤ ᠶᠠᠰᠤ ᠴᠢᠨᠠᠷ ᠢ ᠢᠯᠡᠷᠬᠡᠢ ᠰᠠᠶᠢᠵᠢᠷᠠᠭᠤᠯᠤᠨ᠎ᠠ᠃ ᠪᠢᠳᠡ | ᠲᠤᠰᠬᠠᠢ ᠲᠥᠰᠦᠯ ᠲᠣᠭᠲᠠᠭᠠᠨ᠂ ᠴᠢᠩᠭ᠎ᠠ ᠠᠷᠭ᠎ᠠ ᠪᠠᠷᠢᠯ ᠢ ᠠᠪᠴᠤ ᠪᠠᠶᠢᠭᠠᠳ᠂ ᠭᠤᠷᠪᠠᠨ ᠶᠡᠭᠡ ᠪᠣᠭᠤᠮᠲᠠ ᠰᠢᠪᠲᠤᠯᠬᠤ ᠳᠠᠶᠢᠯᠠᠯᠳᠤᠭᠠᠨ ᠢ ᠰᠢᠪᠲᠤᠯᠤᠯᠲᠠ ᠶᠢᠨ | ᠴᠢᠨᠠᠷᠲᠠᠢ ᠠᠬᠢᠴᠠ ᠲᠠᠢ ᠪᠣᠯᠭᠠᠵᠤ᠂ ᠴᠢᠨᠡᠭᠡᠯᠢᠭ ᠨᠡᠶᠢᠭᠡᠮ ᠢ ᠪᠦᠬᠦ ᠲᠠᠯ᠎ᠠ ᠪᠠᠷ ᠪᠠᠶᠢᠭᠤᠯᠤᠨ ᠪᠡᠶᠡᠯᠡᠭᠦᠯᠬᠦ ᠠᠵᠢᠯ ᠢ ᠠᠷᠠᠳ ᠲᠦᠮᠡᠨ ᠬᠠᠨᠤᠮᠵᠢᠲᠠᠢ᠂ ᠲᠡᠦᠬᠡ ᠶᠢᠨ | ᠰᠢᠯᠭᠠᠯᠲᠠ ᠶᠢ ᠳᠠᠭᠠᠭᠠᠵᠤ ᠳᠡᠶᠢᠯᠬᠦ ᠪᠣᠯᠭᠠᠨ᠎ᠠ᠃ | ᠲᠥᠯᠥᠭᠡᠯᠡᠭᠴᠢᠳ ᠡ᠂ ᠠᠷᠠᠳ ᠲᠦᠮᠡᠨ ᠤ ᠰᠠᠶᠢᠨ ᠰᠠᠶᠢᠬᠠᠨ ᠠᠮᠢᠳᠤᠷᠠᠯ ᠤᠨ ᠲᠤᠬᠠᠢ ᠬᠦᠰᠡᠯ ᠬᠥᠭᠡᠭᠡᠴᠡᠯᠳᠦᠯ ᠪᠣᠯ ᠳᠠᠷᠤᠢ ᠪᠢᠳᠡᠨ ᠤ ᠲᠡᠮᠡᠴᠡᠬᠦ ᠬᠠᠷᠠᠯᠲᠠ | ᠮᠥᠨ᠃ ᠪᠦᠬᠦ ᠬᠤᠲᠠ ᠳᠠᠶᠠᠭᠠᠷ ᠨᠢᠭᠡ ᠰᠡᠳᠬᠢᠯ ᠨᠢᠭᠡ ᠵᠣᠷᠢᠭ ᠢᠶᠠᠷ᠂ ᠪᠣᠳᠠᠲᠠᠢ ᠪᠠᠷ ᠠᠳᠬᠤᠨ ᠦᠷᠭᠦᠯᠵᠢᠯᠡᠨ ᠲᠡᠮᠡᠴᠡᠳᠡᠭ ᠯᠡ ᠪᠣᠯ᠂ ᠪᠠᠶᠠᠨᠨᠠᠭᠤᠷ ᠤᠨ ᠰᠢᠨ᠎ᠡ | ᠭᠡᠷᠡᠯ ᠰᠠᠴᠤᠷᠠᠩᠭᠤᠢ ᠠᠮᠵᠢᠯᠲᠠ ᠶᠢ ᠯᠠᠪᠲᠠᠢ ᠡᠭᠦᠳᠴᠦ᠂ ᠴᠢᠨᠡᠭᠡᠯᠢᠭ ᠨᠡᠶᠢᠭᠡᠮ ᠢ ᠪᠦᠬᠦ ᠲᠠᠯ᠎ᠠ ᠪᠠᠷ ᠪᠠᠶᠢᠭᠤᠯᠤᠨ ᠪᠡᠶᠡᠯᠡᠭᠦᠯᠵᠦ᠂ ᠠᠷᠤ ᠭᠠᠵᠠᠷ ᠤᠨ ᠵᠢᠶᠠᠩᠨᠠᠨ ᠢ | ᠪᠣᠬᠢᠷᠲᠤᠯ ᠦᠭᠡᠢ ᠪᠠᠷ ᠬᠥᠭᠵᠢᠭᠦᠯᠦᠨ ᠮᠠᠨᠳᠤᠭᠤᠯᠵᠤ ᠳᠡᠶᠢᠯᠦᠨ᠎ᠡ ᠭᠡᠰᠡᠨ ᠢ ᠪᠢᠳᠡ ᠪᠠᠲᠤ ᠢᠲᠡᠭᠡᠵᠦ ᠪᠠᠶᠢᠨ᠎ᠠ᠃ | ᠭᠤᠷᠪᠠ᠂ 2018 ᠣᠨ ᠤ ᠭᠤᠣᠯᠳᠠᠯᠭ᠎ᠠ ᠲᠠᠢ ᠠᠵᠢᠯ | 2018 ᠣᠨ ᠪᠣᠯ ᠨᠠᠮ ᠤᠨ ᠠᠷᠪᠠ ᠶᠢᠰᠦᠳᠦᠭᠡᠷ ᠶᠡᠭᠡ ᠬᠤᠷᠠᠯ ᠤᠨ ᠵᠣᠷᠢᠭ ᠰᠠᠨᠠᠭ᠎ᠠ ᠶᠢ ᠲᠤᠤᠱᠯᠠᠭᠤᠯᠬᠤ ᠡᠬᠢᠯᠡᠯᠲᠡ ᠶᠢᠨ ᠣᠨ᠂ ᠥᠭᠡᠷᠡᠴᠢᠯᠡᠯᠲᠡ ᠬᠢᠵᠦ | ᠴᠢᠯᠥᠭᠡᠲᠡᠢ ᠶᠠᠪᠤᠯᠴᠠᠭᠰᠠᠨ 40 ᠵᠢᠯ ᠤᠨ ᠣᠢ ᠪᠣᠯᠣᠨ᠎ᠠ᠂ ᠴᠢᠨᠡᠭᠡᠯᠢᠭ ᠨᠡᠶᠢᠭᠡᠮ ᠢ ᠪᠦᠬᠦ ᠲᠠᠯ᠎ᠠ ᠪᠠᠷ ᠪᠠᠶᠢᠭᠤᠯᠤᠨ ᠪᠡᠶᠡᠯᠡᠭᠦᠯᠬᠦ ᠰᠢᠢᠳᠪᠦᠷᠢᠲᠦ ᠢᠯᠠᠯᠲᠠ ᠶᠢ ᠣᠯᠵᠤ᠂ | ︽13 · 5︾ ᠤᠨ ᠲᠥᠯᠥᠪᠵᠢᠭᠦᠯᠭᠡ ᠶᠢᠨ ᠤᠷᠢᠳᠤᠬᠢ ᠶᠢ ᠵᠠᠯᠭᠠᠮᠵᠢᠯᠠᠵᠤ ᠬᠤᠶᠢᠨᠠᠬᠢ ᠶᠢ ᠦᠷᠭᠦᠯᠵᠢᠯᠡᠭᠦᠯᠬᠦ ᠵᠠᠩᠭᠢᠯᠠᠭ᠎ᠠ ᠶᠢᠨ ᠵᠢᠯ ᠪᠣᠯᠣᠨ᠎ᠠ᠃ ᠪᠢᠳᠡ | ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶᠠᠨ ᠤ ᠠᠷᠪᠠᠳᠤᠭᠠᠷ ᠬᠤᠭᠤᠴᠠᠭᠠᠨ ᠤ ᠲᠠᠪᠤᠳᠤᠭᠠᠷ ᠤᠳᠠᠭ᠎ᠠ ᠶᠢᠨ ᠪᠦᠭᠦᠳᠡ ᠬᠤᠷᠠᠯ ᠵᠢᠴᠢ ᠪᠦᠬᠦ ᠣᠷᠣᠨ ᠤ | ᠠᠵᠤ ᠠᠬᠤᠢ ᠶᠢᠨ ᠠᠵᠢᠯ ᠤᠨ ᠬᠤᠷᠠᠯ᠂ ᠬᠤᠲᠠ ᠶᠢᠨ ᠨᠠᠮ ᠤᠨ ᠬᠤᠷᠢᠶᠠᠨ ᠤ ᠳᠥᠷᠪᠡᠳᠦᠭᠡᠷ ᠬᠤᠭᠤᠴᠠᠭᠠᠨ ᠤ ᠳᠥᠷᠪᠡᠳᠦᠭᠡᠷ ᠤᠳᠠᠭ᠎ᠠ ᠶᠢᠨ ᠪᠦᠭᠦᠳᠡ ᠬᠤᠷᠠᠯ | ᠵᠢᠴᠢ ᠪᠦᠬᠦ ᠬᠤᠲᠠ ᠶᠢᠨ ᠠᠵᠤ ᠠᠬᠤᠢ ᠶᠢᠨ ᠠᠵᠢᠯ ᠤᠨ ᠬᠤᠷᠠᠯ ᠤᠨ ᠵᠣᠷᠢᠭ ᠰᠠᠨᠠᠭ᠎ᠠ ᠶᠢ ᠬᠢᠨᠠᠮᠠᠭᠠᠢ ᠲᠤᠤᠱᠯᠠᠭᠤᠯᠤᠨ ᠨᠠᠶᠢᠳᠠᠪᠤᠷᠢᠵᠢᠭᠤᠯᠵᠤ᠂ ᠡᠨᠡ ᠵᠢᠯ ᠤᠨ | ᠠᠵᠢᠯ ᠢᠶᠠᠨ ᠴᠢᠷᠮᠠᠶᠢᠨ ᠰᠠᠶᠢᠲᠤᠷ ᠬᠢᠬᠦ ᠪᠣᠯᠣᠨ᠎ᠠ᠃ ᠵᠢᠱᠢᠭᠰᠡᠨ ᠭᠤᠣᠯ ᠬᠠᠷᠠᠯᠲᠠ ᠪᠣᠯ᠄ ᠣᠷᠣᠨ ᠨᠤᠲᠤᠭ ᠤᠨ ᠦᠢᠯᠡᠳᠪᠦᠷᠢᠯᠡᠯ ᠤᠨ ᠶᠡᠷᠦᠩᠬᠡᠢ ᠥᠷᠲᠡᠭ ᠢ 6% | ᠨᠡᠮᠡᠭᠳᠡᠭᠦᠯᠵᠦ᠂ ᠬᠤᠲᠠ ᠬᠥᠳᠡᠭᠡ ᠶᠢᠨ ᠰᠠᠭᠤᠭᠠᠯᠢ ᠠᠷᠠᠳ ᠤᠨ ᠡᠵᠡᠮᠳᠡᠵᠦ ᠪᠣᠯᠬᠤ ᠣᠷᠣᠯᠭ᠎ᠠ ᠶᠢ ᠲᠤᠰᠪᠦᠷᠢ 7.5% ᠪᠠ 8% ᠨᠡᠮᠡᠭᠳᠡᠭᠦᠯᠦᠨ᠎ᠡ︔ ᠬᠤᠲᠠ | ᠪᠠᠯᠭᠠᠰᠤᠨ ᠤ 1.1 ᠲᠦᠮᠡᠨ ᠬᠥᠮᠥᠨ ᠳᠤ ᠰᠢᠨ᠎ᠡ ᠪᠠᠷ ᠠᠵᠢᠯ ᠣᠯᠭᠤᠵᠤ᠂ ᠬᠤᠲᠠ ᠪᠠᠯᠭᠠᠰᠤ ᠶᠢᠨ ᠳᠠᠩᠰᠠᠯᠠᠭᠰᠠᠨ ᠠᠵᠢᠯ ᠠᠯᠳᠠᠯᠲᠠ ᠶᠢᠨ ᠨᠣᠷᠮ᠎ᠠ ᠶᠢ 4% | ᠳᠣᠲᠣᠷ᠎ᠠ ᠬᠢᠵᠠᠭᠠᠷᠯᠠᠨ᠎ᠠ︔ ᠨᠢᠭᠡᠴᠢ ᠣᠷᠣᠨ ᠨᠤᠲᠤᠭ ᠤᠨ ᠦᠢᠯᠡᠳᠪᠦᠷᠢᠯᠡᠯ ᠤᠨ ᠶᠡᠷᠦᠩᠬᠡᠢ ᠥᠷᠲᠡᠭ ᠳᠠᠬᠢ ᠡᠨᠧᠷᠭᠢ ᠶᠢᠨ ᠬᠤᠷᠣᠭᠳᠠᠯ ᠢ ᠥᠪᠡᠷᠲᠡᠭᠡᠨ ᠵᠠᠰᠠᠬᠤ | ᠣᠷᠣᠨ ᠠᠴᠠ ᠪᠠᠭᠤᠯᠭᠠᠭᠰᠠᠨ ᠬᠠᠷᠠᠯᠲᠠ ᠳᠤ ᠬᠦᠷᠭᠡᠨ᠎ᠡ︔ ᠵᠠᠰᠠᠭ ᠤᠨ ᠣᠷᠳᠣᠨ ᠤ ᠥᠭᠴᠡᠭᠡ ᠶᠢ ᠨᠠᠮᠳᠠᠭᠠᠬᠤ ᠶᠡᠷᠦᠩᠬᠡᠢ ᠡᠭᠦᠷᠭᠡ ᠶᠢᠨ23.6% ᠢ ᠪᠡᠶᠡᠯᠡᠭᠦᠯᠵᠦ᠂ | ᠡᠳ᠋ ᠤᠨ ᠵᠠᠰᠠᠭ ᠮᠥᠩᠭᠦᠨ ᠭᠦᠢᠯᠭᠡᠭᠡ ᠶᠢᠨ ᠲᠦᠭᠰᠢᠭᠦᠷᠢ ᠶᠢ ᠪᠦᠲᠦᠮᠵᠢᠲᠡᠢ ᠰᠡᠷᠭᠡᠶᠢᠯᠡᠨ ᠡᠵᠡᠮᠳᠡᠨ᠎ᠡ︔ ᠬᠠᠩᠭᠠᠯᠭ᠎ᠠ ᠶᠢᠨ ᠲᠠᠯ᠎ᠠ ᠶᠢᠨ ᠪᠦᠲᠦᠴᠡ ᠶᠢᠨ ᠴᠢᠨᠠᠷᠲᠠᠢ | ᠥᠭᠡᠷᠡᠴᠢᠯᠡᠯᠲᠡ ᠶᠢᠨ ᠲᠠᠯ᠎ᠠ ᠪᠠᠷ ᠪᠣᠳᠠᠲᠤ ᠠᠬᠢᠴᠠ ᠲᠠᠢ ᠪᠣᠯᠭᠠᠨ᠎ᠠ᠃ | ᠳᠡᠭᠡᠷᠡᠬᠢ ᠭᠤᠣᠯ ᠪᠣᠯᠬᠤ ᠵᠢᠱᠢᠭᠰᠡᠨ ᠬᠠᠷᠠᠯᠲᠠ ᠨᠢ᠂ ᠲᠣᠭᠲᠠᠭᠤᠨ ᠤ ᠳᠤᠮᠳᠠ ᠬᠥᠭᠵᠢᠯᠲᠡ ᠶᠢ ᠡᠷᠢᠯᠬᠢᠯᠡᠬᠦ ᠱᠠᠭᠠᠷᠳᠠᠯᠭ᠎ᠠ ᠶᠢ ᠢᠯᠡᠷᠡᠭᠦᠯᠵᠦ᠂ ᠤᠯᠤᠰ᠂ | ᠥᠪᠡᠷᠲᠡᠭᠡᠨ ᠵᠠᠰᠠᠬᠤ ᠣᠷᠣᠨ ᠠᠵᠤ ᠠᠬᠤᠢ ᠶᠢᠨ ᠵᠢᠭᠠᠯᠲᠠ ᠲᠤᠭ᠎ᠠ ᠪᠠ ᠲᠣᠭᠠᠴᠠᠭᠠᠯᠠᠬᠤ ᠠᠷᠭ᠎ᠠ ᠳᠤ ᠦᠷᠭᠦᠯᠵᠢᠯᠡᠨ ᠲᠣᠬᠢᠷᠠᠭᠤᠯᠤᠯᠲᠠ ᠬᠢᠵᠦ ᠪᠠᠶᠢᠭ᠎ᠠ ᠶᠢ | ᠪᠣᠳᠣᠯᠬᠢᠯᠠᠭᠰᠠᠨ ᠪᠥᠭᠡᠳ᠂ ᠮᠠᠨ ᠤ ᠬᠤᠲᠠ ᠬᠥᠭᠵᠢᠯᠲᠡ ᠶᠢᠨ ᠬᠥᠳᠡᠯᠭᠡᠬᠦ ᠬᠦᠴᠦᠨ ᠢ ᠰᠠᠨᠠᠭᠠᠴᠢᠯᠠᠭ᠎ᠠ ᠠᠴᠠ ᠪᠠᠨ ᠬᠤᠪᠢᠷᠠᠭᠤᠯᠵᠤ᠂ ᠠᠵᠤ ᠦᠢᠯᠡᠰ ᠤᠨ | ᠪᠦᠲᠦᠴᠡ ᠪᠠᠨ ᠰᠢᠯᠢᠳᠡᠭᠵᠢᠭᠦᠯᠬᠦ ᠱᠠᠭᠠᠷᠳᠠᠯᠭ᠎ᠠ ᠳᠤ ᠨᠡᠶᠢᠴᠡᠵᠦ ᠪᠤᠢ᠃ ᠣᠷᠣᠨ ᠨᠤᠲᠤᠭ ᠤᠨ ᠦᠢᠯᠡᠳᠪᠦᠷᠢᠯᠡᠯ ᠤᠨ ᠶᠡᠷᠦᠩᠬᠡᠢ ᠥᠷᠲᠡᠭ ᠢ 6% ᠪᠠᠷ | ᠲᠣᠬᠢᠷᠠᠭᠤᠯᠵᠤ᠂ 2017 ᠣᠨ ᠤ ᠨᠡᠮᠡᠭᠳᠡᠯ ᠬᠤᠷᠳᠤᠴᠠ ᠠᠴᠠ ᠵᠢᠭᠠᠬᠠᠨ ᠥᠨᠳᠥᠷ ᠪᠠᠶᠢᠯᠭᠠᠬᠤ ᠨᠢ᠂ ᠬᠥᠭᠵᠢᠯᠲᠡ ᠶᠢᠨ ᠶᠠᠰᠤ ᠴᠢᠨᠠᠷ ᠪᠠ ᠦᠷ᠎ᠡ ᠠᠰᠢᠭ ᠢ | ᠳᠡᠭᠡᠭᠰᠢᠯᠡᠭᠦᠯᠬᠦ ᠤᠳᠤᠷᠢᠳᠤᠮᠵᠢ ᠶᠢ ᠨᠡᠩᠳᠡ ᠴᠢᠬᠤᠯᠠᠴᠢᠯᠠᠵᠤ ᠪᠠᠶᠢᠭ᠎ᠠ ᠶᠢ ᠢᠯᠡᠷᠡᠭᠦᠯᠵᠦ ᠪᠤᠢ︔ ᠬᠤᠲᠠ ᠬᠥᠳᠡᠭᠡ ᠶᠢᠨ ᠰᠠᠭᠤᠭᠠᠯᠢ ᠠᠷᠠᠳ ᠤᠨ ᠬᠥᠮᠥᠨ ᠳᠤᠮᠳᠠᠴᠢ | ᠡᠵᠡᠮᠳᠡᠵᠦ ᠪᠣᠯᠬᠤ ᠣᠷᠣᠯᠭ᠎ᠠ ᠶᠢ ᠠᠵᠤ ᠠᠬᠤᠢ ᠶᠢᠨ ᠨᠡᠮᠡᠭᠳᠡᠯ ᠠᠴᠠ ᠦᠷᠭᠦᠯᠵᠢᠯᠡᠨ ᠥᠨᠳᠥᠷ ᠪᠠᠶᠢᠯᠭᠠᠭᠰᠠᠨ ᠨᠢ᠂ ᠠᠷᠠᠳ ᠲᠦᠮᠡᠨ ᠢᠶᠠᠷ ᠭᠤᠣᠯ ᠪᠣᠯᠭᠠᠵᠤ ᠪᠠᠶᠢᠭ᠎ᠠ | ᠬᠥᠭᠵᠢᠭᠦᠯᠦᠯᠲᠡ ᠶᠢᠨ ᠰᠡᠳᠬᠢᠴᠡ ᠶᠢ ᠢᠯᠡᠷᠡᠭᠦᠯᠵᠡᠢ︔ ᠵᠠᠰᠠᠭ ᠤᠨ ᠣᠷᠳᠣᠨ ᠤ ᠥᠭᠴᠡᠭᠡ ᠶᠢᠨ ᠪᠠᠲᠤ ᠱᠠᠭᠠᠷᠳᠠᠯᠭ᠎ᠠ ᠶᠢ ᠴᠢᠩᠭ᠎ᠠ ᠨᠠᠶᠢᠳᠠᠪᠤᠷᠢᠵᠢᠭᠤᠯᠵᠤ᠂ | ᠪᠣᠳᠠᠲᠠᠢ ᠵᠢᠭᠠᠯᠲᠠ ᠲᠤᠭ᠎ᠠ ᠶᠢ ᠨᠡᠮᠡᠵᠡᠢ᠃ ᠴᠢᠬᠤᠯᠠᠴᠢᠯᠠᠭᠤᠰᠢᠲᠠᠢ ᠨᠢ᠂ ᠠᠵᠤ ᠠᠬᠤᠢ ᠶᠢᠨ ᠲᠤᠭ᠎ᠠ ᠪᠠᠷᠢᠮᠲᠠ ᠶᠢᠨ ᠬᠤᠭᠤᠰᠣᠨ ᠵᠦᠢᠯᠡᠰ ᠢ ᠰᠢᠬᠠᠵᠤ ᠭᠠᠷᠭᠠᠨ᠂ | ᠠᠵᠤ ᠠᠬᠤᠢ ᠶᠢᠨ ᠵᠢᠭᠠᠯᠲᠠ ᠲᠤᠭ᠎ᠠ ᠶᠢᠨ ᠰᠢᠯᠭᠠᠨ ᠦᠨᠡᠯᠡᠯᠲᠡ ᠶᠢ ᠰᠤᠯᠠᠷᠠᠭᠤᠯᠤᠭᠰᠠᠨ ᠨᠢ᠂ ︽ᠶᠡᠭᠡ ᠤᠷᠤᠰᠬᠠᠯ ᠢ ᠳᠠᠭᠠᠵᠤ︾ ᠠᠵᠢᠯ ᠬᠢᠬᠦ ᠦᠭᠡᠢ ᠭᠡᠰᠡᠨ | ᠤᠴᠢᠷ ᠪᠢᠰᠢ᠂ ᠬᠠᠷᠢᠨ ᠡᠭᠦᠷᠭᠡᠯᠡᠯ ᠢᠶᠠᠨ ᠬᠥᠩᠭᠡᠷᠡᠭᠦᠯᠵᠦ᠂ ᠭᠠᠷ ᠬᠥᠯ ᠢᠶᠠᠨ ᠴᠢᠯᠥᠭᠡᠯᠡᠨ᠂ ᠪᠣᠳᠠᠲᠠᠢ ᠬᠢᠵᠦ ᠦᠢᠯᠡᠰ ᠢᠶᠠᠨ ᠮᠠᠨᠳᠤᠭᠤᠯᠬᠤ ᠶᠢᠨ ᠲᠥᠯᠥᠭᠡ ᠪᠢᠯᠡ᠃ | ᠪᠢᠳᠡ ᠵᠠᠪᠠᠯ ᠴᠢᠷᠮᠠᠶᠢᠨ ᠲᠡᠮᠡᠴᠡᠬᠦ ᠵᠣᠷᠢᠭ ᠰᠠᠨᠠᠭᠠᠨ ᠤ ᠪᠠᠶᠢᠳᠠᠯ ᠢ ᠪᠠᠷᠢᠮᠲᠠᠯᠠᠨ᠂ ᠡᠯ᠎ᠡ ᠲᠥᠷᠥᠯ ᠤᠨ ᠡᠭᠦᠷᠭᠡ ᠪᠠᠨ ᠨᠡᠩ ᠰᠠᠶᠢᠨ ᠪᠡᠶᠡᠯᠡᠭᠦᠯᠬᠦ ᠪᠠᠷ ᠴᠢᠷᠮᠠᠶᠢᠨ᠎ᠠ᠃ | ᠳᠡᠭᠡᠷᠡᠬᠢ ᠬᠠᠷᠠᠯᠲᠠ ᠶᠢ ᠪᠡᠶᠡᠯᠡᠭᠦᠯᠬᠦ ᠳᠤ᠂ ᠪᠢᠳᠡ ᠳᠣᠣᠷᠠᠬᠢ ᠠᠵᠢᠯ ᠤᠳ ᠢ ᠭᠤᠣᠯᠳᠠᠯᠭ᠎ᠠ ᠲᠠᠢ ᠰᠠᠶᠢᠲᠤᠷ ᠠᠳᠬᠤᠨ᠎ᠠ᠃ | ︵ᠨᠢᠭᠡ︶ ᠭᠤᠷᠪᠠᠨ ᠶᠡᠭᠡ ᠪᠣᠭᠤᠮᠲᠠ ᠰᠢᠪᠲᠤᠯᠬᠤ ᠳᠠᠶᠢᠯᠠᠯᠳᠤᠭᠠᠨ ᠢ ᠡᠷᠡᠰ ᠰᠠᠶᠢᠲᠤᠷ ᠬᠢᠨ᠎ᠡ᠃ ᠡᠨᠡ ᠪᠣᠯ ᠴᠢᠨᠡᠭᠡᠯᠢᠭ ᠨᠡᠶᠢᠭᠡᠮ ᠢ ᠪᠦᠬᠦ ᠲᠠᠯ᠎ᠠ ᠪᠠᠷ | ᠪᠠᠶᠢᠭᠤᠯᠤᠨ ᠪᠡᠶᠡᠯᠡᠭᠦᠯᠬᠦ ᠭᠤᠣᠯᠳᠠᠯᠭ᠎ᠠ ᠲᠠᠢ ᠬᠦᠴᠢᠷᠳᠡᠯᠲᠡᠢ ᠠᠰᠠᠭᠤᠳᠠᠯ ᠢ ᠰᠢᠢᠳᠪᠦᠷᠢᠯᠡᠬᠦ ᠪᠤᠰᠤᠳᠴᠢ ᠱᠠᠭᠠᠷᠳᠠᠯᠭ᠎ᠠ ᠮᠥᠨ᠃ ᠪᠢᠳᠡ ᠵᠠᠪᠠᠯ ᠤᠯᠤᠰ ᠲᠥᠷᠥ ᠶᠢᠨ | ᠵᠣᠭᠰᠣᠴᠠ ᠪᠠᠨ ᠦᠨᠡᠨ ᠬᠦ ᠳᠡᠭᠡᠭᠰᠢᠯᠡᠭᠦᠯᠵᠦ᠂ ᠬᠦᠴᠢᠷ ᠢ ᠰᠥᠷᠥᠨ ᠤᠷᠤᠭᠰᠢᠯᠠᠵᠤ᠂ ᠣᠨᠢᠨ ᠳᠡᠭᠡᠷ᠎ᠡ ᠨᠢ ᠬᠦᠴᠦᠯᠡᠵᠦ᠂ ᠭᠤᠷᠪᠠᠨ ᠶᠡᠭᠡ ᠪᠣᠭᠤᠮᠲᠠ ᠰᠢᠪᠲᠤᠯᠬᠤ | ᠳᠠᠶᠢᠯᠠᠯᠳᠤᠭᠠᠨ ᠳᠤ ᠪᠣᠳᠠᠲᠤ ᠪᠦᠲᠦᠮᠵᠢ ᠭᠠᠷᠭᠠᠬᠤ ᠶᠢ ᠦᠨᠡᠨ ᠬᠦ ᠪᠠᠲᠤᠯᠠᠨ᠎ᠠ᠃ | ᠬᠦᠨᠳᠦ ᠶᠡᠭᠡ ᠲᠦᠭᠰᠢᠭᠦᠷᠢ ᠶᠢ ᠰᠡᠷᠭᠡᠶᠢᠯᠡᠨ ᠨᠠᠮᠳᠠᠭᠠᠬᠤ ᠪᠣᠭᠤᠮᠲᠠ ᠰᠢᠪᠲᠤᠯᠬᠤ ᠳᠠᠶᠢᠯᠠᠯᠳᠤᠭᠠᠨ ᠢ ᠰᠠᠶᠢᠲᠤᠷ ᠬᠢᠨ᠎ᠡ᠃ ᠪᠡᠯᠡ ᠣᠷᠣᠭᠤᠯᠵᠤ ᠪᠡᠯᠡ | ᠬᠤᠷᠠᠮᠳᠤᠭᠤᠯᠬᠤ ᠠᠵᠢᠯᠯᠠᠭ᠎ᠠ ᠶᠢ ᠴᠢᠩᠭ᠎ᠠ ᠳᠦᠷᠢᠮᠵᠢᠭᠦᠯᠵᠦ᠂ ᠬᠠᠤᠯᠢ ᠪᠤᠰᠤ ᠪᠠᠷ ᠪᠡᠯᠡ ᠬᠤᠷᠠᠮᠳᠤᠭᠤᠯᠬᠤ ᠳᠤ ᠴᠣᠬᠢᠯᠲᠠ ᠥᠭᠬᠦ ᠠᠵᠢᠯᠯᠠᠭ᠎ᠠ ᠪᠠ ᠰᠦᠯᠵᠢᠶᠡᠨ ᠤ | ᠮᠥᠩᠭᠦᠨ ᠭᠦᠢᠯᠭᠡᠭᠡᠨ ᠤ ᠲᠦᠭᠰᠢᠭᠦᠷᠢ ᠶᠢ ᠲᠤᠰᠬᠠᠢ ᠲᠥᠷᠥᠯ ᠢᠶᠠᠷ ᠨᠢ ᠴᠡᠭᠴᠡᠯᠡᠨ ᠵᠠᠰᠠᠬᠤ ᠠᠵᠢᠯᠯᠠᠭ᠎ᠠ ᠶᠢ ᠦᠷᠭᠦᠯᠵᠢᠯᠡᠨ ᠥᠷᠨᠢᠭᠦᠯᠵᠦ᠂ ᠬᠠᠤᠯᠢ ᠳᠦᠷᠢᠮ ᠢ | ᠵᠥᠷᠢᠴᠡᠭᠰᠡᠨ ᠮᠥᠩᠭᠦᠨ ᠭᠦᠢᠯᠭᠡᠭᠡᠨ ᠤ ᠠᠵᠢᠯᠯᠠᠭ᠎ᠠ ᠳᠤ ᠴᠢᠩᠭ᠎ᠠ ᠴᠣᠬᠢᠯᠲᠠ ᠥᠭᠭᠦᠨ᠎ᠡ᠃ ᠮᠥᠩᠭᠦᠨ ᠭᠦᠢᠯᠭᠡᠭᠡᠨ ᠤ ᠬᠢᠨᠠᠨ ᠬᠡᠮᠵᠢᠵᠦ ᠰᠡᠷᠡᠮᠵᠢᠯᠡᠭᠦᠯᠬᠦ ᠪᠠ ᠪᠠᠴᠢᠮ | ᠪᠠᠶᠢᠳᠠᠯ ᠢ ᠠᠷᠭᠠᠴᠠᠬᠤ ᠲᠣᠭᠲᠠᠴᠠ ᠶᠢ ᠲᠡᠭᠦᠯᠳᠡᠷᠵᠢᠭᠦᠯᠦᠨ᠎ᠡ᠂ ᠮᠥᠩᠭᠦᠨ ᠭᠦᠢᠯᠭᠡᠭᠡᠨ ᠤ ᠪᠠᠶᠢᠭᠤᠯᠤᠮᠵᠢ ᠬᠠᠤᠯᠢ ᠶᠣᠰᠣᠭᠠᠷ ᠪᠤᠴᠠᠭᠠᠯ ᠦᠭᠡᠢ ᠵᠢᠭᠡᠯᠡᠯᠭᠡ ᠶᠢ | ᠰᠢᠢᠳᠪᠦᠷᠢᠯᠡᠬᠦ ᠶᠢ ᠳᠡᠮᠵᠢᠨ᠎ᠡ᠃ ᠵᠠᠰᠠᠭ ᠤᠨ ᠣᠷᠳᠣᠨ ᠤ ᠥᠭᠴᠡᠭᠡᠨ ᠤ ᠬᠠᠮᠢᠶᠠᠷᠤᠯᠲᠠ ᠶᠢ ᠴᠢᠩᠭᠠᠳᠬᠠᠨ᠎ᠠ᠂ ᠲᠥᠰᠦᠪ ᠤᠨ ᠲᠣᠬᠢᠷᠠᠭᠤᠯᠤᠯᠲᠠ᠂ ᠠᠪᠴᠠᠭᠠᠨ ᠤ | ᠡᠷᠬᠡ ᠪᠠᠷ ᠰᠣᠯᠢᠬᠤ᠂ ᠬᠥᠷᠥᠩᠭᠡ ᠶᠢ ᠳᠠᠬᠢᠨ ᠲᠣᠬᠢᠷᠠᠭᠤᠯᠬᠤ᠂ ᠡᠬᠢ ᠪᠠᠶᠠᠯᠢᠭ ᠢ ᠠᠮᠢᠯᠠᠭᠤᠯᠬᠤ ᠵᠡᠷᠭᠡ ᠠᠷᠭ᠎ᠠ ᠪᠠᠷ ᠳᠠᠮᠵᠢᠭᠤᠯᠤᠨ᠂ ᠵᠠᠬ᠎ᠠ ᠳᠡᠯᠭᠡᠭᠦᠷᠵᠢᠯᠲᠡ᠂ | ᠮᠥᠩᠭᠦᠨ ᠭᠦᠢᠯᠭᠡᠭᠡ ᠵᠡᠷᠭᠡ ᠠᠷᠭ᠎ᠠ ᠪᠠᠷᠢᠯ ᠢᠶᠠᠷ ᠪᠠᠶᠢᠭ᠎ᠠ ᠥᠭᠴᠡᠭᠡ ᠶᠢ ᠯᠠᠪᠳᠠᠭᠤᠨ ᠴᠡᠭᠴᠡᠲᠡᠢ ᠪᠠᠷ ᠨᠠᠮᠳᠠᠭᠠᠵᠤ᠂ ᠵᠠᠰᠠᠭ ᠤᠨ ᠣᠷᠳᠣᠨ ᠤ ᠥᠭᠴᠡᠭᠡᠨ ᠤ | ᠨᠣᠷᠮ᠎ᠠ ᠶᠢ ᠲᠠᠰᠤᠷᠠᠯᠲᠠ ᠦᠭᠡᠢ ᠪᠠᠭᠤᠷᠠᠭᠤᠯᠤᠨ᠎ᠠ᠃ ᠡᠳ᠋ ᠤᠨ ᠵᠠᠰᠠᠭ ᠤᠨ ᠬᠦᠯᠢᠶᠡᠰᠦᠯᠡᠯ ᠢ ᠴᠢᠩᠭᠠᠷᠠᠭᠤᠯᠵᠤ᠂ ᠣᠷᠣᠨ ᠨᠤᠲᠤᠭ ᠤᠨ ᠵᠠᠰᠠᠭ ᠤᠨ ᠣᠷᠳᠣᠨ ᠤ | ᠪᠡᠯᠡ ᠣᠷᠣᠭᠤᠯᠬᠤ ᠲᠥᠷᠥᠯ ᠵᠦᠢᠯ᠂ ᠵᠢᠭᠡᠯᠡᠯᠭᠡ ᠠᠪᠴᠤ ᠪᠡᠯᠡ ᠬᠤᠷᠠᠮᠳᠤᠭᠤᠯᠬᠤ᠂ ᠰᠠᠭᠤᠷᠢ ᠮᠥᠩᠭᠦ ᠶᠢᠨ ᠠᠵᠢᠯᠯᠠᠭᠠᠨ ᠪᠠ ᠣᠯᠠᠨ ᠨᠡᠶᠢᠲᠡ ᠶᠢᠨ | ᠦᠢᠯᠡᠴᠢᠯᠡᠭᠡᠨ ᠢ ᠬᠤᠳᠠᠯᠳᠤᠨ ᠠᠪᠬᠤ ᠠᠵᠢᠯᠯᠠᠭ᠎ᠠ ᠶᠢ ᠴᠢᠩᠭ᠎ᠠ ᠳᠦᠷᠢᠮᠵᠢᠭᠦᠯᠵᠦ᠂ ᠵᠠᠰᠠᠭ ᠤᠨ ᠣᠷᠳᠣᠨ ᠤ ᠥᠭᠴᠡᠭᠡᠨ ᠤ ᠨᠡᠮᠡᠭᠳᠡᠯ ᠢ ᠴᠢᠩᠭ᠎ᠠ ᠡᠵᠡᠮᠳᠡᠨ᠎ᠡ᠃ | ᠵᠠᠰᠠᠭ ᠤᠨ ᠣᠷᠳᠣᠨ ᠤ ᠥᠭᠴᠡᠭᠡ ᠶᠢ ᠨᠠᠰᠤᠨ ᠲᠤᠷᠰᠢᠳᠠ ᠬᠠᠷᠢᠭᠤᠴᠠᠯᠭ᠎ᠠ ᠠᠰᠠᠭᠤᠬᠤ ᠳᠦᠷᠢᠮ ᠪᠠ ᠥᠷᠢ ᠥᠭᠴᠡᠭᠡᠨ ᠤ ᠠᠰᠠᠭᠤᠳᠠᠯ ᠢ ᠭᠡᠳᠡᠷᠭᠦ ᠪᠠᠶᠢᠴᠠᠭᠠᠬᠤ | ᠲᠣᠭᠲᠠᠯᠴᠠᠭ᠎ᠠ ᠶᠢ ᠲᠡᠭᠦᠯᠳᠡᠷᠵᠢᠭᠦᠯᠵᠦ᠂ ᠬᠢᠨᠠᠯᠲᠠ ᠪᠠ ᠬᠢᠨᠠᠨ ᠪᠠᠶᠢᠴᠠᠭᠠᠬᠤ ᠬᠠᠷᠢᠭᠤᠴᠠᠯᠭ᠎ᠠ ᠠᠰᠠᠭᠤᠬᠤ ᠶᠢ ᠴᠢᠩᠭᠠᠳᠬᠠᠨ᠎ᠠ᠃ ᠵᠠᠰᠠᠭ ᠤᠨ ᠣᠷᠳᠣᠨ ᠤ | ᠥᠭᠴᠡᠭᠡ ᠶᠢ ᠴᠢᠩᠭ᠎ᠠ ᠡᠵᠡᠮᠳᠡᠵᠦ᠂ ᠵᠠᠰᠠᠭ ᠤᠨ ᠣᠷᠳᠣᠨ ᠤ ᠪᠡᠯᠡ ᠣᠷᠣᠭᠤᠯᠬᠤ ᠲᠥᠷᠥᠯ ᠵᠦᠢᠯ ᠢ ᠴᠡᠪᠡᠷᠯᠡᠨ᠎ᠡ᠂ ᠲᠥᠷᠥᠯ ᠵᠦᠢᠯ ᠢ ᠬᠢᠬᠦ ᠦᠭᠡᠢ ᠭᠡᠰᠡᠨ ᠦᠭᠡ | ᠪᠢᠰᠢ᠂ ᠬᠠᠷᠢᠨ ᠬᠡᠲᠦᠷᠬᠡᠢ ᠥᠷᠢ ᠲᠠᠯᠪᠢᠵᠤ᠂ ᠪᠣᠳᠠᠲᠠᠢ ᠳᠤ ᠨᠡᠶᠢᠴᠡᠬᠦ ᠦᠭᠡᠢ ᠲᠥᠷᠥᠯ ᠵᠦᠢᠯ ᠢ ᠬᠢᠬᠦ ᠶᠢ ᠬᠤᠷᠢᠭᠯᠠᠨ ᠵᠣᠭᠰᠣᠭᠠᠵᠤ᠂ ᠲᠡᠳᠡᠭᠡᠷ ᠬᠥᠭᠵᠢᠯᠲᠡ ᠳᠤ | ᠵᠠᠪᠠᠯ ᠬᠢᠬᠦ ᠴᠢᠬᠤᠯᠠᠲᠠᠢ᠂ ᠬᠢᠬᠦ ᠴᠢᠳᠠᠯ ᠴᠤ ᠬᠦᠷᠬᠦ ᠲᠥᠷᠥᠯ ᠵᠦᠢᠯ ᠢ ᠬᠢᠬᠦ ᠮᠥᠷᠲᠡᠭᠡᠨ ᠪᠦᠲᠦᠭᠡᠨ ᠪᠠᠶᠢᠭᠤᠯᠤᠯᠲᠠ ᠶᠢ ᠨᠢ ᠲᠦᠷᠭᠡᠳᠬᠡᠨ ᠠᠬᠢᠭᠤᠯᠤᠨ᠎ᠠ᠃ | ᠣᠨᠢᠨ ᠳᠡᠭᠡᠷ᠎ᠡ ᠨᠢ ᠶᠠᠳᠠᠭᠤ ᠠᠴᠠ ᠠᠩᠭᠢᠵᠢᠷᠠᠭᠤᠯᠬᠤ ᠪᠣᠭᠤᠮᠲᠠ ᠰᠢᠪᠲᠤᠯᠬᠤ ᠳᠠᠶᠢᠯᠠᠯᠳᠤᠭᠠᠨ ᠢ ᠰᠠᠶᠢᠲᠤᠷ ᠬᠢᠨ᠎ᠡ᠃ ︽ᠭᠤᠷᠪᠠ ᠶᠢ ᠨᠢᠭᠡ | ᠴᠣᠭᠴᠠᠵᠢᠭᠤᠯᠤᠭᠰᠠᠨ︾ ᠶᠡᠭᠡ ᠪᠠᠷ ᠶᠠᠳᠠᠭᠤ ᠶᠢ ᠲᠡᠳᠬᠦᠬᠦ ᠪᠠᠶᠢᠳᠠᠯ ᠢ ᠪᠠᠷᠢᠮᠲᠠᠯᠠᠵᠤ᠂ ᠶᠠᠳᠠᠭᠤ ᠠᠴᠠ ᠠᠩᠭᠢᠵᠢᠷᠠᠭᠤᠯᠬᠤ ᠪᠣᠭᠤᠮᠲᠠ ᠰᠢᠪᠲᠤᠯᠬᠤ ᠳᠠᠶᠢᠯᠠᠯᠳᠤᠭᠠᠨ ᠤ | ᠣᠷᠣᠭᠤᠯᠤᠯᠲᠠ ᠶᠢᠨ ᠬᠦᠴᠦᠯᠡᠴᠡ ᠶᠢ ᠨᠡᠮᠡᠭᠳᠡᠭᠦᠯᠦᠨ᠎ᠡ᠂ ᠣᠨᠴᠠᠭᠠᠢ ᠬᠦᠴᠢᠷᠳᠡᠯᠲᠡᠢ ᠣᠯᠠᠨ ᠲᠦᠮᠡᠨ ᠢ ᠣᠨᠢᠨ ᠳᠡᠭᠡᠷ᠎ᠡ ᠨᠢ ᠬᠠᠪᠰᠤᠷᠤᠨ ᠲᠡᠳᠬᠦᠵᠦ᠂ | ᠬᠥᠳᠡᠯᠮᠦᠷᠢᠯᠡᠬᠦ ᠴᠢᠳᠠᠯ ᠲᠠᠢ ᠶᠠᠳᠠᠭᠤ ᠬᠦᠴᠢᠷᠳᠡᠯᠲᠡᠢ ᠬᠥᠮᠥᠨ ᠠᠮᠠ ᠶᠢ᠂ ᠠᠵᠤ ᠦᠢᠯᠡᠰ ᠢᠶᠠᠷ ᠶᠠᠳᠠᠭᠤ ᠶᠢ ᠲᠡᠳᠬᠦᠬᠦ᠂ ᠨᠡᠭᠦᠯᠭᠡᠨ ᠠᠵᠢᠯ ᠣᠯᠭᠤᠬᠤ ᠵᠡᠷᠭᠡ | ᠠᠷᠭ᠎ᠠ ᠪᠠᠷ ᠶᠠᠳᠠᠭᠤ ᠠᠴᠠ ᠠᠩᠭᠢᠵᠢᠷᠠᠭᠤᠯᠤᠨ᠎ᠠ︔ ᠬᠥᠳᠡᠯᠮᠦᠷᠢᠯᠡᠬᠦ ᠴᠢᠳᠠᠪᠤᠷᠢ ᠪᠠᠨ ᠠᠯᠳᠠᠭᠰᠠᠨ ᠪᠣᠯ᠂ ᠠᠪᠤᠷᠠᠨ ᠲᠤᠰᠠᠯᠠᠵᠤ ᠠᠰᠠᠷᠠᠨ ᠲᠡᠵᠢᠭᠡᠬᠦ᠂ ᠬᠦᠨᠳᠦ | ᠡᠪᠡᠳᠴᠢᠲᠡᠨ ᠢ ᠠᠪᠤᠷᠠᠨ ᠵᠠᠰᠠᠬᠤ᠂ ᠠᠮᠢᠳᠤᠷᠠᠯ ᠤᠨ ᠬᠠᠮᠤᠭ ᠳᠣᠣᠷ᠎ᠠ ᠪᠠᠲᠤᠯᠠᠭ᠎ᠠ ᠵᠡᠷᠭᠡ ᠠᠷᠭ᠎ᠠ ᠶᠢ ᠨᠠᠶᠢᠳᠠᠪᠤᠷᠢᠵᠢᠭᠤᠯᠵᠤ᠂ ᠰᠢᠨ᠎ᠡ ᠪᠠᠷ ᠮᠠᠭᠠᠳᠯᠠᠭᠰᠠᠨ ᠪᠠ | ᠳᠠᠬᠢᠨ ᠶᠠᠳᠠᠭᠤᠷᠠᠭᠰᠠᠨ ᠶᠠᠳᠠᠭᠤ ᠬᠦᠴᠢᠷᠳᠡᠯᠲᠡᠢ ᠬᠥᠮᠥᠨ ᠠᠮᠠ ᠶᠢ ᠪᠦᠬᠦᠨ ᠢ ᠶᠠᠳᠠᠭᠤ ᠠᠴᠠ ᠠᠩᠭᠢᠵᠢᠷᠠᠭᠤᠯᠬᠤ ᠶᠢ ᠪᠠᠲᠤᠯᠠᠨ᠎ᠠ᠂ ᠪᠠᠷᠢᠮᠵᠢᠶ᠎ᠠ ᠶᠢ ᠪᠠᠭᠤᠷᠠᠭᠤᠯᠬᠤ | ᠦᠭᠡᠢ ᠪᠥᠭᠡᠳ ᠬᠡᠮᠵᠢᠶ᠎ᠡ ᠶᠢ ᠨᠢ ᠨᠡᠮᠡᠭᠳᠡᠭᠦᠯᠬᠦ ᠦᠭᠡᠢ ᠪᠠᠷ᠂ ᠶᠠᠳᠠᠭᠤ ᠠᠴᠠ ᠠᠩᠭᠢᠵᠢᠷᠠᠭᠤᠯᠬᠤ ᠴᠢᠨᠠᠷ ᠢ ᠦᠨᠡᠨ ᠬᠦ ᠳᠡᠭᠡᠭᠰᠢᠯᠡᠭᠦᠯᠦᠨ᠎ᠡ᠃ ᠣᠷᠣᠨ ᠪᠦᠰᠡ ᠶᠢᠨ | ᠲᠠᠯ᠎ᠠ ᠪᠠᠷ᠂ ᠤᠯᠠᠭᠠᠨᠰᠤᠬᠠᠢ ᠨᠠᠭᠤᠷ ᠤᠨ ᠣᠶᠢᠷ᠎ᠠ ᠬᠠᠪᠢ ᠶᠢᠨ ᠣᠷᠣᠨ᠂ ᠠᠭᠤᠯᠠᠷᠬᠠᠭ ᠭᠠᠩᠳᠠᠩᠭᠤᠢ ᠣᠷᠣᠨ᠂ ᠬᠢᠯᠢ ᠬᠢᠵᠠᠭᠠᠷ ᠤᠨ ᠮᠠᠯᠵᠢᠬᠤ ᠣᠷᠣᠨ ᠵᠡᠷᠭᠡ | ᠶᠠᠳᠠᠭᠤ ᠬᠦᠴᠢᠷᠳᠡᠯ ᠨᠡᠯᠢᠶᠡᠳ ᠬᠦᠨᠳᠦ ᠣᠷᠣᠨ ᠳᠤ ᠲᠥᠪᠯᠡᠷᠡᠭᠦᠯᠦᠨ ᠬᠦᠴᠦᠯᠡᠵᠦ᠂ ᠲᠥᠷᠥᠯ ᠵᠦᠢᠯ ᠤᠨ ᠪᠡᠯᠡ ᠮᠥᠩᠭᠦ ᠵᠡᠷᠭᠡ ᠶᠢ ᠲᠣᠬᠢᠷᠠᠭᠤᠯᠬᠤ ᠲᠠᠯ᠎ᠠ ᠪᠠᠷ | ᠬᠡᠯᠪᠡᠶᠢᠵᠦ᠂ ᠶᠠᠳᠠᠭᠤ ᠬᠦᠴᠢᠷᠳᠡᠯᠲᠡᠢ ᠭᠠᠵᠠᠷ ᠣᠷᠣᠨ ᠤ ᠬᠥᠭᠵᠢᠯᠲᠡ ᠶᠢᠨ ᠨᠥᠬᠦᠴᠡᠯ ᠢ ᠬᠦᠴᠦᠯᠡᠨ ᠰᠠᠶᠢᠵᠢᠷᠠᠭᠤᠯᠤᠨ᠎ᠠ᠃ ᠬᠠᠮᠤᠭ ᠴᠢᠩᠭ᠎ᠠ ᠦᠨᠡᠯᠡᠨ ᠰᠢᠯᠭᠠᠵᠤ | ᠬᠢᠨᠠᠬᠤ ᠳᠦᠷᠢᠮ ᠢ ᠬᠡᠷᠡᠭᠵᠢᠭᠦᠯᠵᠦ᠂ ᠶᠠᠳᠠᠭᠤ ᠶᠢ ᠲᠡᠳᠬᠦᠬᠦ ᠬᠦᠷᠢᠶ᠎ᠡ ᠴᠠᠷᠠᠭ᠎ᠠ ᠳᠠᠬᠢ ᠰᠤᠷᠲᠠᠯ ᠤᠨ ᠠᠰᠠᠭᠤᠳᠠᠯ ᠢ ᠲᠤᠰᠬᠠᠶᠢᠯᠠᠨ ᠵᠠᠰᠠᠨ ᠴᠡᠭᠴᠡᠯᠡᠵᠦ᠂ ᠵᠢᠩᠬᠢᠨᠢ | ᠶᠠᠳᠠᠭᠤ ᠶᠢ ᠲᠡᠳᠬᠦᠵᠦ᠂ ᠦᠨᠡᠨ ᠬᠦ ᠶᠠᠳᠠᠭᠤ ᠠᠴᠠ ᠠᠩᠭᠢᠵᠢᠷᠠᠭᠤᠯᠬᠤ ᠶᠢ ᠭᠦᠢᠴᠡᠳᠬᠡᠨ᠎ᠡ᠃ | ᠪᠣᠬᠢᠷᠲᠤᠯ ᠢ ᠰᠡᠷᠭᠡᠶᠢᠯᠡᠨ ᠵᠠᠰᠠᠬᠤ ᠪᠣᠭᠤᠮᠲᠠ ᠰᠢᠪᠲᠤᠯᠬᠤ ᠳᠠᠶᠢᠯᠠᠯᠳᠤᠭᠠᠨ ᠢ ᠰᠠᠶᠢᠲᠤᠷ ᠥᠷᠨᠢᠭᠦᠯᠦᠨ᠎ᠡ᠃ ᠤᠯᠤᠰ ᠤᠨ ︽ᠠᠮᠢ ᠠᠬᠤᠢ ᠶᠢᠨ ᠣᠷᠴᠢᠨ | ᠲᠣᠭᠤᠷᠢᠨ ᠢ ᠡᠪᠳᠡᠵᠦ ᠬᠤᠬᠢᠷᠠᠭᠤᠯᠤᠭᠰᠠᠨ ᠲᠥᠯᠥᠪᠦᠷᠢ ᠶᠢᠨ ᠳᠦᠷᠢᠮ ᠤᠨ ᠥᠭᠡᠷᠡᠴᠢᠯᠡᠯᠲᠡ ᠶᠢᠨ ᠲᠥᠰᠦᠯ︾ ᠢ ᠴᠢᠩᠭ᠎ᠠ ᠨᠠᠶᠢᠳᠠᠪᠤᠷᠢᠵᠢᠭᠤᠯᠵᠤ᠂ ᠠᠵᠤ | ᠠᠬᠤᠶᠢᠯᠠᠯ ᠤᠨ ᠣᠷᠴᠢᠨ ᠲᠣᠭᠤᠷᠢᠨ ᠢ ᠬᠤᠬᠢᠷᠠᠭᠤᠯᠤᠭᠰᠠᠨ ᠲᠥᠯᠥᠪᠦᠷᠢ ᠶᠢᠨ ᠬᠠᠷᠢᠭᠤᠴᠠᠯᠭ᠎ᠠ ᠶᠢ ᠴᠢᠩᠭᠠᠳᠬᠠᠵᠤ᠂ ︽ᠠᠵᠤ ᠠᠬᠤᠶᠢᠯᠠᠯ ᠡᠪᠳᠡᠵᠦ᠂ ᠣᠯᠠᠨ | ᠲᠦᠮᠡᠨ ᠬᠤᠬᠢᠷᠠᠵᠤ᠂ ᠵᠠᠰᠠᠭ ᠤᠨ ᠣᠷᠳᠣᠨ ᠬᠠᠷᠢᠭᠤᠴᠠᠯᠭ᠎ᠠ ᠡᠭᠦᠷᠭᠡᠯᠡᠬᠦ︾ ᠬᠦᠴᠢᠷ ᠰᠡᠳᠦᠪ ᠢ ᠲᠠᠶᠢᠯᠤᠨ᠎ᠠ᠃ ᠲᠥᠪ ᠬᠤᠷᠢᠶ᠎ᠠ ᠪᠠ ᠥᠪᠡᠷᠲᠡᠭᠡᠨ ᠵᠠᠰᠠᠬᠤ | ᠣᠷᠣᠨ ᠤ ᠣᠷᠴᠢᠨ ᠲᠣᠭᠤᠷᠢᠨ ᠤ ᠬᠠᠮᠠᠭᠠᠯᠠᠯᠲᠠ ᠶᠢᠨ ᠬᠢᠨᠠᠨ ᠪᠠᠶᠢᠴᠠᠭᠠᠯᠲᠠ ᠳᠤ ᠭᠡᠳᠡᠷᠭᠦ ᠲᠤᠰᠬᠠᠭᠰᠠᠨ ᠰᠠᠨᠠᠯ ᠢ ᠴᠡᠭᠴᠡᠯᠡᠨ ᠥᠭᠡᠷᠡᠴᠢᠯᠡᠬᠦ ᠠᠵᠢᠯ ᠢ ᠰᠠᠶᠢᠲᠤᠷ | ᠠᠳᠬᠤᠵᠤ᠂ ᠲᠣᠭᠲᠠᠭᠰᠠᠨ ᠴᠠᠭ ᠲᠤᠨᠢ ᠴᠡᠭᠴᠡᠯᠡᠨ ᠥᠭᠡᠷᠡᠴᠢᠯᠡᠵᠦ ᠪᠠᠷᠠᠭᠠᠨ᠎ᠠ᠃ ᠬᠥᠬᠡ ᠲᠩᠷᠢ ᠠᠵᠢᠯᠯᠠᠭᠠᠨ ᠤ ᠲᠥᠯᠥᠪᠯᠡᠭᠡ ᠶᠢ ᠭᠦᠨᠵᠡᠭᠡᠢ ᠬᠡᠷᠡᠭᠵᠢᠭᠦᠯᠵᠦ᠂ | ᠭᠤᠣᠯᠳᠠᠯᠭ᠎ᠠ ᠲᠠᠢ ᠠᠵᠢᠯ ᠲᠥᠷᠥᠯ ᠤᠨ ᠬᠦᠬᠦᠷ ᠦᠭᠡᠶᠢᠳᠡᠭᠦᠯᠬᠦ᠂ ᠱᠡᠦ ᠦᠭᠡᠶᠢᠳᠡᠭᠦᠯᠬᠦ ᠵᠢᠴᠢ ᠲᠣᠭᠤᠰᠣ ᠦᠭᠡᠶᠢᠳᠡᠭᠦᠯᠬᠦ ᠥᠭᠡᠷᠡᠴᠢᠯᠡᠯᠲᠡ ᠶᠢᠨ ᠪᠦᠲᠦᠭᠡᠨ | ᠪᠠᠶᠢᠭᠤᠯᠤᠯᠲᠠ ᠶᠢ ᠲᠦᠷᠭᠡᠳᠬᠡᠵᠦ᠂ 10 ᠲᠣᠨ ᠠᠴᠠ ᠳᠣᠷᠣᠭᠰᠢᠬᠢ ᠨᠡᠭᠦᠷᠡᠰᠦ ᠲᠦᠯᠡᠳᠡᠭ ᠲᠣᠭᠤᠭᠠᠲᠤ ᠵᠤᠤᠬ᠎ᠠ ᠶᠢ ᠪᠦᠬᠦ ᠲᠠᠯ᠎ᠠ ᠪᠠᠷ ᠰᠢᠷᠪᠢᠭᠳᠡᠭᠦᠯᠦᠨᠡ᠃ | ᠥᠪᠥᠷ ᠮᠣᠩᠭᠤᠯ ᠤᠨ ᠣᠷᠴᠢᠨ ᠲᠣᠭᠤᠷᠢᠨ ᠤ ᠪᠡᠯᠡ ᠣᠷᠣᠭᠤᠯᠤᠯᠲᠠ᠂ ᠲᠢᠶᠠᠨᠵᠢᠨ ᠤ ᠬᠤᠲᠠ ᠶᠢᠨ ᠪᠦᠲᠦᠭᠡᠨ ᠪᠠᠶᠢᠭᠤᠯᠤᠯᠲᠠ ᠶᠢᠨ ᠪᠡᠯᠡ ᠣᠷᠣᠭᠤᠯᠤᠯᠲᠠ ᠵᠡᠷᠭᠡ | ᠠᠵᠤ ᠠᠬᠤᠶᠢᠯᠠᠯ ᠯᠤᠭ᠎ᠠ ᠬᠠᠮᠵᠢᠯᠴᠠᠵᠤ᠂ ᠬᠤᠲᠠ ᠪᠠᠯᠭᠠᠰᠤ ᠪᠠ ᠠᠵᠤ ᠦᠢᠯᠡᠳᠪᠦᠷᠢ ᠶᠢᠨ ᠬᠦᠷᠢᠶᠡᠯᠡᠩ ᠲᠣᠭᠤᠷᠢᠭ ᠤᠨ ᠪᠤᠵᠠᠷ ᠤᠰᠤ ᠰᠢᠢᠳᠪᠦᠷᠢᠯᠡᠬᠦ᠂ ᠳᠤᠮᠳᠠ | ᠤᠰᠤ ᠶᠢ ᠬᠤᠷᠢᠶᠠᠨ ᠠᠰᠢᠭᠯᠠᠬᠤ ᠵᠡᠷᠭᠡ ᠲᠥᠷᠥᠯ ᠵᠦᠢᠯ ᠢ ᠬᠡᠷᠡᠭᠵᠢᠭᠦᠯᠦᠨ᠎ᠡ᠃ ᠬᠤᠭ ᠨᠣᠪᠰᠢ ᠶᠢ ᠲᠥᠷᠥᠯ ᠬᠤᠪᠢᠶᠠᠬᠤ ᠳᠦᠷᠢᠮ ᠢ ᠬᠡᠷᠡᠭᠵᠢᠭᠦᠯᠵᠦ᠂ | ᠠᠮᠢᠳᠤᠷᠠᠯ ᠤᠨ ᠬᠤᠭ ᠨᠣᠪᠰᠢ ᠶᠢ ᠰᠢᠲᠠᠭᠠᠨ ᠴᠠᠬᠢᠯᠭᠠᠨ ᠭᠠᠷᠭᠠᠬᠤ ᠦᠢᠯᠡᠳᠪᠦᠷᠢ᠂ ᠬᠤᠭᠤᠯᠠᠨ ᠭᠡᠷ ᠤᠨ ᠬᠤᠭ ᠨᠣᠪᠰᠢ ᠶᠢ ᠰᠢᠢᠳᠪᠦᠷᠢᠯᠡᠬᠦ ᠦᠢᠯᠡᠳᠪᠦᠷᠢ ᠶᠢ | ᠪᠠᠶᠢᠭᠤᠯᠤᠨ᠎ᠠ᠃ ᠣᠷᠴᠢᠨ ᠲᠣᠭᠤᠷᠢᠨ ᠤ ᠬᠠᠤᠯᠢ ᠬᠡᠷᠡᠭᠵᠢᠭᠦᠯᠬᠦ ᠬᠦᠴᠦᠯᠡᠴᠡ ᠶᠢ ᠨᠡᠮᠡᠭᠳᠡᠭᠦᠯᠵᠦ᠂ ᠨᠢᠭᠤᠴᠠ ᠪᠠᠷ ᠭᠠᠳᠠᠭᠰᠢᠯᠠᠭᠤᠯᠬᠤ᠂ ᠪᠠᠷᠢᠮᠵᠢᠶ᠎ᠠ ᠠᠴᠠ | ᠳᠠᠪᠠᠭᠤᠯᠤᠨ ᠭᠠᠳᠠᠭᠰᠢᠯᠠᠭᠤᠯᠬᠤ ᠵᠡᠷᠭᠡ ᠠᠵᠢᠯᠯᠠᠭ᠎ᠠ ᠶᠢ ᠡᠷᠡᠰ ᠪᠠᠶᠢᠴᠠᠭᠠᠨ ᠰᠢᠢᠳᠪᠦᠷᠢᠯᠡᠨ᠎ᠡ᠃ | ︵ᠬᠤᠶᠠᠷ︶ ᠪᠣᠷᠣᠲᠣᠬᠤᠢ ᠶᠢᠨ ᠪᠦᠬᠦ ᠴᠠᠷᠠᠭ᠎ᠠ ᠶᠢᠨ ᠪᠣᠬᠢᠷᠲᠤᠯ ᠦᠭᠡᠢ ᠣᠷᠭᠠᠨᠢᠭ ᠥᠨᠳᠥᠷ ᠳᠡᠰ ᠤᠨ ᠮᠠᠯ ᠲᠠᠷᠢᠶᠠᠯᠠᠩ ᠤᠨ ᠪᠦᠲᠦᠭᠡᠭᠳᠡᠬᠦᠨ ᠢ | ᠦᠢᠯᠡᠳᠪᠦᠷᠢᠯᠡᠨ ᠡᠳ᠋ᠰᠢᠭᠦᠯᠵᠦ ᠭᠠᠳᠠᠭᠰᠢ ᠭᠠᠷᠭᠠᠬᠤ ᠰᠠᠭᠤᠷᠢᠨ ᠭᠠᠵᠠᠷ ᠢ ᠪᠦᠬᠦ ᠬᠦᠴᠦᠨ ᠢᠶᠠᠷ ᠪᠦᠲᠦᠭᠡᠨ ᠪᠠᠶᠢᠭᠤᠯᠤᠨ᠎ᠠ᠃ ᠡᠨᠡ ᠪᠣᠯ ᠬᠥᠳᠡᠭᠡ ᠲᠣᠰᠬᠤᠨ ᠢ | ᠮᠠᠨᠳᠤᠭᠤᠯᠬᠤ ᠪᠠᠶᠢᠯᠳᠤᠬᠤ ᠪᠣᠳᠣᠯᠭ᠎ᠠ ᠶᠢ ᠬᠡᠷᠡᠭᠵᠢᠭᠦᠯᠵᠦ᠂ ᠬᠤᠲᠠ ᠬᠥᠳᠡᠭᠡ ᠶᠢᠨ ᠠᠭᠤᠰᠤᠯᠴᠠᠨ ᠬᠥᠭᠵᠢᠬᠦ ᠶᠢ ᠠᠬᠢᠭᠤᠯᠬᠤ ᠭᠤᠣᠯ ᠴᠥᠮ᠎ᠡ ᠪᠠ ᠵᠠᠩᠭᠢᠯᠠᠭ᠎ᠠ | ᠪᠣᠯᠣᠨ᠎ᠠ᠂ ᠮᠥᠨᠴᠦ ᠮᠠᠯ ᠲᠠᠷᠢᠶᠠᠯᠠᠩ ᠤᠨ ᠬᠠᠩᠭᠠᠯᠭ᠎ᠠ ᠶᠢᠨ ᠲᠠᠯ᠎ᠠ ᠶᠢᠨ ᠪᠦᠲᠦᠴᠡ ᠶᠢᠨ ᠴᠢᠨᠠᠷᠲᠠᠢ ᠥᠭᠡᠷᠡᠴᠢᠯᠡᠯᠲᠡ ᠶᠢ ᠭᠦᠨᠵᠡᠭᠡᠶᠢᠷᠡᠭᠦᠯᠵᠦ᠂ ᠮᠠᠯ ᠲᠠᠷᠢᠶᠠᠯᠠᠩ ᠤᠨ | ᠶᠠᠰᠤ ᠴᠢᠨᠠᠷ ᠦᠷ᠎ᠡ ᠠᠰᠢᠭ ᠪᠠ ᠥᠷᠢᠰᠦᠯᠳᠦᠬᠦ ᠬᠦᠴᠦᠨ ᠢ ᠳᠡᠭᠡᠭᠰᠢᠯᠡᠭᠦᠯᠵᠦ᠂ ᠮᠠᠯᠴᠢᠨ ᠲᠠᠷᠢᠶᠠᠴᠢᠳ ᠤ ᠣᠷᠣᠯᠭ᠎ᠠ ᠶᠢ ᠦᠷᠭᠦᠯᠵᠢᠯᠡᠨ ᠨᠡᠮᠡᠭᠳᠡᠭᠦᠯᠬᠦ ᠴᠢᠬᠤᠯᠠ | ᠠᠷᠭ᠎ᠠ ᠪᠠᠷᠢᠯ ᠪᠣᠯᠣᠨ᠎ᠠ᠃ ᠪᠢᠳᠡ ᠵᠠᠪᠠᠯ ᠴᠢᠩᠭ᠎ᠠ ᠬᠦᠴᠦᠲᠡᠢ ᠠᠵᠢᠯ ᠤᠨ ᠠᠷᠭ᠎ᠠ ᠪᠠᠷ᠂ ᠪᠦᠬᠦ ᠬᠤᠲᠠ ᠶᠢᠨ ᠬᠦᠴᠦᠨ ᠢ ᠳᠠᠶᠢᠴᠢᠯᠠᠨ ᠲᠦᠯᠬᠢᠨ ᠠᠬᠢᠭᠤᠯᠬᠤ | ᠪᠣᠯᠣᠨ᠎ᠠ᠃ | ᠪᠣᠷᠣᠲᠣᠬᠤᠢ ᠶᠢᠨ ᠣᠷᠣᠨ ᠪᠦᠰᠡ ᠶᠢᠨ ᠨᠡᠷ᠎ᠡ ᠲᠡᠮᠳᠡᠭ ᠤᠨ ᠪᠠᠶᠢᠭᠤᠯᠤᠯᠲᠠ ᠶᠢ ᠰᠠᠶᠢᠲᠤᠷ ᠠᠳᠬᠤᠨ᠎ᠠ᠃ ᠪᠣᠷᠣᠲᠣᠬᠤᠢ ᠶᠢᠨ ᠮᠠᠯ ᠲᠠᠷᠢᠶᠠᠯᠠᠩ ᠤᠨ | ᠪᠦᠲᠦᠭᠡᠭᠳᠡᠬᠦᠨ ᠤ ᠨᠡᠷ᠎ᠡ ᠲᠡᠮᠳᠡᠭ ᠢ ᠬᠥᠭᠵᠢᠭᠦᠯᠬᠦ ᠲᠥᠯᠥᠪᠯᠡᠭᠡ ᠶᠢ ᠨᠠᠶᠢᠷᠠᠭᠤᠯᠵᠤ᠂ ᠲᠡᠳᠬᠦᠬᠦ ᠲᠥᠷᠥ ᠶᠢᠨ ᠪᠣᠳᠣᠯᠭ᠎ᠠ ᠶᠢ ᠲᠣᠭᠲᠠᠭᠠᠨ ᠲᠡᠭᠦᠯᠳᠡᠷᠵᠢᠭᠦᠯᠦᠨ᠎ᠡ᠂ ︽ | ᠪᠣᠷᠣᠲᠣᠬᠤᠢ︾ ᠶᠢᠨ ᠭᠠᠵᠠᠷ ᠵᠦᠢ ᠶᠢᠨ ᠪᠡᠯᠭᠡ ᠲᠡᠮᠳᠡᠭᠲᠦ ᠲᠠᠸᠠᠷ ᠤᠨ ᠲᠡᠮᠳᠡᠭ ᠢ ᠳᠠᠩᠰᠠᠯᠠᠭᠤᠯᠵᠤ᠂ ︽ᠪᠣᠷᠣᠲᠣᠬᠤᠢ︾ ᠲᠡᠮᠳᠡᠭ ᠢ ᠪᠠᠶᠠᠨᠨᠠᠭᠤᠷ ᠤᠨ ᠪᠣᠬᠢᠷᠲᠤᠯ | ᠦᠭᠡᠢ ᠮᠠᠯ ᠲᠠᠷᠢᠶᠠᠯᠠᠩ ᠤᠨ ᠪᠦᠲᠦᠭᠡᠭᠳᠡᠬᠦᠨ ᠤ ᠲᠥᠯᠥᠭᠡᠨ ᠤ ᠨᠡᠷ᠎ᠡ ᠪᠣᠯᠭᠠᠨ᠎ᠠ᠃ ᠪᠣᠷᠣᠲᠣᠬᠤᠢ ᠶᠢᠨ ᠪᠦᠲᠦᠭᠡᠭᠳᠡᠬᠦᠨ ᠤ ᠪᠦᠬᠦ ᠶᠠᠪᠤᠴᠠ ᠶᠢᠨ ᠶᠠᠰᠤ ᠴᠢᠨᠠᠷ ᠤᠨ | ᠪᠠᠷᠢᠮᠵᠢᠶᠠᠨ ᠤ ᠲᠣᠭᠲᠠᠯᠴᠠᠭ᠎ᠠ ᠶᠢ ᠪᠠᠶᠢᠭᠤᠯᠵᠤ᠂ ᠠᠵᠤ ᠠᠬᠤᠶᠢᠯᠠᠯ᠂ ᠬᠠᠮᠵᠢᠯᠴᠠᠬᠤ ᠵᠣᠬᠢᠶᠠᠨ ᠪᠠᠶᠢᠭᠤᠯᠤᠯᠲᠠ ᠶᠢ ᠵᠣᠷᠢᠭᠵᠢᠭᠤᠯᠤᠨ ᠵᠢᠯᠣᠭᠤᠳᠴᠤ ᠪᠠᠶᠢᠭᠠᠳ | ᠪᠠᠷᠢᠮᠵᠢᠶ᠎ᠠ ᠶᠣᠰᠣᠭᠠᠷ ᠦᠢᠯᠡᠳᠪᠦᠷᠢᠯᠡᠯ᠂ ᠡᠳ᠋ᠰᠢᠭᠦᠯᠭᠡ ᠪᠠ ᠪᠣᠷᠣᠯᠠᠭᠤᠯᠭ᠎ᠠ ᠪᠠᠨ ᠵᠣᠬᠢᠶᠠᠨ ᠪᠠᠶᠢᠭᠤᠯᠬᠤ ᠪᠣᠯᠭᠠᠨ᠎ᠠ᠂ ᠪᠠᠷᠢᠮᠵᠢᠶ᠎ᠠ ᠳᠤ ᠨᠡᠶᠢᠴᠡᠭᠰᠡᠨ | ᠪᠦᠲᠦᠭᠡᠭᠳᠡᠬᠦᠨ ᠳᠤ ᠪᠣᠷᠣᠲᠣᠬᠤᠢ ᠶᠢᠨ ᠣᠷᠣᠨ ᠪᠦᠰᠡ ᠶᠢᠨ ᠨᠡᠷ᠎ᠡ ᠲᠡᠮᠳᠡᠭ ᠢ ᠬᠡᠷᠡᠭᠯᠡᠬᠦ ᠡᠷᠬᠡ ᠣᠯᠭᠤᠵᠤ᠂ ︽ᠪᠣᠷᠣᠲᠣᠬᠤᠢ ᠲᠡᠮᠳᠡᠭᠲᠦ︾ ᠪᠦᠲᠦᠭᠡᠭᠳᠡᠬᠦᠨ ᠢ | ᠥᠨᠳᠥᠷ ᠳᠡᠰ ᠤᠨ ᠵᠠᠬ᠎ᠠ ᠳᠡᠯᠭᠡᠭᠦᠷ ᠲᠤ ᠣᠷᠣᠭᠤᠯᠵᠤ᠂ ᠦᠨ᠎ᠡ ᠳᠤ ᠬᠦᠷᠭᠡᠨ ᠬᠤᠳᠠᠯᠳᠤᠨ᠎ᠠ᠃ ᠮᠠᠯ ᠲᠠᠷᠢᠶᠠᠯᠠᠩ ᠤᠨ ᠪᠦᠲᠦᠭᠡᠭᠳᠡᠬᠦᠨ ᠤ ᠶᠠᠰᠤ ᠴᠢᠨᠠᠷ ᠤᠨ ᠠᠮᠤᠷ | ᠲᠦᠪᠰᠢᠨ ᠤ ᠭᠡᠳᠡᠷᠭᠦ ᠨᠡᠬᠡᠮᠵᠢᠯᠡᠬᠦ ᠬᠠᠮᠢᠶᠠᠷᠤᠯᠲᠠ ᠶᠢ ᠴᠢᠩᠭᠠᠳᠬᠠᠵᠤ᠂ ᠮᠢᠬ᠎ᠠ᠂ ᠢᠳᠡᠰᠢᠨ ᠨᠣᠭᠤᠭ᠎ᠠ᠂ ᠠᠮᠤ ᠪᠤᠳᠠᠭ᠎ᠠ ᠵᠡᠷᠭᠡ ᠭᠤᠣᠯ ᠪᠣᠯᠬᠤ ᠲᠠᠷᠢᠶᠠᠯᠠᠩ ᠤᠨ | ᠪᠦᠲᠦᠭᠡᠭᠳᠡᠬᠦᠨ ᠢ ᠪᠦᠷ ᠭᠡᠳᠡᠷᠭᠦ ᠨᠡᠬᠡᠮᠵᠢᠯᠡᠬᠦ ᠲᠣᠭᠲᠠᠯᠴᠠᠭ᠎ᠠ ᠳᠤ ᠣᠷᠣᠭᠤᠯᠬᠤ ᠪᠠᠷ ᠴᠢᠷᠮᠠᠶᠢᠨ᠎ᠠ᠃ ᠨᠡᠷ᠎ᠡ ᠲᠡᠮᠳᠡᠭ ᠢ ᠤᠬᠠᠭᠤᠯᠤᠨ ᠡᠵᠡᠩᠨᠡᠵᠦ ᠪᠣᠷᠣᠯᠠᠭᠤᠯᠤᠨ | ᠲᠠᠨᠢᠯᠴᠠᠭᠤᠯᠬᠤ ᠬᠦᠴᠦᠯᠡᠴᠡ ᠶᠢ ᠶᠡᠬᠡᠰᠬᠡᠵᠦ᠂ ᠪᠣᠷᠣᠲᠣᠬᠤᠢ ᠶᠢᠨ ᠣᠷᠣᠨ ᠪᠦᠰᠡ ᠶᠢᠨ ᠨᠡᠷ᠎ᠡ ᠲᠡᠮᠳᠡᠭ ᠤᠨ ᠠᠯᠳᠠᠷᠰᠢᠯ ᠪᠠ ᠨᠥᠯᠥᠭᠡ ᠶᠢ ᠳᠡᠭᠡᠭᠰᠢᠯᠡᠭᠦᠯᠦᠨ᠎ᠡ᠃ | ᠣᠨᠴᠠᠯᠢᠭᠲᠤ ᠮᠠᠯ ᠲᠠᠷᠢᠶᠠᠯᠠᠩ ᠤᠨ ᠪᠦᠲᠦᠭᠡᠭᠳᠡᠬᠦᠨ ᠤ ᠨᠡᠷ᠎ᠡ ᠲᠡᠮᠳᠡᠭ ᠢ ᠢᠳᠡᠪᠬᠢᠲᠡᠢ ᠪᠣᠶᠢᠵᠢᠭᠤᠯᠵᠤ᠂ ︽ᠭᠤᠷᠪᠠᠨ ᠪᠦᠲᠦᠭᠡᠭᠳᠡᠬᠦᠨ ᠨᠢᠭᠡ ᠨᠡᠷ᠎ᠡ ᠲᠡᠮᠳᠡᠭ︾ ᠲᠠᠢ | ᠪᠦᠲᠦᠭᠡᠭᠳᠡᠬᠦᠨ ᠢ 60 ᠨᠡᠮᠡᠭᠳᠡᠭᠦᠯᠵᠦ᠂ ᠬᠤᠲᠠ ᠶᠢᠨ ᠳᠠᠷᠤᠭ᠎ᠠ ᠶᠢᠨ ᠶᠠᠰᠤ ᠴᠢᠨᠠᠷ ᠤᠨ ᠱᠠᠩᠨᠠᠯ ᠢ ᠰᠢᠯᠭᠠᠷᠠᠭᠤᠯᠬᠤ ᠠᠵᠢᠯ ᠢ ᠰᠠᠶᠢᠲᠤᠷ ᠬᠢᠵᠦ᠂ ᠤᠯᠤᠰ ᠤᠨ | ᠳᠡᠰ ᠤᠨ ᠭᠠᠳᠠᠭᠠᠳᠤ ᠳᠤ ᠭᠠᠷᠭᠠᠬᠤ ᠢᠳᠡᠭᠡᠨ ᠲᠠᠷᠢᠶᠠᠯᠠᠩ ᠤᠨ ᠪᠦᠲᠦᠭᠡᠭᠳᠡᠬᠦᠨ ᠤ ᠶᠠᠰᠤ ᠴᠢᠨᠠᠷ ᠠᠮᠤᠷ ᠲᠦᠪᠰᠢᠨ ᠤ ᠵᠢᠱᠢᠶᠡᠴᠢ ᠬᠤᠲᠠ ᠶᠢ ᠡᠭᠦᠳᠦᠨ | ᠪᠠᠶᠢᠭᠤᠯᠤᠨ᠎ᠠ᠃ | ᠮᠠᠯ ᠲᠠᠷᠢᠶᠠᠯᠠᠩ ᠤᠨ ᠪᠦᠲᠦᠴᠡ ᠶᠢ ᠵᠣᠬᠢᠴᠠᠭᠤᠯᠤᠨ ᠰᠢᠯᠢᠳᠡᠭᠵᠢᠭᠦᠯᠦᠨ᠎ᠡ᠃ ᠠᠮᠤ ᠪᠤᠳᠠᠭᠠᠨ ᠤ ᠦᠢᠯᠡᠳᠪᠦᠷᠢᠯᠡᠯ ᠤᠨ ᠴᠢᠳᠠᠪᠤᠷᠢ ᠶᠢ ᠲᠣᠭᠲᠠᠪᠤᠷᠢᠵᠢᠭᠤᠯᠵᠤ᠂ | ᠦᠷ᠎ᠡ ᠶᠢᠨ ᠡᠷᠳᠡᠨᠢ ᠰᠢᠰᠢ ᠶᠢᠨ ᠲᠠᠷᠢᠬᠤ ᠲᠠᠯᠠᠪᠠᠢ ᠶᠢ 20 ᠲᠦᠮᠡᠨ ᠮᠦ ᠬᠠᠰᠤᠭᠳᠠᠭᠤᠯᠵᠤ᠂ ᠰᠢᠯᠢᠳᠡᠭ ᠪᠤᠭᠤᠳᠠᠢ ᠶᠢᠨ ᠲᠠᠷᠢᠮᠠᠯ ᠤᠨ ᠲᠠᠯᠠᠪᠠᠢ ᠶᠢ 150 ᠲᠦᠮᠡᠨ | ᠮᠦ ᠳᠤ ᠬᠦᠷᠭᠡᠨ᠎ᠡ᠂ ᠨᠠᠷᠠᠨ ᠬᠤᠸᠠᠷ ᠲᠠᠷᠢᠬᠤ ᠲᠠᠯᠠᠪᠠᠢ ᠶᠢ ᠲᠣᠭᠲᠠᠪᠤᠷᠢᠲᠠᠢ ᠪᠠᠶᠢᠯᠭᠠᠵᠤ᠂ ᠰᠢᠯᠢᠳᠡᠭ ᠲᠡᠵᠢᠭᠡᠯ ᠡᠪᠡᠰᠦ ᠪᠠ ᠡᠯᠳᠡᠪ ᠠᠮᠤ ᠶᠢᠨ ᠲᠠᠷᠢᠬᠤ ᠲᠠᠯᠠᠪᠠᠢ ᠶᠢ | ᠥᠷᠭᠡᠳᠬᠡᠨ᠎ᠡ᠃ ᠪᠣᠳᠠᠲᠠᠢ ᠪᠠᠶᠢᠳᠠᠯ ᠳᠤᠨᠢ ᠲᠣᠬᠢᠷᠠᠭᠤᠯᠤᠨ ᠲᠥᠬᠦᠭᠡᠷᠦᠮᠵᠢᠲᠦ ᠲᠠᠷᠢᠶᠠᠯᠠᠩ ᠢ ᠬᠥᠭᠵᠢᠭᠦᠯᠵᠦ᠂ ᠦᠷᠭᠦᠯᠵᠢᠯᠡᠭᠦᠯᠦᠨ ᠲᠠᠷᠢᠬᠤ ᠲᠠᠯᠠᠪᠠᠢ ᠶᠢ | ᠰᠢᠨ᠎ᠡ ᠪᠠᠷ 2.5 ᠲᠦᠮᠡᠨ ᠮᠦ ᠨᠡᠮᠡᠭᠳᠡᠭᠦᠯᠦᠨ᠎ᠡ᠃ ᠬᠤᠨᠢ ᠶᠢ ᠲᠣᠭᠲᠠᠪᠤᠷᠢᠵᠢᠭᠤᠯᠤᠨ ᠦᠬᠡᠷ ᠢ ᠨᠡᠮᠡᠭᠳᠡᠭᠦᠯᠵᠦ᠂ ᠭᠠᠭ᠋ᠠᠢ ᠵᠢᠭᠦᠷᠲᠡᠨ ᠢ ᠥᠷᠭᠡᠳᠬᠡᠵᠦ᠂ ᠠᠯᠠᠰᠢᠨ | ᠡᠯᠵᠢᠭᠡ᠂ ᠲᠡᠮᠡᠭᠡ᠂ ᠤᠰᠤᠨ ᠭᠠᠷᠤᠯᠲᠠ ᠵᠡᠷᠭᠡ ᠣᠨᠴᠠᠯᠢᠭᠲᠤ ᠲᠡᠵᠢᠭᠡᠨ ᠦᠷᠡᠵᠢᠭᠦᠯᠬᠦ ᠦᠢᠯᠡᠰ ᠢ ᠵᠣᠬᠢᠰᠲᠠᠢ ᠬᠥᠭᠵᠢᠭᠦᠯᠵᠦ᠂ ᠮᠠᠯ ᠲᠡᠵᠢᠭᠡᠬᠦ ᠬᠡᠮᠵᠢᠶ᠎ᠡ ᠶᠢ | 2400 ᠲᠦᠮᠡ ᠳᠤ ᠬᠦᠷᠭᠡᠨ᠎ᠡ᠃ ᠠᠵᠤ ᠠᠬᠤᠢ ᠶᠢᠨ ᠣᠢ ᠶᠢᠨ ᠲᠠᠷᠢᠬᠤ ᠲᠠᠯᠠᠪᠠᠢ ᠶᠢ ᠴᠡᠭᠴᠡᠲᠡᠢ ᠥᠷᠭᠡᠳᠬᠡᠵᠦ᠂ ᠣᠢ ᠰᠢᠭᠤᠢ ᠶᠢᠨ ᠵᠢᠮᠢᠰ ᠤᠨ ᠦᠢᠯᠡᠰ ᠢ | ᠢᠳᠡᠪᠬᠢᠲᠡᠢ ᠬᠥᠭᠵᠢᠭᠦᠯᠦᠨ᠎ᠡ᠃ | ᠮᠠᠯᠵᠢᠬᠤ ᠲᠠᠷᠢᠶᠠᠯᠠᠬᠤ ᠣᠷᠣᠨ ᠤ ᠠᠵᠤ ᠦᠢᠯᠡᠰ ᠤᠨ ᠠᠭᠤᠰᠤᠯᠴᠠᠨ ᠬᠥᠭᠵᠢᠬᠦ ᠶᠢ ᠠᠬᠢᠭᠤᠯᠤᠨ᠎ᠠ᠃ ᠪᠣᠷᠣᠲᠣᠬᠤᠢ ᠶᠢᠨ ᠪᠦᠬᠦ ᠴᠠᠷᠠᠭ᠎ᠠ ᠶᠢᠨ ᠪᠣᠬᠢᠷᠲᠤᠯ ᠦᠭᠡᠢ | ᠣᠷᠭᠠᠨᠢᠭ ᠥᠨᠳᠥᠷ ᠳᠡᠰ ᠤᠨ ᠮᠠᠯ ᠲᠠᠷᠢᠶᠠᠯᠠᠩ ᠤᠨ ᠪᠦᠲᠦᠭᠡᠭᠳᠡᠬᠦᠨ ᠢ ᠦᠢᠯᠡᠳᠪᠦᠷᠢᠯᠡᠨ ᠡᠳ᠋ᠰᠢᠭᠦᠯᠵᠦ ᠭᠠᠳᠠᠭᠰᠢ ᠭᠠᠷᠭᠠᠬᠤ ᠰᠠᠭᠤᠷᠢᠨ ᠭᠠᠵᠠᠷ ᠤᠨ ᠠᠵᠤ | ᠦᠢᠯᠡᠰ ᠢ ᠬᠥᠲᠥᠯᠦᠨ ᠵᠢᠯᠣᠭᠤᠳᠬᠤ ᠰᠠᠭᠤᠷᠢ ᠮᠥᠩᠭᠦ ᠲᠣᠬᠢᠷᠠᠭᠤᠯᠤᠨ᠎ᠠ᠃ ᠪᠦᠬᠦ ᠤᠯᠤᠰ ᠪᠦᠬᠦ ᠣᠷᠣᠨ ᠳᠤ ᠨᠥᠯᠥᠭᠡ ᠲᠠᠢ ᠲᠣᠯᠣᠭᠠᠶᠢᠯᠠᠬᠤ ᠠᠵᠤ ᠠᠬᠤᠶᠢᠯᠠᠯ ᠢ | 10 ᠠᠴᠠ ᠢᠯᠡᠭᠦᠦ ᠪᠣᠶᠢᠵᠢᠭᠤᠯᠬᠤ ᠪᠠ ᠲᠠᠲᠠᠨ ᠣᠷᠣᠭᠤᠯᠤᠨ᠎ᠠ᠂ ᠴᠠᠭᠠᠨ ᠢᠳᠡᠭᠡ ᠮᠢᠬ᠎ᠠ᠂ ᠠᠮᠤ ᠲᠣᠰᠣ᠂ ᠨᠤᠯᠤᠤᠷ ᠨᠡᠬᠡᠮᠡᠯ ᠵᠡᠷᠭᠡ ᠮᠠᠯ ᠲᠠᠷᠢᠶᠠᠯᠠᠩ ᠤᠨ | ᠪᠦᠲᠦᠭᠡᠭᠳᠡᠬᠦᠨ ᠢ ᠨᠠᠷᠢᠯᠢᠭ ᠭᠦᠨᠵᠡᠭᠡᠢ ᠡᠳ᠋ᠰᠢᠭᠦᠯᠬᠦ ᠶᠢ ᠠᠬᠢᠭᠤᠯᠵᠤ᠂ ᠠᠵᠤ ᠦᠢᠯᠡᠰ ᠤᠨ ᠲᠥᠪᠯᠡᠷᠡᠴᠡ ᠪᠠ ᠠᠵᠤ ᠦᠢᠯᠡᠰᠵᠢᠭᠦᠯᠦᠯᠲᠡ ᠶᠢᠨ ᠲᠦᠪᠰᠢᠨ ᠢ | ᠳᠡᠭᠡᠭᠰᠢᠯᠡᠭᠦᠯᠦᠨ᠎ᠡ᠃ ᠬᠥᠮᠥᠷᠭᠡᠯᠡᠬᠦ᠂ ᠰᠣᠷᠭᠤᠭ ᠪᠠᠶᠢᠯᠭᠠᠬᠤ᠂ ᠬᠠᠲᠠᠭᠠᠬᠤ᠂ ᠢᠯᠭᠠᠵᠤ ᠰᠣᠩᠭᠤᠨ ᠳᠡᠰ ᠬᠤᠪᠢᠶᠠᠬᠤ ᠵᠡᠷᠭᠡ ᠲᠥᠬᠦᠭᠡᠷᠦᠮᠵᠢ ᠶᠢᠨ ᠨᠥᠬᠦᠴᠡᠯ ᠢ | ᠲᠡᠭᠦᠯᠳᠡᠷᠵᠢᠭᠦᠯᠵᠦ᠂ ᠮᠠᠯ ᠲᠠᠷᠢᠶᠠᠯᠠᠩ ᠤᠨ ᠪᠦᠲᠦᠭᠡᠭᠳᠡᠬᠦᠨ ᠤ ᠬᠤᠬᠢᠷᠠᠯ ᠢ ᠪᠠᠭᠠᠰᠬᠠᠨ ᠦᠷ᠎ᠡ ᠠᠰᠢᠭ ᠢ ᠨᠡᠮᠡᠭᠳᠡᠭᠦᠯᠦᠨ᠎ᠡ᠃ ᠬᠥᠳᠡᠭᠡ ᠲᠣᠰᠬᠤᠨ ᠤ ᠡᠯᠧᠺᠲᠷᠣᠨ | ᠬᠤᠳᠠᠯᠳᠤᠭ᠎ᠠ᠂ ᠵᠠᠬᠢᠶᠠᠯᠠᠭ᠎ᠠ ᠶᠢᠨ ᠰᠢᠭᠤᠳ ᠪᠣᠷᠣᠯᠠᠭᠤᠯᠭ᠎ᠠ ᠵᠡᠷᠭᠡ ᠰᠢᠨ᠎ᠡ ᠡᠵᠡᠩᠨᠡᠬᠦ ᠠᠷᠭ᠎ᠠ ᠶᠢ ᠪᠤᠵᠠᠭᠠᠶᠢᠷᠠᠭᠤᠯᠵᠤ᠂ ᠠᠵᠤ ᠠᠬᠤᠶᠢᠯᠠᠯ ᠶᠡᠭᠡ ᠳᠤᠮᠳᠠ | ᠬᠤᠲᠠᠳ ᠢᠶᠠᠷ ᠮᠠᠯ ᠲᠠᠷᠢᠶᠠᠯᠠᠩ ᠤᠨ ᠪᠦᠲᠦᠭᠡᠭᠳᠡᠬᠦᠨ ᠢ ᠰᠢᠭᠤᠳ ᠪᠣᠷᠣᠯᠠᠭᠤᠯᠬᠤ ᠳᠡᠯᠭᠡᠭᠦᠷ ᠪᠠᠶᠢᠭᠤᠯᠬᠤ ᠶᠢ ᠵᠣᠷᠢᠭᠵᠢᠭᠤᠯᠵᠤ᠂ ᠰᠦᠯᠵᠢᠶ᠎ᠡ ᠳᠡᠭᠡᠷ᠎ᠡ ᠪᠠ | ᠰᠦᠯᠵᠢᠶᠡᠨ ᠤ ᠭᠠᠳᠠᠨ᠎ᠠ ᠪᠣᠷᠣᠯᠠᠭᠤᠯᠬᠤ ᠶᠢ ᠤᠶᠠᠯᠳᠤᠭᠤᠯᠬᠤ ᠡᠵᠡᠩᠨᠡᠨ ᠪᠣᠷᠣᠯᠠᠭᠤᠯᠬᠤ ᠲᠠᠪᠴᠠᠩ ᠢ ᠪᠠᠶᠢᠭᠤᠯᠤᠨ᠎ᠠ᠃ 30 ᠲᠦᠮᠡᠨ ᠮᠠᠯᠴᠢᠨ ᠲᠠᠷᠢᠶᠠᠴᠢᠨ ᠢ | ᠪᠣᠯᠪᠠᠰᠤᠷᠠᠭᠤᠯᠵᠤ᠂ ᠰᠢᠨ᠎ᠡ ᠬᠡᠯᠪᠡᠷᠢ ᠶᠢᠨ ᠠᠵᠢᠯ ᠮᠡᠷᠭᠡᠵᠢᠯ ᠤᠨ ᠮᠠᠯᠴᠢᠨ ᠲᠠᠷᠢᠶᠠᠴᠢᠨ ᠢ 3000 ᠬᠥᠮᠥᠵᠢᠭᠦᠯᠦᠨ᠎ᠡ᠃ ᠥᠪᠥᠷ ᠮᠣᠩᠭᠤᠯ ᠤᠨ ᠪᠣᠬᠢᠷᠲᠤᠯ ᠦᠭᠡᠢ | ᠮᠠᠯ ᠲᠠᠷᠢᠶᠠᠯᠠᠩ ᠤᠨ ᠪᠦᠲᠦᠭᠡᠭᠳᠡᠬᠦᠨ ᠤ ᠣᠯᠠᠨ ᠤᠯᠤᠰ ᠤᠨ ᠦᠵᠡᠰᠬᠦᠯᠡᠩ᠂ ᠠᠩᠬᠠᠳᠤᠭᠠᠷ ᠬᠤᠭᠤᠴᠠᠭᠠᠨ ᠤ ᠥᠪᠥᠷ ᠮᠣᠩᠭᠤᠯ ᠤᠨ ᠪᠠᠷᠠᠭᠤᠨ ᠬᠡᠰᠡᠭ ᠤᠨ ᠣᠯᠠᠨ | ᠤᠯᠤᠰ ᠤᠨ ᠠᠷᠠᠯᠵᠢᠶ᠎ᠠ ᠬᠤᠳᠠᠯᠳᠤᠭ᠎ᠠ ᠶᠢᠨ ᠦᠵᠡᠰᠬᠦᠯᠡᠩ ᠶᠠᠷᠢᠯᠴᠠᠭᠠᠨ ᠤ ᠬᠤᠷᠠᠯ ᠢ ᠰᠠᠶᠢᠲᠤᠷ ᠡᠷᠬᠢᠯᠡᠨ᠎ᠡ᠃ ᠮᠠᠯ ᠲᠠᠷᠢᠶᠠᠯᠠᠩ ᠪᠣᠯᠤᠨ ᠵᠤᠭᠠᠴᠠᠯ᠂ ᠰᠣᠶᠣᠯ ᠵᠡᠷᠭᠡ | ᠠᠵᠤ ᠦᠢᠯᠡᠰ ᠤᠨ ᠠᠭᠤᠰᠤᠯᠴᠠᠨ ᠬᠥᠭᠵᠢᠬᠦ ᠶᠢ ᠲᠦᠯᠬᠢᠨ ᠠᠬᠢᠭᠤᠯᠵᠤ᠂ ᠬᠤᠰᠢᠭᠤ ᠰᠢᠶᠠᠨ ᠲᠣᠭᠤᠷᠢᠭ ᠪᠣᠯᠭᠠᠨ ᠳᠤ ᠨᠢᠭᠡ ᠲᠠᠷᠢᠶᠠᠨ ᠭᠠᠵᠠᠷ ᠤᠨ | ᠶᠡᠷᠦᠩᠬᠡᠶᠢᠯᠡᠭᠰᠡᠨ ᠴᠣᠭᠴᠠ ᠶᠢ ᠪᠠᠶᠢᠭᠤᠯᠵᠤ᠂ ᠯᠢᠨ ᠾᠧ ᠲᠣᠭᠤᠷᠢᠭ ᠳᠠᠶᠠᠭᠠᠷ ᠢ ᠤᠯᠤᠰ ᠤᠨ ᠬᠥᠳᠡᠭᠡ ᠲᠣᠰᠬᠤᠨ ᠤ ᠠᠵᠤ ᠦᠢᠯᠡᠰ ᠢ ᠠᠭᠤᠰᠤᠯᠴᠠᠭᠤᠯᠤᠨ | ᠬᠥᠭᠵᠢᠭᠦᠯᠦᠭᠰᠡᠨ ᠵᠢᠱᠢᠶ᠎ᠡ ᠦᠵᠡᠭᠦᠯᠬᠦ ᠬᠦᠷᠢᠶᠡᠯᠡᠩ ᠪᠣᠯᠭᠠᠨ ᠡᠭᠦᠳᠦᠨ ᠪᠠᠶᠢᠭᠤᠯᠬᠤ ᠪᠠᠷ ᠴᠢᠷᠮᠠᠶᠢᠨ᠎ᠠ᠃ | ᠪᠣᠬᠢᠷᠲᠤᠯ ᠦᠭᠡᠢ ᠡᠷᠴᠢᠮᠵᠢᠭᠰᠡᠨ ᠠᠮᠤᠷ ᠲᠦᠪᠰᠢᠨ ᠦᠢᠯᠡᠳᠪᠦᠷᠢᠯᠡᠯ ᠤᠨ ᠬᠡᠪ ᠵᠠᠭᠪᠤᠷ ᠢ ᠳᠡᠯᠭᠡᠷᠡᠭᠦᠯᠦᠨ᠎ᠡ᠃ ᠬᠢᠮᠢ ᠶᠢᠨ ᠪᠣᠷᠳᠣᠭᠤᠷ ᠲᠠᠷᠢᠶᠠᠨ ᠡᠮ ᠢ ᠥᠯᠥ | ᠨᠡᠮᠡᠭᠳᠡᠭᠦᠯᠬᠦ ᠠᠵᠢᠯᠯᠠᠭ᠎ᠠ ᠶᠢ ᠭᠦᠨᠵᠡᠭᠡᠢ ᠥᠷᠨᠢᠭᠦᠯᠵᠦ᠂ ᠬᠢᠮᠢ ᠶᠢᠨ ᠪᠣᠷᠳᠣᠭᠤᠷ ᠢ ᠬᠢᠵᠠᠭᠠᠷᠯᠠᠨ ᠤᠨᠠᠯᠲᠠ ᠶᠢ ᠨᠡᠮᠡᠭᠳᠡᠭᠦᠯᠬᠦ ᠮᠡᠷᠭᠡᠵᠢᠯ ᠢ 260 ᠲᠦᠮᠡᠨ ᠮᠦ | ᠳᠡᠯᠭᠡᠷᠡᠭᠦᠯᠵᠦ᠂ ᠣᠷᠭᠠᠨᠢᠭ ᠪᠣᠷᠳᠣᠭᠤᠷ ᠵᠠᠷᠤᠬᠤ ᠲᠠᠯᠠᠪᠠᠢ ᠶᠢ 370 ᠲᠦᠮᠡᠨ ᠮᠦ ᠨᠡᠮᠡᠭᠳᠡᠭᠦᠯᠦᠨ᠎ᠡ᠃ ᠮᠠᠰᠢᠨ ᠢᠶᠠᠷ ᠪᠣᠷᠳᠣᠭᠤᠷ ᠣᠷᠣᠭᠤᠯᠬᠤ᠂ ᠲᠠᠷᠢᠬᠤ ᠪᠠ | ᠪᠣᠷᠳᠣᠭᠤᠷ ᠣᠷᠣᠭᠤᠯᠬᠤ ᠶᠢ ᠵᠡᠷᠭᠡᠪᠡᠷ ᠶᠠᠪᠤᠭᠳᠠᠭᠤᠯᠬᠤ᠂ ᠤᠰᠤ ᠪᠣᠷᠳᠣᠭᠤᠷ ᠢ ᠤᠶᠠᠯᠳᠤᠭᠤᠯᠬᠤ᠂ ᠡᠪᠡᠳᠴᠢᠨ ᠬᠤᠷᠣᠬᠠᠢ ᠶᠢᠨ ᠬᠥᠨᠥᠭᠡᠯ ᠢ ᠨᠢᠭᠡᠳᠦᠯᠲᠡᠢ | ᠰᠡᠷᠭᠡᠶᠢᠯᠡᠨ ᠵᠠᠰᠠᠬᠤ ᠵᠡᠷᠭᠡ ᠮᠡᠷᠭᠡᠵᠢᠯ ᠢ ᠳᠡᠯᠭᠡᠷᠡᠭᠦᠯᠦᠨ᠎ᠡ᠂ ᠬᠤᠣᠷ ᠶᠡᠬᠡᠲᠡᠢ᠂ ᠦᠯᠡᠳᠡᠯ ᠶᠡᠬᠡᠲᠡᠢ ᠲᠠᠷᠢᠶᠠᠨ ᠡᠮ ᠢ ᠵᠠᠷᠤᠬᠤ ᠶᠢ ᠡᠷᠡᠰ ᠴᠠᠭᠠᠵᠠᠯᠠᠨ᠎ᠠ᠃ | ᠤᠯᠠᠮᠵᠢᠯᠠᠯᠲᠤ ᠨᠢᠮᠭᠡᠨ ᠪᠦᠷᠬᠦᠪᠴᠢ ᠶᠢ ᠬᠤᠷᠢᠶᠠᠨ ᠠᠪᠬᠤ ᠠᠵᠢᠯ ᠢ ᠰᠠᠶᠢᠲᠤᠷ ᠬᠢᠭᠰᠡᠨ ᠰᠠᠭᠤᠷᠢᠨ ᠳᠡᠭᠡᠷ᠎ᠡ᠂ ᠮᠠᠯᠴᠢᠨ ᠲᠠᠷᠢᠶᠠᠴᠢᠳ ᠢ ᠵᠢᠯᠣᠭᠤᠳᠴᠤ ᠪᠠᠶᠢᠭᠠᠳ | ᠥᠨᠳᠥᠷ ᠪᠠᠷᠢᠮᠵᠢᠶᠠᠲᠤ ᠵᠤᠵᠠᠭᠠᠨ ᠪᠦᠷᠬᠦᠪᠴᠢ ᠶᠢ ᠵᠠᠷᠤᠭᠤᠯᠵᠤ᠂ ᠠᠮᠠᠷᠬᠠᠨ ᠵᠠᠳᠠᠷᠠᠳᠠᠭ ᠨᠢᠮᠭᠡᠨ ᠪᠦᠷᠬᠦᠪᠴᠢ ᠶᠢ ᠣᠷᠣᠭᠤᠯᠵᠤ ᠲᠤᠷᠰᠢᠨ ᠬᠡᠷᠡᠭᠯᠡᠨ᠎ᠡ᠃ ᠲᠡᠵᠢᠭᠡᠯ | ᠪᠣᠷᠳᠤᠭ᠎ᠠ ᠶᠢᠨ ᠨᠡᠮᠡᠯᠲᠡ ᠡᠳ᠋ ᠢ ᠳᠦᠷᠢᠮ ᠶᠣᠰᠣᠭᠠᠷ ᠬᠡᠮᠵᠢᠶᠡᠲᠡᠢ ᠬᠡᠷᠡᠭᠯᠡᠵᠦ᠂ ᠠᠮᠢᠲᠠᠨ ᠤ ᠪᠠᠺᠲ᠋ᠧᠷᠢ ᠡᠰᠡᠷᠭᠦᠴᠡᠬᠦ ᠡᠮ ᠤᠨ ᠬᠡᠷᠡᠭᠯᠡᠯᠲᠡ ᠶᠢ ᠪᠠᠭᠠᠰᠬᠠᠨ᠎ᠠ᠃ ᠮᠠᠯ | ᠵᠢᠭᠦᠷᠲᠡᠨ ᠢ ᠲᠡᠵᠢᠭᠡᠨ ᠦᠷᠡᠵᠢᠭᠦᠯᠬᠦ ᠬᠠᠶᠠᠭᠳᠠᠮᠠᠯ ᠪᠣᠳᠠᠰ ᠢ ᠡᠬᠢ ᠪᠠᠶᠠᠯᠢᠭᠵᠢᠭᠤᠯᠤᠨ ᠠᠰᠢᠭᠯᠠᠬᠤ ᠠᠵᠢᠯ ᠢ ᠰᠠᠶᠢᠲᠤᠷ ᠬᠢᠵᠦ᠂ ᠬᠠᠩᠭᠢᠨ ᠬᠤᠶᠢᠲᠤ ᠬᠤᠰᠢᠭᠤ᠂ | ᠦᠶᠤᠸᠠᠨ ᠰᠢᠶᠠᠨ ᠤ ᠲᠠᠷᠢᠵᠤ ᠲᠡᠵᠢᠭᠡᠬᠦ ᠦᠢᠯᠡᠰ ᠢ ᠡᠷᠭᠢᠯᠳᠦᠭᠦᠯᠦᠨ ᠨᠢᠭᠡ ᠴᠣᠭᠴᠠᠵᠢᠭᠤᠯᠤᠨ ᠪᠦᠬᠦᠶᠢᠯᠡ ᠰᠢᠶᠠᠨ ᠢᠶᠠᠷ ᠲᠦᠯᠬᠢᠨ ᠠᠬᠢᠭᠤᠯᠬᠤ ᠲᠤᠷᠰᠢᠯᠲᠠ ᠶᠢᠨ | ᠴᠡᠭ ᠤᠨ ᠠᠵᠢᠯ ᠢ ᠰᠠᠶᠢᠲᠤᠷ ᠠᠳᠬᠤᠨ᠎ᠠ᠃ | ︵ᠭᠤᠷᠪᠠ︶ ᠠᠭᠤᠯᠠ ᠤᠰᠤ ᠣᠢ ᠲᠠᠷᠢᠶ᠎ᠠ ᠨᠠᠭᠤᠷ ᠪᠡᠯᠴᠢᠭᠡᠷ ᠡᠯᠡᠰᠦᠨ ᠤ ᠶᠡᠷᠦᠩᠬᠡᠶᠢᠯᠡᠭᠰᠡᠨ ᠵᠠᠰᠠᠯᠲᠠ ᠶᠢ ᠲᠦᠷᠭᠡᠳᠬᠡᠨ ᠠᠬᠢᠭᠤᠯᠤᠨ᠎ᠠ᠃ ᠡᠨᠡ ᠪᠣᠯ ᠪᠢᠳᠡ | ᠥᠨᠳᠥᠷ ᠶᠠᠰᠤ ᠴᠢᠨᠠᠷᠲᠠᠢ ᠬᠥᠭᠵᠢᠯᠲᠡ ᠶᠢ ᠠᠬᠢᠭᠤᠯᠵᠤ᠂ ᠣᠳᠣᠬᠢᠴᠢᠯᠠᠭᠰᠠᠨ ᠠᠮᠢ ᠠᠬᠤᠢ ᠶᠢᠨ ᠲᠠᠷᠢᠶᠠᠯᠠᠩ ᠤᠨ ᠬᠤᠲᠠ ᠶᠢ ᠪᠦᠲᠦᠭᠡᠨ ᠪᠠᠶᠢᠭᠤᠯᠬᠤ ᠴᠢᠬᠤᠯᠠ | ᠰᠠᠭᠤᠷᠢ ᠪᠠ ᠪᠠᠲᠤᠯᠠᠭ᠎ᠠ ᠮᠥᠨ᠃ ᠪᠢᠳᠡ ᠠᠭᠤᠯᠠ ᠤᠰᠤ ᠣᠢ ᠲᠠᠷᠢᠶ᠎ᠠ ᠨᠠᠭᠤᠷ ᠪᠡᠯᠴᠢᠭᠡᠷ ᠡᠯᠡᠰᠦ ᠶᠢ ᠠᠮᠢ ᠨᠠᠰᠤᠨ ᠤ ᠬᠠᠮᠲᠤ ᠶᠢᠨ ᠴᠣᠭᠴᠠ ᠪᠣᠯᠭᠠᠵᠤ᠂ | ᠰᠢᠰᠲ᠋ᠧᠮᠲᠦ ᠰᠡᠳᠬᠢᠴᠡ ᠪᠠᠷ ᠠᠮᠢ ᠠᠬᠤᠢ ᠶᠢᠨ ᠰᠡᠷᠭᠦᠭᠡᠯᠲᠡ᠂ ᠶᠡᠷᠦᠩᠬᠡᠶᠢᠯᠡᠭᠰᠡᠨ ᠵᠠᠰᠠᠯᠲᠠ᠂ ᠬᠠᠮᠠᠭᠠᠯᠠᠨ ᠨᠡᠭᠡᠭᠡᠯᠲᠡ ᠬᠢᠬᠦ ᠵᠡᠷᠭᠡ ᠠᠵᠢᠯ ᠢ ᠰᠦᠪᠡᠭᠴᠢᠯᠡᠵᠦ᠂ | ᠠᠮᠢ ᠠᠬᠤᠢ ᠶᠢᠨ ᠪᠣᠯᠪᠠᠰᠤᠨ ᠤ ᠵᠢᠱᠢᠶ᠎ᠡ ᠦᠵᠡᠭᠦᠯᠬᠦ ᠲᠣᠭᠤᠷᠢᠭ ᠢ ᠴᠢᠷᠮᠠᠶᠢᠨ ᠪᠠᠶᠢᠭᠤᠯᠤᠨ᠎ᠠ᠃ | ᠬᠤᠲᠠ ᠶᠢᠨ ᠱᠠᠲᠤᠨ ᠤ ᠳᠠᠪᠬᠤᠷᠭ᠎ᠠ ᠠᠴᠠ ᠨᠢᠭᠡᠳᠦᠯᠲᠡᠢ ᠲᠥᠯᠥᠪᠵᠢᠭᠦᠯᠦᠨ ᠵᠣᠬᠢᠴᠠᠭᠤᠯᠬᠤ ᠪᠠᠨ ᠴᠢᠩᠭᠠᠳᠬᠠᠵᠤ᠂ ᠠᠭᠤᠯᠠ ᠤᠰᠤ ᠣᠢ ᠲᠠᠷᠢᠶ᠎ᠠ ᠨᠠᠭᠤᠷ | ᠪᠡᠯᠴᠢᠭᠡᠷ ᠡᠯᠡᠰᠦᠨ ᠤ ᠠᠮᠢ ᠠᠬᠤᠢ ᠶᠢᠨ ᠰᠢᠰᠲ᠋ᠧᠮ ᠤᠨ ᠬᠠᠮᠠᠭᠠᠯᠠᠯᠲᠠ᠂ ᠰᠡᠷᠭᠦᠭᠡᠯᠲᠡ ᠪᠠ ᠵᠠᠰᠠᠯᠲᠠ ᠶᠢᠨ ᠲᠥᠯᠥᠪᠵᠢᠭᠦᠯᠭᠡ ᠶᠢ ᠲᠣᠭᠲᠠᠭᠠᠵᠤ᠂ ᠶᠡᠷᠦᠩᠬᠡᠶᠢᠯᠡᠨ | ᠵᠠᠰᠠᠬᠤ ᠠᠵᠤ ᠦᠢᠯᠡᠰ ᠤᠨ ᠰᠠᠭᠤᠷᠢ ᠮᠥᠩᠭᠦ ᠲᠣᠬᠢᠷᠠᠭᠤᠯᠵᠤ᠂ ᠭᠤᠣᠯᠳᠠᠯᠭ᠎ᠠ ᠲᠠᠢ ᠢᠨᠵᠧᠨᠧᠷᠢᠩ ᠤᠨ ᠪᠦᠲᠦᠭᠡᠨ ᠪᠠᠶᠢᠭᠤᠯᠤᠯᠲᠠ ᠶᠢ ᠨᠢᠭᠡᠳᠦᠯᠲᠡᠢ | ᠲᠥᠯᠥᠪᠵᠢᠭᠦᠯᠦᠨ ᠲᠦᠯᠬᠢᠨ ᠠᠬᠢᠭᠤᠯᠤᠨ᠎ᠠ᠃ ᠨᠢᠭᠡ ᠳᠤ᠂ ᠠᠭᠤᠯᠠ ᠶᠢ ᠰᠠᠶᠢᠲᠤᠷ ᠬᠠᠮᠠᠭᠠᠯᠠᠨ᠎ᠠ᠃ ᠠᠭᠤᠷᠬᠠᠢ ᠶᠢᠨ ᠭᠠᠵᠠᠷ ᠰᠢᠨᠵᠢᠯᠡᠭᠡᠨ ᠤ ᠣᠷᠴᠢᠨ ᠲᠣᠭᠤᠷᠢᠨ ᠢ | ᠰᠡᠷᠭᠦᠭᠡᠬᠦ ᠪᠠ ᠶᠡᠷᠦᠩᠬᠡᠶᠢᠯᠡᠨ ᠵᠠᠰᠠᠬᠤ ᠠᠵᠢᠯ ᠢ ᠰᠠᠶᠢᠲᠤᠷ ᠬᠢᠵᠦ᠂ ᠤᠯᠤᠰ ᠤᠨ ᠳᠡᠰ ᠤᠨ ᠪᠣᠬᠢᠷᠲᠤᠯ ᠦᠭᠡᠢ ᠠᠭᠤᠷᠬᠠᠢ ᠶᠢᠨ ᠣᠷᠣᠨ ᠤ ᠪᠦᠲᠦᠭᠡᠨ | ᠪᠠᠶᠢᠭᠤᠯᠤᠯᠲᠠ ᠶᠢ ᠠᠬᠢᠭᠤᠯᠤᠨ᠎ᠠ᠃ ᠤᠯᠤᠰ ᠤᠨ ᠪᠠ ᠥᠪᠡᠷᠲᠡᠭᠡᠨ ᠵᠠᠰᠠᠬᠤ ᠣᠷᠣᠨ ᠤ ᠳᠡᠰ ᠤᠨ ᠪᠠᠶᠢᠭᠠᠯᠢ ᠶᠢᠨ ᠬᠠᠮᠠᠭᠠᠯᠠᠯᠲᠠ ᠶᠢᠨ ᠣᠷᠣᠨ ᠤ ᠠᠮᠢ ᠠᠬᠤᠢ ᠶᠢ | ᠰᠡᠷᠭᠦᠭᠡᠬᠦ ᠬᠦᠴᠦᠯᠡᠴᠡ ᠶᠢ ᠶᠡᠬᠡᠰᠬᠡᠵᠦ᠂ ᠬᠤᠪᠢ ᠪᠠᠷ ᠢᠶᠠᠨ ᠮᠠᠯᠲᠠᠵᠤ ᠳᠤᠷ᠎ᠠ ᠪᠠᠷ ᠠᠭᠤᠳᠠᠯᠯᠠᠬᠤ ᠵᠡᠷᠭᠡ ᠬᠠᠤᠯᠢ ᠪᠤᠰᠤ ᠠᠵᠢᠯᠯᠠᠭ᠎ᠠ ᠳᠤ ᠬᠠᠤᠯᠢ ᠶᠣᠰᠣᠭᠠᠷ ᠴᠢᠩᠭ᠎ᠠ | ᠴᠣᠬᠢᠯᠲᠠ ᠥᠭᠭᠦᠨ᠎ᠡ᠃ ᠬᠤᠶᠠᠷ ᠲᠤ᠂ ᠤᠰᠤ ᠶᠢ ᠰᠠᠶᠢᠲᠤᠷ ᠵᠠᠰᠠᠨ᠎ᠠ᠃ ᠤᠰᠤ ᠠᠷᠪᠢᠯᠠᠨ ᠤᠰᠤᠯᠠᠬᠤ ᠶᠢ ᠬᠦᠴᠦᠲᠡᠢ ᠬᠥᠭᠵᠢᠭᠦᠯᠵᠦ᠂ ᠤᠰᠤ ᠶᠡᠭᠡ | ᠵᠠᠷᠤᠴᠠᠭᠤᠯᠳᠠᠭ ᠠᠵᠤ ᠦᠢᠯᠡᠳᠪᠦᠷᠢ ᠶᠢᠨ ᠬᠥᠭᠵᠢᠯᠲᠡ ᠶᠢ ᠬᠢᠵᠠᠭᠠᠷᠯᠠᠨ᠎ᠠ᠃ ᠬᠥᠷᠥᠰᠥᠨ ᠳᠣᠣᠷᠠᠬᠢ ᠤᠰᠤ ᠶᠢ ᠠᠪᠬᠤ ᠶᠡᠷᠦᠩᠬᠡᠢ ᠬᠡᠮᠵᠢᠶ᠎ᠡ ᠪᠠ ᠤᠰᠤᠨ | ᠲᠦᠪᠰᠢᠨ ᠢ ᠡᠵᠡᠮᠳᠡᠬᠦ ᠳᠦᠷᠢᠮ ᠢ ᠪᠠᠶᠢᠭᠤᠯᠵᠤ᠂ ᠬᠡᠲᠦᠷᠡᠲᠡᠯ᠎ᠡ ᠠᠪᠤᠭᠰᠠᠨ ᠣᠷᠣᠨ ᠳᠤ ᠤᠰᠤ ᠠᠪᠬᠤ ᠰᠢᠨ᠎ᠡ ᠬᠤᠳᠳᠤᠭ ᠮᠠᠯᠲᠠᠬᠤ ᠶᠢ ᠡᠷᠡᠰ ᠴᠠᠭᠠᠵᠠᠯᠠᠨ᠎ᠠ᠃ | ᠭᠤᠷᠪᠠ ᠳᠤ᠂ ᠣᠢ ᠰᠢᠭᠤᠢ ᠶᠢᠨ ᠠᠵᠢᠯ ᠢ ᠰᠠᠶᠢᠲᠤᠷ ᠬᠢᠨ᠎ᠡ᠃ ᠪᠠᠶᠢᠭᠠᠯᠢᠯᠢᠭ ᠣᠢ ᠶᠢᠨ ᠬᠠᠮᠠᠭᠠᠯᠠᠯᠲᠠ᠂ ᠲᠠᠷᠢᠶᠠᠨ ᠭᠠᠵᠠᠷ ᠢ ᠠᠲᠠᠷᠰᠢᠭᠤᠯᠤᠨ ᠣᠢ ᠮᠣᠳᠣ ᠲᠠᠷᠢᠬᠤ | ᠂ ᠪᠡᠭᠡᠵᠢᠩ ᠲᠢᠶᠠᠨᠵᠢᠨ ᠤ ᠡᠯᠡᠰᠦ ᠰᠠᠯᠬᠢᠨ ᠤ ᠡᠬᠢ ᠶᠢ ᠵᠠᠰᠠᠬᠤ ᠵᠡᠷᠭᠡ ᠭᠤᠣᠯᠳᠠᠯᠭ᠎ᠠ ᠲᠠᠢ ᠠᠮᠢ ᠠᠬᠤᠢ ᠶᠢᠨ ᠢᠨᠵᠧᠨᠧᠷᠢᠩ ᠢ ᠬᠡᠷᠡᠭᠵᠢᠭᠦᠯᠵᠦ᠂ ᠣᠢ ᠰᠢᠭᠤᠢ ᠶᠢᠨ | ᠠᠮᠢ ᠠᠬᠤᠢ ᠶᠢᠨ ᠪᠦᠲᠦᠭᠡᠨ ᠪᠠᠶᠢᠭᠤᠯᠤᠯᠲᠠ ᠶᠢ 90 ᠲᠦᠮᠡᠨ ᠮᠦ ᠪᠡᠶᠡᠯᠡᠭᠦᠯᠵᠦ᠂ ᠣᠶᠢᠵᠢᠭᠤᠯᠤᠯᠲᠠ ᠶᠢᠨ ᠪᠦᠲᠦᠴᠡ ᠶᠢ ᠰᠢᠯᠢᠳᠡᠭᠵᠢᠭᠦᠯᠦᠨ᠂ ᠠᠵᠤ ᠠᠬᠤᠢ ᠶᠢᠨ | ᠣᠢ ᠶᠢᠨ ᠬᠤᠪᠢ ᠶᠢᠨ ᠵᠢᠩ ᠢ ᠨᠡᠮᠡᠭᠳᠡᠭᠦᠯᠦᠨ᠎ᠡ᠃ ᠳᠥᠷᠪᠡ ᠳᠤ᠂ ᠲᠠᠷᠢᠶᠠᠨ ᠭᠠᠵᠠᠷ ᠢ ᠰᠠᠶᠢᠲᠤᠷ ᠬᠠᠮᠢᠶᠠᠷᠤᠨ ᠬᠠᠮᠠᠭᠠᠯᠠᠨ᠎ᠠ᠃ ᠲᠠᠷᠢᠶᠠᠨ ᠭᠠᠵᠠᠷ ᠢ ᠬᠠᠮᠠᠭᠠᠯᠠᠬᠤ | ᠳᠦᠷᠢᠮ ᠢ ᠴᠢᠩᠭ᠎ᠠ ᠨᠠᠶᠢᠳᠠᠪᠤᠷᠢᠵᠢᠭᠤᠯᠵᠤ᠂ ᠦᠨᠳᠦᠰᠦᠨ ᠲᠠᠷᠢᠶᠠᠨ ᠭᠠᠵᠠᠷ ᠢ ᠡᠵᠡᠯᠡᠬᠦ ᠶᠢ ᠡᠷᠡᠰ ᠴᠠᠭᠠᠵᠠᠯᠠᠨ᠎ᠠ᠃ ᠦᠶᠤᠸᠠᠨ ᠰᠢᠶᠠᠨ ᠤ 5 ᠲᠦᠮᠡᠨ ᠮᠦ ᠵᠢᠱᠢᠶ᠎ᠡ | ᠦᠵᠡᠭᠦᠯᠬᠦ ᠬᠦᠷᠢᠶᠡᠯᠡᠩ ᠤᠨ ᠪᠦᠲᠦᠭᠡᠨ ᠪᠠᠶᠢᠭᠤᠯᠤᠯᠲᠠ ᠪᠠᠷ ᠭᠤᠣᠯᠳᠠᠯᠭ᠎ᠠ ᠪᠣᠯᠭᠠᠵᠤ᠂ ᠬᠤᠵᠢᠷᠯᠢᠭ ᠲᠠᠷᠢᠶᠠᠨ ᠭᠠᠵᠠᠷ ᠢ ᠥᠭᠡᠷᠡᠴᠢᠯᠡᠬᠦ ᠢᠨᠵᠧᠨᠧᠷᠢᠩ ᠢ | ᠲᠦᠷᠭᠡᠳᠬᠡᠨ ᠬᠡᠷᠡᠭᠵᠢᠭᠦᠯᠦᠨ᠎ᠡ᠂ ᠪᠦᠬᠦ ᠬᠤᠲᠠ ᠳᠤ ᠬᠤᠵᠢᠷᠰᠠᠭᠰᠠᠨ ᠲᠠᠷᠢᠶᠠᠨ ᠭᠠᠵᠠᠷ ᠢ ᠵᠠᠰᠠᠵᠤ ᠡᠪᠡᠰᠦ ᠲᠠᠷᠢᠵᠤ ᠮᠠᠯ ᠠᠵᠤ ᠠᠬᠤᠢ ᠶᠢ ᠬᠥᠭᠵᠢᠭᠦᠯᠬᠦ | ᠭᠤᠣᠯᠳᠠᠯᠭ᠎ᠠ ᠲᠠᠢ ᠣᠷᠣᠨ ᠪᠦᠰᠡ ᠶᠢ 30 ᠲᠦᠮᠡᠨ ᠮᠦ ᠬᠡᠷᠡᠭᠵᠢᠭᠦᠯᠵᠦ᠂ 50 ᠲᠦᠮᠡᠨ ᠮᠦ ᠳᠤ ᠬᠦᠷᠭᠡᠬᠦ ᠪᠠᠷ ᠴᠢᠷᠮᠠᠶᠢᠨ᠎ᠠ᠃ ᠠᠮᠤ ᠪᠤᠳᠠᠭ᠎ᠠ ᠶᠢᠨ | ᠦᠢᠯᠡᠳᠪᠦᠷᠢᠯᠡᠯ ᠤᠨ ᠴᠢᠳᠠᠪᠬᠢᠲᠤ ᠲᠣᠭᠤᠷᠢᠭ ᠢ ᠵᠢᠷᠤᠵᠤ ᠲᠣᠭᠲᠠᠭᠠᠬᠤ ᠠᠵᠢᠯ ᠢ ᠥᠷᠨᠢᠭᠦᠯᠵᠦ᠂ ᠮᠢᠩᠭᠠᠨ ᠳ᠋ᠦᠩᠰᠢᠭᠤᠷ ᠵᠢᠩ ᠠᠮᠤ ᠪᠤᠳᠠᠭ᠎ᠠ ᠶᠢᠨ ᠤᠨᠠᠯᠲᠠ ᠶᠢ | ᠨᠡᠮᠡᠭᠳᠡᠭᠦᠯᠬᠦ ᠲᠥᠷᠥᠯ ᠵᠦᠢᠯ ᠤᠨ ᠪᠦᠲᠦᠭᠡᠨ ᠪᠠᠶᠢᠭᠤᠯᠤᠯᠲᠠ ᠶᠢ ᠲᠦᠯᠬᠢᠨ ᠠᠬᠢᠭᠤᠯᠤᠨ᠎ᠠ᠂ ᠥᠨᠳᠥᠷ ᠪᠠᠷᠢᠮᠵᠢᠶᠠᠲᠤ ᠦᠨᠳᠦᠰᠦᠨ ᠲᠠᠷᠢᠶᠠᠨ ᠭᠠᠵᠠᠷ ᠤᠨ ᠪᠦᠲᠦᠭᠡᠨ | ᠪᠠᠶᠢᠭᠤᠯᠤᠯᠲᠠ ᠶᠢ 126 ᠲᠦᠮᠡᠨ ᠮᠦ᠂ ᠭᠦᠨ ᠬᠠᠭᠠᠯᠪᠤᠷᠢᠯᠠᠨ ᠡᠷᠭᠢᠯᠳᠦᠭᠦᠯᠦᠨ ᠲᠠᠷᠢᠬᠤ ᠲᠠᠯᠠᠪᠠᠢ ᠶᠢ 60 ᠲᠦᠮᠡᠨ ᠮᠦ᠂ ᠡᠰᠢ ᠰᠦᠷᠡᠯ ᠢ ᠲᠠᠷᠢᠶᠠᠨ ᠭᠠᠵᠠᠷ ᠲᠤ | ᠪᠤᠴᠠᠭᠠᠬᠤ ᠶᠢ 180 ᠲᠦᠮᠡᠨ ᠮᠦ ᠪᠡᠶᠡᠯᠡᠭᠦᠯᠦᠨ᠎ᠡ᠃ ᠲᠠᠪᠤ ᠳᠤ᠂ ᠨᠠᠭᠤᠷ ᠪᠦᠷᠢᠳᠦ ᠶᠢᠨ ᠠᠮᠢ ᠠᠬᠤᠢ ᠶᠢᠨ ᠴᠢᠳᠠᠪᠬᠢ ᠶᠢ ᠰᠠᠶᠢᠵᠢᠷᠠᠭᠤᠯᠤᠨ᠎ᠠ᠃ ᠤᠯᠠᠭᠠᠨᠰᠤᠬᠠᠢ | ᠨᠠᠭᠤᠷ ᠤᠨ ᠤᠰᠤᠨ ᠤ ᠣᠷᠴᠢᠨ ᠢ ᠶᠡᠷᠦᠩᠬᠡᠶᠢᠯᠡᠨ ᠵᠠᠰᠠᠬᠤ ᠪᠣᠯᠤᠨ ᠦᠷᠭᠦᠯᠵᠢᠯᠡᠭᠰᠡᠨ ᠬᠥᠭᠵᠢᠯᠲᠡ ᠶᠢᠨ ᠲᠤᠷᠰᠢᠯᠲᠠ ᠶᠢᠨ ᠴᠡᠭ ᠤᠨ ᠠᠵᠢᠯ ᠢ ᠲᠦᠯᠬᠢᠨ | ᠠᠬᠢᠭᠤᠯᠵᠤ᠂ ᠴᠡᠭ ᠨᠡᠶᠢᠳᠡᠮ ᠤᠨ ᠪᠣᠬᠢᠷ ᠤᠰᠤ ᠶᠢ ︽ᠨᠠᠭᠤᠷ ᠲᠤ ᠦᠯᠦ ᠣᠷᠣᠭᠤᠯᠬᠤ︾ ᠢᠨᠵᠧᠨᠧᠷᠢᠩ ᠢ ᠰᠠᠶᠢᠲᠤᠷ ᠠᠳᠬᠤᠨ᠎ᠠ᠂ ᠬᠤᠰᠢᠭᠤ ᠰᠢᠶᠠᠨ | ᠲᠣᠭᠤᠷᠢᠭ ᠪᠣᠯᠭᠠᠨ ᠪᠠ ᠪᠠᠶᠠᠨᠨᠠᠭᠤᠷ ᠤᠨ ᠠᠵᠤ ᠠᠬᠤᠢ ᠮᠡᠷᠭᠡᠵᠢᠯ ᠤᠨ ᠨᠡᠭᠡᠭᠡᠯᠲᠡ ᠶᠢᠨ ᠲᠣᠭᠤᠷᠢᠭ ᠲᠤ ᠪᠦᠷ ᠳᠠᠬᠢᠯᠲᠠ ᠤᠰᠤᠨ ᠤ ᠦᠢᠯᠡᠳᠪᠦᠷᠢ ᠶᠢ ᠪᠠᠶᠢᠭᠤᠯᠵᠤ᠂ | ᠠᠵᠤ ᠦᠢᠯᠡᠳᠪᠦᠷᠢ ᠶᠢᠨ ᠬᠦᠷᠢᠶᠡᠯᠡᠩ ᠲᠣᠭᠤᠷᠢᠭ ᠪᠠ ᠠᠵᠤ ᠠᠬᠤᠶᠢᠯᠠᠯ ᠤᠨ ᠪᠤᠵᠠᠷ ᠤᠰᠤ ᠶᠢ ᠡᠷᠭᠢᠯᠳᠦᠭᠦᠯᠦᠨ ᠠᠰᠢᠭᠯᠠᠬᠤ ᠶᠢ ᠠᠬᠢᠭᠤᠯᠵᠤ᠂ ᠳᠤᠮᠳᠠ | ᠤᠰᠤ ᠶᠢ ᠪᠤᠴᠠᠭᠠᠨ ᠠᠰᠢᠭᠯᠠᠬᠤ ᠨᠣᠷᠮ᠎ᠠ ᠶᠢ 60% ᠠᠴᠠ ᠳᠡᠭᠡᠭᠰᠢ ᠳᠤ ᠬᠦᠷᠭᠡᠨ᠎ᠡ᠃ 2.5 ᠳ᠋ᠦᠩᠰᠢᠭᠤᠷ ᠪᠣᠰᠤᠭ᠎ᠠ ᠳᠥᠷᠪᠡᠯᠵᠢᠨ ᠮᠧᠲᠷ ᠤᠨ ᠠᠮᠢ | ᠠᠬᠤᠢ ᠶᠢᠨ ᠤᠰᠤ ᠨᠥᠬᠦᠬᠦ ᠶᠢ ᠪᠡᠶᠡᠯᠡᠭᠦᠯᠦᠨ᠎ᠡ᠃ ᠵᠢᠷᠭᠤᠭ᠎ᠠ ᠳᠤ᠂ ᠨᠤᠲᠤᠭ ᠪᠡᠯᠴᠢᠭᠡᠷ ᠢ ᠰᠠᠶᠢᠲᠤᠷ ᠬᠠᠮᠠᠭᠠᠯᠠᠨ᠎ᠠ᠃ ︽ᠦᠵᠡᠰᠬᠦᠯᠡᠩᠲᠦ ᠰᠠᠶᠢᠬᠠᠨ ᠲᠠᠯ᠎ᠠ | ᠨᠤᠲᠤᠭ ᠢ ᠬᠠᠮᠠᠭᠠᠯᠠᠬᠤ ᠠᠵᠢᠯᠯᠠᠭ᠎ᠠ︾ ᠶᠢ ᠥᠷᠨᠢᠭᠦᠯᠵᠦ᠂ ᠨᠤᠲᠤᠭ ᠪᠡᠯᠴᠢᠭᠡᠷ ᠤᠨ ᠠᠮᠢ ᠠᠬᠤᠢ ᠶᠢᠨ ᠨᠥᠬᠦᠪᠥᠷᠢ ᠱᠠᠩᠨᠠᠯ ᠤᠨ ᠲᠥᠷᠥ ᠶᠢᠨ ᠪᠣᠳᠣᠯᠭ᠎ᠠ ᠶᠢ | ᠨᠠᠶᠢᠳᠠᠪᠤᠷᠢᠵᠢᠭᠤᠯᠵᠤ᠂ ᠪᠡᠯᠴᠢᠭᠡᠨ ᠮᠠᠯᠵᠢᠬᠤ ᠶᠢ ᠴᠠᠭᠠᠵᠠᠯᠠᠬᠤ᠂ ᠰᠡᠯᠭᠦᠨ ᠮᠠᠯᠵᠢᠬᠤ ᠪᠠ ᠪᠡᠯᠴᠢᠭᠡᠷ ᠢ ᠠᠮᠠᠷᠠᠭᠤᠯᠬᠤ ᠶᠢ ᠴᠢᠩᠭ᠎ᠠ ᠬᠡᠷᠡᠭᠵᠢᠭᠦᠯᠵᠦ᠂ ᠨᠤᠲᠤᠭ | ᠪᠡᠯᠴᠢᠭᠡᠷ ᠤᠨ ᠠᠮᠢ ᠠᠬᠤᠢ ᠶᠢᠨ ᠦᠷᠭᠦᠯᠵᠢᠯᠡᠨ ᠰᠠᠶᠢᠵᠢᠷᠠᠬᠤ ᠶᠢ ᠠᠬᠢᠭᠤᠯᠤᠨ᠎ᠠ᠃ ᠳᠣᠯᠤᠭ᠎ᠠ ᠳᠤ᠂ ᠡᠯᠡᠰᠦ ᠶᠢ ᠰᠠᠶᠢᠲᠤᠷ ᠵᠠᠰᠠᠨ᠎ᠠ᠃ ᠤᠯᠠᠭᠠᠨᠪᠤᠬ᠎ᠠ ᠶᠢᠨ ᠡᠯᠡᠰᠦᠨ | ᠴᠥᠯ ᠤᠨ ᠵᠠᠰᠠᠯᠲᠠ ᠶᠢ ᠠᠬᠢᠭᠤᠯᠵᠤ᠂ ᠤᠯᠤᠰ ᠤᠨ ᠳᠣᠲᠣᠭᠠᠳᠤ ᠳᠤ ᠲᠡᠷᠢᠭᠦᠨ ᠤ᠂ ᠣᠯᠠᠨ ᠴᠢᠳᠠᠪᠬᠢ ᠲᠠᠢ᠂ ᠢᠯᠡᠷᠬᠡᠢ ᠳᠠᠪᠠᠭᠤᠯᠢᠭ ᠲᠠᠢ ᠡᠯᠡᠰᠦᠨ ᠤ ᠠᠵᠤ | ᠦᠢᠯᠡᠰ ᠤᠨ ᠬᠦᠷᠢᠶᠡᠯᠡᠩ᠂ ᠡᠯᠡᠰᠦᠨ ᠤ ᠤᠷᠭᠤᠮᠠᠯ ᠤᠨ ᠬᠦᠷᠢᠶᠡᠯᠡᠩ ᠢ ᠡᠬᠢᠯᠡᠨ ᠪᠦᠲᠦᠭᠡᠨ ᠪᠠᠶᠢᠭᠤᠯᠵᠤ᠂ ᠡᠯᠡᠰᠦᠨ ᠤ ᠠᠵᠤ ᠦᠢᠯᠡᠰ ᠤᠨ ᠲᠠᠯᠠᠪᠠᠢ ᠶᠢ 1.5 | ᠲᠦᠮᠡᠨ ᠮᠦ ᠰᠢᠨ᠎ᠡ ᠪᠠᠷ ᠨᠡᠮᠡᠭᠳᠡᠭᠦᠯᠦᠨ᠎ᠡ᠃ | ︵ᠳᠥᠷᠪᠡ︶ ᠣᠨᠢᠨ ᠳᠡᠭᠡᠷ᠎ᠡ ᠨᠢ ᠪᠦᠲᠦᠮᠵᠢᠲᠡᠢ ᠪᠡᠯᠡ ᠣᠷᠣᠭᠤᠯᠤᠯᠲᠠ ᠶᠢ ᠥᠷᠭᠡᠳᠬᠡᠨ᠎ᠡ᠃ ᠥᠨᠥᠳᠦᠷ ᠤᠨ ᠪᠦᠲᠦᠮᠵᠢᠲᠡᠢ ᠪᠡᠯᠡ ᠣᠷᠣᠭᠤᠯᠤᠯᠲᠠ ᠪᠣᠯ | ᠳᠠᠷᠤᠢ ᠮᠠᠷᠭᠠᠰᠢ ᠶᠢᠨ ᠦᠢᠯᠡᠳᠪᠦᠷᠢᠯᠡᠯ ᠤᠨ ᠬᠦᠴᠦᠨ ᠮᠥᠨ᠂ ᠲᠥᠷᠥᠯ ᠵᠦᠢᠯ ᠢ ᠠᠳᠬᠤᠵᠤ᠂ ᠪᠡᠯᠡ ᠣᠷᠣᠭᠤᠯᠤᠯᠲᠠ ᠶᠢ ᠥᠷᠭᠡᠳᠬᠡᠬᠦ ᠨᠢ ᠮᠠᠨ ᠤ ᠬᠤᠲᠠ ᠶᠢᠨ | ᠠᠵᠤ ᠠᠬᠤᠢ ᠨᠡᠶᠢᠭᠡᠮ ᠤᠨ ᠬᠥᠭᠵᠢᠯᠲᠡ ᠳᠤ ᠰᠢᠢᠳᠪᠦᠷᠢᠯᠡᠬᠦ ᠴᠢᠨᠠᠷᠲᠠᠢ ᠠᠴᠢ ᠬᠤᠯᠪᠣᠭᠳᠠᠯ ᠲᠠᠢ ᠪᠢᠯᠡ᠃ ᠪᠢᠳᠡ ᠣᠯᠠᠨ ᠡᠰᠢᠲᠦ ᠪᠡᠯᠡ ᠣᠷᠣᠭᠤᠯᠤᠯᠲᠠ᠂ | ᠣᠨᠣᠪᠴᠢᠲᠠᠢ ᠪᠡᠯᠡ ᠣᠷᠣᠭᠤᠯᠤᠯᠲᠠ ᠶᠢ ᠪᠠᠷᠢᠮᠲᠠᠯᠠᠵᠤ᠂ ᠠᠷᠠᠳ ᠤᠨ ᠳᠤᠮᠳᠠᠬᠢ ᠪᠡᠯᠡ ᠣᠷᠣᠭᠤᠯᠤᠯᠲᠠ ᠶᠢᠨ ᠠᠮᠢᠵᠢᠷᠠᠯ ᠤᠨ ᠬᠦᠴᠦᠨ ᠢ ᠪᠠᠳᠠᠷᠠᠭᠤᠯᠵᠤ᠂ ᠣᠯᠠᠨ | ᠳᠡᠰ ᠳᠠᠪᠬᠤᠷᠭ᠎ᠠ ᠶᠢᠨ ᠪᠡᠯᠡ ᠮᠥᠩᠭᠦ ᠶᠢᠨ ᠵᠠᠬ᠎ᠠ ᠳᠡᠯᠭᠡᠭᠦᠷ ᠢ ᠰᠠᠶᠢᠲᠤᠷ ᠠᠰᠢᠭᠯᠠᠵᠤ᠂ ᠵᠠᠬ᠎ᠠ ᠳᠡᠯᠭᠡᠭᠦᠷ ᠤᠨ ᠭᠤᠣᠯ ᠴᠣᠭᠴᠠ ᠶᠢᠨ ᠪᠡᠯᠡ ᠣᠷᠣᠭᠤᠯᠤᠯᠲᠠ ᠶᠢᠨ | ᠢᠳᠡᠪᠬᠢᠵᠢᠯ ᠢ ᠭᠦᠢᠴᠡᠳ ᠳᠠᠶᠢᠴᠢᠯᠠᠬᠤ ᠴᠢᠬᠤᠯᠠᠲᠠᠢ ᠪᠠᠶᠢᠨ᠎ᠠ᠃ | ᠭᠤᠣᠯᠳᠠᠯᠭ᠎ᠠ ᠲᠠᠢ ᠲᠥᠷᠥᠯ ᠵᠦᠢᠯ ᠤᠨ ᠪᠦᠲᠦᠭᠡᠨ ᠪᠠᠶᠢᠭᠤᠯᠤᠯᠲᠠ ᠶᠢ ᠰᠠᠶᠢᠲᠤᠷ ᠠᠳᠬᠤᠨ᠎ᠠ᠃ ᠪᠦᠬᠦ ᠵᠢᠯ ᠳᠤ ᠳ᠋ᠦᠩᠰᠢᠭᠤᠷ ᠲᠥᠭᠦᠷᠢᠭ ᠠᠴᠠ ᠳᠡᠭᠡᠭᠰᠢᠬᠢ | ᠭᠤᠣᠯᠳᠠᠯᠭ᠎ᠠ ᠲᠠᠢ ᠲᠥᠷᠥᠯ ᠵᠦᠢᠯ ᠢ 139 ᠬᠡᠷᠡᠭᠵᠢᠭᠦᠯᠦᠨ᠎ᠡ᠃ ᠵᠠᠮ ᠬᠠᠷᠢᠯᠴᠠᠭᠠᠨ ᠤ ᠪᠡᠯᠡ ᠣᠷᠣᠭᠤᠯᠤᠯᠲᠠ ᠶᠢ 30 ᠳ᠋ᠦᠩᠰᠢᠭᠤᠷ ᠲᠥᠭᠦᠷᠢᠭ ᠪᠡᠶᠡᠯᠡᠭᠦᠯᠵᠦ᠂ | ᠪᠤᠭᠤᠲᠤ ᠠᠴᠠ ᠢᠷᠭᠠᠢ ᠬᠦᠷᠬᠦ ᠲᠦᠷᠭᠡᠨ ᠤ ᠲᠡᠮᠦᠷ ᠵᠠᠮ ᠢ ᠡᠬᠢᠯᠡᠨ ᠪᠠᠶᠢᠭᠤᠯᠤᠨ᠎ᠠ᠂ 242 ᠤᠯᠤᠰ ᠤᠨ ᠵᠠᠮ ᠤᠨ ᠭᠠᠭᠴᠠᠮᠣᠳᠣ ᠠᠴᠠ ᠯᠢᠨ ᠾᠧ ᠬᠦᠷᠬᠦ | ᠨᠢᠭᠡᠳᠦᠭᠡᠷ ᠳᠡᠰ ᠤᠨ ᠵᠠᠰᠠᠮᠠᠯ ᠵᠠᠮ ᠢ ᠪᠠᠶᠢᠭᠤᠯᠵᠤ ᠪᠡᠶᠡᠯᠡᠭᠦᠯᠦᠨ᠎ᠡ᠂ ᠭᠠᠭᠴᠠᠮᠣᠳᠣ ᠠᠴᠠ ᠬᠠᠯᠢᠭᠤᠲᠤ ᠶᠢ ᠳᠠᠭᠠᠷᠢᠨ ᠮᠤᠨᠠ ᠠᠭᠤᠯᠠ ᠬᠦᠷᠬᠦ ᠨᠢᠭᠡᠳᠦᠭᠡᠷ ᠳᠡᠰ ᠤᠨ | ᠵᠠᠰᠠᠮᠠᠯ ᠵᠠᠮ᠂ 110 ᠤᠯᠤᠰ ᠤᠨ ᠵᠠᠮ ᠤᠨ ᠯᠢᠨ ᠾᠧ ᠠᠴᠠ ᠳ᠋ᠧᠩᠺᠧᠦ ᠬᠦᠷᠬᠦ ᠨᠢᠭᠡᠳᠦᠭᠡᠷ ᠳᠡᠰ ᠤᠨ ᠵᠠᠰᠠᠮᠠᠯ ᠵᠠᠮ ᠤᠨ ᠥᠭᠡᠷᠡᠴᠢᠯᠡᠯᠲᠡ᠂ 242 ᠤᠯᠤᠰ ᠤᠨ | ᠵᠠᠮ ᠤᠨ ᠯᠢᠨ ᠾᠧ ᠪᠠᠷ ᠳᠠᠭᠠᠷᠢᠬᠤ ᠨᠢᠭᠡᠳᠦᠭᠡᠷ ᠳᠡᠰ ᠤᠨ ᠵᠠᠰᠠᠮᠠᠯ ᠵᠠᠮ᠂ 335 ᠤᠯᠤᠰ ᠤᠨ ᠵᠠᠮ ᠤᠨ ᠣᠤ᠋ᠪᠤᠯᠠᠭ ᠤᠨ ᠠᠮᠠ ᠠᠴᠠ ᠤᠤ ᠶᠢᠨ ᠭᠤᠣᠯ ᠬᠦᠷᠬᠦ | ᠬᠤᠶᠠᠳᠤᠭᠠᠷ ᠳᠡᠰ ᠤᠨ ᠵᠠᠰᠠᠮᠠᠯ ᠵᠠᠮ᠂ 331 ᠤᠯᠤᠰ ᠤᠨ ᠵᠠᠮ ᠤᠨ ᠦᠵᠦᠭᠦᠷ ᠠᠴᠠ ᠬᠤᠶᠢᠲᠤ ᠢᠩᠭᠡᠨ ᠬᠦᠷᠬᠦ ᠭᠤᠷᠪᠠᠳᠤᠭᠠᠷ ᠳᠡᠰ ᠤᠨ ᠵᠠᠰᠠᠮᠠᠯ ᠵᠠᠮ᠂ ᠬᠠᠲᠤᠨ | ᠭᠤᠣᠯ ᠳᠠᠭᠠᠤ ᠶᠢᠨ ᠥᠨᠳᠥᠷ ᠳᠡᠰ ᠤᠨ ᠵᠠᠰᠠᠮᠠᠯ ᠵᠠᠮ ᠵᠡᠷᠭᠡ ᠲᠥᠷᠥᠯ ᠵᠦᠢᠯ ᠢ ᠪᠦᠲᠦᠭᠡᠨ ᠪᠠᠶᠢᠭᠤᠯᠤᠨ᠎ᠠ᠃ ᠤᠰᠤᠨ ᠠᠰᠢᠭᠯᠠᠯᠲᠠ ᠶᠢᠨ ᠪᠡᠯᠡ ᠣᠷᠣᠭᠤᠯᠤᠯᠲᠠ ᠶᠢ | 20 ᠳ᠋ᠦᠩᠰᠢᠭᠤᠷ ᠲᠥᠭᠦᠷᠢᠭ ᠪᠡᠶᠡᠯᠡᠭᠦᠯᠦᠨ᠎ᠡ᠂ ᠤᠰᠤᠯᠠᠯᠲᠠ ᠶᠢᠨ ᠣᠷᠣᠨ ᠤ ᠦᠷᠭᠦᠯᠵᠢᠯᠡᠨ ᠪᠠᠶᠢᠭᠤᠯᠵᠤ ᠲᠥᠬᠦᠷᠵᠢᠭᠦᠯᠬᠦ ᠪᠠ ᠤᠰᠤ ᠠᠷᠪᠢᠯᠠᠬᠤ | ᠥᠭᠡᠷᠡᠴᠢᠯᠡᠯᠲᠡ᠂ ᠪᠠᠭ᠎ᠠ ᠬᠡᠯᠪᠡᠷᠢ ᠶᠢᠨ ᠲᠠᠷᠢᠶᠠᠨ ᠭᠠᠵᠠᠷ ᠤᠨ ᠤᠰᠤᠨ ᠠᠰᠢᠭᠯᠠᠯᠲᠠ᠂ ᠥᠨᠳᠥᠷ ᠠᠰᠢᠭᠯᠠᠮᠵᠢᠲᠤ ᠤᠰᠤ ᠠᠷᠪᠢᠯᠠᠬᠤ ᠤᠰᠤᠯᠠᠯᠲᠠ ᠵᠡᠷᠭᠡ ᠲᠥᠷᠥᠯ | ᠵᠦᠢᠯ ᠤᠨ ᠪᠦᠲᠦᠭᠡᠨ ᠪᠠᠶᠢᠭᠤᠯᠤᠯᠲᠠ ᠶᠢ ᠰᠠᠶᠢᠲᠤᠷ ᠠᠳᠬᠤᠨ᠎ᠠ᠃ ᠴᠠᠬᠢᠯᠭᠠᠨ ᠬᠦᠴᠦᠨ ᠤ ᠪᠡᠯᠡ ᠣᠷᠣᠭᠤᠯᠤᠯᠲᠠ ᠶᠢ 17.9 ᠳ᠋ᠦᠩᠰᠢᠭᠤᠷ ᠲᠥᠭᠦᠷᠢᠭ | ᠪᠡᠶᠡᠯᠡᠭᠦᠯᠦᠨ᠎ᠡ᠂ ᠰᠢᠨ ᠠᠨ ᠤ 220 ᠺᠢᠯᠣᠸᠤᠯᠲ᠂ ᠶᠦᠩ ᠯᠧ ᠶᠢᠨ 110 ᠺᠢᠯᠣᠸᠤᠯᠲ ᠵᠡᠷᠭᠡ 48 ᠲᠥᠷᠥᠯ ᠤᠨ ᠴᠠᠬᠢᠯᠭᠠᠨ ᠬᠦᠷᠭᠡᠵᠦ ᠬᠦᠴᠦᠳᠡᠯ | ᠥᠭᠡᠷᠡᠴᠢᠯᠡᠬᠦ ᠢᠨᠵᠧᠨᠧᠷᠢᠩ ᠢ ᠬᠡᠷᠡᠭᠵᠢᠭᠦᠯᠦᠨ᠎ᠡ᠃ ᠠᠵᠤ ᠦᠢᠯᠡᠰ ᠤᠨ ᠬᠥᠭᠵᠢᠯᠲᠡ᠂ ᠠᠮᠢ ᠠᠬᠤᠢ ᠶᠢᠨ ᠬᠠᠮᠠᠭᠠᠯᠠᠯᠲᠠ᠂ ᠬᠤᠲᠠ ᠬᠥᠳᠡᠭᠡ ᠶᠢᠨ ᠪᠦᠲᠦᠭᠡᠨ | ᠪᠠᠶᠢᠭᠤᠯᠤᠯᠲᠠ ᠪᠠ ᠠᠷᠠᠳ ᠤᠨ ᠠᠮᠢᠳᠤᠷᠠᠯ ᠢ ᠰᠠᠶᠢᠵᠢᠷᠠᠭᠤᠯᠬᠤ ᠵᠡᠷᠭᠡ ᠬᠦᠷᠢᠶ᠎ᠡ ᠴᠠᠷᠠᠭ᠎ᠠ ᠳᠠᠬᠢ ᠲᠥᠷᠥᠯ ᠵᠦᠢᠯ ᠢ ᠨᠢᠭᠡᠳᠦᠯᠲᠡᠢ ᠲᠥᠯᠥᠪᠵᠢᠭᠦᠯᠦᠨ ᠲᠦᠯᠬᠢᠨ | ᠠᠬᠢᠭᠤᠯᠤᠨ᠎ᠠ᠃ | ᠠᠷᠠᠯᠵᠢᠶᠠᠴᠢᠨ ᠤᠷᠢᠵᠤ ᠪᠡᠯᠡ ᠲᠠᠲᠠᠨ ᠣᠷᠣᠭᠤᠯᠬᠤ ᠬᠦᠴᠦᠯᠡᠴᠡ ᠶᠢ ᠨᠡᠮᠡᠭᠳᠡᠭᠦᠯᠦᠨ᠎ᠡ᠃ ︽ᠠᠷᠠᠯᠵᠢᠶᠠᠴᠢᠨ ᠤᠷᠢᠵᠤ ᠪᠡᠯᠡ ᠲᠠᠲᠠᠨ ᠣᠷᠣᠭᠤᠯᠬᠤ︾ ᠣᠨ ᠤ | ᠠᠵᠢᠯᠯᠠᠭ᠎ᠠ ᠶᠢ ᠭᠦᠨᠵᠡᠭᠡᠢ ᠥᠷᠨᠢᠭᠦᠯᠵᠦ᠂ ᠠᠭᠤᠯᠠ ᠤᠰᠤ ᠣᠢ ᠲᠠᠷᠢᠶ᠎ᠠ ᠨᠠᠭᠤᠷ ᠪᠡᠯᠴᠢᠭᠡᠷ ᠡᠯᠡᠰᠦ ᠶᠢ ᠶᠡᠷᠦᠩᠬᠡᠶᠢᠯᠡᠨ ᠵᠠᠰᠠᠬᠤ᠂ ᠮᠠᠯ ᠲᠠᠷᠢᠶᠠᠯᠠᠩ ᠤᠨ | ᠪᠦᠲᠦᠭᠡᠭᠳᠡᠬᠦᠨ ᠢ ᠨᠠᠷᠢᠯᠢᠭ ᠭᠦᠨᠵᠡᠭᠡᠢ ᠡᠳ᠋ᠰᠢᠭᠦᠯᠬᠦ᠂ ᠪᠠᠶᠢᠯᠳᠤᠬᠤ ᠪᠣᠳᠣᠯᠭ᠎ᠠ ᠶᠢᠨ ᠴᠢᠨᠠᠷᠲᠠᠢ ᠰᠢᠨ᠎ᠡ ᠪᠠᠷ ᠮᠠᠨᠳᠤᠭᠰᠠᠨ ᠠᠵᠤ ᠦᠢᠯᠡᠰ᠂ ᠬᠢᠯᠢ ᠶᠢᠨ ᠪᠣᠭᠤᠮᠲᠠ ᠶᠢᠨ | ᠠᠵᠤ ᠠᠬᠤᠢ ᠵᠡᠷᠭᠡ ᠭᠤᠣᠯᠳᠠᠯᠭ᠎ᠠ ᠲᠠᠢ ᠬᠦᠷᠢᠶ᠎ᠡ ᠴᠠᠷᠠᠭ᠎ᠠ ᠶᠢᠨ ᠲᠣᠭᠤᠷᠢᠨ ᠳᠤ᠂ ᠨᠢᠭᠡ ᠨᠢᠭᠡ ᠬᠠᠷᠠᠭᠠᠯᠵᠠᠭᠰᠠᠨ᠂ ᠴᠡᠭ ᠴᠡᠭ ᠬᠠᠷᠠᠭᠠᠯᠵᠠᠭᠰᠠᠨ ᠣᠨᠣᠪᠴᠢᠲᠠᠢ ᠪᠠᠷ | ᠠᠷᠠᠯᠵᠢᠶᠠᠴᠢᠨ ᠤᠷᠢᠵᠤ᠂ ᠪᠣᠳᠠᠲᠤ ᠬᠦᠴᠦᠨ ᠴᠢᠩᠭ᠎ᠠ᠂ ᠮᠡᠷᠭᠡᠵᠢᠯ ᠰᠢᠨ᠎ᠡ᠂ ᠢᠲᠡᠭᠡᠮᠵᠢᠲᠡᠢ ᠨᠢᠭᠡ ᠪᠦᠯᠦᠭ ᠲᠣᠯᠣᠭᠠᠶᠢᠯᠠᠬᠤ ᠠᠵᠤ ᠠᠬᠤᠶᠢᠯᠠᠯ ᠢ ᠲᠠᠲᠠᠨ | ᠣᠷᠣᠭᠤᠯᠤᠨ᠎ᠠ᠃ ᠴᠢᠬᠤᠯᠠ ᠶᠡᠭᠡ ᠲᠥᠷᠥᠯ ᠵᠦᠢᠯ ᠤᠨ ᠬᠥᠮᠥᠷᠭᠡ ᠶᠢᠨ ᠪᠠᠶᠢᠭᠤᠯᠤᠯᠲᠠ ᠶᠢ ᠲᠡᠭᠦᠯᠳᠡᠷᠵᠢᠭᠦᠯᠵᠦ᠂ ᠲᠥᠷᠥᠯ ᠵᠦᠢᠯ ᠤᠨ ᠡᠮᠦᠨ᠎ᠡ ᠬᠤᠭᠤᠴᠠᠭᠠᠨ ᠤ | ᠠᠵᠢᠯ ᠢ ᠰᠠᠶᠢᠲᠤᠷ ᠬᠢᠨ᠎ᠡ᠃ ᠠᠷᠠᠯᠵᠢᠶᠠᠴᠢᠨ ᠤᠷᠢᠬᠤ ᠲᠥᠷᠥᠯ ᠵᠦᠢᠯ ᠢ ᠦᠷᠭᠦᠯᠵᠢᠯᠡᠨ ᠮᠥᠷᠳᠡᠨ ᠵᠠᠯᠭᠠᠯᠳᠤᠭᠤᠯᠵᠤ᠂ ᠲᠥᠷᠥᠯ ᠵᠦᠢᠯ ᠤᠨ ᠭᠡᠷ᠎ᠡ ᠶᠢ | ᠭᠦᠢᠴᠡᠳᠬᠡᠬᠦ ᠨᠣᠷᠮ᠎ᠠ ᠪᠠ ᠪᠡᠯᠡ ᠮᠥᠩᠭᠦ ᠶᠢᠨ ᠪᠠᠶᠢᠷᠢᠨ ᠳᠠᠭᠠᠨ ᠬᠦᠷᠬᠦ ᠨᠣᠷᠮ᠎ᠠ ᠶᠢ ᠳᠡᠭᠡᠭᠰᠢᠯᠡᠭᠦᠯᠵᠦ᠂ ᠵᠢᠯ ᠤᠨ ᠳᠣᠲᠣᠷ᠎ᠠ ᠤᠯᠤᠰ ᠤᠨ ᠳᠣᠲᠣᠭᠠᠳᠤ ᠶᠢᠨ | ᠪᠠᠶᠢᠷᠢᠨ ᠳᠠᠭᠠᠨ ᠬᠦᠷᠦᠭᠰᠡᠨ ᠪᠡᠯᠡ ᠮᠥᠩᠭᠦ ᠶᠢ 275 ᠳ᠋ᠦᠩᠰᠢᠭᠤᠷ ᠲᠥᠭᠦᠷᠢᠭ ᠲᠤ ᠬᠦᠷᠭᠡᠬᠦ ᠪᠠᠷ ᠴᠢᠷᠮᠠᠶᠢᠨ᠎ᠠ᠃ | ᠡᠵᠡᠩᠨᠡᠨ ᠠᠷᠠᠯᠵᠢᠶᠠᠯᠠᠬᠤ ᠣᠷᠴᠢᠨ ᠲᠣᠭᠤᠷᠢᠨ ᠢ ᠰᠢᠯᠢᠳᠡᠭᠵᠢᠭᠦᠯᠦᠨ᠎ᠡ᠃ ᠡᠵᠡᠩᠨᠡᠨ ᠠᠷᠠᠯᠵᠢᠶᠠᠯᠠᠬᠤ ᠣᠷᠴᠢᠨ ᠲᠣᠭᠤᠷᠢᠨ ᠪᠣᠯ ᠳᠠᠷᠤᠢ ᠥᠷᠢᠰᠦᠯᠳᠦᠬᠦ | ᠬᠦᠴᠦᠨ᠂ ᠳᠠᠷᠤᠢ ᠦᠢᠯᠡᠳᠪᠦᠷᠢᠯᠡᠯ ᠤᠨ ᠬᠦᠴᠦᠨ ᠮᠥᠨ᠃ ᠡᠵᠡᠩᠨᠡᠨ ᠠᠷᠠᠯᠵᠢᠶᠠᠯᠠᠬᠤ ᠣᠷᠴᠢᠨ ᠲᠣᠭᠤᠷᠢᠨ ᠤ ᠲᠤᠰᠬᠠᠢ ᠴᠡᠭᠴᠡᠯᠡᠨ ᠵᠠᠰᠠᠬᠤ ᠠᠵᠢᠯᠯᠠᠭ᠎ᠠ ᠶᠢ | ᠭᠦᠨᠵᠡᠭᠡᠢ ᠥᠷᠨᠢᠭᠦᠯᠵᠦ᠂ ︽ᠬᠠᠮᠢᠶᠠᠷᠬᠤ ᠭᠠᠴᠢᠬᠤ ᠳᠠᠷᠤᠬᠤ︾᠂ ︽ᠲᠦᠯᠬᠢᠬᠦ ᠵᠠᠶᠢᠯᠠᠬᠤ ᠬᠤᠶᠢᠰᠢᠯᠠᠭᠤᠯᠬᠤ︾ ᠵᠡᠷᠭᠡ ᠲᠣᠪᠣᠶᠢᠮ᠎ᠠ ᠠᠰᠠᠭᠤᠳᠠᠯ ᠢ ᠬᠦᠴᠦᠯᠡᠨ | ᠰᠢᠢᠳᠪᠦᠷᠢᠯᠡᠵᠦ᠂ ︽ᠡᠭᠦᠳᠡ ᠪᠠᠷ ᠣᠷᠣᠬᠤ ᠳᠤ ᠠᠮᠠᠷ᠂ ᠴᠢᠷᠠᠢ ᠨᠢ ᠰᠠᠶᠢᠬᠠᠨ᠂ ᠤᠴᠢᠷ ᠰᠢᠢᠳᠪᠦᠷᠢᠯᠡᠬᠦ ᠳᠤ ᠬᠦᠴᠢᠷ︾ ᠠᠰᠠᠭᠤᠳᠠᠯ ᠢ ᠰᠢᠢᠳᠪᠦᠷᠢᠯᠡᠨ᠎ᠡ᠂ | ᠠᠮᠠᠯᠠᠯᠲᠠ ᠶᠢ ᠴᠢᠬᠤᠯᠠᠴᠢᠯᠠᠨ᠂ ᠨᠠᠶᠢᠳᠠᠪᠤᠷᠢᠵᠢᠭᠤᠯᠬᠤ ᠶᠢ ᠬᠥᠩᠭᠡᠪᠴᠢᠯᠡᠬᠦ ᠠᠰᠠᠭᠤᠳᠠᠯ ᠢ ᠰᠢᠢᠳᠪᠦᠷᠢᠯᠡᠨ᠎ᠡ᠃ ᠢᠲᠡᠭᠡᠮᠵᠢ ᠶᠢᠨ ᠰᠤᠷᠠᠭ ᠵᠠᠩᠭᠢ ᠶᠢᠨ ᠲᠠᠪᠴᠠᠩ ᠤᠨ | ᠪᠦᠲᠦᠭᠡᠨ ᠪᠠᠶᠢᠭᠤᠯᠤᠯᠲᠠ ᠶᠢ ᠴᠢᠩᠭᠠᠳᠬᠠᠵᠤ᠂ ᠢᠲᠡᠭᠡᠮᠵᠢ ᠠᠯᠳᠠᠪᠠᠯ ᠵᠠᠯᠬᠠᠭᠠᠬᠤ ᠬᠦᠴᠦᠯᠡᠴᠡ ᠶᠢ ᠨᠡᠮᠡᠭᠳᠡᠭᠦᠯᠦᠨ᠎ᠡ᠃ ᠵᠠᠬ᠎ᠠ ᠳᠡᠯᠭᠡᠭᠦᠷ ᠲᠤ ᠣᠷᠣᠬᠤ ᠶᠢ | ᠵᠥᠪᠰᠢᠶᠡᠷᠡᠬᠦ ᠳᠤ ᠮᠠᠭᠤ ᠳᠠᠩᠰᠠ ᠶᠢᠨ ᠳᠦᠷᠢᠮ ᠢ ᠬᠡᠷᠡᠭᠵᠢᠭᠦᠯᠵᠦ᠂ ᠭᠠᠳᠠᠭᠤᠷᠴᠢᠯᠠᠯ ᠤᠨ ᠴᠢᠨᠠᠷᠲᠠᠢ ᠬᠢᠵᠠᠭᠠᠷᠯᠠᠯ ᠪᠠ ᠡᠯ᠎ᠡ ᠲᠥᠷᠥᠯ ᠤᠨ ᠳᠠᠯᠳᠠ ᠰᠠᠭᠠᠳ ᠢ | ᠠᠷᠢᠯᠭᠠᠨ᠎ᠠ᠂ ᠨᠡᠶᠢᠲᠡ ᠶᠢᠨ ᠪᠤᠰᠤ ᠥᠮᠴᠢᠯᠡᠯᠲᠦ ᠠᠵᠤ ᠠᠬᠤᠢ ᠶᠢᠨ ᠬᠥᠭᠵᠢᠯᠲᠡ ᠶᠢ ᠳᠡᠮᠵᠢᠵᠦ᠂ ᠠᠵᠤ ᠠᠬᠤᠶᠢᠯᠠᠯᠲᠠᠨ ᠤ ᠵᠣᠷᠢᠭ ᠰᠠᠨᠠᠭ᠎ᠠ ᠶᠢ ᠪᠠᠳᠠᠷᠠᠭᠤᠯᠤᠨ | ᠬᠠᠮᠠᠭᠠᠯᠠᠵᠤ᠂ ᠡᠯ᠎ᠡ ᠲᠥᠷᠥᠯ ᠤᠨ ᠵᠠᠬ᠎ᠠ ᠳᠡᠯᠭᠡᠭᠦᠷ ᠤᠨ ᠭᠤᠣᠯ ᠴᠣᠭᠴᠠ ᠶᠢ ᠪᠠᠶᠠᠨᠨᠠᠭᠤᠷ ᠲᠤ ᠬᠦᠨᠳᠦᠳᠬᠡᠭᠳᠡᠵᠦ᠂ ᠡᠷᠬᠡ ᠲᠡᠭᠰᠢ ᠲᠥᠷᠥᠭᠳᠡᠯ ᠲᠠᠢ ᠪᠣᠯᠭᠠᠵᠤ᠂ | ᠠᠵᠢᠯ ᠦᠢᠯᠡᠰ ᠢ ᠨᠢ ᠪᠦᠲᠦᠭᠡᠯᠭᠡᠨ᠎ᠡ᠃ | ︵ᠲᠠᠪᠤ︶ ᠠᠵᠤ ᠦᠢᠯᠡᠳᠪᠦᠷᠢ ᠶᠢᠨ ᠠᠵᠤ ᠠᠬᠤᠢ ᠶᠢᠨ ᠬᠡᠯᠪᠡᠷᠢ ᠶᠢ ᠨᠢ ᠬᠤᠪᠢᠷᠠᠭᠤᠯᠤᠨ ᠳᠡᠰ ᠳᠡᠪᠰᠢᠬᠦ ᠶᠢ ᠠᠬᠢᠭᠤᠯᠤᠨ᠎ᠠ᠃ ᠠᠵᠤ ᠦᠢᠯᠡᠳᠪᠦᠷᠢ ᠪᠠᠷ | ᠤᠳᠤᠷᠢᠳᠤᠮᠵᠢ ᠪᠣᠯᠭᠠᠬᠤ ᠶᠢ ᠲᠣᠪᠣᠶᠢᠯᠭᠠᠵᠤ᠂ ᠭᠤᠣᠯᠳᠠᠯᠭ᠎ᠠ ᠲᠠᠢ ᠲᠥᠷᠥᠯ ᠵᠦᠢᠯ ᠤᠨ ᠪᠦᠲᠦᠭᠡᠨ ᠪᠠᠶᠢᠭᠤᠯᠤᠯᠲᠠ ᠪᠠᠷ ᠭᠠᠷᠳᠠᠴᠠ ᠪᠣᠯᠭᠠᠵᠤ᠂ ᠠᠵᠤ | ᠦᠢᠯᠡᠳᠪᠦᠷᠢ ᠶᠢᠨ ᠬᠦᠷᠢᠶᠡᠯᠡᠩ ᠲᠣᠭᠤᠷᠢᠭ ᠢᠶᠠᠷ ᠲᠡᠭᠡᠭᠡᠭᠴᠢ ᠪᠡᠶ᠎ᠡ ᠪᠣᠯᠭᠠᠵᠤ᠂ ᠠᠵᠤ ᠦᠢᠯᠡᠳᠪᠦᠷᠢ ᠶᠢᠨ ᠠᠵᠤ ᠠᠬᠤᠢ ᠶᠢᠨ ᠥᠨᠳᠥᠷ ᠶᠠᠰᠤ ᠴᠢᠨᠠᠷᠲᠠᠢ | ᠬᠥᠭᠵᠢᠯᠲᠡ ᠶᠢ ᠠᠬᠢᠭᠤᠯᠤᠨ᠎ᠠ᠃ | ᠤᠯᠠᠮᠵᠢᠯᠠᠯᠲᠤ ᠠᠵᠤ ᠦᠢᠯᠡᠰ ᠢ ᠥᠭᠡᠷᠡᠴᠢᠯᠡᠨ ᠳᠡᠰ ᠳᠡᠪᠰᠢᠭᠦᠯᠦᠨ᠎ᠡ᠃ ᠰᠢᠨ᠎ᠡ ᠮᠡᠷᠭᠡᠵᠢᠯ᠂ ᠰᠢᠨ᠎ᠡ ᠤᠷ᠎ᠠ ᠮᠡᠷᠭᠡᠰᠢᠯ ᠪᠠ ᠰᠢᠨ᠎ᠡ ᠲᠣᠨᠣᠭᠯᠠᠯ ᠢ ᠬᠡᠷᠡᠭᠯᠡᠨ᠂ | ᠮᠠᠯ ᠲᠠᠷᠢᠶᠠᠯᠠᠩ ᠤᠨ ᠪᠦᠲᠦᠭᠡᠭᠳᠡᠬᠦᠨ ᠢ ᠡᠳ᠋ᠰᠢᠭᠦᠯᠬᠦ᠂ ᠠᠭᠤᠷᠬᠠᠢ ᠲᠡᠮᠦᠷᠯᠢᠭ ᠬᠠᠶᠢᠯᠤᠭᠤᠯᠬᠤ᠂ ᠡᠨᠧᠷᠭᠢ ᠬᠢᠮᠢ ᠶᠢᠨ ᠠᠵᠤ ᠦᠢᠯᠡᠳᠪᠦᠷᠢ ᠵᠡᠷᠭᠡ ᠠᠵᠤ ᠦᠢᠯᠡᠰ ᠤᠨ | ᠬᠡᠯᠬᠢᠶ᠎ᠡ ᠶᠢ ᠨᠥᠬᠦᠵᠦ ᠤᠷᠲᠤᠳᠬᠠᠬᠤ ᠶᠢ ᠠᠬᠢᠭᠤᠯᠵᠤ᠂ ᠨᠡᠮᠡᠭᠳᠡᠯ ᠥᠷᠲᠡᠭ ᠢ ᠳᠡᠭᠡᠭᠰᠢᠯᠡᠭᠦᠯᠦᠨ᠎ᠡ᠃ ᠾᠧᠢ ᠮᠣᠣ ᠨᠡᠭᠦᠷᠡᠰᠦᠨ ᠤ ᠬᠢᠮᠢ ᠶᠢᠨ ᠠᠵᠤ ᠦᠢᠯᠡᠳᠪᠦᠷᠢ᠂ | ᠱᠧᠨ ᠬᠤᠸᠠ ᠶᠢᠨ ᠨᠡᠭᠦᠷᠡᠰᠦᠨ ᠤ ᠬᠢᠮᠢ ᠶᠢᠨ ᠠᠵᠤ ᠦᠢᠯᠡᠳᠪᠦᠷᠢ ᠶᠢᠨ ᠨᠢᠭᠡᠳᠦᠭᠡᠷ ᠬᠤᠭᠤᠴᠠᠭᠠᠨ ᠤ ᠬᠤᠶᠠᠳᠤᠭᠠᠷ ᠱᠤᠭᠤᠮ᠂ ᠬᠠᠢ ᠮᠢᠩ ᠤᠨ 110 ᠲᠦᠮᠡᠨ | ᠲᠣᠨ ᠲᠡᠮᠦᠷ ᠤᠨ ᠨᠠᠷᠢᠯᠢᠭ ᠬᠦᠳᠡᠷ᠂ ᠶᠢᠨ ᠹᠧᠩ ᠬᠢᠮᠢ ᠶᠢᠨ ᠠᠵᠤ ᠦᠢᠯᠡᠳᠪᠦᠷᠢ ᠶᠢᠨ 5 ᠳ᠋ᠦᠩᠰᠢᠭᠤᠷ ᠪᠣᠰᠤᠭ᠎ᠠ ᠳᠥᠷᠪᠡᠯᠵᠢᠨ ᠮᠧᠲᠷ ᠨᠡᠭᠦᠷᠡᠰᠦ ᠪᠠᠷ ᠬᠡᠢ | ᠦᠢᠯᠡᠳᠬᠦ᠂ ᠰᠢᠦᠢ ᠢ ᠮᠠᠯᠵᠢᠯ ᠤᠨ ᠦᠢᠯᠡᠰ ᠤᠨ 3 ᠲᠦᠮᠡᠨ ᠠᠯᠠᠰᠢᠨ ᠦᠬᠡᠷ ᠡᠳ᠋ᠰᠢᠭᠦᠯᠬᠦ᠂ ᠷᠦᠨ ᠬᠠᠢ ᠶᠤᠸᠠᠨ ᠠᠯᠠᠰᠢᠨ ᠲᠠᠬᠢᠶ᠎ᠠ ᠶᠢ ᠠᠵᠤ ᠦᠢᠯᠡᠰᠵᠢᠭᠦᠯᠦᠨ | ᠨᠡᠭᠡᠭᠡᠬᠦ ᠵᠡᠷᠭᠡ ᠲᠥᠷᠥᠯ ᠵᠦᠢᠯ ᠢ ᠲᠦᠷᠭᠡᠳᠬᠡᠨ ᠬᠡᠷᠡᠭᠵᠢᠭᠦᠯᠵᠦ᠂ ᠮᠧᠩ ᠲᠦᠸᠧ ᠲᠡᠮᠡᠭᠡᠨ ᠤ ᠠᠵᠤ ᠦᠢᠯᠡᠰ᠂ ᠬᠤᠸᠠ ᠴᠢ ᠡᠯᠵᠢᠭᠡᠨ ᠤ ᠠᠵᠤ ᠦᠢᠯᠡᠰ᠂ ᠬᠤᠩ | ᠵᠢᠩ ᠰᠾᠢ ᠳ᠋ᠧ ᠰᠢᠬᠢᠷ ᠤᠨ ᠮᠠᠨᠵᠢᠨ ᠢᠶᠠᠷ ᠰᠢᠬᠢᠷ ᠦᠢᠯᠡᠳᠬᠦ᠂ ᠰᠠᠨ ᠵᠢᠦᠢ ᠯᠢᠤᠢ ᠨᠧᠩ ᠤᠨ ᠲᠠᠷᠢᠶᠠᠨ ᠤ ᠡᠰᠢ ᠰᠦᠷᠡᠯ ᠢ ᠶᠡᠷᠦᠩᠬᠡᠶᠢᠯᠡᠨ ᠠᠰᠢᠭᠯᠠᠬᠤ ᠵᠡᠷᠭᠡ | ᠲᠥᠷᠥᠯ ᠵᠦᠢᠯ ᠢ ᠡᠬᠢᠯᠡᠭᠦᠯᠦᠨ᠎ᠡ᠂ ᠪᠠᠢ ᠶᠢᠨ ᠪᠦᠯᠦᠭᠯᠡᠯ ᠤᠨ ᠵᠡᠰ ᠬᠠᠶᠢᠯᠤᠭᠤᠯᠬᠤ ᠲᠥᠷᠥᠯ ᠵᠦᠢᠯ ᠤᠨ ᠡᠮᠦᠨ᠎ᠡ ᠬᠤᠭᠤᠴᠠᠭᠠᠨ ᠤ ᠠᠵᠢᠯ ᠢ ᠢᠳᠡᠪᠬᠢᠲᠡᠢ ᠲᠦᠯᠬᠢᠨ | ᠠᠬᠢᠭᠤᠯᠤᠨ᠎ᠠ᠃ ᠵᠠᠬ᠎ᠠ ᠳᠡᠯᠭᠡᠭᠦᠷ ᠤᠨ ᠬᠡᠷᠡᠭᠴᠡᠭᠡ ᠳᠤ ᠬᠠᠨᠳᠤᠭᠤᠯᠤᠨ᠂ ᠢᠳᠡᠭᠡᠨ ᠡᠳ᠋ᠰᠢᠭᠦᠯᠬᠦ ᠠᠵᠤ ᠦᠢᠯᠡᠳᠪᠦᠷᠢ ᠶᠢ ᠬᠥᠭᠵᠢᠭᠦᠯᠦᠨ ᠪᠤᠵᠠᠭᠠᠶᠢᠷᠠᠭᠤᠯᠵᠤ᠂ ᠨᠡᠩ | ᠣᠯᠠᠨ ᠰᠤᠯᠠ ᠳᠥᠭᠦᠮ ᠢᠳᠡᠭᠡᠨ ᠤ ᠪᠦᠲᠦᠭᠡᠭᠳᠡᠬᠦᠨ ᠪᠠ ᠬᠠᠭᠠᠰ ᠪᠦᠲᠦᠭᠡᠭᠳᠡᠬᠦᠨ ᠢ ᠨᠡᠭᠡᠭᠡᠨ᠎ᠡ᠃ ᠢᠮᠠᠭᠠᠨ ᠨᠤᠯᠤᠤᠷ ᠤᠨ ᠠᠵᠤ ᠦᠢᠯᠡᠰ ᠢ ᠬᠦᠴᠦᠲᠡᠢ | ᠮᠠᠨᠳᠤᠭᠤᠯᠵᠤ᠂ ᠮᠥᠩᠭᠦᠨ ᠭᠦᠢᠯᠭᠡᠭᠡᠨ ᠤ ᠪᠠᠶᠢᠭᠤᠯᠤᠮᠵᠢ ᠲᠠᠢ ᠵᠣᠬᠢᠴᠠᠯᠳᠤᠨ᠂ ᠢᠮᠠᠭᠠᠨ ᠨᠤᠯᠤᠤᠷ ᠤᠨ ᠠᠵᠤ ᠠᠬᠤᠶᠢᠯᠠᠯ ᠤᠨ ᠬᠦᠴᠢᠷᠳᠡᠯ ᠢ ᠨᠠᠮᠳᠠᠭᠠᠵᠤ᠂ ᠠᠵᠢᠯ | ᠲᠥᠷᠥᠯ ᠤᠨ ᠳᠣᠲᠣᠷᠠᠬᠢ ᠳᠠᠬᠢᠨ ᠵᠣᠬᠢᠶᠠᠨ ᠪᠠᠶᠢᠭᠤᠯᠤᠨ ᠰᠢᠯᠢᠳᠡᠭᠵᠢᠬᠦ ᠶᠢ ᠠᠬᠢᠭᠤᠯᠤᠨ᠎ᠠ᠃ | ᠰᠢᠨ᠎ᠡ ᠪᠠᠷ ᠮᠠᠨᠳᠤᠭᠰᠠᠨ ᠠᠵᠤ ᠦᠢᠯᠡᠰ ᠢ ᠪᠣᠶᠢᠵᠢᠭᠤᠯᠤᠨ ᠪᠤᠵᠠᠭᠠᠶᠢᠷᠠᠭᠤᠯᠤᠨ᠎ᠠ᠃ ᠬᠠᠩ ᠯᠦᠩ ᠠᠮᠢᠳᠤ ᠪᠣᠳᠠᠰ ᠤᠨ ᠢᠯᠴᠢ ᠴᠠᠬᠢᠯᠭᠠᠨ ᠢ ᠵᠡᠷᠭᠡ ᠪᠠᠷ | ᠦᠢᠯᠡᠳᠪᠦᠷᠢᠯᠡᠬᠦ᠂ ᠰᠾᠢ ᠲᠦᠩ ᠤᠨ ᠰᠠᠯᠬᠢᠨ ᠴᠠᠬᠢᠯᠭᠠᠨ ᠤ ᠮᠠᠰᠢᠨ ᠴᠣᠭᠴᠠᠯᠠᠪᠤᠷᠢ ᠶᠢ ᠦᠢᠯᠡᠳᠬᠦ᠂ ᠲᠢᠶᠠᠨ ᠾᠧᠩ ᠡᠮ ᠦᠢᠯᠡᠳᠬᠦ ᠵᠡᠷᠭᠡ ᠲᠥᠷᠥᠯ ᠵᠦᠢᠯ ᠤᠨ | ᠪᠦᠲᠦᠭᠡᠨ ᠪᠠᠶᠢᠭᠤᠯᠤᠯᠲᠠ ᠶᠢ ᠲᠦᠷᠭᠡᠳᠬᠡᠨ᠎ᠡ᠂ ᠵᠦᠩ ᠰᠢᠩ ᠡᠨᠧᠷᠭᠢ ᠶᠢᠨ ᠰᠢᠲᠠᠭᠠᠯᠭ᠎ᠠ ᠶᠢᠨ ᠡᠲ᠋ᠢᠯ ᠠᠯᠺᠣᠣᠯ᠂ ᠳ᠋ᠦᠨ ᠠᠨ ᠤ ᠣᠯᠠᠨ ᠲᠠᠯᠠᠰᠲᠤ ᠴᠠᠬᠢᠭᠤᠷ ᠤᠨ | ᠭᠤᠷᠪᠠᠳᠤᠭᠠᠷ ᠬᠤᠭᠤᠴᠠᠭ᠎ᠠ᠂ ᠳ᠋ᠦᠩ ᠯᠢ ᠶᠢᠨ ᠳ᠋ᠢᠶᠠᠨ ᡂᠢ ᠶᠢᠨ ᠲᠣᠨᠣᠭᠯᠠᠯ ᠤᠨ ᠬᠤᠶᠠᠳᠤᠭᠠᠷ ᠬᠤᠭᠤᠴᠠᠭ᠎ᠠ᠂ ᠾᠧᠩ ᠵᠢᠶᠠ ᠪᠢᠳᠦᠷᠶ᠎ᠡ ᠶᠢᠨ ᠬᠤᠶᠠᠳᠤᠭᠠᠷ | ᠬᠤᠭᠤᠴᠠᠭ᠎ᠠ᠂ ᠬᠤᠩ ᠲᠢᠶᠠᠨ ᠭᠡᠷᠡᠯ ᠴᠠᠬᠢᠯᠭᠠᠨ ᠤ ᠪᠢᠳᠦᠷᠶ᠎ᠡ᠂ ᠭᠤᠸᠠᠩᠳᠦ᠋ᠩ ᠤᠨ ᠹᠦ᠋ ᠶᠤᠸᠠᠨ ᠪᠢᠳᠦᠷᠶ᠎ᠡ ᠵᠡᠷᠭᠡ ᠲᠥᠷᠥᠯ ᠵᠦᠢᠯ ᠪᠠᠶᠢᠭᠤᠯᠤᠭᠳᠠᠨ | ᠦᠢᠯᠡᠳᠪᠦᠷᠢᠯᠡᠯ ᠢᠶᠠᠨ ᠡᠬᠢᠯᠡᠭᠦᠯᠬᠦ ᠶᠢ ᠠᠬᠢᠭᠤᠯᠤᠨ᠎ᠠ᠃ ᠹᠧᠩ ᠢᠦᠢ ᠠᠯᠺᠧᠨ ᠨᠡᠭᠦᠷᠡᠰᠦ᠂ ᠶᠢᠨ ᠼᠠᠢ ᠠᠭᠤᠷᠬᠠᠢ ᠶᠢᠨ ᠦᠢᠯᠡᠰ ᠤᠨ ᠪᠠᠯ ᠴᠢᠯᠠᠭᠤ ᠶᠢᠨ ᠰᠢᠨ᠎ᠡ | ᠮᠠᠲ᠋ᠧᠷᠢᠶᠠᠯ ᠵᠡᠷᠭᠡ ᠲᠥᠷᠥᠯ ᠵᠦᠢᠯ ᠤᠨ ᠪᠦᠲᠦᠭᠡᠨ ᠪᠠᠶᠢᠭᠤᠯᠤᠯᠲᠠ ᠶᠢ ᠡᠬᠢᠯᠡᠭᠦᠯᠵᠦ᠂ ᠰᠢᠨ᠎ᠡ ᠮᠠᠲ᠋ᠧᠷᠢᠶᠠᠯ ᠤᠨ ᠠᠵᠤ ᠦᠢᠯᠡᠰ ᠤᠨ ᠬᠤᠯᠪᠣᠭᠠᠯᠠᠯ ᠢ | ᠲᠥᠯᠥᠪᠵᠢᠭᠦᠯᠦᠨ ᠪᠠᠶᠢᠭᠤᠯᠤᠨ᠎ᠠ᠃ ᠤᠯᠤᠰ ᠤᠨ ᠭᠡᠷᠡᠯ ᠴᠠᠬᠢᠯᠭᠠᠨ ᠤ ᠲᠦᠷᠦᠭᠦᠴᠢ ᠰᠠᠭᠤᠷᠢᠨ ᠭᠠᠵᠠᠷ ᠤᠨ ᠲᠥᠷᠥᠯ ᠵᠦᠢᠯ ᠢ ᠢᠳᠡᠪᠬᠢᠲᠡᠢ ᠲᠡᠮᠡᠴᠡᠨ ᠣᠯᠵᠤ᠂ | ᠵᠠᠭᠤᠨ ᠲᠦᠮᠡᠨ ᠺᠢᠯᠣᠸᠠᠲ ᠤᠨ ᠰᠠᠯᠬᠢᠨ ᠴᠠᠬᠢᠯᠭᠠᠨ ᠤ ᠰᠠᠭᠤᠷᠢᠨ ᠭᠠᠵᠠᠷ ᠤᠨ ᠪᠦᠲᠦᠭᠡᠨ ᠪᠠᠶᠢᠭᠤᠯᠤᠯᠲᠠ ᠶᠢ ᠲᠦᠯᠬᠢᠨ ᠠᠬᠢᠭᠤᠯᠤᠨ᠎ᠠ᠂ ᠰᠾᠢ ᠬᠤᠸᠠ ᠶᠢᠨ 20 | ᠲᠦᠮᠡᠨ ᠺᠢᠯᠣᠸᠠᠲ ᠤᠨ ᠰᠠᠯᠬᠢᠨ ᠴᠠᠬᠢᠯᠭᠠᠨ᠂ ᠮᠧᠩ ᠨᠧᠩ ᠤᠨ 10 ᠲᠦᠮᠡᠨ ᠺᠢᠯᠣᠸᠠᠲ ᠤᠨ ᠰᠠᠯᠬᠢᠨ ᠴᠠᠬᠢᠯᠭᠠᠨ᠂ ᠯᠦᠩ ᠲᠧᠩ ᠤᠨ 10 ᠲᠦᠮᠡᠨ | ᠺᠢᠯᠣᠸᠠᠲ ᠤᠨ ᠭᠡᠷᠡᠯ ᠤᠨ ᠢᠯᠴᠢ᠂ ᠤᠮᠠᠷᠠᠲᠤ ᠶᠢᠨ ᠬᠤᠯᠪᠣᠭᠠᠲᠤ ᠴᠠᠬᠢᠯᠭᠠᠨ ᠬᠦᠴᠦᠨ ᠤ 5 ᠲᠦᠮᠡᠨ ᠺᠢᠯᠣᠸᠠᠲ ᠤᠨ ᠭᠡᠷᠡᠯ ᠤᠨ ᠢᠯᠴᠢ ᠵᠡᠷᠭᠡ ᠲᠥᠷᠥᠯ ᠵᠦᠢᠯ ᠢ | ᠬᠡᠷᠡᠭᠵᠢᠭᠦᠯᠦᠨ᠎ᠡ᠂ ᠰᠠᠯᠬᠢᠨ ᠴᠠᠬᠢᠯᠭᠠᠨ ᠤ ᠮᠠᠰᠢᠨ ᠴᠣᠭᠴᠠᠯᠠᠪᠤᠷᠢ ᠶᠢᠨ ᠪᠠᠭᠲᠠᠭᠠᠮᠵᠢ ᠶᠢ 90 ᠲᠦᠮᠡᠨ ᠺᠢᠯᠣᠸᠠᠲ ᠨᠡᠮᠡᠭᠳᠡᠭᠦᠯᠵᠦ᠂ ᠨᠠᠷᠠᠨ ᠴᠠᠬᠢᠯᠭᠠᠨ ᠤ ᠮᠠᠰᠢᠨ | ᠴᠣᠭᠴᠠᠯᠠᠪᠤᠷᠢ ᠶᠢᠨ ᠪᠠᠭᠲᠠᠭᠠᠮᠵᠢ ᠶᠢ 50 ᠲᠦᠮᠡᠨ ᠺᠢᠯᠣᠸᠠᠲ ᠨᠡᠮᠡᠭᠳᠡᠭᠦᠯᠦᠨ᠎ᠡ᠃ ᠤᠷᠠᠳ ᠤᠨ ᠡᠮᠦᠨᠡᠲᠦ ᠬᠤᠰᠢᠭᠤᠨ ᠤ ᠴᠢ ᠰᠢᠶᠠᠩ᠂ ᠤᠷᠠᠳ ᠤᠨ ᠬᠤᠶᠢᠲᠤ | ᠬᠤᠰᠢᠭᠤᠨ ᠤ ᠰᠤᠸᠠᠨ ᠯᠢ᠂ ᠦᠶᠤᠸᠠᠨ ᠰᠢᠶᠠᠨ ᠤ ᠴᠤᠸᠠᠩ ᠺᠧ ᠵᠡᠷᠭᠡ 13 ᠡᠭᠦᠯᠡᠨ ᠪᠣᠳᠣᠯᠲᠠ ᠶᠢᠨ ᠲᠥᠷᠥᠯ ᠵᠦᠢᠯ ᠢ ᠰᠠᠶᠢᠲᠤᠷ ᠠᠳᠬᠤᠵᠤ᠂ 20 ᠲᠦᠮᠡᠨ | ᠦᠢᠯᠡᠴᠢᠯᠡᠭᠦᠷ ᠢ ᠰᠢᠨ᠎ᠡ ᠨᠡᠮᠡᠭᠳᠡᠭᠦᠯᠦᠨ᠎ᠡ᠃ ᠳᠤᠮᠳᠠᠳᠤ ᠤᠯᠤᠰ ᠤᠨ ᠳ᠋ᠢᠶᠠᠨ ᠺᠧ ᡁᠢ ᠬᠤᠢ ᠶᠢᠨ ᠪᠠᠶᠠᠨᠨᠠᠭᠤᠷ ᠲᠠᠬᠢ ᠲᠥᠷᠥᠯ ᠵᠦᠢᠯ ᠢ ᠢᠳᠡᠪᠬᠢᠲᠡᠢ ᠠᠬᠢᠭᠤᠯᠵᠤ᠂ | ᠲᠣᠮᠣ ᠳ᠋ᠠᠶᠢᠲ᠋ᠠ ᠡᠭᠦᠯᠡᠨ ᠪᠣᠳᠣᠯᠲᠠ ᠶᠢ ᠥᠷᠭᠡᠨ ᠢᠶᠠᠷ ᠬᠡᠷᠡᠭᠯᠡᠬᠦ ᠶᠢ ᠠᠬᠢᠭᠤᠯᠤᠨ᠎ᠠ᠃ | ᠠᠵᠤ ᠦᠢᠯᠡᠳᠪᠦᠷᠢ ᠶᠢᠨ ᠠᠵᠤ ᠠᠬᠤᠢ ᠶᠢᠨ ᠡᠷᠭᠢᠯᠲᠡ ᠶᠢᠨ ᠵᠣᠬᠢᠴᠠᠭᠤᠯᠭ᠎ᠠ ᠶᠢ ᠴᠢᠩᠭᠠᠳᠬᠠᠨ᠎ᠠ᠃ ᠠᠵᠤ ᠠᠬᠤᠶᠢᠯᠠᠯ ᠤᠨ ᠴᠠᠬᠢᠯᠭᠠᠨ ᠬᠡᠷᠡᠭᠯᠡᠬᠦ ᠬᠡᠮᠵᠢᠶ᠎ᠡ᠂ | ᠪᠠᠷᠠᠭ᠎ᠠ ᠲᠡᠭᠡᠭᠡᠪᠦᠷᠢ ᠶᠢᠨ ᠬᠡᠮᠵᠢᠶ᠎ᠡ᠂ ᠪᠦᠲᠦᠭᠡᠭᠳᠡᠬᠦᠨ ᠤ ᠦᠨ᠎ᠡ᠂ ᠠᠰᠢᠭ ᠣᠷᠣᠯᠭ᠎ᠠ ᠭᠠᠶᠢᠯᠢ ᠵᠡᠷᠭᠡ ᠵᠢᠭᠠᠯᠲᠠ ᠲᠤᠭ᠎ᠠ ᠶᠢ ᠬᠢᠨᠠᠨ ᠬᠡᠮᠵᠢᠵᠦ ᠤᠷᠢᠳᠴᠢᠯᠠᠨ | ᠲᠥᠰᠦᠪᠯᠡᠵᠦ᠂ ᠣᠨᠣᠪᠴᠢᠲᠠᠢ ᠪᠠᠷ ᠵᠣᠬᠢᠴᠠᠭᠤᠯᠬᠤ ᠶᠢ ᠴᠢᠩᠭᠠᠳᠬᠠᠨ᠎ᠠ᠃ ︽ᠠᠵᠤ ᠠᠬᠤᠶᠢᠯᠠᠯ ᠢᠶᠠᠷ ᠶᠠᠪᠤᠵᠤ᠂ ᠬᠦᠴᠢᠷᠳᠡᠯ ᠢ ᠨᠢ ᠰᠢᠢᠳᠪᠦᠷᠢᠯᠡᠬᠦ︾ | ᠠᠵᠢᠯᠯᠠᠭ᠎ᠠ ᠶᠢ ᠥᠷᠨᠢᠭᠦᠯᠵᠦ᠂ ᠠᠵᠤ ᠠᠬᠤᠶᠢᠯᠠᠯ ᠳᠤ ᠬᠠᠪᠰᠤᠷᠤᠨ ᠢᠲᠡᠭᠡᠮᠵᠢᠲᠦ ᠵᠢᠭᠡᠯᠡᠯᠭᠡ᠂ ᠭᠠᠵᠠᠷ ᠰᠢᠷᠣᠢ᠂ ᠠᠵᠢᠯᠴᠢᠨ ᠬᠡᠷᠡᠭᠯᠡᠬᠦ ᠵᠡᠷᠭᠡ ᠠᠰᠠᠭᠤᠳᠠᠯ ᠢ ᠨᠢ | ᠵᠣᠬᠢᠴᠠᠭᠤᠯᠤᠨ ᠰᠢᠢᠳᠪᠦᠷᠢᠯᠡᠵᠦ᠂ ᠠᠵᠤ ᠠᠬᠤᠶᠢᠯᠠᠯ ᠤᠨ ᠭᠦᠢᠴᠡᠳ ᠬᠦᠴᠦᠨ ᠢᠶᠠᠷ ᠦᠢᠯᠡᠳᠪᠦᠷᠢᠯᠡᠬᠦ ᠶᠢ ᠠᠬᠢᠭᠤᠯᠤᠨ᠎ᠠ᠃ ᠤᠯᠤᠰ ᠤᠨ ᠪᠠ ᠥᠪᠡᠷᠲᠡᠭᠡᠨ ᠵᠠᠰᠠᠬᠤ | ᠣᠷᠣᠨ ᠤ ᠭᠠᠶᠢᠯᠢ ᠰᠦᠢᠳᠬᠡᠯ ᠢ ᠬᠠᠰᠤᠵᠤ ᠬᠡᠯᠲᠦᠷᠢᠭᠦᠯᠬᠦ᠂ ᠴᠠᠬᠢᠯᠭᠠᠨ ᠤ ᠦᠨ᠎ᠡ ᠶᠢᠨ ᠬᠠᠷᠠᠭᠠᠯᠵᠠᠯ ᠦᠵᠡᠭᠦᠯᠬᠦ ᠵᠡᠷᠭᠡ ᠲᠥᠷᠥ ᠶᠢᠨ ᠪᠣᠳᠣᠯᠭ᠎ᠠ ᠶᠢ ᠬᠢᠨᠠᠮᠠᠭᠠᠢ | ᠨᠠᠶᠢᠳᠠᠪᠤᠷᠢᠵᠢᠭᠤᠯᠵᠤ᠂ ᠠᠵᠤ ᠠᠬᠤᠶᠢᠯᠠᠯ ᠤᠨ ᠳᠠᠷᠤᠭᠠᠰᠤ ᠶᠢ ᠬᠦᠴᠦᠯᠡᠨ ᠪᠠᠭᠤᠷᠠᠭᠤᠯᠤᠨ᠎ᠠ᠃ ᠪᠢᠴᠢᠯ ᠴᠠᠬᠢᠯᠭᠠᠨ ᠲᠣᠣᠷ᠂ ᠴᠡᠪᠡᠷ ᠡᠨᠧᠷᠭᠢ ᠪᠠᠷ ᠢᠯᠴᠢ | ᠬᠠᠩᠭᠠᠬᠤ ᠵᠡᠷᠭᠡ ᠵᠠᠭᠪᠤᠷ ᠢ ᠰᠦᠪᠡᠭᠴᠢᠯᠡᠨ ᠪᠠᠶᠢᠭᠤᠯᠵᠤ᠂ ᠲᠤᠰ ᠭᠠᠵᠠᠷ ᠤᠨ ᠴᠠᠬᠢᠯᠭᠠᠨ ᠬᠦᠴᠦᠨ ᠢ ᠰᠢᠩᠭᠡᠭᠡᠬᠦ ᠴᠢᠳᠠᠪᠤᠷᠢ ᠶᠢ ᠳᠡᠭᠡᠭᠰᠢᠯᠡᠭᠦᠯᠦᠨ᠎ᠡ᠃ ᠬᠦᠷᠢᠶᠡᠯᠡᠩ | ᠲᠣᠭᠤᠷᠢᠭ ᠤᠨ ᠣᠷᠣᠨ ᠪᠠᠶᠢᠷᠢᠰᠢᠯ ᠪᠠ ᠠᠵᠤ ᠦᠢᠯᠡᠰ ᠤᠨ ᠲᠥᠯᠥᠪᠵᠢᠭᠦᠯᠭᠡ ᠶᠢ ᠴᠢᠨᠠᠭᠰᠢᠳᠠ ᠲᠣᠬᠢᠷᠠᠭᠤᠯᠤᠨ ᠰᠢᠯᠢᠳᠡᠭᠵᠢᠭᠦᠯᠵᠦ᠂ ᠬᠦᠷᠢᠶᠡᠯᠡᠩ ᠲᠣᠭᠤᠷᠢᠭ ᠤᠨ | ᠵᠠᠮ᠂ ᠤᠰᠤ ᠬᠠᠩᠭᠠᠵᠤ ᠭᠠᠳᠠᠭᠰᠢᠯᠠᠭᠤᠯᠬᠤ᠂ ᠴᠠᠬᠢᠯᠭᠠᠨ ᠬᠦᠴᠦ ᠵᠡᠷᠭᠡ ᠰᠠᠭᠤᠷᠢ ᠲᠥᠬᠦᠭᠡᠷᠦᠮᠵᠢ ᠶᠢ ᠲᠡᠭᠦᠯᠳᠡᠷᠵᠢᠭᠦᠯᠵᠦ᠂ ᠲᠤᠰᠬᠠᠢ ᠮᠡᠷᠭᠡᠵᠢᠯ ᠢᠶᠠᠷ | ᠠᠷᠠᠯᠵᠢᠶᠠᠴᠢᠨ ᠤᠷᠢᠬᠤ ᠶᠢ ᠬᠦᠴᠦᠲᠡᠢ ᠠᠬᠢᠭᠤᠯᠵᠤ᠂ ︽ᠬᠦᠷᠢᠶᠡᠯᠡᠩ ᠳᠣᠲᠣᠷᠠᠬᠢ ᠬᠦᠷᠢᠶᠡᠯᠡᠩ︾᠂ ︽ᠨᠢᠰᠦᠭᠦᠷ ᠠᠵᠤ ᠠᠬᠤᠢ︾ ᠶᠢᠨ ᠵᠠᠭᠪᠤᠷ ᠢ | ᠰᠦᠪᠡᠭᠴᠢᠯᠡᠵᠦ᠂ ᠬᠦᠷᠢᠶᠡᠯᠡᠩ ᠲᠣᠭᠤᠷᠢᠭ ᠤᠨ ᠡᠷᠴᠢᠮᠵᠢᠭᠰᠡᠨ ᠬᠥᠭᠵᠢᠯᠲᠡ ᠶᠢᠨ ᠲᠦᠪᠰᠢᠨ ᠢ ᠳᠡᠭᠡᠭᠰᠢᠯᠡᠭᠦᠯᠦᠨ᠎ᠡ᠃ ᠦᠶᠤᠸᠠᠨ ᠤ ᠠᠵᠤ ᠦᠢᠯᠡᠳᠪᠦᠷᠢ ᠶᠢᠨ | ᠬᠦᠷᠢᠶᠡᠯᠡᠩ ᠲᠣᠭᠤᠷᠢᠭ ᠢ ᠥᠪᠡᠷᠲᠡᠭᠡᠨ ᠵᠠᠰᠠᠬᠤ ᠣᠷᠣᠨ ᠤ ᠳᠡᠰ ᠤᠨ ᠠᠵᠤ ᠦᠢᠯᠡᠳᠪᠦᠷᠢ ᠶᠢᠨ ᠬᠦᠷᠢᠶᠡᠯᠡᠩ ᠲᠣᠭᠤᠷᠢᠭ ᠪᠣᠯᠭᠠᠨ ᠳᠡᠰ ᠳᠡᠪᠰᠢᠭᠦᠯᠬᠦ ᠪᠠᠷ | ᠴᠢᠷᠮᠠᠶᠢᠨ᠎ᠠ᠃ | ︵ᠵᠢᠷᠭᠤᠭ᠎ᠠ︶ ᠦᠢᠯᠡᠴᠢᠯᠡᠭᠡᠨ ᠤ ᠦᠢᠯᠡᠰ ᠤᠨ ᠬᠥᠭᠵᠢᠯᠲᠡ ᠶᠢᠨ ᠲᠦᠪᠰᠢᠨ ᠢ ᠳᠡᠭᠡᠭᠰᠢᠯᠡᠭᠦᠯᠦᠨ᠎ᠡ᠃ ᠬᠡᠷᠡᠭᠯᠡᠭᠡᠨ ᠤ ᠳᠡᠰ ᠳᠡᠪᠰᠢᠯᠲᠡ ᠶᠢᠨ ᠰᠢᠨ᠎ᠡ | ᠬᠠᠨᠳᠤᠰᠢ ᠳᠤ ᠵᠣᠬᠢᠴᠠᠵᠤ᠂ ᠵᠤᠭᠠᠴᠠᠯ᠂ ᠮᠥᠩᠭᠦᠨ ᠭᠦᠢᠯᠭᠡᠭᠡ᠂ ᠡᠯᠧᠺᠲᠷᠣᠨ ᠬᠤᠳᠠᠯᠳᠤᠭ᠎ᠠ ᠪᠠᠷᠠᠭᠠᠨ ᠤ ᠭᠦᠢᠯᠭᠡᠭᠡ ᠵᠡᠷᠭᠡ ᠣᠳᠣ ᠦᠶ᠎ᠡ ᠶᠢᠨ ᠦᠢᠯᠡᠴᠢᠯᠡᠭᠡᠨ ᠤ | ᠦᠢᠯᠡᠰ ᠢ ᠢᠳᠡᠪᠬᠢᠲᠡᠢ ᠬᠥᠭᠵᠢᠭᠦᠯᠵᠦ᠂ ᠦᠢᠯᠡᠴᠢᠯᠡᠭᠡᠨ ᠤ ᠦᠢᠯᠡᠰ ᠤᠨ ᠬᠥᠭᠵᠢᠯᠲᠡ ᠶᠢ ᠲᠦᠷᠭᠡᠳᠬᠡᠵᠦ᠂ ᠬᠠᠷᠢᠴᠠᠯ ᠢ ᠨᠡᠮᠡᠭᠳᠡᠭᠦᠯᠦᠨ᠎ᠡ᠃ | ᠪᠦᠬᠦᠶᠢᠯᠡ ᠴᠠᠷᠠᠭᠠᠨ ᠤ ᠵᠤᠭᠠᠴᠠᠯ᠂ ᠳᠥᠷᠪᠡᠨ ᠤᠯᠠᠷᠢᠯ ᠤᠨ ᠵᠤᠭᠠᠴᠠᠯ ᠢ ᠬᠦᠴᠦᠲᠡᠢ ᠬᠥᠭᠵᠢᠭᠦᠯᠦᠨ᠎ᠡ᠃ ᠬᠠᠲᠤᠨ ᠭᠤᠣᠯ ᠤᠨ ᠪᠣᠷᠣᠲᠣᠬᠤᠢ ᠰᠣᠶᠣᠯ ᠤᠨ | ᠵᠤᠭᠠᠴᠠᠯ ᠤᠨ ᠣᠷᠣᠨ᠂ ᠬᠠᠲᠤᠨ ᠭᠤᠣᠯ ᠤᠨ ᠵᠠᠩ ᠦᠢᠯᠡ ᠶᠢᠨ ᠣᠨᠴᠠᠯᠢᠭᠲᠤ ᠵᠢᠵᠢᠭ ᠪᠠᠯᠭᠠᠰᠤ᠂ ᠦᠶᠤᠸᠠᠨ ᠰᠢᠶᠠᠨ ᠤ ᠶᠠᠫᠣᠨ ᠢ ᠡᠰᠡᠷᠭᠦᠴᠡᠭᠰᠡᠨ | ᠳᠤᠷᠠᠰᠬᠠᠯ ᠤᠨ ᠬᠦᠷᠢᠶᠡᠯᠡᠩ᠂ ᠣᠯᠣᠰᠣᠲᠤ ᠶᠢᠨ ᠨᠠᠭᠤᠷ ᠵᠡᠷᠭᠡ ᠦᠵᠡᠮᠵᠢ ᠶᠢᠨ ᠣᠷᠣᠨ ᠢ ᠳᠡᠰ ᠳᠡᠪᠰᠢᠭᠦᠯᠵᠦ᠂ ᠤᠯᠠᠭᠠᠨᠪᠤᠬ᠎ᠠ ᠶᠢᠨ ᠡᠯᠡᠰᠦᠨ ᠴᠥᠯ ᠤᠨ | ᠵᠤᠭᠠᠴᠠᠯ ᠤᠨ ᠣᠷᠣᠨ ᠢ ᠤᠯᠤᠰ ᠤᠨ 4A ᠳᠡᠰ ᠤᠨ ᠵᠤᠭᠠᠴᠠᠯ ᠤᠨ ᠦᠵᠡᠮᠵᠢ ᠶᠢᠨ ᠣᠷᠣᠨ ᠪᠣᠯᠭᠠᠬᠤ ᠪᠠᠷ ᠴᠢᠷᠮᠠᠶᠢᠨ᠎ᠠ᠃ ᠵᠤᠭᠠᠴᠠᠯ ᠤᠨ ᠵᠠᠰᠠᠮᠠᠯ ᠵᠠᠮ᠂ | ᠵᠤᠭᠠᠴᠠᠯ ᠤᠨ ᠢᠯᠡᠷᠬᠡᠶᠢᠯᠡᠯ᠂ ᠥᠪᠡᠷᠲᠡᠭᠡᠨ ᠲᠡᠷᠭᠡ ᠵᠢᠯᠣᠭᠤᠳᠴᠤ ᠵᠤᠭᠠᠴᠠᠬᠤ ᠰᠠᠭᠤᠷᠢᠨ᠂ ᠦᠵᠡᠮᠵᠢ ᠶᠢᠨ ᠣᠷᠣᠨ ᠤ ᠵᠣᠷᠯᠣᠩ ᠵᠡᠷᠭᠡ ᠦᠢᠯᠡᠴᠢᠯᠡᠭᠡᠨ ᠤ | ᠲᠥᠬᠦᠭᠡᠷᠦᠮᠵᠢ ᠶᠢ ᠲᠡᠭᠦᠯᠳᠡᠷᠵᠢᠭᠦᠯᠦᠨ᠎ᠡ᠃ ᠵᠤᠭᠠᠴᠠᠯ ᠤᠨ ᠣᠷᠣᠨ ᠪᠦᠰᠡ ᠶᠢᠨ ᠬᠠᠮᠵᠢᠯᠴᠠᠭ᠎ᠠ ᠶᠢ ᠭᠦᠨᠵᠡᠭᠡᠢ ᠥᠷᠨᠢᠭᠦᠯᠵᠦ᠂ ᠬᠠᠷᠪᠢᠨ — ᠪᠠᠶᠠᠨᠨᠠᠭᠤᠷ — ᠪᠦᠸᠧ | ᠣᠣ ᠶᠢᠨ ᠤᠯᠠᠷᠢᠯ ᠤᠨ ᠴᠢᠨᠠᠷᠲᠠᠢ ᠠᠭᠠᠷ ᠤᠨ ᠠᠶᠠᠯᠠᠯ ᠤᠨ ᠱᠤᠭᠤᠮ ᠢ ᠨᠡᠪᠲᠡᠷᠡᠭᠦᠯᠵᠦ᠂ ᠳᠤᠮᠳᠠᠳᠤ ᠮᠣᠩᠭᠤᠯ ᠤᠨ ᠥᠪᠡᠷᠲᠡᠭᠡᠨ ᠲᠡᠷᠭᠡ ᠵᠢᠯᠣᠭᠤᠳᠬᠤ | ᠵᠤᠭᠠᠴᠠᠯ ᠤᠨ ᠱᠤᠭᠤᠮ ᠢ ᠨᠡᠪᠲᠡᠷᠡᠭᠦᠯᠬᠦ ᠪᠠᠷ ᠴᠢᠷᠮᠠᠶᠢᠨ᠎ᠠ᠃ ᠯᠤᠤᠲᠤ ᠣᠩᠭᠤᠴᠠ ᠶᠢᠨ ᠤᠷᠤᠯᠳᠤᠭᠠᠨ᠂ ᠬᠠᠲᠤᠨ ᠭᠤᠣᠯ ᠳᠠᠭᠠᠤ ᠶᠢᠨ ᠵᠠᠰᠠᠮᠠᠯ ᠵᠠᠮ ᠤᠨ ᠳᠤᠭᠤᠢ | ᠲᠡᠷᠭᠡᠨ ᠤ ᠤᠷᠤᠯᠳᠤᠭᠠᠨ᠂ ᠤᠯᠠᠭᠠᠨᠰᠤᠬᠠᠢ ᠨᠠᠭᠤᠷ ᠤᠨ ᠡᠪᠦᠯ ᠤᠨ ᠤᠯᠠᠷᠢᠯ ᠤᠨ ᠮᠥᠰᠥ ᠴᠠᠰᠤᠨ ᠤ ᠵᠤᠭᠠᠴᠠᠯ ᠤᠨ ᠨᠠᠶᠢᠷ᠂ ᠡᠯᠡᠰᠦᠨ ᠴᠥᠯ ᠤᠨ ᠣᠯᠠᠨ | ᠤᠯᠤᠰ ᠤᠨ ᠨᠡᠭᠦᠳᠡᠯ ᠮᠠᠯᠵᠢᠯ ᠤᠨ ᠳᠠᠭᠤᠤ ᠬᠥᠭᠵᠢᠮ ᠤᠨ ᠨᠠᠶᠢᠷ᠂ ᠴᠡᠴᠡᠭᠲᠦ ᠳ᠋ᠧᠩᠯᠦ ᠶᠢᠨ ᠨᠠᠶᠢᠷ᠂ ᠠᠯᠢᠮ᠎ᠠ ᠶᠢᠨ ᠴᠡᠴᠡᠭ ᠤᠨ ᠨᠠᠶᠢᠷ ᠵᠡᠷᠭᠡ ᠠᠵᠢᠯᠯᠠᠭ᠎ᠠ ᠶᠢ | ᠰᠠᠶᠢᠲᠤᠷ ᠡᠷᠬᠢᠯᠡᠵᠦ᠂ 660 ᠲᠦᠮᠡᠨ ᠵᠤᠭᠠᠴᠠᠭᠰᠠᠳ ᠢ ᠬᠦᠯᠢᠶᠡᠨ ᠠᠪᠴᠤ ᠵᠣᠴᠢᠯᠠᠨ᠂ 67 ᠳ᠋ᠦᠩᠰᠢᠭᠤᠷ ᠲᠥᠭᠦᠷᠢᠭ ᠤᠨ ᠵᠤᠭᠠᠴᠠᠯ ᠤᠨ ᠣᠷᠣᠯᠭ᠎ᠠ ᠶᠢ | ᠡᠭᠦᠳᠬᠦ ᠪᠠᠷ ᠴᠢᠷᠮᠠᠶᠢᠨ᠎ᠠ᠃ | ᠮᠥᠩᠭᠦᠨ ᠭᠦᠢᠯᠭᠡᠭᠡᠨ ᠤ ᠦᠢᠯᠡᠰ ᠤᠨ ᠡᠷᠡᠭᠦᠯ ᠬᠥᠭᠵᠢᠯᠲᠡ ᠶᠢ ᠠᠬᠢᠭᠤᠯᠤᠨ᠎ᠠ᠃ ᠮᠥᠩᠭᠦᠨ ᠭᠦᠢᠯᠭᠡᠭᠡᠨ ᠤ ᠪᠠᠶᠢᠭᠤᠯᠤᠮᠵᠢ ᠢᠲᠡᠭᠡᠮᠵᠢᠲᠦ ᠵᠢᠭᠡᠯᠡᠯᠭᠡ ᠪᠠᠨ | ᠨᠡᠮᠡᠭᠳᠡᠭᠦᠯᠬᠦ ᠶᠢ ᠵᠣᠷᠢᠭᠵᠢᠭᠤᠯᠵᠤ᠂ ᠪᠠᠭ᠎ᠠ ᠵᠢᠵᠢᠭ ᠠᠵᠤ ᠠᠬᠤᠶᠢᠯᠠᠯ᠂ ︽ᠭᠤᠷᠪᠠᠨ ᠲᠠᠷᠢᠶᠠᠯᠠᠩ ᠭᠤᠷᠪᠠᠨ ᠮᠠᠯᠵᠢᠯ︾᠂ ᠶᠠᠳᠠᠭᠤ ᠬᠦᠴᠢᠷᠳᠡᠯᠲᠡᠢ ᠭᠠᠵᠠᠷ | ᠣᠷᠣᠨ ᠤ ᠢᠲᠡᠭᠡᠮᠵᠢᠲᠦ ᠵᠢᠭᠡᠯᠡᠯᠭᠡ ᠶᠢᠨ ᠳᠡᠮᠵᠢᠯᠭᠡ ᠶᠢᠨ ᠬᠦᠴᠦᠨ ᠢ ᠨᠡᠮᠡᠭᠳᠡᠭᠦᠯᠦᠨ᠎ᠡ᠂ ᠢᠲᠡᠭᠡᠮᠵᠢᠲᠦ ᠵᠢᠭᠡᠯᠡᠯᠭᠡ ᠶᠢᠨ ᠶᠡᠷᠦᠩᠬᠡᠢ ᠬᠡᠮᠵᠢᠶ᠎ᠡ ᠶᠢ 1200 | ᠳ᠋ᠦᠩᠰᠢᠭᠤᠷ ᠲᠥᠭᠦᠷᠢᠭ ᠠᠴᠠ ᠳᠠᠪᠠᠭᠤᠯᠵᠤ᠂ ᠨᠡᠶᠢᠭᠡᠮ ᠤᠨ ᠪᠡᠯᠡ ᠬᠤᠷᠠᠮᠳᠤᠭᠤᠯᠬᠤ ᠬᠡᠮᠵᠢᠶ᠎ᠡ ᠶᠢ 220 ᠳ᠋ᠦᠩᠰᠢᠭᠤᠷ ᠲᠥᠭᠦᠷᠢᠭ ᠠᠴᠠ ᠳᠠᠪᠠᠭᠤᠯᠬᠤ ᠪᠠᠷ | ᠴᠢᠷᠮᠠᠶᠢᠨ᠎ᠠ᠃ ᠣᠯᠠᠨ ᠳᠡᠰ ᠳᠠᠪᠬᠤᠷᠭ᠎ᠠ ᠶᠢᠨ ᠬᠥᠷᠥᠩᠭᠡ ᠶᠢᠨ ᠵᠠᠬ᠎ᠠ ᠳᠡᠯᠭᠡᠭᠦᠷ ᠢ ᠬᠦᠴᠦᠲᠡᠢ ᠬᠥᠭᠵᠢᠭᠦᠯᠵᠦ᠂ 10 ᠠᠵᠤ ᠠᠬᠤᠶᠢᠯᠠᠯ ᠢ ᠰᠲ᠋ᠣᠺ ᠤᠨ ᠡᠷᠬᠡ | ᠠᠪᠴᠠᠭᠠᠨ ᠤ ᠡᠷᠬᠡ ᠶᠢᠨ ᠰᠣᠯᠢᠯᠴᠠᠭᠠᠨ ᠤ ᠵᠠᠬ᠎ᠠ ᠳᠡᠯᠭᠡᠭᠦᠷ ᠲᠤ ᠣᠷᠣᠭᠤᠯᠵᠤ᠂ ᠰᠢᠭᠤᠳ ᠪᠡᠯᠡ ᠬᠤᠷᠠᠮᠳᠤᠭᠤᠯᠬᠤ ᠬᠡᠮᠵᠢᠶ᠎ᠡ ᠶᠢ ᠨᠡᠶᠢᠲᠡ ᠵᠠᠭᠤᠨ ᠳ᠋ᠦᠩᠰᠢᠭᠤᠷ | ᠲᠥᠭᠦᠷᠢᠭ ᠢ ᠳᠠᠪᠠᠭᠤᠯᠤᠨ᠎ᠠ᠃ ᠪᠠᠩᠬᠢ᠂ ᠳᠠᠭᠠᠳᠬᠠᠯ᠂ ᠪᠠᠲᠤᠯᠠᠨ ᠳᠠᠭᠠᠭᠠᠬᠤ ᠵᠡᠷᠭᠡ ᠮᠥᠩᠭᠦᠨ ᠭᠦᠢᠯᠭᠡᠭᠡᠨ ᠤ ᠪᠠᠶᠢᠭᠤᠯᠤᠮᠵᠢ ᠶᠢ ᠢᠳᠡᠪᠬᠢᠲᠡᠢ ᠲᠠᠲᠠᠨ | ᠣᠷᠣᠭᠤᠯᠵᠤ᠂ ᠳ᠋ᠧᠩᠺᠧᠦ ᠰᠢᠶᠠᠨ᠂ ᠤᠷᠠᠳ ᠤᠨ ᠳᠤᠮᠳᠠᠳᠤ ᠬᠤᠰᠢᠭᠤ᠂ ᠤᠷᠠᠳ ᠤᠨ ᠬᠤᠶᠢᠲᠤ ᠬᠤᠰᠢᠭᠤ ᠶᠢᠨ ᠬᠥᠳᠡᠭᠡ ᠲᠣᠰᠬᠤᠨ ᠤ ᠢᠲᠡᠭᠡᠮᠵᠢ ᠶᠢᠨ | ᠬᠤᠷᠰᠢᠶ᠎ᠠ ᠶᠢ ᠲᠠᠷᠢᠶᠠᠯᠠᠩ ᠬᠤᠳᠠᠯᠳᠤᠭᠠᠨ ᠤ ᠪᠠᠩᠬᠢ ᠪᠣᠯᠬᠤ ᠶᠢ ᠠᠬᠢᠭᠤᠯᠤᠨ᠎ᠠ᠃ | ᠡᠯᠧᠺᠲᠷᠣᠨ ᠬᠤᠳᠠᠯᠳᠤᠭ᠎ᠠ ᠪᠠᠷᠠᠭᠠᠨ ᠤ ᠭᠦᠢᠯᠭᠡᠭᠡ ᠶᠢᠨ ᠦᠢᠯᠡᠰ ᠢ ᠲᠦᠷᠭᠡᠳᠬᠡᠨ ᠬᠥᠭᠵᠢᠭᠦᠯᠦᠨ᠎ᠡ᠃ ᠪᠦᠬᠦ ᠤᠯᠤᠰ ᠤᠨ ᠰᠦᠯᠵᠢᠶᠡᠨ ᠤ ᠵᠠᠬ᠎ᠠ ᠳᠡᠯᠭᠡᠭᠦᠷ ᠤᠨ | ᠬᠢᠨᠠᠨ ᠬᠠᠮᠢᠶᠠᠷᠤᠯᠲᠠ ᠪᠠ ᠦᠢᠯᠡᠴᠢᠯᠡᠭᠡᠨ ᠤ ᠵᠢᠱᠢᠶ᠎ᠡ ᠦᠵᠡᠭᠦᠯᠬᠦ ᠲᠣᠭᠤᠷᠢᠭ ᠢ ᠡᠭᠦᠳᠦᠨ ᠪᠠᠶᠢᠭᠤᠯᠬᠤ ᠠᠵᠢᠯ ᠢ ᠠᠬᠢᠭᠤᠯᠵᠤ᠂ ᠨᠡᠭᠡᠭᠡᠯᠲᠡᠲᠦ ᠳᠦᠷᠢᠮᠵᠢᠭᠰᠡᠨ᠂ | ᠠᠮᠤᠷ ᠲᠦᠪᠰᠢᠨ ᠰᠡᠳᠬᠢᠯ ᠠᠮᠤᠷ᠂ ᠡᠷᠬᠡ ᠲᠡᠭᠰᠢ ᠡᠮᠬᠢ ᠴᠡᠭᠴᠡᠲᠡᠢ ᠰᠦᠯᠵᠢᠶᠡᠨ ᠤ ᠣᠷᠴᠢᠨ ᠢ ᠪᠤᠢ ᠪᠣᠯᠭᠠᠨ᠎ᠠ᠃ ᠪᠦᠬᠦ ᠬᠤᠲᠠ ᠨᠢᠭᠡᠳᠦᠯᠲᠡᠢ ᠮᠠᠯ | ᠲᠠᠷᠢᠶᠠᠯᠠᠩ ᠤᠨ ᠪᠦᠲᠦᠭᠡᠭᠳᠡᠬᠦᠨ ᠢ ᠪᠣᠷᠣᠯᠠᠭᠤᠯᠬᠤ ᠡᠯᠧᠺᠲᠷᠣᠨ ᠬᠤᠳᠠᠯᠳᠤᠭᠠᠨ ᠤ ᠲᠠᠪᠴᠠᠩ ᠢ ᠪᠠᠶᠢᠭᠤᠯᠵᠤ᠂ ᠪᠣᠷᠣᠲᠣᠬᠤᠢ ᠶᠢᠨ ᠡᠯᠧᠺᠲᠷᠣᠨ ᠬᠤᠳᠠᠯᠳᠤᠭᠠᠨ ᠤ | ᠬᠤᠩᠭᠢᠯ ᠢ ᠡᠬᠢᠯᠡᠭᠦᠯᠦᠨ ᠠᠵᠢᠯᠯᠠᠭᠤᠯᠤᠨ᠎ᠠ᠂ ᠬᠤᠰᠢᠭᠤ ᠰᠢᠶᠠᠨ ᠲᠣᠭᠤᠷᠢᠭ ᠲᠤ ᠡᠯᠧᠺᠲᠷᠣᠨ ᠬᠤᠳᠠᠯᠳᠤᠭᠠᠨ ᠤ ᠠᠵᠤ ᠦᠢᠯᠡᠰ ᠤᠨ ᠬᠦᠷᠢᠶᠡᠯᠡᠩ ᠨᠡᠶᠢᠳᠡᠮ | ᠪᠦᠷᠬᠦᠬᠦ ᠶᠢ ᠪᠡᠶᠡᠯᠡᠭᠦᠯᠦᠨ᠎ᠡ᠂ ᠡᠯᠧᠺᠲᠷᠣᠨ ᠬᠤᠳᠠᠯᠳᠤᠭ᠎ᠠ ᠶᠢᠨ ᠠᠷᠠᠯᠵᠢᠶᠠᠨ ᠤ ᠥᠷᠲᠡᠭ ᠢ 50 ᠳ᠋ᠦᠩᠰᠢᠭᠤᠷ ᠲᠥᠭᠦᠷᠢᠭ ᠠᠴᠠ ᠳᠠᠪᠠᠭᠤᠯᠵᠤ᠂ ᠤᠯᠤᠰ ᠤᠨ | ᠡᠯᠧᠺᠲᠷᠣᠨ ᠬᠤᠳᠠᠯᠳᠤᠭᠠᠨ ᠤ ᠵᠢᠱᠢᠶ᠎ᠡ ᠦᠵᠡᠭᠦᠯᠬᠦ ᠬᠤᠲᠠ ᠶᠢ ᠡᠭᠦᠳᠦᠨ ᠪᠠᠶᠢᠭᠤᠯᠤᠨ᠎ᠠ᠃ ᠲᠦᠷᠭᠡᠨ ᠬᠦᠷᠭᠡᠯᠲᠡ ᠶᠢ ᠬᠥᠳᠡᠭᠡ ᠬᠦᠷᠭᠡᠬᠦ ᠪᠠ ᠡᠯᠧᠺᠲᠷᠣᠨ | ᠬᠤᠳᠠᠯᠳᠤᠭ᠎ᠠ ᠬᠥᠳᠡᠭᠡ ᠲᠣᠰᠬᠤᠨ ᠮᠠᠯᠵᠢᠬᠤ ᠣᠷᠣᠨ ᠳᠤ ᠣᠷᠣᠬᠤ ᠶᠢ ᠠᠬᠢᠭᠤᠯᠵᠤ᠂ ᠪᠠᠷᠠᠭᠠᠨ ᠤ ᠭᠦᠢᠯᠭᠡᠭᠡᠨ ᠤ ᠲᠣᠬᠢᠷᠠᠭᠤᠯᠵᠤ ᠬᠦᠷᠭᠡᠬᠦ ᠲᠣᠭᠲᠠᠯᠴᠠᠭ᠎ᠠ ᠶᠢ | ᠲᠡᠭᠦᠯᠳᠡᠷᠵᠢᠭᠦᠯᠵᠦ᠂ 50 ᠡᠷᠦᠬᠡ ᠠᠴᠠ ᠳᠡᠭᠡᠭᠰᠢᠬᠢ ᠠᠶᠢᠯ ᠲᠣᠰᠬᠤᠨ ᠳᠤ ᠡᠯᠧᠺᠲᠷᠣᠨ ᠬᠤᠳᠠᠯᠳᠤᠭ᠎ᠠ ᠶᠢᠨ ᠦᠢᠯᠡᠴᠢᠯᠡᠭᠡᠨ ᠤ ᠲᠣᠣᠷ ᠴᠡᠭ ᠨᠡᠶᠢᠳᠡᠮ | ᠪᠦᠷᠬᠦᠬᠦ ᠶᠢ ᠪᠡᠶᠡᠯᠡᠭᠦᠯᠦᠨ᠎ᠡ᠃ ᠪᠠᠶᠠᠨᠨᠠᠭᠤᠷ ᠪᠠ ᠳᠤᠮᠳᠠ ᠡᠸᠦ᠋ᠷᠦᠫᠡ ᠤᠨ ᠲᠠᠷᠢᠶᠠᠯᠠᠩ ᠤᠨ ᠪᠦᠲᠦᠭᠡᠭᠳᠡᠬᠦᠨ ᠤ ᠡᠭᠡᠯᠵᠢ ᠶᠢᠨ ᠭᠠᠯᠲᠤ ᠲᠡᠷᠭᠡ ᠶᠢ ᠨᠡᠪᠲᠡᠷᠡᠭᠦᠯᠬᠦ ᠶᠢᠨ | ᠬᠠᠮᠲᠤ ᠪᠠᠶᠢᠩᠭᠤᠵᠢᠭᠤᠯᠵᠤ᠂ B ᠬᠡᠯᠪᠡᠷᠢ ᠶᠢᠨ ᠭᠠᠶᠢᠯᠢ ᠶᠢ ᠪᠠᠲᠤᠯᠠᠬᠤ ᠪᠠᠷᠠᠭᠠᠨ ᠤ ᠭᠦᠢᠯᠭᠡᠭᠡ ᠶᠢᠨ ᠲᠥᠪ ᠤᠨ ᠴᠢᠳᠠᠪᠬᠢ ᠶᠢᠨ ᠲᠥᠬᠦᠭᠡᠷᠦᠮᠵᠢ ᠶᠢ | ᠦᠨᠳᠦᠰᠦᠨ ᠳᠡᠭᠡᠨ ᠪᠠᠶᠢᠭᠤᠯᠵᠤ ᠳᠠᠭᠤᠰᠬᠠᠨ᠎ᠠ᠃ | ︵ᠳᠣᠯᠤᠭ᠎ᠠ︶ ᠥᠭᠡᠷᠡᠴᠢᠯᠡᠯᠲᠡ ᠶᠢ ᠭᠦᠨᠵᠡᠭᠡᠶᠢᠷᠡᠭᠦᠯᠵᠦ ᠴᠢᠯᠥᠭᠡᠲᠡᠢ ᠶᠠᠪᠤᠯᠴᠠᠬᠤ ᠶᠢ ᠥᠷᠭᠡᠳᠬᠡᠨ᠎ᠡ᠃ ᠥᠭᠡᠷᠡᠴᠢᠯᠡᠯᠲᠡ ᠬᠢᠵᠦ ᠴᠢᠯᠥᠭᠡᠲᠡᠢ ᠶᠠᠪᠤᠯᠴᠠᠬᠤ ᠪᠣᠯ | ᠦᠷᠭᠦᠯᠵᠢᠯᠡᠬᠦ ᠴᠠᠭ ᠪᠠᠶᠢᠬᠤ ᠠᠴᠠ ᠪᠢᠰᠢ ᠲᠡᠭᠦᠰᠬᠦ ᠴᠠᠭ ᠦᠭᠡᠢ᠃ ᠪᠢᠳᠡ ᠥᠭᠡᠷᠡᠴᠢᠯᠡᠯᠲᠡ ᠶᠢ ᠭᠦᠨᠵᠡᠭᠡᠶᠢᠷᠡᠭᠦᠯᠬᠦ ᠪᠠᠷ ᠳᠠᠮᠵᠢᠨ ᠬᠥᠭᠵᠢᠯᠲᠡ ᠶᠢᠨ ᠪᠣᠭᠤᠮᠢ ᠶᠢ | ᠠᠯᠳᠠᠷᠠᠭᠠᠵᠤ᠂ ᠴᠢᠯᠥᠭᠡᠲᠡᠢ ᠶᠠᠪᠤᠯᠴᠠᠬᠤ ᠶᠢ ᠥᠷᠭᠡᠳᠬᠡᠬᠦ ᠪᠠᠷ ᠳᠠᠮᠵᠢᠨ ᠬᠥᠭᠵᠢᠯᠲᠡ ᠶᠢᠨ ᠣᠷᠣᠨ ᠵᠠᠢ ᠪᠠᠨ ᠥᠷᠭᠡᠳᠬᠡᠵᠦ᠂ ᠠᠵᠤ ᠠᠬᠤᠢ ᠶᠢᠨ ᠬᠥᠭᠵᠢᠯᠲᠡ ᠶᠢᠨ | ᠬᠥᠳᠡᠯᠭᠡᠬᠦ ᠬᠦᠴᠦᠨ ᠪᠠ ᠠᠮᠢᠵᠢᠷᠠᠯ ᠤᠨ ᠬᠦᠴᠦᠨ ᠢ ᠪᠠᠳᠠᠷᠠᠭᠤᠯᠤᠨ᠎ᠠ᠃ | ᠰᠢ ᠶᠢᠨ ᠫᠢᠩ ᠶᠡᠷᠦᠩᠬᠡᠢ ᠱᠦᠵᠢ ᠶᠢᠨ ᠨᠠᠶᠢᠳᠠᠭᠰᠠᠨ ᠭᠤᠷᠪᠠᠨ ᠲᠥᠷᠥᠯ ᠤᠨ ᠭᠤᠣᠯᠳᠠᠯᠭ᠎ᠠ ᠲᠠᠢ ᠥᠭᠡᠷᠡᠴᠢᠯᠡᠯᠲᠡ ᠶᠢ ᠲᠦᠯᠬᠢᠨ ᠠᠬᠢᠭᠤᠯᠤᠨ᠎ᠠ᠃ ᠵᠠᠬᠢᠶᠠᠯᠠᠭ᠎ᠠ | ᠭᠡᠷ᠎ᠡ ᠶᠢᠨ ᠬᠡᠯᠪᠡᠷᠢ᠂ ᠬᠤᠪᠢ ᠣᠷᠣᠭᠤᠯᠵᠤ ᠬᠠᠮᠵᠢᠯᠴᠠᠬᠤ ᠬᠡᠯᠪᠡᠷᠢ᠂ ᠦᠢᠯᠡᠴᠢᠯᠡᠵᠦ ᠬᠠᠮᠵᠢᠯᠴᠠᠬᠤ ᠬᠡᠯᠪᠡᠷᠢ ᠵᠡᠷᠭᠡ ᠨᠢᠭᠲᠠ ᠬᠡᠯᠪᠡᠷᠢ ᠶᠢᠨ ᠲᠠᠷᠢᠶᠠᠴᠢᠨ ᠠᠵᠤ | ᠠᠬᠤᠶᠢᠯᠠᠯ ᠤᠨ ᠠᠰᠢᠭ ᠲᠤᠰᠠ ᠶᠢᠨ ᠬᠤᠯᠪᠣᠯᠳᠤᠭᠤᠯᠬᠤ ᠬᠡᠪ ᠵᠠᠭᠪᠤᠷ ᠢ ᠪᠦᠬᠦ ᠲᠠᠯ᠎ᠠ ᠪᠠᠷ ᠳᠡᠯᠭᠡᠷᠡᠭᠦᠯᠵᠦ᠂ ᠮᠠᠯᠴᠢᠨ ᠲᠠᠷᠢᠶᠠᠴᠢᠳ ᠲᠤ ᠨᠡᠩ ᠣᠯᠠᠨ ᠥᠷᠲᠡᠭ | ᠨᠡᠮᠡᠭᠳᠡᠯ ᠤᠨ ᠦᠷ᠎ᠡ ᠠᠰᠢᠭ ᠢ ᠬᠦᠷᠲᠡᠭᠡᠬᠦ ᠶᠢ ᠪᠠᠲᠤᠯᠠᠨ᠎ᠠ᠃ ᠠᠮᠢ ᠠᠬᠤᠢ ᠶᠢᠨ ᠬᠠᠮᠠᠭᠠᠯᠠᠯᠲᠠ ᠶᠢᠨ ᠤᠯᠠᠭᠠᠨ ᠱᠤᠭᠤᠮ ᠢ ᠵᠢᠷᠤᠵᠤ ᠲᠣᠭᠲᠠᠭᠠᠬᠤ ᠠᠵᠢᠯ ᠢ | ᠰᠠᠶᠢᠲᠤᠷ ᠬᠢᠨ᠎ᠡ᠃ ᠪᠣᠷᠣᠲᠣᠬᠤᠢ ᠤᠰᠤᠯᠠᠯᠲᠠ ᠶᠢᠨ ᠣᠷᠣᠨ ᠤ ᠬᠠᠮᠢᠶᠠᠷᠤᠯᠲᠠ ᠶᠢᠨ ᠪᠠᠶᠢᠭᠤᠯᠤᠮᠵᠢ ᠶᠢᠨ ᠥᠭᠡᠷᠡᠴᠢᠯᠡᠯᠲᠡ ᠶᠢᠨ ᠰᠠᠨᠠᠯ ᠢ ᠲᠣᠭᠲᠠᠭᠠᠨ ᠭᠠᠷᠭᠠᠵᠤ᠂ | ᠤᠯᠤᠰ ᠠᠴᠠ ᠬᠠᠮᠢᠶᠠᠷᠴᠤ ᠪᠠᠶᠢᠭ᠎ᠠ ᠪᠠ ᠣᠯᠠᠨ ᠲᠦᠮᠡᠨ ᠠᠴᠠ ᠬᠠᠮᠢᠶᠠᠷᠴᠤ ᠪᠠᠶᠢᠭ᠎ᠠ ᠤᠰᠤᠨ ᠠᠰᠢᠭᠯᠠᠯᠲᠠ ᠶᠢᠨ ᠳᠢᠭᠯᠢᠮ ᠢ ᠰᠢᠯᠤᠭᠤᠳᠬᠠᠵᠤ᠂ ᠲᠠᠷᠢᠶᠠᠯᠠᠩ ᠤᠨ | ᠤᠰᠤᠨ ᠤ ᠦᠨ᠎ᠡ ᠶᠢᠨ ᠶᠡᠷᠦᠩᠬᠡᠶᠢᠯᠡᠭᠰᠡᠨ ᠥᠭᠡᠷᠡᠴᠢᠯᠡᠯᠲᠡ ᠶᠢ ᠠᠬᠢᠭᠤᠯᠤᠨ᠎ᠠ᠃ ᠭᠤᠣᠯ ᠤᠨ ᠳᠠᠷᠤᠭ᠎ᠠ ᠶᠢᠨ ᠳᠦᠷᠢᠮ ᠢ ᠪᠠᠷᠢᠮᠲᠠᠯᠠᠨ ᠭᠦᠨᠵᠡᠭᠡᠶᠢᠷᠡᠭᠦᠯᠵᠦ᠂ | ᠨᠠᠭᠤᠷ ᠤᠨ ᠳᠠᠷᠤᠭ᠎ᠠ ᠶᠢᠨ ᠳᠦᠷᠢᠮ ᠢ ᠬᠡᠷᠡᠭᠵᠢᠭᠦᠯᠦᠨ᠎ᠡ᠃ ᠮᠣᠩᠭᠤᠯ ᠤᠯᠤᠰ ᠯᠤᠭ᠎ᠠ ᠶᠢᠨ ᠬᠠᠮᠵᠢᠯᠴᠠᠭᠠᠨ ᠤ ᠲᠣᠭᠲᠠᠴᠠ ᠳᠤ ᠰᠢᠨ᠎ᠡ ᠶᠢ ᠡᠭᠦᠳᠴᠦ᠂ ᠮᠣᠩᠭᠤᠯ | ᠤᠯᠤᠰ ᠮᠠᠨ ᠤ ᠬᠤᠲᠠ ᠳᠤ ᠺᠤᠨᠰᠦ᠋ᠯ ᠤᠨ ᠰᠠᠯᠪᠤᠷᠢ ᠪᠠᠶᠢᠭᠤᠯᠤᠮᠵᠢ ᠭᠠᠷᠭᠠᠵᠤ᠂ ᠤᠯᠠᠭᠠᠨᠪᠠᠭᠠᠲᠤᠷ ᠬᠤᠲᠠ ᠳᠤ ᠪᠠᠶᠠᠨᠨᠠᠭᠤᠷ ᠤᠨ ᠠᠷᠠᠯᠵᠢᠶ᠎ᠠ ᠬᠤᠳᠠᠯᠳᠤᠭᠠᠨ ᠤ | ᠬᠠᠷᠢᠯᠴᠠᠬᠤ ᠠᠯᠪᠠᠨ ᠭᠡᠷ ᠭᠠᠷᠭᠠᠬᠤ ᠶᠢ ᠵᠣᠬᠢᠴᠠᠭᠤᠯᠤᠨ᠎ᠠ᠃ ᠬᠢᠯᠢ ᠶᠢᠨ ᠪᠣᠭᠤᠮᠲᠠ ᠶᠢᠨ ︽ᠭᠤᠷᠪᠠ ᠨᠡᠪᠲᠡᠷᠡᠯᠴᠡᠬᠦ︾ ᠲᠣᠮᠣ ᠨᠡᠪᠲᠡᠷᠡᠯᠲᠡ ᠶᠢᠨ | ᠥᠭᠡᠷᠡᠴᠢᠯᠡᠯᠲᠡ ᠶᠢᠨ ᠲᠤᠷᠰᠢᠯᠲᠠ ᠶᠢᠨ ᠴᠡᠭ ᠢ ᠬᠡᠷᠡᠭᠵᠢᠭᠦᠯᠵᠦ᠂ ᠣᠯᠠᠨ ᠤᠯᠤᠰ ᠤᠨ ᠠᠷᠠᠯᠵᠢᠶᠠᠨ ᠤ ︽ᠨᠢᠭᠡᠳᠦᠯᠲᠡᠢ ᠴᠣᠩᠬᠤᠪᠴᠢ︾ ᠶᠢ ᠳᠡᠯᠭᠡᠷᠡᠭᠦᠯᠦᠨ | ᠬᠡᠷᠡᠭᠯᠡᠵᠦ᠂ ᠭᠠᠳᠠᠭᠠᠳᠤ ᠠᠴᠠ ᠣᠷᠣᠭᠤᠯᠵᠤ ᠭᠠᠳᠠᠭᠠᠳᠤ ᠳᠤ ᠭᠠᠷᠭᠠᠬᠤ ᠶᠢ ᠨᠡᠩ ᠰᠢᠯᠤᠭᠤᠬᠠᠨ ᠪᠣᠯᠭᠠᠨ᠎ᠠ᠃ | ᠭᠤᠣᠯᠳᠠᠯᠭ᠎ᠠ ᠲᠠᠢ ᠬᠦᠷᠢᠶ᠎ᠡ ᠴᠠᠷᠠᠭ᠎ᠠ ᠳᠠᠬᠢ ᠥᠭᠡᠷᠡᠴᠢᠯᠡᠯᠲᠡ ᠶᠢ ᠰᠠᠶᠢᠲᠤᠷ ᠠᠳᠬᠤᠨ᠎ᠠ᠃ ︽ᠲᠠᠯᠪᠢᠬᠤ ᠬᠠᠮᠢᠶᠠᠷᠬᠤ ᠦᠢᠯᠡᠴᠢᠯᠡᠬᠦ︾ ᠥᠭᠡᠷᠡᠴᠢᠯᠡᠯᠲᠡ ᠶᠢ | ᠴᠢᠨᠠᠭᠰᠢᠳᠠ ᠭᠦᠨᠵᠡᠭᠡᠶᠢᠷᠡᠭᠦᠯᠵᠦ᠂ ︽ᠦᠨᠡᠮᠯᠡᠯ ᠪᠠ ᠪᠠᠲᠤᠯᠠᠪᠤᠷᠢ ᠪᠢᠴᠢᠭ ᠢ ᠰᠠᠯᠭᠠᠬᠤ︾ ᠪᠠ ᠰᠦᠯᠵᠢᠶᠡᠨ ᠳᠡᠭᠡᠷ᠎ᠡ ᠬᠢᠨᠠᠨ ᠵᠥᠪᠰᠢᠶᠡᠷᠡᠬᠦ ᠲᠠᠯ᠎ᠠ ᠪᠠᠷ | ᠰᠢᠪᠲᠤᠯᠤᠯᠲᠠ ᠭᠠᠷᠭᠠᠨ᠎ᠠ᠃ ︽ᠳᠠᠷᠤᠢ ᠭᠦᠢᠴᠡᠳᠬᠡᠨ᠎ᠡ︾᠂ ︽ᠬᠡᠲᠦᠷᠡᠬᠦ ᠳᠡᠭᠡᠨ ᠨᠢᠭᠡ ᠤᠳᠠᠭ᠎ᠠ ᠶᠠᠪᠤᠨ᠎ᠠ︾ ᠵᠢᠴᠢ ᠨᠢᠭᠤᠷ ᠤᠴᠠᠷᠠᠬᠤ ᠦᠭᠡᠢ ᠪᠠᠷ ᠰᠦᠯᠵᠢᠶᠡᠨ | ᠳᠡᠭᠡᠷ᠎ᠡ ᠬᠢᠨᠠᠨ ᠵᠥᠪᠰᠢᠶᠡᠷᠡᠬᠦ᠂ ᠶᠠᠪᠤᠴᠠ ᠳᠤᠮᠳᠠ ᠪᠠ ᠳᠠᠷᠠᠭ᠎ᠠ ᠨᠢ ᠶᠡᠷᠦᠩᠬᠡᠶᠢᠯᠡᠨ ᠬᠢᠨᠠᠨ ᠬᠠᠮᠢᠶᠠᠷᠬᠤ ᠵᠡᠷᠭᠡ ᠬᠢᠳᠡᠯ ᠢ ᠳᠡᠯᠭᠡᠷᠡᠭᠦᠯᠦᠨ᠎ᠡ᠂ ᠤᠤᠯ ᠤᠨ 110 | ᠲᠥᠷᠥᠯ ᠤᠨ ᠣᠯᠠᠨ ᠨᠡᠶᠢᠲᠡ ᠶᠢᠨ ᠦᠢᠯᠡᠴᠢᠯᠡᠭᠡᠨ ᠤ ᠵᠦᠢᠯ ᠤᠨ ᠰᠠᠭᠤᠷᠢᠨ ᠳᠡᠭᠡᠷ᠎ᠡ᠂ ᠪᠠᠰᠠ 240 ᠵᠦᠢᠯ ᠢ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ | ᠲᠥᠪ ᠲᠤ ᠰᠠᠭᠤᠷᠢᠰᠢᠭᠤᠯᠵᠤ᠂ ᠣᠷᠣᠬᠤ ᠶᠢ ᠨᠢ ᠪᠦᠷ ᠣᠷᠣᠭᠤᠯᠬᠤ ᠶᠢ ᠪᠡᠶᠡᠯᠡᠭᠦᠯᠵᠦ᠂ ᠣᠯᠠᠨ ᠲᠦᠮᠡᠨ ᠳᠤ ᠨᠡᠩ ᠲᠥᠪᠯᠡᠷᠡᠩᠭᠦᠢ᠂ ᠨᠡᠩ ᠳᠥᠭᠦᠮ᠂ ᠨᠡᠩ | ᠲᠦᠷᠭᠡᠨ᠂ ᠨᠡᠩ ᠰᠢᠯᠢᠳᠡᠭ ᠦᠢᠯᠡᠴᠢᠯᠡᠭᠡᠨ ᠬᠠᠩᠭᠠᠨ᠎ᠠ᠃ ᠣᠷᠴᠢᠨ ᠲᠣᠭᠤᠷᠢᠨ ᠤ ᠬᠠᠮᠠᠭᠠᠯᠠᠯᠲᠠ᠂ ᠡᠨᠧᠷᠭᠢ ᠶᠢᠨ ᠬᠤᠷᠣᠭᠳᠠᠯ᠂ ᠶᠠᠰᠤ ᠴᠢᠨᠠᠷ ᠵᠡᠷᠭᠡ ᠬᠠᠤᠯᠢ | ᠳᠦᠷᠢᠮ ᠪᠠ ᠪᠠᠷᠢᠮᠵᠢᠶ᠎ᠠ ᠶᠢ ᠴᠢᠩᠭ᠎ᠠ ᠬᠡᠷᠡᠭᠵᠢᠭᠦᠯᠵᠦ᠂ ᠥᠪᠡᠷᠲᠡᠭᠡᠨ ᠵᠠᠰᠠᠬᠤ ᠣᠷᠣᠨ ᠠᠴᠠ ᠪᠠᠭᠤᠯᠭᠠᠭᠰᠠᠨ ᠬᠤᠴᠣᠷᠤᠩᠭᠤᠢ ᠦᠢᠯᠡᠳᠪᠦᠷᠢᠯᠡᠯ ᠤᠨ ᠴᠢᠳᠠᠪᠤᠷᠢ ᠶᠢ | ᠠᠷᠢᠯᠭᠠᠬᠤ ᠡᠭᠦᠷᠭᠡ ᠶᠢ ᠪᠡᠶᠡᠯᠡᠭᠦᠯᠦᠨ᠎ᠡ᠃ ᠭᠠᠵᠠᠷ ᠰᠢᠷᠣᠢ᠂ ᠮᠥᠩᠭᠦᠨ ᠭᠦᠢᠯᠭᠡᠭᠡ᠂ ᠪᠣᠷᠣ ᠭᠡᠷᠲᠦ ᠲᠣᠭᠤᠷᠢᠭ ᠤᠨ ᠥᠭᠡᠷᠡᠴᠢᠯᠡᠯᠲᠡ ᠳᠤ ᠥᠷᠲᠡᠭᠴᠢᠯᠡᠨ | ᠲᠥᠪᠬᠢᠨᠡᠭᠦᠯᠬᠦ ᠵᠡᠷᠭᠡ ᠲᠥᠷᠥ ᠶᠢᠨ ᠪᠣᠳᠣᠯᠭ᠎ᠠ ᠶᠢ ᠶᠡᠷᠦᠩᠬᠡᠶᠢᠯᠡᠨ ᠬᠡᠷᠡᠭᠯᠡᠵᠦ᠂ ᠲᠠᠸᠠᠷ ᠤᠨ ᠣᠷᠣᠨ ᠰᠠᠭᠤᠴᠠ ᠶᠢᠨ ᠬᠥᠮᠥᠷᠭᠡ ᠶᠢᠨ ᠨᠥᠭᠡᠴᠡ ᠶᠢ 80 ᠲᠦᠮᠡᠨ | ᠲᠡᠭᠰᠢ ᠳᠥᠷᠪᠡᠯᠵᠢᠨ ᠮᠧᠲᠷ ᠰᠢᠩᠭᠡᠭᠡᠨ᠎ᠡ᠃ ᠮᠠᠯᠵᠢᠬᠤ ᠲᠠᠷᠢᠶᠠᠯᠠᠬᠤ ᠣᠷᠣᠨ ᠤ ᠶᠡᠷᠦᠩᠬᠡᠶᠢᠯᠡᠭᠰᠡᠨ ᠥᠭᠡᠷᠡᠴᠢᠯᠡᠯᠲᠡ ᠶᠢ ᠲᠦᠷᠭᠡᠳᠬᠡᠵᠦ᠂ ᠭᠠᠵᠠᠷ ᠰᠢᠷᠣᠢ ᠶᠢᠨ | ᠡᠵᠡᠩᠨᠡᠬᠦ ᠡᠷᠬᠡ ᠶᠢ ᠲᠣᠳᠣᠳᠬᠠᠬᠤ ᠠᠵᠢᠯ ᠢ ᠪᠦᠬᠦ ᠲᠠᠯ᠎ᠠ ᠪᠠᠷ ᠪᠡᠶᠡᠯᠡᠭᠦᠯᠵᠦ᠂ ᠬᠠᠮᠲᠤ ᠶᠢᠨ ᠥᠮᠴᠢᠯᠡᠬᠦ ᠡᠷᠬᠡ ᠶᠢᠨ ᠳᠦᠷᠢᠮ ᠤᠨ ᠥᠭᠡᠷᠡᠴᠢᠯᠡᠯᠲᠡ ᠶᠢ ᠡᠬᠢᠯᠡᠨ | ᠬᠡᠷᠡᠭᠵᠢᠭᠦᠯᠦᠨ᠎ᠡ᠂ ︽ᠭᠤᠷᠪᠠᠨ ᠡᠷᠬᠡ ᠶᠢ ᠲᠤᠰᠠᠭᠠᠷᠯᠠᠬᠤ︾ ᠥᠭᠡᠷᠡᠴᠢᠯᠡᠯᠲᠡ ᠶᠢ ᠨᠢᠭᠡᠳᠦᠯᠲᠡᠢ ᠲᠥᠯᠥᠪᠵᠢᠭᠦᠯᠦᠨ ᠠᠬᠢᠭᠤᠯᠵᠤ᠂ ᠭᠠᠵᠠᠷ ᠰᠢᠷᠣᠢ ᠶᠢᠨ ᠡᠵᠡᠩᠨᠡᠬᠦ | ᠡᠷᠬᠡ ᠪᠠ ᠬᠦᠯᠡᠮᠵᠢ᠂ ᠬᠠᠰᠢᠶ᠎ᠠ ᠬᠤᠷᠤᠭ᠎ᠠ ᠵᠡᠷᠭᠡ ᠬᠥᠷᠥᠩᠭᠡ ᠪᠠᠷ ᠪᠠᠷᠢᠴᠠᠭᠠᠯᠠᠨ ᠵᠢᠭᠡᠯᠡᠯᠭᠡ ᠠᠪᠬᠤ ᠠᠵᠢᠯ ᠢ ᠡᠬᠢᠯᠡᠭᠦᠯᠵᠦ᠂ ᠠᠲᠠᠷ ᠬᠠᠭᠠᠯᠪᠤᠷᠢᠯᠠᠯᠲᠠ ᠶᠢᠨ | ᠪᠠᠶᠢᠭᠤᠯᠤᠮᠵᠢ ᠶᠢᠨ ᠥᠭᠡᠷᠡᠴᠢᠯᠡᠯᠲᠡ ᠶᠢᠨ ᠦᠷᠭᠦᠯᠵᠢᠯᠡᠯ ᠥᠭᠡᠷᠡᠴᠢᠯᠡᠯᠲᠡ ᠶᠢ ᠭᠦᠨᠵᠡᠭᠡᠶᠢᠷᠡᠭᠦᠯᠦᠨ᠎ᠡ᠃ ᠠᠯᠪᠠᠨ ᠠᠴᠠ ᠪᠠᠶᠢᠭᠤᠯᠤᠭᠰᠠᠨ ᠡᠮᠨᠡᠯᠭᠡ ᠶᠢᠨ ᠬᠤᠷᠢᠶ᠎ᠠ᠂ | ᠶᠡᠷᠦᠩᠬᠡᠶᠢᠯᠡᠭᠰᠡᠨ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠵᠡᠷᠭᠡ ᠥᠭᠡᠷᠡᠴᠢᠯᠡᠯᠲᠡ ᠶᠢ ᠦᠷᠭᠦᠯᠵᠢᠯᠡᠨ ᠰᠠᠶᠢᠲᠤᠷ ᠠᠳᠬᠤᠵᠤ᠂ ᠠᠵᠢᠯ ᠦᠢᠯᠡᠰ ᠤᠨ ᠨᠢᠭᠡᠴᠢ ᠶᠢᠨ | ᠥᠭᠡᠷᠡᠴᠢᠯᠡᠯᠲᠡ ᠶᠢ ᠲᠥᠷᠥᠯ ᠬᠤᠪᠢᠶᠠᠨ ᠲᠦᠯᠬᠢᠨ ᠠᠬᠢᠭᠤᠯᠵᠤ᠂ ᠲᠤᠷᠰᠢᠯᠲᠠ ᠶᠢᠨ ᠴᠡᠭ ᠤᠨ ᠥᠭᠡᠷᠡᠴᠢᠯᠡᠯᠲᠡ ᠪᠠ ᠥᠪᠡᠷᠲᠡᠭᠡᠨ ᠡᠵᠡᠨ ᠮᠡᠳᠡᠵᠦ ᠰᠦᠪᠡᠭᠴᠢᠯᠡᠬᠦ | ᠥᠭᠡᠷᠡᠴᠢᠯᠡᠯᠲᠡ ᠶᠢ ᠠᠬᠢᠭᠤᠯᠤᠨ᠎ᠠ᠃ | ᠭᠠᠳᠠᠭᠠᠳᠤ ᠲᠠᠢ ᠴᠢᠯᠥᠭᠡᠲᠡᠢ ᠶᠠᠪᠤᠯᠴᠠᠬᠤ ᠲᠦᠪᠰᠢᠨ ᠢ ᠳᠡᠭᠡᠭᠰᠢᠯᠡᠭᠦᠯᠦᠨ᠎ᠡ᠃ ᠮᠣᠩᠭᠤᠯ ᠤᠯᠤᠰ ᠲᠠᠢ ᠴᠢᠯᠥᠭᠡᠲᠡᠢ ᠶᠠᠪᠤᠯᠴᠠᠬᠤ ᠲᠦᠷᠦᠭᠦᠴᠢ ᠲᠣᠭᠤᠷᠢᠭ ᠢ | ᠪᠠᠶᠢᠭᠤᠯᠬᠤ ᠬᠠᠷᠠᠯᠲᠠ ᠪᠠᠷ᠂ ᠬᠢᠯᠢ ᠶᠢᠨ ᠪᠣᠭᠤᠮᠲᠠ ᠳᠠᠬᠢ ᠥᠪᠡᠷᠲᠡᠭᠡᠨ ᠵᠠᠰᠠᠬᠤ ᠣᠷᠣᠨ ᠤ ᠳᠡᠰ ᠤᠨ ᠭᠤᠣᠯᠳᠠᠯᠭ᠎ᠠ ᠲᠠᠢ ᠨᠡᠭᠡᠭᠡᠯᠲᠡ ᠬᠢᠵᠦ ᠴᠢᠯᠥᠭᠡᠲᠡᠢ | ᠶᠠᠪᠤᠯᠴᠠᠬᠤ ᠲᠤᠷᠰᠢᠯᠲᠠ ᠶᠢᠨ ᠲᠣᠭᠤᠷᠢᠭ᠂ ᠬᠢᠯᠢ ᠶᠢᠨ ᠠᠵᠤ ᠠᠬᠤᠢ ᠶᠢᠨ ᠬᠠᠮᠵᠢᠯᠴᠠᠭᠠᠨ ᠤ ᠲᠣᠭᠤᠷᠢᠭ ᠤᠨ ᠪᠦᠲᠦᠭᠡᠨ ᠪᠠᠶᠢᠭᠤᠯᠤᠯᠲᠠ ᠶᠢ ᠠᠬᠢᠭᠤᠯᠤᠨ᠎ᠠ᠂ | ᠪᠣᠭᠤᠮᠲᠠ ᠥᠩᠭᠡᠷᠡᠬᠦ ᠲᠣᠭᠤᠷᠢᠭ ᠤᠨ ᠴᠢᠳᠠᠪᠬᠢ ᠶᠢ ᠥᠷᠭᠡᠳᠬᠡᠨ ᠳᠡᠰ ᠳᠡᠪᠰᠢᠭᠦᠯᠬᠦ ᠢᠨᠵᠧᠨᠧᠷᠢᠩ ᠢ ᠬᠡᠷᠡᠭᠵᠢᠭᠦᠯᠵᠦ᠂ ︽ᠳᠣᠯᠤᠭ᠎ᠠ ᠣᠷᠣᠵᠤ ᠳᠣᠯᠤᠭ᠎ᠠ | ᠭᠠᠷᠤᠭᠰᠠᠨ︾ ᠠᠭᠤᠷᠬᠠᠢ ᠡᠨᠧᠷᠭᠢ ᠶᠢᠨ ᠨᠡᠪᠲᠡᠷᠡᠬᠦ ᠵᠠᠮ ᠪᠠ ᠣᠷᠴᠢᠨ ᠲᠣᠭᠤᠷᠢᠨ ᠤ ᠬᠠᠮᠠᠭᠠᠯᠠᠯᠲᠠ ᠶᠢᠨ ᠬᠡᠯᠪᠡᠷᠢ ᠶᠢᠨ ᠬᠥᠮᠥᠷᠭᠡ ᠶᠢᠨ ᠲᠥᠬᠦᠭᠡᠷᠦᠮᠵᠢ ᠶᠢ | ᠪᠠᠶᠢᠭᠤᠯᠤᠨ᠎ᠠ᠂ ᠬᠢᠯᠢ ᠰᠤᠨᠳᠠᠯᠠᠭᠰᠠᠨ ᠲᠡᠮᠦᠷ ᠵᠠᠮ ᠪᠠ ᠬᠦᠨᠳᠦ ᠠᠴᠢᠶᠠᠨ ᠤ ᠵᠠᠰᠠᠮᠠᠯ ᠵᠠᠮ ᠤᠨ ᠪᠦᠲᠦᠭᠡᠨ ᠪᠠᠶᠢᠭᠤᠯᠤᠯᠲᠠ ᠶᠢ ᠡᠬᠢᠯᠡᠭᠦᠯᠬᠦ ᠪᠠᠷ ᠴᠢᠷᠮᠠᠶᠢᠵᠤ᠂ | ᠬᠢᠯᠢ ᠶᠢᠨ ᠪᠣᠭᠤᠮᠲᠠ ᠪᠠᠷ ᠥᠩᠭᠡᠷᠡᠬᠦ ᠪᠠᠷᠠᠭᠠᠨ ᠤ ᠬᠡᠮᠵᠢᠶ᠎ᠡ ᠶᠢ 3000 ᠲᠦᠮᠡᠨ ᠲᠣᠨ ᠳᠤ ᠬᠦᠷᠭᠡᠬᠦ ᠪᠠᠷ ᠴᠢᠷᠮᠠᠶᠢᠨ᠎ᠠ᠃ ᠣᠷᠣᠰ ᠮᠣᠩᠭᠤᠯ ᠤᠨ ᠲᠠᠸᠠᠷ ᠢ | ᠰᠢᠭᠤᠳ ᠪᠣᠷᠣᠯᠠᠭᠤᠯᠬᠤ ᠳᠡᠯᠭᠡᠭᠦᠷ ᠭᠠᠷᠭᠠᠵᠤ᠂ ᠮᠣᠩᠭᠤᠯ ᠤᠯᠤᠰ ᠤᠨ ᠡᠮᠦᠨᠡᠭᠤᠪᠢ ᠠᠶᠢᠮᠠᠭ ᠬᠦᠷᠬᠦ ᠬᠢᠯᠢ ᠰᠤᠨᠳᠠᠯᠠᠭᠰᠠᠨ ᠠᠭᠠᠷ ᠤᠨ ᠠᠶᠠᠯᠠᠯ ᠤᠨ ᠱᠤᠭᠤᠮ ᠢ | ᠨᠡᠪᠲᠡᠷᠡᠭᠦᠯᠦᠨ᠎ᠡ᠂ ᠰᠤᠷᠭᠠᠨ ᠬᠥᠮᠥᠵᠢᠯ ᠡᠮ ᠡᠮᠨᠡᠯᠭᠡ᠂ ᠰᠣᠶᠣᠯ ᠪᠡᠶ᠎ᠡ ᠶᠢᠨ ᠲᠠᠮᠢᠷ᠂ ᠠᠷᠠᠯᠵᠢᠶ᠎ᠠ ᠬᠤᠳᠠᠯᠳᠤᠭ᠎ᠠ ᠪᠠᠷᠠᠭᠠᠨ ᠤ ᠭᠦᠢᠯᠭᠡᠭᠡ ᠵᠡᠷᠭᠡ ᠬᠦᠷᠢᠶ᠎ᠡ | ᠴᠠᠷᠠᠭ᠎ᠠ ᠶᠢᠨ ᠭᠦᠨᠵᠡᠭᠡᠢ ᠬᠠᠮᠵᠢᠯᠴᠠᠭ᠎ᠠ ᠶᠢ ᠴᠢᠩᠭᠠᠳᠬᠠᠨ᠎ᠠ᠃ ᠥᠪᠥᠷ ᠮᠣᠩᠭᠤᠯ ᠤᠨ ᠤᠯᠤᠰ ᠤᠨ ᠰᠢᠯᠭᠠᠨ ᠪᠠᠶᠢᠴᠠᠭᠠᠯᠲᠠ ᠶᠢᠨ ᠲᠤᠷᠰᠢᠯᠲᠠ ᠶᠢᠨ ᠲᠣᠭᠤᠷᠢᠭ ᠢ | ᠭᠤᠶᠤᠴᠢᠯᠠᠨ ᠪᠠᠶᠢᠭᠤᠯᠵᠤ᠂ ᠤᠷᠠᠳ ᠬᠢᠯᠢ ᠪᠠᠷ ᠣᠷᠣᠵᠤ ᠭᠠᠷᠬᠤ ᠰᠢᠯᠭᠠᠨ ᠪᠠᠶᠢᠴᠠᠭᠠᠯᠲᠠ ᠬᠢᠵᠢᠭ ᠢ ᠪᠠᠶᠢᠴᠠᠭᠠᠬᠠᠤ ᠲᠣᠪᠴᠢᠶ᠎ᠠ᠂ ᠤᠷᠠᠳ ᠪᠣᠭᠤᠮᠲᠠ᠂ | ᠭᠠᠭᠴᠠᠮᠣᠳᠣ ᠬᠢᠯᠢ ᠶᠢᠨ ᠪᠣᠭᠤᠮᠲᠠ ᠶᠢᠨ ᠪᠠᠶᠢᠴᠠᠭᠠᠬᠤ ᠥᠷᠲᠡᠭᠡ ᠶᠢ ᠨᠡᠭᠦᠯᠭᠡᠬᠦ ᠪᠠ ᠨᠡᠷ᠎ᠡ ᠶᠢ ᠨᠢ ᠰᠣᠯᠢᠬᠤ ᠠᠵᠢᠯ ᠢ ᠪᠡᠶᠡᠯᠡᠭᠦᠯᠵᠦ᠂ ᠭᠠᠳᠠᠭᠠᠳᠤ ᠲᠠᠢ ᠴᠢᠯᠥᠭᠡᠲᠡᠢ | ᠶᠠᠪᠤᠯᠴᠠᠬᠤ ᠬᠠᠮᠢᠶᠠᠷᠤᠯᠲᠠ ᠦᠢᠯᠡᠴᠢᠯᠡᠭᠡᠨ ᠤ ᠴᠢᠳᠠᠪᠤᠷᠢ ᠪᠠᠨ ᠳᠡᠭᠡᠭᠰᠢᠯᠡᠭᠦᠯᠦᠨ᠎ᠡ᠃ ᠣᠷᠣᠨ ᠪᠦᠰᠡ ᠶᠢᠨ ᠠᠵᠤ ᠠᠬᠤᠢ ᠶᠢᠨ ᠬᠠᠮᠵᠢᠯᠴᠠᠭ᠎ᠠ ᠶᠢ | ᠭᠦᠨᠵᠡᠭᠡᠶᠢᠷᠡᠭᠦᠯᠵᠦ᠂ ᠬᠥᠭᠵᠢᠭᠰᠡᠨ ᠭᠠᠵᠠᠷ ᠣᠷᠣᠨ ᠤ ᠠᠵᠤ ᠦᠢᠯᠡᠰ ᠤᠨ ᠰᠢᠯᠵᠢᠯᠲᠡ ᠶᠢ ᠢᠳᠡᠪᠬᠢᠲᠡᠢ ᠳᠠᠭᠠᠭᠠᠨ ᠠᠪᠴᠤ᠂ ᠬᠠᠮᠲᠤᠪᠠᠷ ᠠᠰᠢᠭ ᠬᠦᠷᠲᠡᠬᠦ | ᠬᠥᠭᠵᠢᠯᠲᠡ ᠶᠢ ᠴᠢᠷᠮᠠᠶᠢᠨ ᠪᠡᠶᠡᠯᠡᠭᠦᠯᠦᠨ᠎ᠡ᠃ | ︵ᠨᠠᠢᠮᠠ︶ ᠬᠤᠲᠠ ᠬᠥᠳᠡᠭᠡ ᠶᠢᠨ ᠪᠦᠲᠦᠭᠡᠨ ᠪᠠᠶᠢᠭᠤᠯᠤᠯᠲᠠ ᠬᠠᠮᠢᠶᠠᠷᠤᠯᠲᠠ ᠶᠢᠨ ᠲᠦᠪᠰᠢᠨ ᠢ ᠳᠡᠭᠡᠭᠰᠢᠯᠡᠭᠦᠯᠦᠨ᠎ᠡ᠃ ᠠᠷᠠᠳ ᠤᠨ ᠠᠮᠢᠳᠤᠷᠠᠯ ᠤᠨ | ᠬᠤᠲᠠ ᠶᠢᠨ ᠪᠠᠶᠢᠭᠤᠯᠤᠯᠲᠠ ᠶᠢᠨ ᠣᠶᠢᠯᠠᠭᠠᠭᠳᠠᠬᠤᠨ ᠢ ᠪᠠᠷᠢᠮᠲᠠᠯᠠᠵᠤ᠂ ᠬᠤᠲᠠ ᠬᠥᠳᠡᠭᠡ ᠶᠢᠨ ᠣᠷᠣᠰᠢᠨ ᠰᠠᠭᠤᠷᠢᠰᠢᠬᠤ ᠣᠷᠴᠢᠨ ᠲᠣᠭᠤᠷᠢᠨ ᠢ ᠲᠠᠰᠤᠷᠠᠯᠲᠠ | ᠦᠭᠡᠢ ᠰᠠᠶᠢᠵᠢᠷᠠᠭᠤᠯᠵᠤ᠂ ᠣᠯᠠᠨ ᠲᠦᠮᠡᠨ ᠤ ᠠᠮᠢᠳᠤᠷᠠᠯ ᠢ ᠨᠡᠩ ᠳᠥᠭᠦᠮ᠂ ᠨᠡᠩ ᠲᠠᠭᠠᠯᠠᠮᠵᠢᠲᠠᠢ᠂ ᠨᠡᠩ ᠰᠠᠶᠢᠬᠠᠨ ᠪᠣᠯᠭᠠᠨ᠎ᠠ᠃ | ᠬᠤᠲᠠ ᠪᠠᠯᠭᠠᠰᠤ ᠶᠢᠨ ᠲᠥᠯᠥᠪᠵᠢᠭᠦᠯᠭᠡ ᠪᠦᠲᠦᠭᠡᠨ ᠪᠠᠶᠢᠭᠤᠯᠤᠯᠲᠠ ᠬᠠᠮᠢᠶᠠᠷᠤᠯᠲᠠ ᠶᠢ ᠴᠢᠩᠭᠠᠳᠬᠠᠨ᠎ᠠ᠃ ᠵᠢᠷᠭᠤᠭᠠᠨ ᠶᠡᠭᠡ ᠠᠵᠢᠯᠯᠠᠭ᠎ᠠ ᠶᠢ ᠭᠤᠣᠯᠳᠠᠯᠭ᠎ᠠ ᠲᠠᠢ | ᠬᠡᠷᠡᠭᠵᠢᠭᠦᠯᠦᠨ᠎ᠡ᠃ ᠨᠢᠭᠡ ᠳᠤ᠂ ᠲᠥᠯᠥᠪᠵᠢᠭᠦᠯᠭᠡ ᠪᠠᠷ ᠬᠥᠲᠥᠯᠦᠨ ᠵᠢᠯᠣᠭᠤᠳᠤᠭᠤᠯᠬᠤ ᠠᠵᠢᠯᠯᠠᠭ᠎ᠠ᠃ ᠣᠳᠣᠬᠢᠴᠢᠯᠠᠭᠰᠠᠨ ᠠᠮᠢ ᠠᠬᠤᠢ ᠶᠢᠨ ᠲᠠᠷᠢᠶᠠᠯᠠᠩ ᠤᠨ | ᠬᠤᠲᠠ ᠶᠢ ᠪᠠᠶᠢᠭᠤᠯᠬᠤ ᠱᠠᠭᠠᠷᠳᠠᠯᠭ᠎ᠠ ᠪᠠᠷ᠂ ᠬᠤᠲᠠ ᠶᠢᠨ ᠶᠡᠷᠦᠩᠬᠡᠶᠢᠯᠡᠭᠰᠡᠨ ᠲᠥᠯᠥᠪᠵᠢᠭᠦᠯᠭᠡ᠂ ᠱᠤᠸᠠᠩ ᠾᠧ ᠲᠣᠭᠤᠷᠢᠭ ᠤᠨ ᠲᠣᠭᠤᠷᠢᠭ ᠬᠤᠪᠢᠶᠠᠭᠰᠠᠨ | ᠲᠥᠯᠥᠪᠵᠢᠭᠦᠯᠭᠡ᠂ ᠬᠢᠯᠢ ᠶᠢᠨ ᠪᠣᠭᠤᠮᠲᠠ ᠶᠢᠨ ᠴᠤᠭᠯᠠᠭ᠎ᠠ ᠪᠠᠯᠭᠠᠰᠤ ᠶᠢᠨ ᠲᠥᠯᠥᠪᠵᠢᠭᠦᠯᠭᠡ ᠶᠢ ᠵᠠᠰᠠᠨ ᠨᠠᠶᠢᠷᠠᠭᠤᠯᠵᠤ᠂ ︽ᠬᠤᠲᠠ ᠶᠢᠨ ᠬᠤᠣᠰ ᠵᠠᠰᠠᠯᠲᠠ︾᠂ | ᠬᠥᠳᠡᠭᠡ ᠲᠣᠰᠬᠤᠨ ᠢ ᠮᠠᠨᠳᠤᠭᠤᠯᠬᠤ ᠲᠥᠯᠥᠪᠵᠢᠭᠦᠯᠭᠡ ᠶᠢ ᠨᠠᠶᠢᠷᠠᠭᠤᠯᠬᠤ ᠠᠵᠢᠯ ᠢ ᠪᠡᠶᠡᠯᠡᠭᠦᠯᠵᠦ᠂ ︽ᠣᠯᠠᠨ ᠳᠦᠷᠢᠮ ᠢ ᠨᠢᠭᠡᠳᠬᠡᠬᠦ︾ ᠠᠵᠢᠯ ᠢ ᠢᠳᠡᠪᠬᠢᠲᠡᠢ | ᠠᠬᠢᠭᠤᠯᠤᠨ᠎ᠠ᠃ ᠪᠤᠭᠤᠲᠤ ᠠᠴᠠ ᠢᠷᠭᠠᠢ ᠬᠦᠷᠬᠦ ᠲᠦᠷᠭᠡᠨ ᠤ ᠲᠡᠮᠦᠷ ᠵᠠᠮ ᠤᠨ ᠱᠤᠭᠤᠮ ᠳᠠᠭᠠᠤ ᠴᠢᠬᠤᠯᠠ ᠵᠠᠩᠭᠢᠯᠠᠭ᠎ᠠ᠂ ᠭᠤᠣᠯᠳᠠᠯᠭ᠎ᠠ ᠲᠠᠢ ᠬᠡᠰᠡᠭ ᠤᠨ | ᠲᠥᠯᠥᠪᠵᠢᠭᠦᠯᠭᠡ ᠲᠥᠯᠥᠪᠯᠡᠭᠡ ᠶᠢ ᠰᠠᠶᠢᠲᠤᠷ ᠠᠳᠬᠤᠨ᠎ᠠ᠃ ᠥᠪᠡᠷᠮᠢᠴᠡ ᠲᠠᠲᠠᠬᠤ ᠬᠦᠴᠦᠨ ᠲᠠᠢ ᠦᠨᠳᠦᠰᠦᠲᠡᠨ ᠤ ᠣᠷᠣᠨ ᠨᠤᠲᠤᠭ ᠤᠨ ᠰᠣᠶᠣᠯ ᠪᠠ ᠰᠢᠯᠢᠳᠡᠭ | ᠤᠯᠠᠮᠵᠢᠯᠠᠯᠲᠤ ᠰᠣᠶᠣᠯ ᠢ ᠬᠤᠲᠠ ᠶᠢᠨ ᠲᠥᠯᠥᠪᠵᠢᠭᠦᠯᠭᠡ ᠲᠥᠯᠥᠪᠯᠡᠭᠡ ᠳᠤ ᠠᠭᠤᠰᠬᠠᠨ ᠣᠷᠣᠭᠤᠯᠵᠤ᠂ ᠲᠡᠦᠬᠡ ᠶᠢᠨ ᠪᠠᠷᠢᠯᠭ᠎ᠠ ᠶᠢ ᠲᠣᠭᠲᠠᠭᠠᠬᠤ ᠪᠠ ᠬᠠᠮᠠᠭᠠᠯᠠᠬᠤ | ᠠᠵᠢᠯ ᠢ ᠰᠠᠶᠢᠲᠤᠷ ᠬᠢᠨ᠎ᠡ᠃ ᠬᠤᠶᠠᠷ ᠲᠤ᠂ ᠵᠠᠮ ᠱᠤᠭᠤᠮ ᠢ ᠨᠡᠪᠲᠡᠷᠡᠭᠦᠯᠬᠦ ᠠᠵᠢᠯᠯᠠᠭ᠎ᠠ᠃ ᠬᠤᠲᠠ ᠪᠠᠯᠭᠠᠰᠤᠨ ᠤ ᠵᠠᠮ ᠢ 48 ᠺᠢᠯᠣᠮᠧᠲᠷ ᠰᠢᠨ᠎ᠡ ᠪᠠᠷ ᠪᠤᠶᠤ | ᠥᠭᠡᠷᠡᠴᠢᠯᠡᠨ ᠵᠠᠰᠠᠵᠤ᠂ ᠪᠤᠶᠢᠳᠠ ᠵᠡᠭᠡᠯᠢ ᠪᠥᠭᠯᠡᠭᠦᠦ ᠭᠤᠳᠤᠮᠵᠢ ᠶᠢ 32 ᠲᠦᠮᠡᠨ ᠲᠡᠭᠰᠢ ᠳᠥᠷᠪᠡᠯᠵᠢᠨ ᠮᠧᠲᠷ ᠥᠭᠡᠷᠡᠴᠢᠯᠡᠨ ᠵᠠᠰᠠᠨ᠎ᠠ᠂ ᠯᠢᠨ ᠾᠧ ᠶᠢᠨ ᠰᠠᠢ | ᠪᠧᠢ ᠵᠡᠭᠡᠯᠢ᠂ ᠵᠢᠨᠴᠤᠸᠠᠨ ᠵᠠᠮ ᠤᠨ ᠬᠤᠶᠢᠲᠤ ᠦᠷᠭᠦᠯᠵᠢᠯᠡᠯ ᠱᠤᠭᠤᠮ᠂ ᠬᠠᠩᠭᠢᠨ ᠬᠤᠶᠢᠲᠤ ᠬᠤᠰᠢᠭᠤᠨ ᠤ ᠰᠠᠢ ᠱᠠᠩ ᠵᠡᠭᠦᠨ ᠵᠠᠮ᠂ ᠤᠷᠠᠳ ᠤᠨ ᠡᠮᠦᠨᠡᠲᠦ | ᠬᠤᠰᠢᠭᠤᠨ ᠤ ᠪᠠᠶᠠᠨᠬᠤᠸᠠ ᠶᠡᠭᠡ ᠵᠡᠭᠡᠯᠢ ᠵᠡᠷᠭᠡ 18 ᠵᠤᠷᠪᠤᠰ ᠮᠤᠬᠤᠷ ᠵᠠᠮ ᠢ ᠨᠡᠪᠲᠡᠷᠡᠭᠦᠯᠦᠨ᠎ᠡ᠃ ᠣᠯᠠᠨ ᠨᠡᠶᠢᠲᠡ ᠶᠢᠨ ᠵᠠᠮ ᠬᠠᠷᠢᠯᠴᠠᠭ᠎ᠠ ᠶᠢ ᠬᠦᠴᠦᠲᠡᠢ | ᠬᠥᠭᠵᠢᠭᠦᠯᠵᠦ᠂ ᠨᠡᠶᠢᠲᠡ ᠶᠢᠨ ᠮᠠᠰᠢᠨ ᠲᠡᠷᠭᠡ ᠶᠢᠨ ᠵᠠᠮ ᠱᠤᠭᠤᠮ ᠢ ᠲᠣᠬᠢᠷᠠᠭᠤᠯᠤᠨ ᠰᠢᠯᠢᠳᠡᠭᠵᠢᠭᠦᠯᠵᠦ᠂ ᠪᠦᠬᠦ ᠬᠤᠲᠠ ᠳᠤ ᠨᠡᠶᠢᠲᠡ ᠶᠢᠨ ᠴᠠᠬᠢᠯᠭᠠᠨ ᠮᠠᠰᠢᠨ | ᠲᠡᠷᠭᠡ ᠶᠢ ᠰᠢᠨ᠎ᠡ ᠪᠠᠷ 50 ᠨᠡᠮᠡᠵᠦ᠂ ᠰᠢᠨ᠎ᠡ ᠡᠨᠧᠷᠭᠢ ᠶᠢᠨ ᠨᠡᠶᠢᠲᠡ ᠶᠢᠨ ᠮᠠᠰᠢᠨ ᠲᠡᠷᠭᠡᠨ ᠤ ᠡᠵᠡᠯᠡᠬᠦ ᠬᠠᠷᠢᠴᠠᠯ ᠢ 60% ᠠᠴᠠ ᠳᠠᠪᠠᠭᠤᠯᠤᠨ᠎ᠠ᠃ ᠠᠷᠠᠳ ᠠᠴᠠ | ᠡᠵᠡᠩᠨᠡᠨ ᠨᠡᠶᠢᠲᠡ ᠠᠴᠠ ᠲᠤᠰᠠᠯᠠᠬᠤ᠂ PPP ᠵᠡᠷᠭᠡ ᠠᠷᠭ᠎ᠠ ᠬᠡᠯᠪᠡᠷᠢ ᠪᠠᠷ᠂ ᠯᠢᠨ ᠾᠧ ᠠᠴᠠ ᠱᠠᠮᠪᠠ ᠬᠦᠷᠬᠦ ᠠᠶᠠᠨᠴᠢᠳ ᠤᠨ ᠮᠠᠰᠢᠨ ᠲᠡᠷᠭᠡ ᠶᠢ ᠨᠡᠶᠢᠲᠡ ᠶᠢᠨ | ᠮᠠᠰᠢᠨ ᠲᠡᠷᠭᠡ ᠪᠠᠷ ᠰᠣᠯᠢᠬᠤ ᠥᠭᠡᠷᠡᠴᠢᠯᠡᠯᠲᠡ ᠶᠢ ᠠᠬᠢᠭᠤᠯᠤᠨ᠎ᠠ᠃ ᠠᠳᠠᠯᠢ ᠪᠤᠰᠤ ᠴᠠᠭ ᠤᠨ ᠬᠡᠰᠡᠭ ᠲᠤ ᠲᠣᠬᠢᠷᠠᠭᠤᠯᠤᠨ᠂ ᠰᠠᠯᠭᠠᠬᠤ ᠠᠷᠭ᠎ᠠ ᠪᠠᠷᠢᠯ ᠢ ᠵᠦᠢ | ᠵᠣᠬᠢᠰᠲᠠᠢ ᠲᠣᠭᠲᠠᠭᠠᠵᠤ᠂ ᠬᠤᠲᠠ ᠶᠢᠨ ᠵᠠᠮ ᠤᠨ ᠲᠦᠭᠵᠢᠷᠡᠯ ᠢ ᠨᠠᠮᠳᠠᠭᠠᠨ᠎ᠠ᠃ ᠭᠤᠷᠪᠠ ᠳᠤ᠂ ᠨᠣᠭᠤᠭᠠᠷᠠᠭᠤᠯᠵᠤ ᠳᠡᠰ ᠳᠡᠪᠰᠢᠭᠦᠯᠬᠦ ᠠᠵᠢᠯᠯᠠᠭ᠎ᠠ᠃ ᠬᠤᠲᠠ | ᠪᠠᠯᠭᠠᠰᠤ ᠶᠢᠨ ᠨᠣᠭᠤᠭᠠᠷᠠᠭᠤᠯᠤᠯᠲᠠ ᠶᠢᠨ ᠲᠥᠯᠥᠪᠵᠢᠭᠦᠯᠭᠡ ᠲᠥᠯᠥᠪᠯᠡᠭᠡ ᠪᠠ ᠦᠵᠡᠮᠵᠢ ᠶᠢᠨ ᠪᠠᠶᠢᠳᠠᠯ ᠢ ᠠᠩᠬᠠᠷᠴᠤ᠂ ᠪᠤᠲᠠ ᠮᠣᠳᠣ ᠪᠠ ᠲᠤᠷᠤᠭ ᠮᠣᠳᠣ ᠶᠢ | ᠤᠶᠠᠯᠳᠤᠭᠤᠯᠬᠤ᠂ ᠴᠡᠴᠡᠭ ᠵᠢᠮᠢᠰ ᠦᠵᠡᠮᠵᠢ ᠶᠢ ᠤᠶᠠᠯᠳᠤᠭᠤᠯᠬᠤ ᠶᠢ ᠪᠠᠷᠢᠮᠲᠠᠯᠠᠵᠤ᠂ ᠬᠤᠭᠤᠰᠣᠨ ᠭᠠᠵᠠᠷ ᠢ ᠨᠣᠭᠤᠭᠠᠷᠠᠭᠤᠯᠬᠤ᠂ ᠬᠡᠷᠡᠮ ᠬᠠᠨ᠎ᠠ ᠶᠢ ᠨᠤᠷᠠᠭᠠᠨ | ᠨᠣᠭᠤᠭᠠᠨ ᠥᠩᠭᠡ ᠬᠠᠷᠠᠭᠳᠠᠭᠤᠯᠬᠤ᠂ ᠡᠭᠦᠳᠡ ᠬᠠᠰᠢᠶ᠎ᠠ ᠶᠢ ᠨᠣᠭᠤᠭᠠᠷᠠᠭᠤᠯᠵᠤ᠂ ᠰᠢᠨ᠎ᠡ ᠪᠠᠷ 3000 ᠮᠦ ᠨᠣᠭᠤᠭᠠᠷᠠᠭᠤᠯᠤᠨ᠎ᠠ᠃ ᠳᠥᠷᠪᠡ ᠳᠤ᠂ ᠬᠠᠭᠤᠴᠢᠨ | ᠬᠤᠲᠠ ᠶᠢᠨ ᠥᠭᠡᠷᠡᠴᠢᠯᠡᠯᠲᠡ ᠶᠢᠨ ᠠᠵᠢᠯᠯᠠᠭ᠎ᠠ᠃ ᠪᠣᠷᠣ ᠭᠡᠷᠲᠦ ᠲᠣᠭᠤᠷᠢᠭ ᠤᠨ ᠥᠭᠡᠷᠡᠴᠢᠯᠡᠯᠲᠡ ᠶᠢ 12877 ᠢᠵᠢ ᠡᠬᠢᠯᠡᠭᠦᠯᠵᠦ᠂ 5554 ᠢᠵᠢ ᠶᠢ ᠨᠢ | ᠦᠨᠳᠦᠰᠦᠨ ᠳᠡᠭᠡᠨ ᠪᠡᠶᠡᠯᠡᠭᠦᠯᠦᠨ᠎ᠡ᠂ ᠬᠠᠭᠤᠴᠢᠨ ᠵᠢᠵᠢᠭ ᠲᠣᠭᠤᠷᠢᠭ ᠢ 230 ᠲᠦᠮᠡᠨ ᠲᠡᠭᠰᠢ ᠳᠥᠷᠪᠡᠯᠵᠢᠨ ᠮᠧᠲᠷ ᠥᠭᠡᠷᠡᠴᠢᠯᠡᠵᠦ᠂ ᠪᠠᠶᠢᠰᠢᠩᠲᠤ ᠲᠣᠭᠤᠷᠢᠭ ᠢ | 150 ᠲᠦᠮᠡᠨ ᠲᠡᠭᠰᠢ ᠳᠥᠷᠪᠡᠯᠵᠢᠨ ᠮᠧᠲᠷ ᠥᠭᠡᠷᠡᠴᠢᠯᠡᠵᠦ᠂ ᠲᠥᠪᠯᠡᠷᠡᠭᠦᠯᠦᠨ ᠢᠯᠴᠢ ᠬᠠᠩᠭᠠᠬᠤ ᠲᠠᠯᠠᠪᠠᠢ ᠶᠢ 240 ᠲᠦᠮᠡᠨ ᠲᠡᠭᠰᠢ ᠳᠥᠷᠪᠡᠯᠵᠢᠨ ᠮᠧᠲᠷ | ᠨᠡᠮᠡᠭᠳᠡᠭᠦᠯᠵᠦ᠂ ᠰᠢᠲᠠᠮᠠᠬᠠᠢ ᠬᠡᠢ ᠶᠢ ᠰᠢᠨ᠎ᠡ ᠪᠠᠷ 6000 ᠡᠷᠦᠬᠡ ᠳᠤ ᠣᠷᠣᠭᠤᠯᠵᠤ᠂ 150 ᠺᠢᠯᠣᠮᠧᠲᠷ ᠭᠠᠵᠠᠷ ᠳᠣᠣᠷᠠᠬᠢ ᠬᠤᠭᠤᠯᠠᠢ ᠶᠢᠨ ᠲᠣᠣᠷ ᠢ ᠰᠢᠨ᠎ᠡ ᠪᠠᠷ | ᠪᠤᠶᠤ ᠥᠭᠡᠷᠡᠴᠢᠯᠡᠨ ᠪᠠᠶᠢᠭᠤᠯᠤᠨ᠎ᠠ᠂ 125 ᠵᠣᠷᠯᠣᠩ ᠢ ᠰᠢᠨ᠎ᠡ ᠪᠠᠷ ᠪᠤᠶᠤ ᠥᠭᠡᠷᠡᠴᠢᠯᠡᠨ ᠪᠠᠶᠢᠭᠤᠯᠵᠤ᠂ ᠬᠤᠲᠠ ᠶᠢᠨ ᠲᠣᠭᠤᠷᠢᠭ ᠲᠤ ᠤᠰᠤ ᠪᠠᠷ ᠵᠠᠶᠢᠯᠬᠤ | ᠵᠣᠷᠯᠣᠩ ᠢ ᠨᠡᠶᠢᠳᠡᠮ ᠪᠦᠷᠬᠦᠭᠦᠯᠦᠨ᠎ᠡ᠂ ᠯᠢᠨ ᠾᠧ ᠲᠣᠭᠤᠷᠢᠭ ᠤᠨ ᠠᠷᠠᠳ ᠤᠨ ᠡᠮᠨᠡᠯᠭᠡ ᠶᠢᠨ ᠬᠤᠷᠢᠶ᠎ᠠ ᠶᠢ ᠨᠡᠭᠦᠯᠭᠡᠬᠦ ᠠᠵᠢᠯ ᠢ ᠪᠡᠶᠡᠯᠡᠭᠦᠯᠵᠦ᠂ ᠬᠠᠭᠤᠴᠢᠨ | ᠰᠠᠭᠤᠷᠢᠰᠢᠯ ᠢ ᠥᠭᠡᠷᠡᠴᠢᠯᠡᠬᠦ ᠠᠵᠢᠯ ᠢ ᠡᠬᠢᠯᠡᠭᠦᠯᠵᠦ᠂ ᠭᠤᠣᠯ ᠬᠤᠲᠠ ᠶᠢᠨ ᠲᠣᠭᠤᠷᠢᠭ ᠤᠨ ᠣᠯᠠᠨ ᠨᠡᠶᠢᠲᠡ ᠶᠢᠨ ᠦᠢᠯᠡᠴᠢᠯᠡᠭᠡᠨ ᠤ ᠴᠢᠳᠠᠪᠬᠢ ᠶᠢ | ᠲᠡᠭᠦᠯᠳᠡᠷᠵᠢᠭᠦᠯᠦᠨ᠎ᠡ᠃ ᠬᠦᠴᠦᠲᠡᠢ ᠠᠷᠭ᠎ᠠ ᠬᠡᠮᠵᠢᠶ᠎ᠡ ᠪᠠᠷ᠂ ᠣᠯᠠᠨ ᠲᠦᠮᠡᠨ ᠤ ᠲᠤᠰᠬᠠᠯ ᠴᠢᠩᠭ᠎ᠠ ᠪᠠᠶᠢᠭ᠎ᠠ ᠭᠡᠷ ᠭᠠᠵᠠᠷ ᠬᠥᠷᠥᠩᠭᠡ ᠶᠢᠨ ︽ᠰᠠᠭᠠᠲᠠᠯᠲᠤ ᠪᠠᠷᠢᠯᠭ᠎ᠠ | ︾᠂ ︽ᠳᠤᠲᠠᠭᠤ ᠳᠣᠷᠭᠤᠨ ᠢᠨᠵᠧᠨᠧᠷᠢᠩ︾ ᠢ ᠲᠥᠪᠯᠡᠷᠡᠭᠦᠯᠦᠨ ᠰᠢᠢᠳᠪᠦᠷᠢᠯᠡᠵᠦ᠂ ᠴᠠᠭ ᠨᠢ ᠥᠩᠭᠡᠷᠡᠭᠰᠡᠨ ᠪᠤᠴᠠᠵᠤ ᠨᠡᠭᠦᠵᠦ ᠣᠷᠣᠬᠤ ᠣᠷᠣᠨ ᠰᠠᠭᠤᠴᠠ ᠶᠢ | ᠴᠥᠮ ᠢ ᠲᠤᠰᠢᠶᠠᠨ ᠬᠡᠷᠡᠭᠯᠡᠭᠦᠯᠵᠦ᠂ ᠪᠤᠴᠠᠵᠤ ᠨᠡᠭᠦᠬᠦ ᠵᠥᠷᠢᠴᠡᠯ ᠢ ᠭᠦᠢᠴᠡᠳ ᠰᠢᠢᠳᠪᠦᠷᠢᠯᠡᠨ᠎ᠡ᠃ ᠭᠤᠷᠪᠠᠨ ᠵᠢᠯ ᠤᠨ ᠬᠤᠭᠤᠴᠠᠭ᠎ᠠ ᠶᠢ ᠬᠡᠷᠡᠭᠯᠡᠨ᠂ ᠯᠢᠨ ᠾᠧ | ᠲᠣᠭᠤᠷᠢᠭ ᠤᠨ ᠬᠤᠶᠢᠲᠤ ᠤᠰᠤᠨ ᠰᠤᠪᠠᠭ ᠤᠨ ᠶᠡᠷᠦᠩᠬᠡᠶᠢᠯᠡᠭᠰᠡᠨ ᠥᠭᠡᠷᠡᠴᠢᠯᠡᠯᠲᠡ ᠶᠢᠨ ᠢᠨᠵᠧᠨᠧᠷᠢᠩ ᠢ ᠪᠦᠬᠦ ᠲᠠᠯ᠎ᠠ ᠪᠠᠷ ᠪᠡᠶᠡᠯᠡᠭᠦᠯᠵᠦ᠂ ᠵᠢᠯ ᠤᠨ ᠳᠣᠲᠣᠷ᠎ᠠ | 2838 ᠢᠵᠢ ᠪᠣᠷᠣ ᠭᠡᠷᠲᠦ ᠲᠣᠭᠤᠷᠢᠭ ᠢ ᠥᠭᠡᠷᠡᠴᠢᠯᠡᠨ᠎ᠡ᠃ ᠲᠠᠪᠤ ᠳᠤ᠂ ᠱᠤᠸᠠᠩ ᠾᠧ ᠲᠣᠭᠤᠷᠢᠭ ᠤᠨ ᠪᠦᠲᠦᠭᠡᠨ ᠪᠠᠶᠢᠭᠤᠯᠤᠯᠲᠠ ᠶᠢᠨ ᠠᠵᠢᠯᠯᠠᠭ᠎ᠠ᠃ ᠵᠠᠬ᠎ᠠ | ᠳᠡᠯᠭᠡᠭᠦᠷ ᠤᠨ ᠠᠷᠭ᠎ᠠ ᠪᠠᠷᠢᠯ ᠢ ᠨᠡᠩ ᠣᠯᠠᠨ ᠵᠠᠷᠤᠵᠤ ᠪᠠᠶᠢᠭᠠᠳ ᠱᠤᠸᠠᠩ ᠾᠧ ᠲᠣᠭᠤᠷᠢᠭ ᠤᠨ ᠪᠦᠲᠦᠭᠡᠨ ᠪᠠᠶᠢᠭᠤᠯᠤᠯᠲᠠ ᠶᠢ ᠠᠬᠢᠭᠤᠯᠤᠨ᠎ᠠ᠂ ᠭᠤᠣᠯᠳᠠᠭᠤ ᠠᠮᠢ | ᠠᠬᠤᠢ ᠶᠢᠨ ᠵᠤᠭᠠᠴᠠᠯ᠂ ᠰᠣᠶᠣᠯ ᠪᠡᠶ᠎ᠡ ᠶᠢᠨ ᠲᠠᠮᠢᠷ ᠰᠤᠷᠭᠠᠨ ᠬᠥᠮᠥᠵᠢᠯ᠂ ᠡᠷᠡᠭᠦᠯᠵᠢᠯ ᠨᠠᠰᠤᠲᠠᠨ ᠢ ᠠᠰᠠᠷᠠᠬᠤ᠂ ᠳᠡᠯᠭᠡᠨ ᠦᠵᠡᠭᠦᠯᠬᠦ ᠦᠢᠯᠡᠴᠢᠯᠡᠭᠡᠨ ᠵᠡᠷᠭᠡ ᠠᠵᠤ | ᠦᠢᠯᠡᠰ ᠢ ᠬᠥᠭᠵᠢᠭᠦᠯᠦᠨ᠎ᠡ᠂ ᠬᠤᠲᠠ ᠶᠢᠨ ᠨᠠᠮ ᠤᠨ ᠬᠤᠷᠢᠶᠠᠨ ᠤ ᠨᠠᠮ ᠤᠨ ᠰᠤᠷᠭᠠᠭᠤᠯᠢ ᠶᠢᠨ ᠰᠢᠨ᠎ᠡ ᠰᠠᠭᠤᠷᠢᠰᠢᠯ᠂ ᠥᠪᠥᠷ ᠮᠣᠩᠭᠤᠯ ᠤᠨ ᠤᠷᠠᠨ ᠵᠢᠷᠤᠭ ᠤᠨ | ᠠᠵᠢᠯ ᠮᠡᠷᠭᠡᠵᠢᠯ ᠤᠨ ᠰᠤᠷᠭᠠᠭᠤᠯᠢ ᠶᠢᠨ ᠰᠢᠨ᠎ᠡ ᠰᠠᠭᠤᠷᠢᠰᠢᠯ᠂ ᠴᠠᠬᠢᠯᠭᠠᠨ ᠬᠦᠴᠦᠨ ᠤ ᠶᠡᠷᠦᠩᠬᠡᠶᠢᠯᠡᠭᠰᠡᠨ ᠦᠢᠯᠡᠴᠢᠯᠡᠭᠡᠨ ᠤ ᠲᠥᠪ᠂ ᠴᠡᠯᠡᠭᠡᠷ ᠶᠡᠭᠡ ᠵᠡᠭᠡᠯᠢ ᠵᠡᠷᠭᠡ | ᠲᠥᠷᠥᠯ ᠵᠦᠢᠯ ᠢ ᠪᠡᠶᠡᠯᠡᠭᠦᠯᠦᠨ ᠠᠰᠢᠭᠯᠠᠯᠲᠠ ᠳᠤ ᠣᠷᠣᠭᠤᠯᠤᠨ᠎ᠠ᠂ ᠰᠠᠨ ᠹᠧᠩ ᠵᠠᠮ᠂ ᠭᠤᠣ ᠴᠢᠦᠸᠠᠢ ᠵᠠᠮ ᠵᠡᠷᠭᠡ ᠲᠥᠷᠥᠯ ᠵᠦᠢᠯ ᠢ ᠡᠬᠢᠯᠡᠨ ᠪᠠᠶᠢᠭᠤᠯᠤᠨ᠎ᠠ᠃ | ᠵᠢᠷᠭᠤᠭ᠎ᠠ ᠳᠤ᠂ ᠬᠠᠮᠢᠶᠠᠷᠤᠯᠲᠠ ᠶᠢ ᠳᠡᠰ ᠳᠡᠪᠰᠢᠭᠦᠯᠬᠦ ᠠᠵᠢᠯᠯᠠᠭ᠎ᠠ᠃ ︽ᠵᠡᠭᠡᠯᠢ ᠶᠢᠨ ᠳᠠᠷᠤᠭ᠎ᠠ ᠶᠢᠨ ᠳᠦᠷᠢᠮ︾ ᠤᠨ ᠬᠠᠮᠢᠶᠠᠷᠤᠯᠲᠠ ᠶᠢᠨ ᠬᠡᠪ ᠵᠠᠭᠪᠤᠷ ᠢ ᠪᠦᠬᠦ | ᠲᠠᠯ᠎ᠠ ᠪᠠᠷ ᠳᠡᠯᠭᠡᠷᠡᠭᠦᠯᠵᠦ᠂ ᠬᠤᠲᠠ ᠪᠠᠯᠭᠠᠰᠤ ᠶᠢᠨ ᠨᠠᠷᠢᠯᠢᠭᠵᠢᠭᠰᠠᠨ᠂ ᠲᠣᠣᠷᠵᠢᠭᠰᠠᠨ ᠬᠠᠮᠢᠶᠠᠷᠤᠯᠲᠠ ᠶᠢ ᠪᠡᠶᠡᠯᠡᠭᠦᠯᠦᠨ᠎ᠡ᠃ ᠪᠠᠶᠢᠭᠤᠯᠭ᠎ᠠ ᠨᠢᠭᠡᠴᠢ ᠶᠢᠨ ᠲᠡᠷᠭᠡ | ᠵᠣᠭᠰᠣᠬᠤ ᠲᠠᠯᠠᠪᠠᠢ ᠶᠢ ᠨᠡᠶᠢᠭᠡᠮ ᠳᠤ ᠪᠦᠬᠦ ᠲᠠᠯ᠎ᠠ ᠪᠠᠷ ᠴᠢᠯᠥᠭᠡᠲᠡᠢ ᠲᠠᠯᠪᠢᠬᠤ ᠶᠢ ᠠᠬᠢᠭᠤᠯᠵᠤ᠂ ᠲᠡᠷᠭᠡ ᠵᠣᠭᠰᠣᠭᠠᠬᠤ ᠳᠤ ᠬᠦᠴᠢᠷ ᠠᠰᠠᠭᠤᠳᠠᠯ ᠢ ᠪᠦᠲᠦᠮᠵᠢᠲᠡᠢ | ᠰᠢᠢᠳᠪᠦᠷᠢᠯᠡᠨ᠎ᠡ᠃ ᠰᠠᠭᠤᠭᠠᠯᠢ ᠠᠷᠠᠳ ᠤᠨ ᠲᠣᠭᠤᠷᠢᠭ ᠲᠠᠬᠢ ᠳᠤᠷ᠎ᠠ ᠪᠠᠷ ᠪᠠᠶᠢᠭᠤᠯᠬᠤ᠂ ᠬᠡᠷᠡᠮ ᠢ ᠨᠦᠬᠡᠯᠡᠨ ᠳᠡᠯᠭᠡᠭᠦᠷ ᠨᠡᠭᠡᠭᠡᠬᠦ᠂ ᠳᠤᠷ᠎ᠠ ᠪᠠᠷ ᠣᠪᠣᠭᠠᠯᠠᠨ | ᠲᠠᠯᠪᠢᠬᠤ ᠵᠡᠷᠭᠡ ᠠᠰᠠᠭᠤᠳᠠᠯ ᠢ ᠬᠠᠤᠯᠢ ᠶᠣᠰᠣᠭᠠᠷ ᠵᠠᠰᠠᠵᠤ᠂ ᠠᠳᠠᠯ ᠠᠬᠤᠢ ᠶᠢᠨ ᠬᠠᠮᠢᠶᠠᠷᠤᠯᠲᠠ ᠶᠢᠨ ᠲᠦᠪᠰᠢᠨ ᠢ ᠳᠡᠭᠡᠭᠰᠢᠯᠡᠭᠦᠯᠦᠨ᠎ᠡ᠃ | ᠮᠠᠯᠵᠢᠬᠤ ᠲᠠᠷᠢᠶᠠᠯᠠᠬᠤ ᠣᠷᠣᠨ ᠤ ᠪᠦᠲᠦᠭᠡᠨ ᠪᠠᠶᠢᠭᠤᠯᠤᠯᠲᠠ ᠶᠢᠨ ᠦᠷ᠎ᠡ ᠪᠦᠲᠦᠭᠡᠯ ᠢ ᠪᠠᠬᠢᠵᠢᠭᠦᠯᠦᠨ ᠳᠡᠭᠡᠭᠰᠢᠯᠡᠭᠦᠯᠦᠨ᠎ᠡ᠃ ᠮᠠᠯᠵᠢᠬᠤ ᠲᠠᠷᠢᠶᠠᠯᠠᠬᠤ ᠣᠷᠣᠨ ᠤ | ᠣᠷᠣᠰᠢᠨ ᠰᠠᠭᠤᠷᠢᠰᠢᠬᠤ ᠣᠷᠴᠢᠨ ᠲᠣᠭᠤᠷᠢᠨ ᠢ ᠴᠡᠭᠴᠡᠯᠡᠨ ᠵᠠᠰᠠᠬᠤ ᠭᠤᠷᠪᠠᠨ ᠵᠢᠯ ᠤᠨ ᠠᠵᠢᠯᠯᠠᠭ᠎ᠠ ᠶᠢ ᠡᠬᠢᠯᠡᠭᠦᠯᠵᠦ᠂ 100 ᠭᠤᠣᠯ ᠠᠶᠢᠯ ᠲᠣᠰᠬᠤᠨ ᠤ | ᠣᠷᠴᠢᠨ ᠲᠣᠭᠤᠷᠢᠨ ᠤ ᠶᠡᠷᠦᠩᠬᠡᠶᠢᠯᠡᠭᠰᠡᠨ ᠵᠠᠰᠠᠯᠲᠠ ᠶᠢ ᠪᠡᠶᠡᠯᠡᠭᠦᠯᠵᠦ᠂ 10 ᠴᠤᠭᠯᠠᠭ᠎ᠠ ᠪᠠᠯᠭᠠᠰᠤ ᠶᠢᠨ ᠪᠤᠵᠠᠷ ᠤᠰᠤ ᠰᠢᠢᠳᠪᠦᠷᠢᠯᠡᠬᠦ ᠦᠢᠯᠡᠳᠪᠦᠷᠢ ᠶᠢ | ᠪᠠᠶᠢᠭᠤᠯᠵᠤ᠂ ᠬᠥᠳᠡᠭᠡ ᠲᠣᠰᠬᠤᠨ ᠤ ᠬᠤᠭ ᠨᠣᠪᠰᠢ ᠶᠢ ︽ᠡᠷᠦᠬᠡ ᠳᠤ ᠬᠤᠷᠢᠶᠠᠵᠤ᠂ ᠲᠣᠰᠬᠤᠨ ᠳᠤ ᠲᠥᠪᠯᠡᠷᠡᠭᠦᠯᠵᠦ᠂ ᠪᠠᠯᠭᠠᠰᠤᠨ ᠳᠤ ᠲᠡᠭᠡᠭᠡᠪᠦᠷᠢᠯᠡᠨ᠂ | ᠰᠢᠶᠠᠨ ᠳᠤ ᠰᠢᠢᠳᠪᠦᠷᠢᠯᠡᠬᠦ︾ ᠶᠢ ᠳᠡᠯᠭᠡᠷᠡᠭᠦᠯᠵᠦ᠂ ᠲᠦᠮᠡᠨ ᠡᠷᠦᠬᠡ ᠮᠠᠯᠴᠢᠨ ᠲᠠᠷᠢᠶᠠᠴᠢᠨ ᠴᠡᠪᠡᠷᠬᠡᠨ ᠰᠠᠶᠢᠬᠠᠨ ᠤᠰᠤ ᠪᠠᠷ ᠵᠠᠶᠢᠯᠬᠤ ᠵᠣᠷᠯᠣᠩ ᠬᠡᠷᠡᠭᠯᠡᠵᠦ | ᠳᠡᠶᠢᠯᠬᠦ ᠶᠢ ᠪᠠᠲᠤᠯᠠᠨ᠎ᠠ᠃ ︽ᠳᠥᠷᠪᠡᠨ ᠰᠠᠶᠢᠲᠠᠢ︾ ᠮᠠᠯᠵᠢᠬᠤ ᠲᠠᠷᠢᠶᠠᠯᠠᠬᠤ ᠣᠷᠣᠨ ᠤ ᠵᠠᠰᠠᠮᠠᠯ ᠵᠠᠮ ᠤᠨ ᠪᠠᠶᠢᠭᠤᠯᠤᠯᠲᠠ ᠶᠢ ᠪᠦᠬᠦ ᠲᠠᠯ᠎ᠠ ᠪᠠᠷ ᠠᠬᠢᠭᠤᠯᠵᠤ᠂ | 500 ᠺᠢᠯᠣᠮᠧᠲᠷ ᠵᠠᠰᠠᠮᠠᠯ ᠵᠠᠮ ᠢ ᠰᠢᠨ᠎ᠡ ᠪᠠᠷ ᠨᠡᠮᠡᠭᠳᠡᠭᠦᠯᠦᠨ᠎ᠡ᠃ ᠪᠣᠶᠢᠳᠠ ᠪᠥᠭᠯᠡᠭᠦᠦ ᠮᠠᠯᠵᠢᠬᠤ ᠲᠠᠷᠢᠶᠠᠯᠠᠬᠤ ᠣᠷᠣᠨ ᠤ ᠬᠡᠷᠡᠭᠯᠡᠬᠦ ᠴᠠᠬᠢᠯᠭᠠᠨ ᠢ ᠳᠡᠰ ᠳᠡᠪᠰᠢᠭᠦᠯᠬᠦ | ᠥᠭᠡᠷᠡᠴᠢᠯᠡᠯᠲᠡ ᠶᠢ 1763 ᠡᠷᠦᠬᠡ ᠳᠤ ᠬᠡᠷᠡᠭᠵᠢᠭᠦᠯᠵᠦ᠂ 14 ᠲᠦᠮᠡᠨ ᠮᠠᠯᠴᠢᠨ ᠲᠠᠷᠢᠶᠠᠴᠢᠨ ᠡᠷᠦᠬᠡ ᠶᠢᠨ ᠤᠤᠭᠤᠬᠤ ᠤᠰᠤᠨ ᠤ ᠶᠠᠰᠤ ᠴᠢᠨᠠᠷ ᠢ | ᠰᠠᠶᠢᠵᠢᠷᠠᠭᠤᠯᠤᠨ᠎ᠠ᠃ ᠭᠤᠶᠣ ᠰᠠᠶᠢᠬᠠᠨ ᠣᠷᠣᠰᠢᠨ ᠰᠠᠭᠤᠷᠢᠰᠢᠬᠤ ᠳᠤ ᠲᠣᠬᠢᠷᠠᠮᠵᠢᠲᠠᠢ ᠰᠢᠶᠠᠩ ᠪᠠᠯᠭᠠᠰᠤ᠂ ᠣᠨᠴᠠᠯᠢᠭᠲᠤ ᠦᠵᠡᠮᠵᠢ ᠲᠠᠢ ᠵᠤᠭᠠᠴᠠᠯ ᠤᠨ ᠨᠡᠷᠡᠲᠦ | ᠪᠠᠯᠭᠠᠰᠤ᠂ ᠣᠨᠴᠠᠯᠢᠭᠲᠤ ᠵᠢᠵᠢᠭ ᠪᠠᠯᠭᠠᠰᠤ᠂ ᠪᠣᠬᠢᠷᠲᠤᠯ ᠦᠭᠡᠢ ᠠᠶᠢᠯ ᠲᠣᠰᠬᠤᠨ ᠵᠡᠷᠭᠡ ᠶᠢ ᠡᠭᠦᠳᠦᠨ ᠪᠠᠶᠢᠭᠤᠯᠬᠤ ᠠᠵᠢᠯᠯᠠᠭ᠎ᠠ ᠶᠢ ᠥᠷᠨᠢᠭᠦᠯᠦᠨ᠎ᠡ᠃ ᠭᠠᠴᠠᠭ᠎ᠠ | ᠲᠣᠰᠬᠤᠨ ᠤ ︽ᠵᠥᠪᠯᠡᠯ ᠡᠭᠦᠷ︾ ᠤᠨ ᠬᠤᠭᠤᠴᠠᠭ᠎ᠠ ᠰᠣᠯᠢᠬᠤ ᠠᠵᠢᠯ ᠢ ᠰᠠᠶᠢᠲᠤᠷ ᠬᠢᠨ᠎ᠡ᠃ ᠪᠣᠯᠪᠠᠰᠤᠨ ᠲᠣᠰᠬᠤᠨ ᠪᠠᠯᠭᠠᠰᠤ᠂ ᠪᠣᠯᠪᠠᠰᠤᠨ ᠭᠡᠷ ᠪᠦᠯᠢ᠂ ︽ | ᠴᠡᠪᠡᠷᠬᠡᠨ ᠭᠡᠷ ᠪᠦᠯᠢ᠂ ᠠᠵᠢᠯᠴᠢ ᠪᠦᠰᠡᠭᠦᠢ︾ ᠶᠢ ᠡᠭᠦᠳᠦᠨ ᠪᠠᠶᠢᠭᠤᠯᠬᠤ ᠪᠠ ᠭᠡᠷ ᠪᠦᠯᠢ ᠶᠢᠨ ᠰᠤᠷᠲᠠᠯ ᠰᠤᠷᠭᠠᠯ ᠢ ᠦᠨᠡᠯᠡᠬᠦ ᠵᠡᠷᠭᠡ ᠠᠵᠢᠯᠯᠠᠭ᠎ᠠ ᠶᠢ ᠥᠷᠭᠡᠨ ᠢᠶᠠᠷ | ᠥᠷᠨᠢᠭᠦᠯᠵᠦ᠂ ᠪᠣᠯᠪᠠᠰᠤᠨ ᠬᠥᠳᠡᠭᠡ ᠶᠢᠨ ᠰᠤᠷᠲᠠᠯ᠂ ᠰᠠᠶᠢᠬᠠᠨ ᠭᠡᠷ ᠤᠨ ᠰᠤᠷᠲᠠᠯ᠂ ᠪᠣᠷᠣᠭᠵᠢᠭᠤᠨ ᠰᠠᠶᠢᠬᠠᠨ ᠠᠷᠠᠳ ᠤᠨ ᠰᠤᠷᠲᠠᠯ ᠢ ᠬᠥᠮᠥᠵᠢᠭᠦᠯᠦᠨ᠎ᠡ᠃ | ︵ᠶᠢᠰᠦ︶ ᠠᠷᠠᠳ ᠤᠨ ᠠᠮᠢᠳᠤᠷᠠᠯ ᠢ ᠪᠠᠲᠤᠯᠠᠨ ᠰᠠᠶᠢᠵᠢᠷᠠᠭᠤᠯᠬᠤ ᠪᠠ ᠨᠡᠶᠢᠭᠡᠮ ᠤᠨ ᠵᠠᠰᠠᠯᠲᠠ ᠶᠢᠨ ᠰᠢᠨ᠎ᠡ ᠶᠢ ᠡᠭᠦᠳᠬᠦ ᠪᠠᠷ ᠬᠦᠴᠦᠯᠡᠨ᠎ᠡ᠃ ᠣᠯᠠᠨ ᠲᠦᠮᠡᠨ ᠤ | ᠠᠰᠢᠭ ᠲᠤᠰᠠ ᠳᠤ ᠪᠠᠭ᠎ᠠ ᠶᠠᠪᠤᠳᠠᠯ ᠠᠯᠠᠭ᠎ᠠ᠃ ᠪᠢᠳᠡ ᠠᠷᠠᠳ ᠤᠨ ᠠᠮᠢᠳᠤᠷᠠᠯ ᠤᠨ ᠳᠤᠲᠠᠭᠤᠳᠠᠯ ᠪᠠ ᠪᠠᠭᠤᠷᠠᠢ ᠭᠤᠭᠴᠤᠭ᠎ᠠ ᠶᠢ ᠨᠢᠭᠲᠠ ᠠᠩᠬᠠᠷᠴᠤ᠂ ᠲᠦᠭᠡᠮᠡᠯ | ᠬᠠᠷᠠᠭᠠᠯᠵᠠᠯ ᠤᠨ ᠴᠢᠨᠠᠷᠲᠠᠢ᠂ ᠰᠠᠭᠤᠷᠢ ᠴᠢᠨᠠᠷᠲᠠᠢ᠂ ᠨᠡᠶᠢᠳᠡᠮ ᠤᠨ ᠴᠢᠨᠠᠷᠲᠠᠢ ᠠᠷᠠᠳ ᠤᠨ ᠠᠮᠢᠳᠤᠷᠠᠯ ᠤᠨ ᠪᠦᠲᠦᠭᠡᠨ ᠪᠠᠶᠢᠭᠤᠯᠤᠯᠲᠠ ᠶᠢ ᠰᠠᠶᠢᠲᠤᠷ ᠬᠢᠵᠦ᠂ | ᠦᠨᠳᠦᠰᠦᠨ ᠣᠯᠠᠨ ᠨᠡᠶᠢᠲᠡ ᠶᠢᠨ ᠦᠢᠯᠡᠴᠢᠯᠡᠭᠡᠨ ᠤ ᠲᠡᠩᠴᠡᠭᠦᠷᠢᠰᠢᠯ ᠢ ᠠᠬᠢᠭᠤᠯᠵᠤ᠂ ᠣᠯᠠᠨ ᠲᠦᠮᠡᠨ ᠤ ᠬᠠᠤᠯᠢ ᠶᠣᠰᠣᠨ ᠤ ᠡᠷᠬᠡ ᠠᠰᠢᠭ ᠢ ᠪᠠᠲᠤᠯᠠᠵᠤ᠂ | ᠨᠡᠶᠢᠭᠡᠮ ᠤᠨ ᠡᠷᠬᠡ ᠲᠡᠭᠰᠢ ᠲᠥᠪ ᠭᠤᠣᠯᠴᠢ ᠶᠢ ᠠᠬᠢᠭᠤᠯᠤᠨ᠎ᠠ᠃ | ᠣᠯᠠᠨ ᠠᠷᠭ᠎ᠠ ᠵᠠᠮ ᠢᠶᠠᠷ ᠠᠵᠢᠯ ᠣᠯᠭᠤᠯᠲᠠ ᠪᠠ ᠣᠷᠣᠯᠭ᠎ᠠ ᠨᠡᠮᠡᠭᠳᠡᠯ ᠢ ᠠᠬᠢᠭᠤᠯᠤᠨ᠎ᠠ᠃ ᠠᠵᠢᠯ ᠣᠯᠭᠤᠵᠤ ᠦᠢᠯᠡᠰ ᠪᠣᠰᠬᠠᠬᠤ ᠶᠢ ᠲᠡᠳᠬᠦᠬᠦ ᠲᠥᠷᠥ ᠶᠢᠨ | ᠪᠣᠳᠣᠯᠭ᠎ᠠ ᠶᠢ ᠪᠦᠬᠦ ᠲᠠᠯ᠎ᠠ ᠪᠠᠷ ᠨᠠᠶᠢᠳᠠᠪᠤᠷᠢᠵᠢᠭᠤᠯᠵᠤ᠂ ᠬᠤᠲᠠ ᠶᠢᠨ ᠦᠢᠯᠡᠰ ᠪᠣᠰᠬᠠᠵᠤ ᠰᠢᠨ᠎ᠡ ᠶᠢ ᠡᠭᠦᠳᠬᠦ ᠵᠢᠱᠢᠶ᠎ᠡ ᠦᠵᠡᠭᠦᠯᠬᠦ ᠰᠠᠭᠤᠷᠢᠨ ᠭᠠᠵᠠᠷ ᠪᠠ ᠦᠢᠯᠡᠰ | ᠪᠣᠰᠬᠠᠬᠤ ᠬᠦᠷᠢᠶᠡᠯᠡᠩ ᠤᠨ ᠪᠦᠲᠦᠭᠡᠨ ᠪᠠᠶᠢᠭᠤᠯᠤᠯᠲᠠ ᠶᠢ ᠰᠠᠶᠢᠲᠤᠷ ᠠᠳᠬᠤᠨ᠎ᠠ᠃ ᠪᠦᠬᠦ ᠲᠠᠯ᠎ᠠ ᠶᠢᠨ ᠣᠯᠠᠨ ᠨᠡᠶᠢᠲᠡ ᠶᠢᠨ ᠠᠵᠢᠯ ᠣᠯᠭᠤᠬᠤ ᠦᠢᠯᠡᠴᠢᠯᠡᠭᠡᠨ ᠢ | ᠬᠠᠩᠭᠠᠵᠤ᠂ ᠴᠢᠭᠯᠡᠯᠲᠦ ᠴᠢᠨᠠᠷᠲᠠᠢ᠂ ᠵᠠᠬᠢᠶᠠᠯᠠᠭ᠎ᠠ ᠶᠢᠨ ᠴᠢᠨᠠᠷᠲᠠᠢ ᠪᠣᠯᠪᠠᠰᠤᠷᠠᠯ ᠢ ᠴᠢᠩᠭᠠᠳᠬᠠᠵᠤ᠂ ᠳᠡᠭᠡᠳᠦ ᠰᠤᠷᠭᠠᠭᠤᠯᠢ ᠲᠡᠭᠦᠰᠦᠭᠰᠡᠨ ᠰᠤᠷᠤᠭᠴᠢᠳ᠂ ᠮᠠᠯᠴᠢᠨ | ᠲᠠᠷᠢᠶᠠᠴᠢᠨ ᠬᠥᠯᠥᠰᠥᠨ ᠠᠵᠢᠯᠴᠢᠨ ᠵᠡᠷᠭᠡ ᠭᠤᠣᠯᠳᠠᠯᠭ᠎ᠠ ᠲᠠᠢ ᠣᠯᠠᠨ ᠲᠦᠮᠡᠨ ᠤ ᠠᠵᠢᠯ ᠣᠯᠵᠤ ᠦᠢᠯᠡᠰ ᠪᠣᠰᠬᠠᠬᠤ ᠶᠢ ᠠᠬᠢᠭᠤᠯᠤᠨ᠎ᠠ᠂ ᠬᠥᠳᠡᠭᠡ ᠲᠣᠰᠬᠤᠨ | ᠮᠠᠯᠵᠢᠬᠤ ᠣᠷᠣᠨ ᠤ 12 ᠲᠦᠮᠡᠨ ᠬᠥᠮᠥᠨ ᠢ ᠰᠢᠯᠵᠢᠭᠦᠯᠦᠨ ᠠᠵᠢᠯ ᠣᠯᠭᠤᠵᠤ᠂ 2000 ᠬᠥᠮᠥᠨ ᠢ ᠪᠦᠲᠦᠮᠵᠢᠲᠡᠢ ᠲᠡᠳᠬᠦᠨ ᠦᠢᠯᠡᠰ ᠪᠣᠰᠬᠠᠯᠭᠠᠨ᠎ᠠ᠃ | ᠣᠷᠣᠯᠭ᠎ᠠ ᠨᠡᠮᠡᠭᠳᠡᠯ ᠤᠨ ᠳᠠᠯᠳᠠ ᠬᠦᠴᠦᠨ ᠢ ᠭᠦᠨᠵᠡᠭᠡᠢ ᠠᠭᠤᠳᠠᠯᠯᠠᠵᠤ᠂ ᠬᠥᠳᠡᠭᠡ ᠲᠣᠰᠬᠤᠨ ᠮᠠᠯᠵᠢᠬᠤ ᠣᠷᠣᠨ ᠤ ᠥᠭᠡᠷᠡᠴᠢᠯᠡᠯᠲᠡ ᠶᠢᠨ ᠠᠰᠢᠭ ᠢ ᠲᠠᠯᠪᠢᠨ | ᠭᠠᠷᠭᠠᠵᠤ᠂ ᠮᠠᠯᠴᠢᠨ ᠲᠠᠷᠢᠶᠠᠴᠢᠨ ᠢ ᠬᠠᠷᠠᠭᠠᠯᠵᠠᠬᠤ ᠨᠥᠬᠦᠪᠥᠷᠢ ᠶᠢᠨ ᠲᠥᠷᠥ ᠶᠢᠨ ᠪᠣᠳᠣᠯᠭ᠎ᠠ ᠶᠢ ᠨᠠᠶᠢᠳᠠᠪᠤᠷᠢᠵᠢᠭᠤᠯᠵᠤ᠂ ᠮᠠᠯᠴᠢᠨ ᠲᠠᠷᠢᠶᠠᠴᠢᠳ ᠤᠨ ᠣᠷᠣᠯᠭ᠎ᠠ ᠶᠢ | ᠦᠨᠡᠨ ᠬᠦ ᠨᠡᠮᠡᠭᠳᠡᠭᠦᠯᠦᠨ᠎ᠡ᠃ | ᠨᠡᠶᠢᠭᠡᠮ ᠤᠨ ᠪᠠᠲᠤᠯᠠᠪᠤᠷᠢ ᠶᠢᠨ ᠲᠦᠪᠰᠢᠨ ᠢ ᠳᠡᠭᠡᠭᠰᠢᠯᠡᠭᠦᠯᠦᠨ᠎ᠡ᠃ ᠪᠦᠬᠦ ᠠᠷᠠᠳ ᠢ ᠳᠠᠭᠠᠳᠬᠠᠯ ᠳᠤ ᠣᠷᠣᠯᠴᠠᠭᠤᠯᠬᠤ ᠲᠥᠯᠥᠪᠯᠡᠭᠡ ᠶᠢ ᠪᠦᠬᠦ ᠲᠠᠯ᠎ᠠ ᠪᠠᠷ | ᠬᠡᠷᠡᠭᠵᠢᠭᠦᠯᠵᠦ᠂ ᠠᠵᠤ ᠠᠬᠤᠶᠢᠯᠠᠯ ᠪᠠ ᠠᠯᠪᠠᠨ ᠪᠠᠶᠢᠭᠤᠯᠭ᠎ᠠ ᠠᠵᠢᠯ ᠦᠢᠯᠡᠰ ᠤᠨ ᠨᠢᠭᠡᠴᠢ ᠶᠢᠨ ᠠᠵᠢᠯ ᠠᠴᠠ ᠪᠠᠨ ᠠᠮᠠᠷᠠᠭᠰᠠᠨ ᠬᠥᠮᠥᠰ ᠤᠨ ᠦᠨᠳᠦᠰᠦᠨ | ᠨᠠᠰᠤᠲᠠᠨ ᠢ ᠠᠰᠠᠷᠠᠬᠤ ᠮᠥᠩᠭᠦ ᠳᠤ ᠲᠣᠬᠢᠷᠠᠭᠤᠯᠤᠯᠲᠠ ᠬᠢᠵᠦ᠂ ᠬᠤᠲᠠ ᠬᠥᠳᠡᠭᠡ ᠶᠢᠨ ᠰᠠᠭᠤᠭᠠᠯᠢ ᠠᠷᠠᠳ ᠤᠨ ᠰᠠᠭᠤᠷᠢ ᠨᠠᠰᠤᠲᠠᠨ ᠢ ᠠᠰᠠᠷᠠᠬᠤ ᠮᠥᠩᠭᠦ ᠶᠢᠨ | ᠬᠠᠮᠤᠭ ᠳᠣᠣᠷ᠎ᠠ ᠪᠠᠷᠢᠮᠵᠢᠶ᠎ᠠ ᠶᠢ ᠳᠡᠭᠡᠭᠰᠢᠯᠡᠭᠦᠯᠦᠨ᠎ᠡ᠃ ᠬᠤᠲᠠ ᠬᠥᠳᠡᠭᠡ ᠶᠢᠨ ᠳᠣᠣᠷ᠎ᠠ ᠪᠠᠲᠤᠯᠠᠭ᠎ᠠ ᠶᠢᠨ ᠪᠠᠷᠢᠮᠵᠢᠶ᠎ᠠ ᠪᠠ ᠬᠠᠷᠠᠭᠠᠯᠵᠠᠬᠤ ᠨᠥᠬᠦᠪᠥᠷᠢ ᠶᠢᠨ | ᠪᠠᠷᠢᠮᠵᠢᠶ᠎ᠠ ᠶᠢ ᠵᠣᠬᠢᠰᠲᠠᠢ ᠳᠡᠭᠡᠭᠰᠢᠯᠡᠭᠦᠯᠦᠨ᠎ᠡ᠂ ᠣᠨᠴᠠ ᠬᠦᠴᠢᠷᠳᠡᠯᠲᠡᠢ ᠬᠥᠮᠥᠰ᠂ ᠵᠡᠮᠳᠡᠭᠴᠦᠳ᠂ ᠬᠠᠷᠠᠭᠠᠯᠵᠠᠬᠤ ᠡᠲᠡᠭᠡᠳ ᠵᠡᠷᠭᠡ ᠣᠯᠠᠨ ᠲᠦᠮᠡᠨ ᠤ ᠦᠨᠳᠦᠰᠦᠨ | ᠠᠮᠢᠳᠤᠷᠠᠯ ᠢ ᠪᠠᠲᠤᠯᠠᠬᠤ ᠶᠢ ᠴᠢᠩᠭᠠᠳᠬᠠᠨ᠎ᠠ᠃ ᠬᠤᠲᠠ ᠪᠠᠯᠭᠠᠰᠤᠨ ᠤ ᠬᠦᠴᠢᠷᠳᠡᠯᠲᠡᠢ ᠣᠯᠠᠨ ᠲᠦᠮᠡᠨ ᠢ ᠶᠠᠳᠠᠭᠤ ᠠᠴᠠ ᠠᠩᠭᠢᠵᠢᠷᠠᠭᠤᠯᠬᠤ ᠬᠠᠪᠰᠤᠷᠤᠨ ᠲᠡᠳᠬᠦᠬᠦ | ᠠᠵᠢᠯ ᠢ ᠰᠠᠶᠢᠲᠤᠷ ᠠᠳᠬᠤᠨ᠎ᠠ᠃ 1.8 ᠳ᠋ᠦᠩᠰᠢᠭᠤᠷ ᠲᠥᠭᠦᠷᠢᠭ ᠤᠨ ᠪᠡᠯᠡ ᠣᠷᠣᠭᠤᠯᠵᠤ᠂ ᠨᠠᠰᠤᠲᠠᠨ ᠢ ᠠᠰᠠᠷᠠᠬᠤ ᠬᠦᠷᠢᠶᠡᠯᠡᠩ ᠢ 4 ᠪᠠᠶᠢᠭᠤᠯᠵᠤ᠂ 1720 | ᠣᠷᠣ ᠶᠢ ᠰᠢᠨ᠎ᠡ ᠪᠠᠷ ᠨᠡᠮᠡᠭᠳᠡᠭᠦᠯᠦᠨ᠎ᠡ᠃ ᠣᠯᠠᠨ ᠭᠤᠣᠯ ᠴᠣᠭᠴᠠ ᠲᠠᠢ ᠬᠠᠩᠭᠠᠯᠭ᠎ᠠ᠂ ᠣᠯᠠᠨ ᠵᠠᠮ ᠮᠥᠷ ᠤᠨ ᠪᠠᠲᠤᠯᠠᠭ᠎ᠠ᠂ ᠲᠦᠷᠢᠶᠡᠰᠦᠯᠡᠬᠦ ᠪᠠ ᠬᠤᠳᠠᠯᠳᠤᠨ | ᠠᠪᠬᠤ ᠶᠢ ᠵᠡᠷᠭᠡᠪᠡᠷ ᠬᠡᠷᠡᠭᠯᠡᠬᠦ ᠣᠷᠣᠨ ᠰᠠᠭᠤᠴᠠ ᠶᠢᠨ ᠪᠠᠲᠤᠯᠠᠭ᠎ᠠ ᠶᠢᠨ ᠳᠦᠷᠢᠮ ᠢ ᠰᠦᠪᠡᠭᠴᠢᠯᠡᠨ ᠪᠠᠶᠢᠭᠤᠯᠤᠨ᠎ᠠ᠃ ᠮᠠᠯᠴᠢᠨ ᠲᠠᠷᠢᠶᠠᠴᠢᠨ ᠬᠥᠯᠥᠰᠥᠨ | ᠠᠵᠢᠯᠴᠢᠨ ᠤ ᠴᠠᠯᠢᠩ ᠢ ᠥᠭᠬᠦ ᠪᠠᠲᠤᠯᠠᠭ᠎ᠠ ᠶᠢᠨ ᠳᠦᠷᠢᠮ ᠢ ᠨᠠᠶᠢᠳᠠᠪᠤᠷᠢᠵᠢᠭᠤᠯᠵᠤ᠂ ᠴᠠᠯᠢᠩ ᠥᠷᠢᠲᠦᠬᠦ ᠠᠰᠠᠭᠤᠳᠠᠯ ᠢ ᠬᠦᠴᠦᠯᠡᠨ ᠰᠢᠢᠳᠪᠦᠷᠢᠯᠡᠵᠦ᠂ ᠮᠠᠯᠴᠢᠨ | ᠲᠠᠷᠢᠶᠠᠴᠢᠨ ᠬᠥᠯᠥᠰᠥᠨ ᠠᠵᠢᠯᠴᠢᠨ ᠤ ᠬᠠᠤᠯᠢ ᠶᠣᠰᠣᠨ ᠤ ᠡᠷᠬᠡ ᠠᠰᠢᠭ ᠢ ᠬᠠᠮᠠᠭᠠᠯᠠᠨ᠎ᠠ᠃ | ᠠᠷᠠᠳ ᠲᠦᠮᠡᠨ ᠬᠠᠨᠤᠮᠵᠢᠲᠠᠢ ᠰᠤᠷᠭᠠᠨ ᠬᠥᠮᠥᠵᠢᠯ ᠢ ᠰᠠᠶᠢᠲᠤᠷ ᠡᠷᠬᠢᠯᠡᠨ᠎ᠡ᠃ ᠭᠤᠷᠪᠠᠳᠤᠭᠠᠷ ᠬᠤᠭᠤᠴᠠᠭᠠᠨ ᠤ ᠰᠤᠷᠤᠯᠭ᠎ᠠ ᠶᠢᠨ ᠨᠠᠰᠤᠨ ᠠᠴᠠ ᠡᠮᠦᠨᠡᠬᠢ | ᠰᠤᠷᠭᠠᠨ ᠬᠥᠮᠥᠵᠢᠯ ᠤᠨ ᠠᠵᠢᠯᠯᠠᠭᠠᠨ ᠤ ᠲᠥᠯᠥᠪᠯᠡᠭᠡ ᠶᠢ ᠬᠡᠷᠡᠭᠵᠢᠭᠦᠯᠦᠨ᠎ᠡ᠃ ᠠᠯᠪᠠᠨ ᠵᠢᠷᠤᠮ ᠤᠨ ᠰᠤᠷᠭᠠᠨ ᠬᠥᠮᠥᠵᠢᠯ ᠢ ᠰᠢᠯᠢᠳᠡᠭᠵᠢᠭᠦᠯᠦᠨ ᠲᠡᠩᠴᠡᠭᠦᠷᠢᠲᠡᠢ | ᠬᠥᠭᠵᠢᠭᠦᠯᠬᠦ ᠪᠠ ᠬᠤᠲᠠ ᠬᠥᠳᠡᠭᠡ ᠶᠢ ᠨᠢᠭᠡ ᠴᠣᠭᠴᠠᠵᠢᠭᠤᠯᠤᠨ ᠬᠥᠭᠵᠢᠭᠦᠯᠬᠦ ᠶᠢ ᠠᠬᠢᠭᠤᠯᠵᠤ᠂ ᠰᠤᠷᠭᠠᠭᠤᠯᠢ ᠶᠢᠨ ᠳᠠᠷᠤᠭ᠎ᠠ ᠪᠠ ᠪᠠᠭᠰᠢ ᠶᠢ ᠡᠭᠡᠯᠵᠢᠯᠡᠨ | ᠠᠵᠢᠯᠯᠠᠭᠤᠯᠬᠤ ᠶᠢ ᠳᠡᠯᠭᠡᠷᠡᠭᠦᠯᠵᠦ᠂ ᠰᠤᠷᠭᠠᠨ ᠬᠥᠮᠥᠵᠢᠯ ᠤᠨ ᠣᠳᠣᠬᠢᠴᠢᠯᠠᠯᠲᠠ ᠶᠢᠨ ᠬᠦᠴᠦᠷᠬᠡᠭ ᠰᠢᠶᠠᠨ ᠢ ᠡᠭᠦᠳᠦᠨ ᠪᠠᠶᠢᠭᠤᠯᠬᠤ ᠠᠵᠢᠯᠯᠠᠭ᠎ᠠ ᠶᠢ | ᠥᠷᠨᠢᠭᠦᠯᠦᠨ᠎ᠡ᠃ ᠡᠩ ᠤᠨ ᠳᠡᠭᠡᠳᠦ ᠳᠤᠮᠳᠠᠳᠤ ᠰᠤᠷᠭᠠᠭᠤᠯᠢ ᠶᠢᠨ ᠰᠢᠯᠢᠳᠡᠭ ᠣᠨᠴᠠᠯᠢᠭᠲᠤ ᠣᠯᠠᠨ ᠶᠠᠩᠵᠤᠲᠤ ᠬᠥᠭᠵᠢᠯᠲᠡ ᠶᠢ ᠠᠬᠢᠭᠤᠯᠵᠤ᠂ ᠰᠤᠷᠭᠠᠭᠤᠯᠢ ᠶᠢᠨ | ᠬᠦᠷᠢᠶᠡᠨ ᠤ ᠬᠥᠯ ᠪᠥᠮᠪᠦᠭᠡ ᠶᠢᠨ ᠣᠨᠴᠠᠯᠢᠭᠲᠤ ᠰᠤᠷᠭᠠᠭᠤᠯᠢ ᠶᠢ ᠪᠠᠶᠢᠭᠤᠯᠬᠤ ᠬᠢᠷᠢ ᠲᠦᠪᠰᠢᠨ ᠢ ᠳᠡᠭᠡᠭᠰᠢᠯᠡᠭᠦᠯᠦᠨ᠎ᠡ᠃ 257 ᠰᠢᠯᠢᠳᠡᠭ ᠴᠢᠳᠠᠪᠤᠷᠢᠲᠠᠨ ᠢ | ᠤᠷᠢᠵᠤ ᠪᠠᠭᠰᠢ ᠶᠢᠨ ᠡᠩᠨᠡᠭᠡ ᠶᠢ ᠲᠡᠭᠦᠯᠳᠡᠷᠵᠢᠭᠦᠯᠦᠨ᠂ ᠪᠠᠭᠰᠢ ᠶᠢᠨ ᠡᠩᠨᠡᠭᠡᠨ ᠤ ᠪᠦᠲᠦᠴᠡ ᠶᠢ ᠰᠢᠯᠢᠳᠡᠭᠵᠢᠭᠦᠯᠦᠨ᠎ᠡ᠃ 7500 ᠲᠦᠮᠡᠨ ᠲᠥᠭᠦᠷᠢᠭ ᠤᠨ ᠪᠡᠯᠡ | ᠣᠷᠣᠭᠤᠯᠵᠤ᠂ 13 ᠬᠡᠦᠬᠡᠳ ᠤᠨ ᠴᠡᠴᠡᠷᠯᠢᠭ ᠢ ᠰᠢᠨ᠎ᠡ ᠪᠠᠷ ᠪᠤᠶᠤ ᠥᠭᠡᠷᠡᠴᠢᠯᠡᠨ ᠥᠷᠭᠡᠳᠬᠡᠨ ᠪᠠᠶᠢᠭᠤᠯᠤᠨ᠎ᠠ᠃ 2.3 ᠳ᠋ᠦᠩᠰᠢᠭᠤᠷ ᠲᠥᠭᠦᠷᠢᠭ ᠤᠨ ᠪᠡᠯᠡ | ᠣᠷᠣᠭᠤᠯᠤᠨ᠂ ᠯᠢᠨ ᠾᠧ ᠲᠣᠭᠤᠷᠢᠭ ᠤᠨ ᠱᠦᠢ ᠶᠤᠸᠠᠨ ᠵᠠᠮ ᠤᠨ ᠶᠢᠰᠦᠨ ᠵᠢᠯ ᠤᠨ ᠰᠤᠷᠭᠠᠭᠤᠯᠢ ᠶᠢ ᠪᠠᠶᠢᠭᠤᠯᠤᠨ᠎ᠠ︔ 2.1 ᠳ᠋ᠦᠩᠰᠢᠭᠤᠷ ᠲᠥᠭᠦᠷᠢᠭ ᠤᠨ | ᠪᠡᠯᠡ ᠣᠷᠣᠭᠤᠯᠤᠨ᠂ ᠬᠤᠲᠠ ᠶᠢᠨ ᠠᠵᠢᠯ ᠮᠡᠷᠭᠡᠵᠢᠯ ᠤᠨ ᠪᠣᠯᠪᠠᠰᠤᠷᠠᠯ ᠦᠢᠯᠡᠳᠦᠯᠭᠡ ᠶᠢᠨ ᠰᠠᠭᠤᠷᠢᠨ ︵ᠰᠢ ᠪᠧᠢ ᠠᠮᠲᠠᠲᠤ ᠢᠳᠡᠭᠡᠨ ᠤ ᠤᠷᠠᠯᠢᠭ ᠤᠨ ᠰᠤᠷᠭᠠᠭᠤᠯᠢ | ︶ ᠪᠠ ᠬᠤᠲᠠ ᠶᠢᠨ ᠵᠢᠱᠢᠶ᠎ᠡ ᠦᠵᠡᠭᠦᠯᠬᠦ ᠴᠢᠨᠠᠷᠲᠠᠢ ᠶᠡᠷᠦᠩᠬᠡᠶᠢᠯᠡᠭᠰᠡᠨ ᠦᠢᠯᠡᠳᠦᠯᠭᠡ ᠶᠢᠨ ᠰᠠᠭᠤᠷᠢᠨ ᠭᠠᠵᠠᠷ ᠢ ᠪᠠᠶᠢᠭᠤᠯᠤᠨ᠎ᠠ᠃ ᠪᠣᠷᠣᠲᠣᠬᠤᠢ ᠳᠡᠭᠡᠳᠦ | ᠰᠤᠷᠭᠠᠭᠤᠯᠢ ᠰᠢᠨ᠎ᠡ ᠰᠠᠭᠤᠷᠢᠰᠢᠯ ᠳᠠᠭᠠᠨ 7 ᠰᠠᠷ᠎ᠠ ᠶᠢᠨ ᠰᠡᠭᠦᠯᠴᠢ ᠠᠴᠠ ᠡᠮᠦᠨ᠎ᠡ ᠨᠡᠭᠦᠨ ᠣᠷᠣᠬᠤ ᠪᠣᠯᠣᠨ᠎ᠠ᠂ ᠲᠤᠰ ᠰᠤᠷᠭᠠᠭᠤᠯᠢ ᠳᠤ ᠠᠮᠢ ᠠᠬᠤᠢ ᠪᠠ ᠡᠬᠢ | ᠪᠠᠶᠠᠯᠢᠭ ᠤᠨ ᠢᠨᠵᠧᠨᠧᠷᠢᠩ ᠤᠨ ᠰᠠᠯᠪᠤᠷᠢ ᠲᠣᠬᠢᠷᠠᠭᠤᠯᠵᠤ᠂ ᠳᠡᠭᠡᠳᠦ ᠵᠡᠷᠭᠡ ᠶᠢᠨ ᠰᠤᠷᠭᠠᠨ ᠬᠥᠮᠥᠵᠢᠯ ᠤᠨ ᠬᠥᠭᠵᠢᠯᠲᠡ ᠶᠢ ᠠᠬᠢᠭᠤᠯᠤᠨ᠎ᠠ᠃ ᠨᠠᠰᠤᠲᠠᠶᠢᠴᠤᠳ ᠤᠨ | ᠶᠡᠭᠡ ᠰᠤᠷᠭᠠᠭᠤᠯᠢ ᠶᠢ ᠨᠡᠭᠦᠯᠭᠡᠬᠦ ᠠᠵᠢᠯ ᠢ ᠪᠡᠶᠡᠯᠡᠭᠦᠯᠵᠦ᠂ ᠰᠤᠷᠭᠠᠭᠤᠯᠢ ᠡᠷᠬᠢᠯᠡᠬᠦ ᠨᠥᠬᠦᠴᠡᠯ ᠢ ᠭᠦᠢᠴᠡᠳ ᠰᠠᠶᠢᠵᠢᠷᠠᠭᠤᠯᠤᠨ᠎ᠠ᠃ | ᠰᠢᠨᠵᠢᠯᠡᠬᠦ ᠤᠬᠠᠭᠠᠨ ᠮᠡᠷᠭᠡᠵᠢᠯ ᠤᠨ ᠰᠢᠨ᠎ᠡ ᠶᠢ ᠡᠭᠦᠳᠬᠦ ᠶᠢ ᠴᠢᠩᠭᠠᠳᠬᠠᠨ᠎ᠠ᠃ ᠤᠯᠤᠰ ᠤᠨ ᠲᠠᠷᠢᠶᠠᠯᠠᠩ ᠤᠨ ᠳᠡᠭᠡᠳᠦ ᠰᠢᠮ᠎ᠡ ᠮᠡᠷᠭᠡᠵᠢᠯ ᠤᠨ ᠠᠵᠤ | ᠦᠢᠯᠡᠰ ᠤᠨ ᠨᠡᠭᠡᠭᠡᠯᠲᠡ ᠶᠢᠨ ᠲᠣᠭᠤᠷᠢᠭ ᠢ ᠢᠳᠡᠪᠬᠢᠲᠡᠢ ᠡᠭᠦᠳᠦᠨ ᠪᠠᠶᠢᠭᠤᠯᠵᠤ᠂ ᠳᠤᠮᠳᠠᠳᠤ ᠤᠯᠤᠰ ᠤᠨ ᠲᠠᠷᠢᠶᠠᠯᠠᠩ ᠤᠨ ᠰᠢᠨᠵᠢᠯᠡᠬᠦ ᠤᠬᠠᠭᠠᠨ ᠤ | ᠬᠦᠷᠢᠶᠡᠯᠡᠩ ᠤᠨ ᠣᠷᠣᠨ ᠪᠦᠰᠡ ᠶᠢᠨ ᠰᠤᠳᠤᠯᠭᠠᠨ ᠤ ᠲᠥᠪ ᠢ ᠪᠠᠶᠢᠭᠤᠯᠬᠤ ᠪᠠᠷ ᠴᠢᠷᠮᠠᠶᠢᠨ᠎ᠠ᠂ ᠥᠪᠡᠷᠲᠡᠭᠡᠨ ᠵᠠᠰᠠᠬᠤ ᠣᠷᠣᠨ ᠤ ᠲᠠᠷᠢᠶᠠᠯᠠᠩ ᠮᠠᠯ ᠠᠵᠤ | ᠠᠬᠤᠢ ᠶᠢᠨ ᠰᠢᠨᠵᠢᠯᠡᠬᠦ ᠤᠬᠠᠭᠠᠨ ᠤ ᠬᠦᠷᠢᠶᠡᠯᠡᠩ ᠵᠡᠷᠭᠡ ᠰᠤᠳᠤᠯᠭᠠᠨ ᠤ ᠪᠠᠶᠢᠭᠤᠯᠤᠮᠵᠢ ᠲᠠᠢ ᠪᠠᠶᠢᠯᠳᠤᠬᠤ ᠪᠣᠳᠣᠯᠭ᠎ᠠ ᠶᠢᠨ ᠬᠠᠮᠵᠢᠯᠴᠠᠭ᠎ᠠ ᠬᠢᠬᠦ ᠶᠢ ᠠᠬᠢᠭᠤᠯᠤᠨ᠎ᠠ᠃ | ᠠᠵᠤ ᠠᠬᠤᠶᠢᠯᠠᠯ ᠤᠨ ᠮᠡᠷᠭᠡᠵᠢᠯ ᠤᠨ ᠰᠢᠨᠡᠴᠢᠯᠡᠯᠲᠡ ᠶᠢᠨ ᠭᠤᠣᠯ ᠴᠣᠭᠴᠠ ᠶᠢᠨ ᠦᠢᠯᠡᠳᠦᠯ ᠢ ᠪᠠᠳᠠᠷᠠᠭᠤᠯᠵᠤ᠂ ᠰᠤᠳᠤᠯᠤᠨ ᠨᠡᠭᠡᠭᠡᠬᠦ ᠲᠥᠪ ᠢ ᠢᠳᠡᠪᠬᠢᠲᠡᠢ | ᠲᠣᠬᠢᠷᠠᠭᠤᠯᠵᠤ᠂ ᠤᠯᠤᠰ ᠤᠨ ᠳᠡᠭᠡᠳᠦ ᠰᠢᠨ᠎ᠡ ᠮᠡᠷᠭᠡᠵᠢᠯ ᠤᠨ ᠠᠵᠤ ᠠᠬᠤᠶᠢᠯᠠᠯ ᠢ ᠰᠢᠨ᠎ᠡ ᠪᠠᠷ 5 ᠠᠴᠠ ᠢᠯᠡᠭᠦᠦ ᠨᠡᠮᠡᠭᠳᠡᠭᠦᠯᠦᠨ᠎ᠡ᠃ ᠦᠢᠯᠡᠳᠪᠦᠷᠢ ᠰᠤᠷᠭᠠᠭᠤᠯᠢ | ᠰᠤᠳᠤᠯᠭᠠᠨ ᠤ ᠨᠢᠭᠡᠴᠢ ᠪᠠ ᠬᠡᠷᠡᠭᠯᠡᠭᠡᠨ ᠢ ᠬᠠᠮᠵᠢᠯᠴᠠᠭᠤᠯᠬᠤ ᠬᠦᠴᠦᠯᠡᠴᠡ ᠶᠢ ᠶᠡᠬᠡᠰᠬᠡᠵᠦ᠂ ᠴᠢᠬᠤᠯᠠ ᠶᠡᠭᠡ ᠮᠡᠷᠭᠡᠵᠢᠯ ᠤᠨ ᠦᠷ᠎ᠡ ᠪᠦᠲᠦᠭᠡᠯ ᠢ ᠬᠤᠪᠢᠷᠠᠭᠤᠯᠬᠤ | ᠲᠤᠭ᠎ᠠ ᠶᠢ 20 ᠠᠴᠠ ᠢᠯᠡᠭᠦᠦ ᠳᠤ ᠬᠦᠷᠭᠡᠵᠦ᠂ ᠰᠢᠨ᠎ᠡ ᠪᠠᠷ ᠨᠡᠮᠡᠭᠳᠡᠭᠰᠡᠨ ᠲᠤᠰᠬᠠᠢ ᠠᠰᠢᠭ ᠤᠨ ᠡᠷᠬᠡ ᠣᠯᠭᠤᠯᠲᠠ ᠶᠢ 180 ᠠᠴᠠ ᠳᠡᠭᠡᠭᠰᠢ ᠳᠤ ᠬᠦᠷᠭᠡᠨ᠎ᠡ᠃ | ᠪᠦᠬᠦ ᠬᠤᠲᠠ ᠶᠢᠨ ᠴᠢᠳᠠᠪᠤᠷᠢᠲᠠᠨ ᠢ ᠲᠠᠲᠠᠨ ᠣᠷᠣᠭᠤᠯᠬᠤ ᠪᠠ ᠬᠥᠮᠥᠵᠢᠭᠦᠯᠬᠦ ᠬᠡᠷᠡᠭᠵᠢᠭᠦᠯᠬᠦ ᠠᠷᠭ᠎ᠠ ᠶᠢ ᠬᠢᠨᠠᠮᠠᠭᠠᠢ ᠨᠠᠶᠢᠳᠠᠪᠤᠷᠢᠵᠢᠭᠤᠯᠵᠤ᠂ ᠴᠢᠳᠠᠪᠤᠷᠢᠲᠠᠨ ᠤ | ᠣᠯᠭᠤᠮᠵᠢ ᠪᠠ ᠰᠤᠳᠤᠯᠭᠠᠨ ᠤ ᠵᠠᠷᠤᠳᠠᠯ ᠢ ᠨᠡᠮᠡᠭᠳᠡᠭᠦᠯᠵᠦ᠂ ᠥᠨᠳᠥᠷ ᠳᠡᠰ ᠤᠨ ᠪᠠ ᠴᠢᠬᠤᠯᠠ ᠬᠡᠷᠡᠭᠴᠡᠭᠡ ᠲᠠᠢ ᠴᠤᠬᠠᠭ ᠴᠢᠳᠠᠪᠤᠷᠢᠲᠠᠨ ᠢ ᠲᠠᠲᠠᠨ ᠣᠷᠣᠭᠤᠯᠤᠨ᠎ᠠ᠃ | | ᠰᠣᠶᠣᠯ ᠤᠨ ᠴᠡᠴᠡᠭᠯᠡᠯ ᠬᠥᠭᠵᠢᠯᠲᠡ ᠶᠢ ᠠᠬᠢᠭᠤᠯᠤᠨ᠎ᠠ᠃ ᠦᠵᠡᠯ ᠤᠬᠠᠮᠰᠠᠷ ᠤᠨ ᠬᠡᠯᠪᠡᠷᠢ ᠶᠢᠨ ᠠᠵᠢᠯ ᠤᠨ ᠬᠠᠷᠢᠭᠤᠴᠠᠯᠭ᠎ᠠ ᠶᠢᠨ ᠳᠦᠷᠢᠮ ᠢ ᠬᠢᠨᠠᠮᠠᠭᠠᠢ | ᠨᠠᠶᠢᠳᠠᠪᠤᠷᠢᠵᠢᠭᠤᠯᠵᠤ᠂ ᠹᠷᠣᠨᠲ ᠤᠨ ᠪᠠᠶᠢᠭᠤᠯᠤᠯᠲᠠ ᠪᠠ ᠬᠠᠮᠢᠶᠠᠷᠤᠯᠲᠠ ᠶᠢ ᠴᠢᠩᠭᠠᠳᠬᠠᠨ᠎ᠠ᠃ ᠪᠣᠷᠣᠲᠣᠬᠤᠢ ᠰᠣᠶᠣᠯ ᠤᠨ ᠠᠭᠤᠯᠤᠭᠳᠠᠬᠤᠨ ᠢ ᠭᠦᠨᠵᠡᠭᠡᠢ | ᠠᠭᠤᠳᠠᠯᠯᠠᠵᠤ᠂ ᠪᠦᠬᠦᠶᠢᠯᠡ ᠰᠠᠪᠠ ᠭᠠᠵᠠᠷ ᠤᠨ ᠬᠠᠲᠤᠨ ᠭᠤᠣᠯ ᠤᠨ ᠰᠣᠶᠣᠯ ᠤᠨ ᠮᠦᠽᠧᠢ ᠶᠢ ᠲᠥᠰᠦᠪᠯᠡᠨ ᠪᠠᠶᠢᠭᠤᠯᠤᠨ᠎ᠠ᠂ ᠮᠤᠨᠠ ᠠᠭᠤᠯᠠ ᠶᠢᠨ ᠬᠠᠳᠠᠨ | ᠰᠡᠶᠢᠯᠦᠮᠡᠯ ᠢ ᠳᠡᠯᠡᠬᠡᠢ ᠶᠢᠨ ᠪᠣᠳᠠᠰ ᠤᠨ ᠪᠤᠰᠤ ᠰᠣᠶᠣᠯ ᠤᠨ ᠥᠪ ᠢᠶᠠᠷ ᠮᠡᠳᠡᠭᠦᠯᠬᠦ ᠠᠵᠢᠯ ᠢ ᠠᠬᠢᠭᠤᠯᠤᠨ᠎ᠠ᠃ ᠰᠣᠶᠣᠯ ᠢᠶᠠᠷ ᠠᠷᠠᠳ ᠢ ᠬᠠᠷᠠᠭᠠᠯᠵᠠᠬᠤ | ᠢᠨᠵᠧᠨᠧᠷᠢᠩ ᠢ ᠬᠡᠷᠡᠭᠵᠢᠭᠦᠯᠵᠦ᠂ ᠨᠣᠮ ᠤᠨ ᠰᠠᠩ᠂ ᠰᠣᠨᠢᠨ ᠰᠡᠳᠬᠦᠯ ᠤᠨ ᠲᠢᠩᠰᠡ ᠶᠢᠨ ᠪᠦᠲᠦᠭᠡᠨ ᠪᠠᠶᠢᠭᠤᠯᠤᠯᠲᠠ ᠶᠢ ᠰᠠᠶᠢᠲᠤᠷ ᠠᠳᠬᠤᠨ᠎ᠠ᠂ | ᠤᠯᠠᠭᠠᠨᠮᠥ᠋ᠴᠢᠷ ᠤᠨ ᠬᠥᠭᠵᠢᠯᠲᠡ ᠶᠢ ᠳᠡᠮᠵᠢᠵᠦ᠂ ᠥᠭᠡᠷᠡᠴᠢᠯᠡᠯᠲᠡ ᠬᠢᠵᠦ ᠴᠢᠯᠥᠭᠡᠲᠡᠢ ᠶᠠᠪᠤᠯᠴᠠᠭᠰᠠᠨ 40 ᠵᠢᠯ ᠤᠨ ᠣᠢ ᠶᠢ ᠳᠤᠷᠠᠰᠬᠠᠬᠤ ᠨᠢᠭᠡ ᠪᠦᠯᠦᠭ ᠰᠣᠶᠣᠯ | ᠤᠷᠠᠯᠢᠭ ᠤᠨ ᠣᠬᠢ ᠪᠦᠲᠦᠭᠡᠯ ᠢ ᠡᠭᠦᠳᠦᠨ᠂ ︽ᠬᠤᠨ ᠭᠠᠯᠠᠭᠤ︾ ᠭᠡᠰᠡᠨ ᠲᠣᠮᠣ ᠬᠡᠯᠪᠡᠷᠢ ᠶᠢᠨ ᠬᠤᠪᠢᠰᠬᠠᠯᠲᠤ ᠲᠡᠦᠬᠡ ᠶᠢᠨ ᠲᠧᠯᠸᠢᠰ ᠵᠦᠴᠦᠭᠡ ᠶᠢ ᠡᠬᠢᠯᠡᠨ | ᠰᠡᠭᠦᠳᠡᠷᠯᠡᠨ᠎ᠡ᠃ ᠪᠣᠷᠣᠲᠣᠬᠤᠢ ᠰᠣᠶᠣᠯ ᠵᠤᠭᠠᠴᠠᠯ ᠤᠨ ᠪᠦᠲᠦᠭᠡᠭᠳᠡᠬᠦᠨ ᠢ ᠡᠭᠦᠳᠦᠨ ᠪᠦᠲᠦᠭᠡᠬᠦ ᠬᠦᠷᠢᠶᠡᠯᠡᠩ ᠢ ᠡᠬᠢᠯᠡᠨ ᠪᠠᠶᠢᠭᠤᠯᠤᠨ᠎ᠠ᠃ ᠪᠣᠷᠣᠲᠣᠬᠤᠢ ᠰᠣᠶᠣᠯ | ᠤᠷᠠᠯᠢᠭ ᠤᠨ ᠨᠠᠶᠢᠷ᠂ ︽ᠨᠢᠭᠡ ᠪᠦᠰᠡ ᠨᠢᠭᠡ ᠵᠠᠮ︾ ᠤᠨ ᠣᠯᠠᠨ ᠤᠯᠤᠰ ᠤᠨ ᠬᠠᠳᠠᠨ ᠰᠡᠶᠢᠯᠦᠮᠡᠯ ᠤᠨ ᠤᠷᠠᠯᠢᠭ ᠤᠨ ᠪᠦᠲᠦᠭᠡᠯ ᠤᠨ ︽ᠬᠤᠣᠰ ᠣᠨ ᠤ | ᠦᠵᠡᠰᠬᠦᠯᠡᠩ︾᠂ ᠳᠤᠮᠳᠠᠳᠤ ᠤᠯᠤᠰ ᠤᠨ ᠬᠠᠳᠠᠨ ᠰᠡᠶᠢᠯᠦᠮᠡᠯ ᠤᠨ ᠲᠣᠷᠭᠠᠨ ᠵᠠᠮ ᠤᠨ ᠠᠶᠠᠨ — ᠮᠤᠨᠠ ᠠᠭᠤᠯᠠ ᠶᠢᠨ ᠬᠠᠳᠠᠨ ᠰᠡᠶᠢᠯᠦᠮᠡᠯ ᠤᠨ ᠣᠯᠠᠨ | ᠤᠯᠤᠰ ᠤᠨ ᠲᠣᠭᠤᠷᠢᠨ ᠦᠵᠡᠭᠦᠯᠦᠯᠭᠡ ᠵᠡᠷᠭᠡ ᠶᠢ ᠰᠠᠶᠢᠲᠤᠷ ᠡᠷᠬᠢᠯᠡᠨ᠎ᠡ᠃ ᠰᠤᠷᠭᠠᠭᠤᠯᠢ ᠶᠢᠨ ᠪᠡᠶ᠎ᠡ ᠲᠠᠮᠢᠷ ᠤᠨ ᠲᠠᠯᠠᠪᠤᠷ ᠣᠷᠳᠣᠨ ᠢ ᠪᠠᠶᠠᠷ ᠠᠮᠠᠷᠠᠯᠲᠠ ᠶᠢᠨ ᠡᠳᠦᠷ | ᠨᠡᠶᠢᠭᠡᠮ ᠳᠤ ᠰᠦᠢᠳᠬᠡᠯ ᠠᠪᠬᠤ ᠦᠭᠡᠢ ᠪᠠᠷ ᠴᠢᠯᠥᠭᠡᠲᠡᠢ ᠨᠡᠭᠡᠭᠡᠬᠦ ᠶᠢ ᠠᠬᠢᠭᠤᠯᠵᠤ᠂ ᠤᠷᠠᠳ ᠤᠨ ᠡᠮᠦᠨᠡᠲᠦ ᠬᠤᠰᠢᠭᠤ᠂ ᠳ᠋ᠧᠩᠺᠧᠦ ᠰᠢᠶᠠᠨ ᠤ ᠪᠦᠬᠦ ᠠᠷᠠᠳ ᠤᠨ | ᠪᠡᠶ᠎ᠡ ᠴᠢᠭᠢᠷᠠᠭᠵᠢᠭᠤᠯᠬᠤ ᠲᠥᠪ ᠢ ᠪᠠᠶᠢᠭᠤᠯᠵᠤ᠂ ᠪᠦᠬᠦ ᠠᠷᠠᠳ ᠤᠨ ᠪᠡᠶ᠎ᠡ ᠪᠠᠨ ᠴᠢᠭᠢᠷᠠᠭᠵᠢᠭᠤᠯᠬᠤ ᠲᠥᠪ ᠬᠤᠰᠢᠭᠤ ᠰᠢᠶᠠᠨ ᠲᠣᠭᠤᠷᠢᠭ ᠢ ᠨᠡᠶᠢᠳᠡᠮ ᠪᠦᠷᠬᠦᠬᠦ ᠶᠢ | ᠪᠡᠶᠡᠯᠡᠭᠦᠯᠦᠨ᠎ᠡ᠃ | ᠡᠷᠡᠭᠦᠯ ᠡᠩᠬᠡ ᠪᠠᠶᠠᠨᠨᠠᠭᠤᠷ ᠢ ᠴᠣᠭᠴᠠᠯᠠᠨ ᠪᠠᠶᠢᠭᠤᠯᠬᠤ ᠶᠢ ᠠᠬᠢᠭᠤᠯᠤᠨ᠎ᠠ᠃ ᠳᠡᠰ ᠬᠤᠪᠢᠶᠠᠨ ᠣᠨᠣᠰᠢᠯᠠᠨ ᠡᠮᠴᠢᠯᠡᠬᠦ ᠪᠠ ᠭᠡᠷ ᠪᠦᠯᠢ ᠶᠢᠨ ᠡᠮᠴᠢ ᠭᠡᠷ᠎ᠡ | ᠲᠣᠭᠲᠠᠨ ᠦᠢᠯᠡᠴᠢᠯᠡᠬᠦ ᠶᠢ ᠪᠦᠬᠦ ᠲᠠᠯ᠎ᠠ ᠪᠠᠷ ᠳᠡᠯᠭᠡᠷᠡᠭᠦᠯᠵᠦ᠂ ᠰᠢᠶᠠᠨ ᠤ ᠬᠡᠪᠴᠢᠶᠡᠨ ᠳᠡᠭᠡᠨ ᠡᠮᠴᠢᠯᠡᠭᠦᠯᠬᠦ ᠨᠣᠷᠮ᠎ᠠ ᠶᠢ 90% ᠠᠴᠠ ᠳᠠᠪᠠᠭᠤᠯᠵᠤ᠂ ᠭᠡᠷ᠎ᠡ | ᠲᠣᠭᠲᠠᠨ ᠦᠢᠯᠡᠴᠢᠯᠡᠬᠦ ᠨᠣᠷᠮ᠎ᠠ ᠶᠢ 40% ᠠᠴᠠ ᠳᠠᠪᠠᠭᠤᠯᠤᠨ᠎ᠠ᠃ ︽ᠰᠦᠯᠵᠢᠶ᠎ᠡ +︾ ᠰᠢᠨ᠎ᠡ ᠶᠢ ᠡᠭᠦᠳᠬᠦ ᠡᠮᠴᠢᠯᠡᠭᠡᠨ ᠤ ᠦᠢᠯᠡᠴᠢᠯᠡᠭᠡᠨ ᠢ ᠠᠬᠢᠭᠤᠯᠵᠤ᠂ | ᠡᠮᠴᠢᠯᠡᠭᠡᠨ ᠤ ᠰᠤᠷᠠᠭ ᠵᠠᠩᠭᠢ ᠬᠠᠷᠢᠯᠴᠠᠨ ᠬᠤᠯᠪᠣᠯᠳᠤᠨ ᠨᠡᠪᠲᠡᠷᠡᠬᠦ ᠶᠢ ᠠᠬᠢᠭᠤᠯᠤᠨ᠎ᠠ᠃ ᠮᠣᠩᠭᠤᠯ ᠬᠢᠲᠠᠳ ᠡᠮ ᠡᠮᠨᠡᠯᠭᠡ ᠶᠢᠨ ᠦᠢᠯᠡᠰ ᠤᠨ ᠬᠥᠭᠵᠢᠯᠲᠡ ᠶᠢ | ᠲᠡᠳᠬᠦᠵᠦ᠂ ᠡᠮᠡᠭᠲᠡᠶᠢᠴᠦᠳ ᠬᠡᠦᠬᠡᠳ ᠤᠨ ᠡᠷᠡᠭᠦᠯ ᠮᠡᠨᠳᠦ ᠶᠢᠨ ᠦᠢᠯᠡᠴᠢᠯᠡᠭᠡᠨ ᠤ ᠪᠠᠶᠢᠭᠤᠯᠤᠮᠵᠢ ᠶᠢᠨ ᠪᠠᠷᠢᠮᠵᠢᠶᠠᠵᠢᠯᠲᠠ ᠶᠢᠨ ᠲᠦᠪᠰᠢᠨ ᠢ ᠳᠡᠭᠡᠭᠰᠢᠯᠡᠭᠦᠯᠦᠨ᠎ᠡ᠃ | ᠮᠠᠯᠴᠢᠨ ᠲᠠᠷᠢᠶᠠᠴᠢᠳ ᠤᠨ ᠡᠷᠡᠭᠦᠯ ᠮᠡᠨᠳᠦ ᠶᠢᠨ ᠬᠠᠮᠢᠶᠠᠷᠤᠯᠲᠠ ᠶᠢ ᠴᠢᠩᠭᠠᠳᠬᠠᠨ᠎ᠠ᠃ ᠣᠷᠣᠨ ᠨᠤᠲᠤᠭ ᠤᠨ ᠴᠢᠨᠠᠷᠲᠠᠢ ᠬᠦᠨᠳᠦ ᠶᠡᠭᠡ ᠡᠪᠡᠳᠴᠢᠨ ᠡᠮᠭᠡᠭ ᠢ | ᠪᠠᠶᠢᠴᠠᠭᠠᠨ ᠣᠶᠢᠯᠠᠭᠠᠬᠤ ᠠᠵᠢᠯ ᠢ ᠡᠬᠢᠯᠡᠭᠦᠯᠦᠨ᠎ᠡ᠂ ᠡᠬᠡ ᠤᠯᠤᠰᠴᠢ ᠡᠷᠡᠭᠦᠯ ᠬᠠᠮᠠᠭᠠᠯᠠᠯ ᠤᠨ ᠠᠵᠢᠯᠯᠠᠭ᠎ᠠ ᠶᠢ ᠭᠦᠨᠵᠡᠭᠡᠢ ᠥᠷᠨᠢᠭᠦᠯᠵᠦ᠂ ᠤᠯᠤᠰ ᠤᠨ ᠠᠷᠢᠭᠤᠨ | ᠴᠡᠪᠡᠷ ᠬᠤᠲᠠ ᠶᠢ ᠡᠭᠦᠳᠦᠨ ᠪᠠᠶᠢᠭᠤᠯᠬᠤ ᠠᠵᠢᠯ ᠢ ᠡᠬᠢᠯᠡᠭᠦᠯᠦᠨ᠎ᠡ᠃ ︽ᠴᠡᠪᠡᠷ ᠲᠣᠬᠢᠯᠢᠭ ᠲᠣᠭᠤᠭᠠᠨ ᠭᠡᠷ︾ ᠤᠨ ᠢᠨᠵᠧᠨᠧᠷᠢᠩ ᠢ ᠬᠦᠴᠦᠲᠡᠢ ᠳᠡᠯᠭᠡᠷᠡᠭᠦᠯᠵᠦ᠂ | 1200 ᠠᠴᠠ ᠢᠯᠡᠭᠦᠦ ᠢᠳᠡᠭᠡᠨ ᠤᠮᠳᠠᠭᠠᠨ ᠤ ᠠᠵᠤ ᠠᠬᠤᠶᠢᠯᠠᠯ ᠢ ᠥᠭᠡᠷᠡᠴᠢᠯᠡᠨ ᠳᠡᠰ ᠳᠡᠪᠰᠢᠭᠦᠯᠦᠨ᠎ᠡ᠃ ᠢᠳᠡᠭᠡᠨ ᠡᠮ ᠤᠨ ᠵᠦᠢᠯᠡᠰ ᠤᠨ ᠠᠮᠤᠷ | ᠲᠦᠪᠰᠢᠨ ᠤ ᠬᠢᠨᠠᠨ ᠬᠠᠮᠢᠶᠠᠷᠤᠯᠲᠠ ᠶᠢᠨ ᠬᠦᠴᠦᠯᠡᠴᠡ ᠶᠢ ᠶᠡᠬᠡᠰᠬᠡᠵᠦ᠂ ᠤᠯᠤᠰ ᠤᠨ ᠢᠳᠡᠭᠡᠨ ᠤ ᠠᠮᠤᠷ ᠲᠦᠪᠰᠢᠨ ᠤ ᠬᠤᠲᠠ ᠶᠢ ᠡᠭᠦᠳᠦᠨ ᠪᠠᠶᠢᠭᠤᠯᠬᠤ ᠶᠢ | ᠠᠬᠢᠭᠤᠯᠤᠨ᠎ᠠ᠃ | ᠦᠨᠳᠦᠰᠦᠲᠡᠨ ᠤ ᠪᠦᠯᠬᠦᠮᠳᠡᠯ ᠳᠠᠪᠰᠢᠯᠲᠠ ᠶᠢ ᠠᠬᠢᠭᠤᠯᠤᠨ᠎ᠠ᠃ ᠨᠠᠮ ᠤᠨ ᠦᠨᠳᠦᠰᠦᠲᠡᠨ ᠤ ᠲᠥᠷᠥ ᠶᠢᠨ ᠪᠣᠳᠣᠯᠭ᠎ᠠ ᠶᠢ ᠪᠦᠬᠦ ᠲᠠᠯ᠎ᠠ ᠪᠠᠷ ᠲᠤᠤᠱᠯᠠᠭᠤᠯᠵᠤ᠂ | ᠦᠨᠳᠦᠰᠦᠲᠡᠨ ᠤ ᠣᠷᠣᠨ ᠤ ᠥᠪᠡᠷᠲᠡᠭᠡᠨ ᠵᠠᠰᠠᠬᠤ ᠳᠦᠷᠢᠮ ᠢ ᠪᠠᠷᠢᠮᠲᠠᠯᠠᠵᠤ᠂ ᠬᠢᠯᠢ ᠬᠢᠵᠠᠭᠠᠷ ᠢ ᠮᠠᠨᠳᠤᠭᠤᠯᠤᠨ ᠠᠷᠠᠳ ᠢ ᠪᠠᠶᠠᠵᠢᠭᠤᠯᠬᠤ ᠠᠵᠢᠯᠯᠠᠭ᠎ᠠ ᠶᠢ ᠲᠦᠯᠬᠢᠨ | ᠠᠬᠢᠭᠤᠯᠵᠤ᠂ ᠬᠢᠵᠠᠭᠠᠷ ᠣᠷᠣᠨ ᠤ ᠠᠷᠠᠳ ᠲᠤ ᠨᠥᠬᠦᠪᠥᠷᠢ ᠥᠭᠬᠦ ᠲᠥᠷᠥ ᠶᠢᠨ ᠪᠣᠳᠣᠯᠭ᠎ᠠ ᠶᠢ ᠨᠠᠶᠢᠳᠠᠪᠤᠷᠢᠵᠢᠭᠤᠯᠤᠨ᠎ᠠ᠂ ᠦᠨᠳᠦᠰᠦᠲᠡᠨ ᠤ ᠰᠤᠷᠭᠠᠨ ᠬᠥᠮᠥᠵᠢᠯ᠂ | ᠦᠨᠳᠦᠰᠦᠲᠡᠨ ᠤ ᠰᠣᠶᠣᠯ᠂ ᠦᠨᠳᠦᠰᠦᠲᠡᠨ ᠤ ᠪᠡᠶ᠎ᠡ ᠶᠢᠨ ᠲᠠᠮᠢᠷ ᠤᠨ ᠦᠢᠯᠡᠰ ᠢ ᠬᠦᠴᠦᠲᠡᠢ ᠬᠥᠭᠵᠢᠭᠦᠯᠵᠦ᠂ ᠴᠥᠭᠡᠨ ᠲᠣᠭᠠᠲᠤ ᠦᠨᠳᠦᠰᠦᠲᠡᠨ ᠤ ᠣᠯᠠᠨ | ᠲᠦᠮᠡᠨ ᠤ ᠰᠤᠷᠭᠠᠭᠤᠯᠢ ᠳᠤ ᠰᠠᠭᠤᠬᠤ᠂ ᠠᠵᠢᠯ ᠣᠯᠬᠤ᠂ ᠡᠪᠡᠳᠴᠢᠨ ᠦᠵᠡᠭᠦᠯᠬᠦ ᠵᠡᠷᠭᠡ ᠠᠰᠠᠭᠤᠳᠠᠯ ᠢ ᠬᠦᠴᠦᠯᠡᠨ ᠰᠢᠢᠳᠪᠦᠷᠢᠯᠡᠵᠦ᠂ ᠡᠯ᠎ᠡ ᠦᠨᠳᠦᠰᠦᠲᠡᠨ ᠤ | ᠺᠠᠳ᠋ᠷ ᠣᠯᠠᠨ ᠲᠦᠮᠡᠨ ᠤ ︽ᠭᠤᠷᠪᠠᠨ ᠰᠠᠯᠵᠤ ᠪᠣᠯᠤᠰᠢ ᠦᠭᠡᠢ︾ ᠪᠠ ︽ᠲᠠᠪᠤᠨ ᠬᠦᠯᠢᠶᠡᠨ ᠵᠥᠪᠰᠢᠶᠡᠷᠡᠬᠦ︾ ᠦᠵᠡᠯ ᠰᠠᠨᠠᠭᠠᠨ ᠤ ᠰᠠᠭᠤᠷᠢ ᠶᠢ ᠪᠠᠲᠤ | ᠴᠣᠭᠴᠠᠯᠠᠨ᠎ᠠ᠂ ᠦᠨᠳᠦᠰᠦᠲᠡᠨ ᠤ ᠪᠦᠯᠬᠦᠮᠳᠡᠯ ᠳᠠᠪᠰᠢᠯᠲᠠ ᠶᠢ ᠡᠭᠦᠳᠦᠨ ᠪᠠᠶᠢᠭᠤᠯᠬᠤ ᠠᠵᠢᠯᠯᠠᠭ᠎ᠠ ᠶᠢ ᠭᠦᠨᠵᠡᠭᠡᠢ ᠥᠷᠨᠢᠭᠦᠯᠵᠦ᠂ ᠪᠦᠬᠦ ᠤᠯᠤᠰ ᠤᠨ | ᠦᠨᠳᠦᠰᠦᠲᠡᠨ ᠤ ᠪᠦᠯᠬᠦᠮᠳᠡᠯ ᠳᠠᠪᠰᠢᠯᠲᠠ ᠶᠢᠨ ᠵᠢᠱᠢᠶ᠎ᠡ ᠦᠵᠡᠭᠦᠯᠬᠦ ᠬᠤᠲᠠ ᠶᠢ ᠡᠭᠦᠳᠦᠨ ᠪᠠᠶᠢᠭᠤᠯᠬᠤ ᠪᠠᠷ ᠴᠢᠷᠮᠠᠶᠢᠨ᠎ᠠ᠃ | ᠨᠡᠶᠢᠭᠡᠮ ᠤᠨ ᠵᠠᠰᠠᠯᠲᠠ ᠶᠢᠨ ᠲᠦᠪᠰᠢᠨ ᠢ ᠳᠡᠭᠡᠭᠰᠢᠯᠡᠭᠦᠯᠦᠨ᠎ᠡ᠃ ᠴᠠᠭᠳᠠᠭᠠᠨ ᠤ ᠶᠠᠪᠤᠳᠠᠯ ᠤᠨ ᠡᠭᠦᠯᠡᠨᠴᠢᠷ ᠤᠨ ᠪᠠᠶᠢᠭᠤᠯᠤᠯᠲᠠ ᠶᠢ ᠭᠦᠨᠵᠡᠭᠡᠢ ᠠᠬᠢᠭᠤᠯᠵᠤ᠂ | ᠪᠣᠰᠤᠭᠠᠯᠵᠢᠨ ᠴᠣᠭᠴᠠ ᠶᠢᠨ ᠰᠤᠷᠠᠭ ᠵᠠᠩᠭᠢᠵᠢᠯᠲᠠ ᠶᠢᠨ ᠨᠡᠶᠢᠭᠡᠮ ᠤᠨ ᠠᠮᠤᠷ ᠲᠦᠪᠰᠢᠨ ᠤ ᠵᠠᠰᠠᠯᠲᠠ ᠶᠢᠨ ᠰᠡᠷᠭᠡᠶᠢᠯᠡᠨ ᠡᠵᠡᠮᠳᠡᠬᠦ ᠲᠣᠭᠲᠠᠯᠴᠠᠭ᠎ᠠ ᠶᠢ | ᠪᠦᠷᠢᠨᠰᠢᠭᠦᠯᠦᠨ ᠲᠡᠭᠦᠯᠳᠡᠷᠵᠢᠭᠦᠯᠦᠨ᠎ᠡ᠂ ᠬᠦᠴᠦᠷᠬᠡᠭᠯᠡᠯ ᠰᠦᠷᠳᠡᠭᠦᠯᠦᠯ᠂ ᠫᠤᠤ ᠪᠠ ᠳᠡᠯᠪᠡᠷᠡᠬᠦ ᠡᠳ᠋ ᠲᠠᠢ ᠬᠤᠯᠪᠣᠭᠳᠠᠭᠰᠠᠨ᠂ ᠱᠠᠯᠢᠭ ᠵᠠᠪᠬᠠᠢ᠂ ᠵᠣᠭᠤᠰ | ᠮᠥᠷᠥᠶᠢᠴᠡᠬᠦ᠂ ᠬᠤᠣᠷ ᠲᠠᠲᠠᠬᠤ᠂ ᠬᠠᠷ᠎ᠠ ᠪᠦᠯᠦᠭᠲᠡᠨ᠂ ᠮᠡᠬᠡᠯᠡᠯ ᠵᠡᠷᠭᠡ ᠬᠠᠤᠯᠢ ᠪᠤᠰᠤ ᠶᠠᠯᠠᠲᠤ ᠠᠵᠢᠯᠯᠠᠭ᠎ᠠ ᠳᠤ ᠴᠢᠩᠭ᠎ᠠ ᠴᠣᠬᠢᠯᠲᠠ ᠥᠭᠭᠦᠨ᠎ᠡ᠃ ᠵᠠᠬᠢᠳᠠᠯ | ᠰᠤᠷᠪᠤᠯᠵᠢᠯᠠᠭ᠎ᠠ ᠶᠢᠨ ︽1 + 7︾ ᠳᠦᠷᠢᠮ ᠢ ᠬᠢᠨᠠᠮᠠᠭᠠᠢ ᠨᠠᠶᠢᠳᠠᠪᠤᠷᠢᠵᠢᠭᠤᠯᠵᠤ᠂ ᠣᠯᠠᠨ ᠲᠦᠮᠡᠨ ᠤ ᠵᠦᠢ ᠵᠣᠬᠢᠰᠲᠠᠢ ᠬᠦᠰᠡᠯ ᠱᠠᠭᠠᠷᠳᠠᠯᠭ᠎ᠠ ᠶᠢ ᠬᠠᠤᠯᠢ | ᠶᠣᠰᠣᠭᠠᠷ ᠳᠠᠷᠤᠢ ᠳᠤᠨᠢ ᠰᠢᠢᠳᠪᠦᠷᠢᠯᠡᠨ ᠥᠭᠴᠦ᠂ ᠪᠣᠰᠤᠭᠠᠯᠵᠢᠨ ᠬᠡᠯᠪᠡᠷᠢ ᠶᠢᠨ ᠣᠯᠠᠨ ᠲᠦᠮᠡᠨ ᠤ ᠬᠦᠰᠡᠯ ᠰᠠᠨᠠᠯ ᠢᠶᠠᠨ ᠢᠯᠡᠳᠬᠡᠬᠦ ᠲᠠᠪᠴᠠᠩ ᠢ ᠬᠦᠴᠦᠯᠡᠨ | ᠴᠣᠭᠴᠠᠯᠠᠨ᠎ᠠ᠃ ᠠᠶᠤᠯᠭᠦᠢ ᠦᠢᠯᠡᠳᠪᠦᠷᠢᠯᠡᠯ ᠤᠨ ᠬᠠᠷᠢᠭᠤᠴᠠᠯᠭ᠎ᠠ ᠶᠢᠨ ᠳᠦᠷᠢᠮ ᠢ ᠪᠦᠬᠦ ᠲᠠᠯ᠎ᠠ ᠪᠠᠷ ᠨᠠᠶᠢᠳᠠᠪᠤᠷᠢᠵᠢᠭᠤᠯᠵᠤ᠂ ᠬᠦᠨᠳᠦ ᠣᠨᠴᠠ ᠶᠡᠭᠡ ᠠᠶᠤᠯᠭᠦᠢ | ᠦᠢᠯᠡᠳᠪᠦᠷᠢᠯᠡᠯ ᠤᠨ ᠬᠡᠷᠡᠭ ᠤᠴᠢᠷ ᠡᠭᠦᠰᠬᠦ ᠶᠢ ᠡᠷᠡᠰ ᠰᠡᠷᠭᠡᠶᠢᠯᠡᠨ᠎ᠡ᠃ ᠰᠢᠨ᠎ᠡ ᠪᠠᠷ ᠵᠠᠰᠠᠪᠤᠷᠢ ᠣᠷᠣᠭᠤᠯᠤᠭᠰᠠᠨ ︽ᠱᠠᠰᠢᠨ ᠰᠤᠷᠲᠠᠬᠤᠨ ᠤ ᠤᠴᠢᠷ ᠶᠠᠪᠤᠳᠠᠯ ᠤᠨ | ᠳᠦᠷᠢᠮ︾ ᠢ ᠬᠢᠨᠠᠮᠠᠭᠠᠢ ᠲᠤᠤᠱᠯᠠᠭᠤᠯᠵᠤ᠂ ᠬᠤᠶᠠᠷ ᠢ ᠬᠦᠷᠢᠶᠡᠯᠡᠨ ᠬᠠᠷᠠᠭᠠᠯᠵᠠᠨ ᠲᠣᠬᠤᠨᠢᠭᠤᠯᠬᠤ᠂ ᠡᠮᠡᠭᠲᠡᠶᠢᠴᠦᠳ ᠬᠡᠦᠬᠡᠳ᠂ ᠲᠤᠭ᠎ᠠ ᠪᠦᠷᠢᠳᠬᠡᠯ ᠵᠡᠷᠭᠡ | ᠠᠵᠢᠯ ᠢ ᠰᠠᠶᠢᠲᠤᠷ ᠠᠳᠬᠤᠨ᠎ᠠ᠃ | ︵ᠠᠷᠪᠠ︶ ᠵᠠᠰᠠᠭ ᠤᠨ ᠣᠷᠳᠣᠨ ᠤ ᠲᠤᠰ ᠪᠡᠶ᠎ᠡ ᠶᠢᠨ ᠪᠠᠶᠢᠭᠤᠯᠤᠯᠲᠠ ᠶᠢ ᠴᠢᠩᠭᠠᠳᠬᠠᠨ ᠰᠠᠶᠢᠵᠢᠷᠠᠭᠤᠯᠤᠨ᠎ᠠ᠃ ᠲᠡᠮᠦᠷ ᠢ ᠳᠠᠪᠲᠠᠬᠤ ᠳᠤ ᠥᠪᠡᠷᠲᠡᠭᠡᠨ ᠬᠠᠲᠠᠭᠤ | ᠪᠠᠶᠢᠬᠤ ᠬᠡᠷᠡᠭᠲᠡᠢ᠃ ᠪᠢᠳᠡ ᠵᠠᠪᠠᠯ ᠵᠣᠷᠢᠭ ᠢᠶᠠᠨ ᠬᠥᠪᠴᠢᠯᠡᠨ᠂ ᠬᠦᠴᠢᠷ ᠠᠴᠠ ᠠᠶᠤᠬᠤ ᠦᠭᠡᠢ ᠡᠷᠡᠰ ᠵᠣᠷᠢᠭ ᠪᠠ ᠡᠭᠦᠷᠭᠡᠯᠡᠯ ᠢᠶᠠᠷ᠂ ᠵᠠᠰᠠᠭ ᠪᠠᠷᠢᠬᠤ | ᠴᠢᠳᠠᠪᠤᠷᠢ ᠶᠢᠨ ᠲᠦᠪᠰᠢᠨ ᠢᠶᠠᠨ ᠲᠠᠰᠤᠷᠠᠯᠲᠠ ᠦᠭᠡᠢ ᠳᠡᠭᠡᠭᠰᠢᠯᠡᠭᠦᠯᠵᠦ᠂ ᠪᠦᠬᠦ ᠰᠡᠳᠬᠢᠯ ᠪᠦᠬᠦ ᠵᠣᠷᠢᠭ ᠢᠶᠠᠷ ᠢᠶᠠᠨ ᠠᠷᠠᠳ ᠲᠦᠮᠡᠨ ᠳᠤ ᠦᠢᠯᠡᠴᠢᠯᠡᠨ᠎ᠡ᠃ | ᠪᠢᠳᠡ ᠲᠤᠭ ᠲᠡᠮᠳᠡᠭ ᠲᠣᠳᠣᠷᠬᠠᠢ ᠪᠠᠷ ᠤᠯᠤᠰ ᠲᠥᠷᠥ ᠶᠢ ᠡᠷᠬᠢᠮᠯᠡᠵᠦ᠂ ︽ᠳᠥᠷᠪᠡᠨ ᠤᠬᠠᠮᠰᠠᠷ︾ ᠢ ᠪᠠᠲᠤ ᠪᠤᠢ ᠪᠣᠯᠭᠠᠵᠤ᠂ ︽ᠳᠥᠷᠪᠡᠨ ᠢᠲᠡᠭᠡᠯ︾ ᠢ | ᠴᠢᠩᠭᠠᠳᠬᠠᠨ᠂ ᠰᠢ ᠶᠢᠨ ᠫᠢᠩ ᠨᠥᠬᠦᠷ ᠢᠶᠠᠷ ᠭᠤᠣᠯ ᠪᠣᠯᠭᠠᠭᠰᠠᠨ ᠨᠠᠮ ᠤᠨ ᠲᠥᠪ ᠬᠤᠷᠢᠶᠠᠨ ᠤ ᠡᠷᠬᠡ ᠰᠦᠷ ᠪᠠ ᠲᠥᠪᠯᠡᠩᠭᠦᠢ ᠨᠢᠭᠡᠳᠦᠯᠲᠡᠢ ᠤᠳᠤᠷᠢᠳᠤᠯᠭ᠎ᠠ ᠶᠢ | ᠬᠠᠮᠠᠭᠠᠯᠠᠨ ᠪᠠᠷᠢᠮᠲᠠᠯᠠᠵᠤ᠂ ᠨᠠᠮ ᠤᠨ ᠲᠥᠪ ᠬᠤᠷᠢᠶ᠎ᠠ ᠠᠴᠠ ᠰᠠᠨᠠᠭᠠᠴᠢᠯᠠᠭᠰᠠᠨ ᠢ ᠡᠷᠡᠰ ᠳᠠᠭᠠᠵᠤ᠂ ᠨᠠᠮ ᠤᠨ ᠲᠥᠪ ᠬᠤᠷᠢᠶ᠎ᠠ ᠠᠴᠠ ᠲᠣᠭᠲᠠᠭᠰᠠᠨ ᠢ ᠡᠷᠡᠰ | ᠭᠦᠢᠴᠡᠳᠬᠡᠵᠦ᠂ ᠨᠠᠮ ᠤᠨ ᠲᠥᠪ ᠬᠤᠷᠢᠶ᠎ᠠ ᠠᠴᠠ ᠴᠠᠭᠠᠵᠠᠯᠠᠵᠤ ᠪᠠᠶᠢᠭ᠎ᠠ ᠶᠢ ᠡᠷᠡᠰ ᠬᠢᠬᠦ ᠦᠭᠡᠢ ᠪᠠᠶᠢᠬᠤ ᠶᠢ ᠭᠦᠢᠴᠡᠳᠬᠡᠨ᠎ᠡ᠃ ᠨᠠᠮ ᠤᠨ ᠠᠷᠪᠠ ᠶᠢᠰᠦᠳᠦᠭᠡᠷ ᠶᠡᠭᠡ | ᠬᠤᠷᠠᠯ ᠤᠨ ᠵᠣᠷᠢᠭ ᠰᠠᠨᠠᠭ᠎ᠠ ᠶᠢ ᠭᠦᠨᠵᠡᠭᠡᠢ ᠰᠤᠷᠤᠯᠴᠠᠨ ᠤᠬᠠᠭᠤᠯᠵᠤ ᠲᠤᠤᠱᠯᠠᠭᠤᠯᠤᠨ᠂ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ | ᠣᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭ᠎ᠠ ᠪᠠᠷ ᠲᠠᠷᠢᠬᠢ ᠲᠣᠯᠣᠭᠠᠢ ᠪᠠᠨ ᠵᠡᠪᠰᠡᠭᠯᠡᠵᠦ᠂ ᠦᠢᠯᠡᠳᠦᠯᠭᠡ ᠪᠠᠨ ᠵᠢᠯᠣᠭᠤᠳᠤᠭᠤᠯᠵᠤ᠂ ᠠᠵᠢᠯ ᠢᠶᠠᠨ ᠲᠦᠯᠬᠢᠨ | ᠠᠬᠢᠭᠤᠯᠤᠨ᠎ᠠ᠃ | ᠪᠢᠳᠡ ᠬᠠᠤᠯᠢ ᠶᠣᠰᠣᠭᠠᠷ ᠵᠠᠰᠠᠭ ᠶᠠᠪᠤᠭᠤᠯᠵᠤ᠂ ᠵᠠᠰᠠᠭ ᠤᠨ ᠣᠷᠳᠣᠨ ᠤ ᠠᠵᠢᠯ ᠢ ᠬᠠᠤᠯᠢᠵᠢᠯ ᠤᠨ ᠵᠠᠮ ᠢᠶᠠᠷ ᠡᠷᠡᠰ ᠵᠠᠮᠨᠠᠭᠤᠯᠵᠤ᠂ ᠴᠢᠬᠤᠯᠠ ᠶᠡᠭᠡ ᠵᠠᠰᠠᠭ | ᠵᠠᠬᠢᠷᠭᠠᠨ ᠤ ᠰᠢᠢᠳᠪᠦᠷᠢ ᠶᠢ ᠲᠣᠭᠲᠠᠭᠠᠬᠤ ᠳᠠᠷᠠᠭᠠᠯᠠᠯ ᠢ ᠬᠢᠨᠠᠮᠠᠭᠠᠢ ᠭᠦᠢᠴᠡᠳᠬᠡᠵᠦ᠂ ᠬᠠᠤᠯᠢ ᠳᠤ ᠨᠡᠶᠢᠴᠡᠬᠦ ᠴᠢᠨᠠᠷ ᠢ ᠬᠢᠨᠠᠨ ᠪᠠᠶᠢᠴᠠᠭᠠᠬᠤ ᠶᠢ ᠬᠦᠴᠦᠯᠡᠨ | ᠴᠢᠩᠭᠠᠳᠬᠠᠨ᠎ᠠ᠃ ︽ᠭᠤᠷᠪᠠᠨ ᠴᠢᠬᠤᠯᠠ ᠨᠢᠭᠡ ᠶᠡᠭᠡ︾ ᠬᠡᠷᠡᠭ ᠤᠴᠢᠷ ᠢ ᠬᠤᠲᠠ ᠶᠢᠨ ᠨᠠᠮ ᠤᠨ ᠬᠤᠷᠢᠶᠠᠨ ᠤ ᠪᠠᠶᠢᠩᠭᠤ ᠶᠢᠨ ᠬᠤᠷᠢᠶᠠᠨ ᠳᠤ ᠮᠡᠳᠡᠭᠦᠯᠬᠦ | ᠳᠦᠷᠢᠮ ᠢ ᠪᠠᠷᠢᠮᠲᠠᠯᠠᠵᠤ᠂ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠵᠢᠴᠢ ᠲᠡᠭᠦᠨ ᠤ ᠪᠠᠶᠢᠩᠭᠤ ᠶᠢᠨ ᠬᠤᠷᠢᠶᠠᠨ ᠤ ᠬᠠᠤᠯᠢ ᠶᠣᠰᠣᠨ ᠤ ᠬᠢᠨᠠᠯᠲᠠ᠂ | ᠬᠤᠲᠠ ᠶᠢᠨ ᠤᠯᠤᠰ ᠲᠥᠷᠥ ᠶᠢᠨ ᠵᠥᠪᠯᠡᠯᠭᠡᠨ ᠤ ᠠᠷᠠᠳᠴᠢᠯᠠᠯᠲᠤ ᠬᠢᠨᠠᠯᠲᠠ ᠶᠢ ᠤᠬᠠᠮᠰᠠᠷ ᠠᠴᠠ ᠪᠠᠨ ᠬᠦᠯᠢᠶᠡᠵᠦ᠂ ᠰᠠᠨᠠᠭᠤᠯᠭ᠎ᠠ ᠰᠠᠨᠠᠯ ᠳᠤᠷᠠᠳᠤᠯᠭ᠎ᠠ ᠶᠢ | ᠭᠦᠢᠴᠡᠳᠬᠡᠬᠦ ᠠᠵᠢᠯ ᠢ ᠰᠠᠶᠢᠲᠤᠷ ᠬᠢᠨ᠎ᠡ᠃ ︽ᠳᠣᠯᠤᠭ᠎ᠠ ᠲᠠᠪᠤ︾ ᠶᠢᠨ ᠬᠠᠤᠯᠢ ᠶᠢ ᠲᠦᠭᠡᠮᠡᠯᠵᠢᠭᠦᠯᠬᠦ ᠠᠵᠢᠯ ᠢ ᠪᠦᠬᠦ ᠲᠠᠯ᠎ᠠ ᠪᠠᠷ ᠬᠡᠷᠡᠭᠵᠢᠭᠦᠯᠦᠨ᠎ᠡ᠃ ᠰᠢᠭᠦᠬᠦ | ᠬᠤᠷᠢᠶ᠎ᠠ᠂ ᠪᠠᠶᠢᠴᠠᠭᠠᠬᠤ ᠬᠤᠷᠢᠶᠠᠨ ᠤ ᠬᠠᠤᠯᠢ ᠶᠣᠰᠣᠭᠠᠷ ᠲᠤᠰᠢᠶᠠᠯ ᠡᠷᠬᠡ ᠪᠠᠨ ᠭᠦᠢᠴᠡᠳᠬᠡᠬᠦ ᠶᠢ ᠳᠡᠮᠵᠢᠵᠦ᠂ ᠳᠣᠲᠣᠭᠠᠳᠤ ᠶᠢ ᠬᠠᠮᠠᠭᠠᠯᠠᠬᠤ ᠪᠠᠶᠢᠭᠤᠯᠤᠮᠵᠢ ᠶᠢᠨ | ᠥᠭᠡᠷᠡᠴᠢᠯᠡᠯᠲᠡ ᠶᠢ ᠲᠦᠯᠬᠢᠨ ᠠᠬᠢᠭᠤᠯᠵᠤ᠂ ᠨᠡᠶᠢᠭᠡᠮ ᠤᠨ ᠡᠷᠬᠡ ᠲᠡᠭᠰᠢ ᠲᠥᠪ ᠭᠤᠣᠯᠴᠢ ᠶᠢ ᠬᠠᠮᠠᠭᠠᠯᠠᠨ᠎ᠠ᠃ | ᠪᠢᠳᠡ ᠲᠤᠰᠢᠶᠠᠯ ᠬᠠᠷᠢᠭᠤᠴᠠᠯᠭ᠎ᠠ ᠶᠢ ᠪᠦᠬᠦ ᠲᠠᠯ᠎ᠠ ᠪᠠᠷ ᠭᠦᠢᠴᠡᠳᠬᠡᠵᠦ᠂ ᠭᠦᠢᠴᠡᠳᠬᠡᠬᠦ ᠬᠦᠴᠦᠨ ᠢᠶᠠᠨ ᠴᠢᠨᠠᠭᠰᠢᠳᠠ ᠴᠢᠩᠭᠠᠷᠠᠭᠤᠯᠤᠨ᠂ | ᠨᠠᠶᠢᠳᠠᠪᠤᠷᠢᠵᠢᠭᠤᠯᠤᠯᠲᠠ ᠶᠢ ᠠᠳᠬᠤᠬᠤ ᠶᠠᠪᠤᠳᠠᠯ ᠢ ᠠᠵᠢᠯ ᠤᠨ ᠦᠷ᠎ᠡ ᠪᠦᠲᠦᠮᠵᠢ ᠪᠠᠨ ᠰᠢᠯᠭᠠᠬᠤ ᠴᠢᠬᠤᠯᠠ ᠪᠠᠷᠢᠮᠵᠢᠶ᠎ᠠ ᠪᠣᠯᠭᠠᠵᠤ᠂ ︽ᠲᠡᠷᠡ ᠶᠣᠰᠣᠭᠠᠷ ᠨᠢ | ᠭᠦᠢᠴᠡᠳᠬᠡᠬᠦ︾ ᠤᠬᠠᠮᠰᠠᠷ ᠢ ᠡᠷᠡᠰ ᠪᠠᠷᠢᠮᠲᠠᠯᠠᠵᠤ᠂ ᠡᠭᠦᠷᠭᠡ ᠬᠦᠯᠢᠶᠡᠬᠦ ᠳᠡᠭᠡᠨ ᠨᠥᠬᠦᠴᠡᠯ ᠳᠤᠷᠠᠳᠬᠤ ᠦᠭᠡᠢ᠂ ᠠᠵᠢᠯ ᠢ ᠨᠠᠶᠢᠳᠠᠪᠤᠷᠢᠵᠢᠭᠤᠯᠬᠤ ᠳᠠᠭᠠᠨ ᠰᠢᠯᠲᠠᠭ | ᠵᠢᠭᠠᠬᠤ ᠦᠭᠡᠢ ᠪᠠᠶᠢᠵᠤ᠂ ᠶᠠᠷᠢᠯᠴᠠᠭᠠᠳ ᠰᠢᠢᠳᠪᠦᠷᠢ ᠭᠠᠷᠭᠠᠬᠤ ᠦᠭᠡᠢ᠂ ᠰᠢᠢᠳᠦᠭᠡᠳ ᠬᠢᠬᠦ ᠦᠭᠡᠢ᠂ ᠬᠢᠭᠡᠳ ᠪᠦᠲᠦᠮᠵᠢ ᠦᠭᠡᠢ ᠪᠠᠶᠢᠬᠤ ᠶᠢ ᠡᠷᠡᠰ ᠲᠦᠭᠵᠢᠨᠡ᠃ | ᠦᠷ᠎ᠡ ᠪᠦᠲᠦᠮᠵᠢ ᠶᠢ ᠮᠥᠷᠳᠡᠨ ᠠᠰᠠᠭᠤᠬᠤ ᠲᠣᠭᠲᠠᠴᠠ ᠶᠢ ᠲᠡᠭᠦᠯᠳᠡᠷᠵᠢᠭᠦᠯᠵᠦ᠂ ᠴᠢᠬᠤᠯᠠ ᠲᠥᠷᠥᠯ ᠵᠦᠢᠯ᠂ ᠬᠦᠨᠳᠦ ᠶᠡᠭᠡ ᠤᠴᠢᠷ᠂ ᠴᠢᠬᠤᠯᠠ ᠠᠵᠢᠯ ᠳᠤ | ᠳᠠᠩᠰᠠᠯᠠᠭᠰᠠᠨ ᠬᠠᠮᠢᠶᠠᠷᠤᠯᠲᠠ ᠶᠢ ᠬᠡᠷᠡᠭᠵᠢᠭᠦᠯᠵᠦ᠂ ᠠᠵᠢᠯ ᠤᠨ ᠬᠠᠷᠠᠯᠲᠠ ᠪᠠᠷ ᠠᠵᠢᠯ ᠤᠨ ᠠᠬᠢᠴᠠ ᠶᠢ ᠭᠡᠳᠡᠷᠭᠦ ᠰᠢᠬᠠᠬᠤ᠂ ᠱᠠᠲᠤ ᠱᠠᠲᠤ ᠪᠠᠷ ᠳᠠᠷᠤᠯᠲᠠ ᠶᠢ | ᠳᠠᠮᠵᠢᠭᠤᠯᠬᠤ ᠪᠠᠷ ᠳᠠᠮᠵᠢᠨ᠂ ᠬᠠᠷᠢᠭᠤᠴᠠᠯᠭ᠎ᠠ ᠶᠢ ᠱᠠᠲᠤ ᠳᠠᠷᠠᠭᠠᠯᠠᠨ ᠨᠠᠶᠢᠳᠠᠪᠤᠷᠢᠵᠢᠭᠤᠯᠵᠤ᠂ ᠡᠯ᠎ᠡ ᠲᠥᠷᠥᠯ ᠤᠨ ᠠᠵᠢᠯ ᠢ ᠪᠣᠳᠠᠲᠠᠢ ᠳᠤ ᠨᠠᠶᠢᠳᠠᠪᠤᠷᠢᠵᠢᠭᠤᠯᠬᠤ ᠶᠢ | ᠦᠨᠡᠨ ᠬᠦ ᠪᠠᠲᠤᠯᠠᠨ᠎ᠠ᠃ ᠬᠥᠬᠢᠭᠦᠯᠦᠨ ᠬᠦᠯᠢᠶᠡᠰᠦᠯᠡᠬᠦ᠂ ᠠᠯᠳᠠᠭ᠎ᠠ ᠪᠤᠷᠤᠭᠤ ᠶᠢ ᠪᠠᠭᠲᠠᠭᠠᠨ ᠵᠠᠯᠠᠷᠠᠭᠤᠯᠬᠤ᠂ ᠬᠢᠨᠠᠨ ᠪᠠᠶᠢᠴᠠᠭᠠᠵᠤ ᠬᠠᠷᠢᠭᠤᠴᠠᠯᠭ᠎ᠠ ᠠᠰᠠᠭᠤᠬᠤ | ᠲᠣᠭᠲᠠᠴᠠ ᠶᠢ ᠪᠠᠶᠢᠭᠤᠯᠤᠨ ᠪᠦᠷᠢᠨᠰᠢᠭᠦᠯᠵᠦ᠂ ᠵᠣᠷᠢᠭᠲᠠᠢ ᠡᠭᠦᠷᠭᠡᠯᠡᠳᠡᠭ ᠬᠥᠮᠥᠨ ᠢ ᠵᠣᠷᠢᠭᠲᠠᠢ ᠬᠢᠯᠭᠡᠵᠦ᠂ ᠵᠠᠰᠠᠭ ᠤᠨ ᠶᠠᠪᠤᠳᠠᠯ ᠳᠤ ᠬᠤᠶᠢᠷᠭᠤᠰᠢᠨ ᠵᠠᠯᠬᠠᠭᠤᠷᠠᠳᠠᠭ | ᠬᠥᠮᠥᠰ ᠢ ᠵᠠᠯᠬᠠᠭᠠᠨ ᠴᠡᠭᠡᠷᠯᠡᠭᠦᠯᠦᠨ᠎ᠡ᠃ | ᠪᠢᠳᠡ ᠰᠤᠷᠤᠯᠴᠠᠯᠭ᠎ᠠ ᠪᠠ ᠪᠠᠶᠢᠴᠠᠭᠠᠨ ᠰᠤᠳᠤᠯᠤᠯᠲᠠ ᠶᠢ ᠴᠢᠩᠭᠠᠳᠬᠠᠵᠤ᠂ ᠲᠥᠷᠥ ᠶᠢᠨ ᠪᠣᠳᠣᠯᠭ᠎ᠠ ᠣᠨᠣᠯ᠂ ᠲᠤᠰᠬᠠᠢ ᠮᠡᠷᠭᠡᠵᠢᠯ ᠤᠨ ᠮᠡᠳᠡᠯᠭᠡ ᠶᠢᠨ | ᠰᠤᠷᠤᠯᠴᠠᠯᠭ᠎ᠠ ᠶᠢ ᠴᠢᠩᠭᠠᠳᠬᠠᠵᠤ᠂ ᠰᠢᠨ᠎ᠡ ᠮᠡᠷᠭᠡᠵᠢᠯ᠂ ᠰᠢᠨ᠎ᠡ ᠠᠵᠤ ᠦᠢᠯᠡᠰ᠂ ᠰᠢᠨ᠎ᠡ ᠡᠵᠡᠩᠨᠡᠬᠦ ᠠᠷᠭ᠎ᠠ ᠬᠡᠯᠪᠡᠷᠢ᠂ ᠰᠢᠨ᠎ᠡ ᠵᠠᠭᠪᠤᠷ ᠤᠨ ᠲᠤᠬᠠᠢ ᠰᠤᠳᠤᠯᠭᠠᠨ ᠢ | ᠴᠢᠩᠭᠠᠷᠠᠭᠤᠯᠵᠤ᠂ ᠬᠡᠷᠡᠭᠯᠡᠬᠦ ᠶᠢᠨ ᠲᠥᠯᠥᠭᠡ ᠰᠤᠷᠤᠯᠴᠠᠵᠤ᠂ ᠮᠡᠳᠡᠴᠡ ᠠᠵᠢᠯᠯᠠᠭ᠎ᠠ ᠶᠢ ᠤᠶᠠᠯᠳᠤᠭᠤᠯᠵᠤ᠂ ᠰᠤᠷᠤᠯᠴᠠᠭᠰᠠᠨ ᠦᠷ᠎ᠡ ᠪᠦᠲᠦᠭᠡᠯ ᠢ ᠰᠡᠳᠬᠢᠴᠡ ᠪᠠᠨ | ᠰᠦᠪᠡᠭᠴᠢᠯᠡᠵᠦ᠂ ᠦᠢᠯᠡᠳᠦᠯᠭᠡ ᠶᠢ ᠵᠢᠯᠣᠭᠤᠳᠴᠤ᠂ ᠠᠵᠢᠯ ᠢᠶᠠᠨ ᠠᠬᠢᠭᠤᠯᠬᠤ ᠪᠣᠳᠠᠲᠠᠢ ᠠᠵᠢᠯᠯᠠᠭ᠎ᠠ ᠪᠣᠯᠭᠠᠨ ᠬᠤᠪᠢᠷᠠᠭᠤᠯᠤᠨ᠎ᠠ᠃ ᠪᠠᠶᠢᠴᠠᠭᠠᠨ ᠰᠤᠳᠤᠯᠬᠤ | ᠰᠤᠷᠲᠠᠯ ᠢ ᠬᠦᠴᠦᠲᠡᠢ ᠪᠠᠳᠠᠷᠠᠭᠤᠯᠵᠤ᠂ ᠠᠵᠢᠯ ᠤᠨ ᠪᠠᠶᠢᠳᠠᠯ ᠰᠠᠶᠢᠨ᠂ ᠲᠡᠷᠢᠭᠦᠨ ᠤ ᠭᠠᠵᠠᠷ ᠣᠷᠣᠨ ᠳᠤ ᠣᠴᠢᠵᠤ ᠲᠤᠷᠰᠢᠯᠭ᠎ᠠ ᠶᠢ ᠨᠢ ᠳ᠋ᠦᠩᠨᠡᠬᠦ ᠪᠥᠭᠡᠳ᠂ | ᠨᠡᠯᠢᠶᠡᠳ ᠣᠯᠠᠨ ᠬᠦᠴᠢᠷᠳᠡᠯ ᠲᠠᠢ᠂ ᠪᠠᠶᠢᠳᠠᠯ ᠪᠤᠳᠤᠯᠢᠶᠠᠨᠲᠠᠢ᠂ ᠵᠥᠷᠢᠴᠡᠯ ᠬᠤᠷᠴᠠ ᠭᠠᠵᠠᠷ ᠣᠷᠣᠨ ᠳᠤ ᠬᠦᠷᠴᠦ ᠠᠰᠠᠭᠤᠳᠠᠯ ᠢ ᠰᠤᠳᠤᠯᠤᠨ᠎ᠠ᠂ ᠣᠨᠴᠠᠭᠠᠶᠢᠯᠠᠨ | ᠣᠯᠠᠨ ᠲᠦᠮᠡᠨ ᠬᠠᠮᠤᠭ ᠠᠴᠠ ᠠᠩᠬᠠᠷᠴᠤ᠂ ᠬᠠᠮᠤᠭ ᠠᠴᠠ ᠬᠦᠰᠡᠨ ᠪᠠᠷᠠᠯᠠᠵᠤ᠂ ᠬᠠᠮᠤᠭ ᠠᠴᠠ ᠵᠢᠮᠡᠯᠡᠵᠦ᠂ ᠬᠠᠮᠤᠭ ᠠᠴᠠ ᠪᠤᠬᠢᠨᠢᠳᠤᠨ ᠵᠣᠪᠠᠵᠤ᠂ ᠬᠠᠮᠤᠭ ᠠᠴᠠ | ᠬᠤᠷᠣᠰᠴᠤ ᠪᠠᠶᠢᠭ᠎ᠠ ᠠᠰᠠᠭᠤᠳᠠᠯ ᠢ ᠰᠠᠨᠠᠭᠠᠴᠢᠯᠠᠭ᠎ᠠ ᠠᠴᠠ ᠪᠠᠨ ᠪᠠᠶᠢᠴᠠᠭᠠᠨ ᠰᠤᠳᠤᠯᠵᠤ᠂ ᠣᠷᠣᠰᠢᠵᠤ ᠪᠠᠶᠢᠭ᠎ᠠ ᠵᠥᠷᠢᠴᠡᠯ ᠪᠠ ᠠᠰᠠᠭᠤᠳᠠᠯ ᠢ ᠣᠨᠣᠪᠴᠢᠲᠠᠢ | ᠣᠶᠢᠯᠠᠭᠠᠵᠤ᠂ ᠲᠣᠭᠲᠠᠭᠰᠠᠨ ᠲᠥᠷᠥ ᠶᠢᠨ ᠪᠣᠳᠣᠯᠭ᠎ᠠ ᠠᠷᠭ᠎ᠠ ᠪᠣᠳᠣᠯᠭ᠎ᠠ ᠶᠢᠨ ᠪᠣᠳᠠᠲᠠᠢ ᠳᠤ ᠨᠡᠩ ᠢᠯᠡᠭᠦᠦ ᠨᠡᠶᠢᠴᠡᠵᠦ᠂ ᠣᠯᠠᠨ ᠲᠦᠮᠡᠨ ᠤ ᠬᠦᠰᠡᠯ ᠪᠣᠳᠣᠯ ᠳᠤ | ᠨᠡᠶᠢᠴᠡᠬᠦ ᠶᠢ ᠪᠠᠲᠤᠯᠠᠨ᠎ᠠ᠃ | ᠪᠢᠳᠡ ᠨᠠᠮ ᠢ ᠪᠦᠬᠦ ᠲᠠᠯ᠎ᠠ ᠪᠠᠷ ᠴᠢᠩᠭ᠎ᠠ ᠵᠠᠰᠠᠬᠤ ᠬᠠᠷᠢᠭᠤᠴᠠᠯᠭ᠎ᠠ ᠶᠢ ᠬᠢᠨᠠᠮᠠᠭᠠᠢ ᠭᠦᠢᠴᠡᠳᠬᠡᠵᠦ᠂ ᠲᠥᠪ ᠤᠨ ᠨᠠᠢᠮᠠᠨ ᠲᠥᠷᠥᠯ ᠤᠨ ᠲᠣᠭᠲᠠᠭᠠᠯ ᠢ | ᠬᠡᠷᠡᠭᠵᠢᠭᠦᠯᠬᠦ ᠨᠠᠷᠢᠨ ᠳᠦᠷᠢᠮ᠂ ᠥᠪᠡᠷᠲᠡᠭᠡᠨ ᠵᠠᠰᠠᠬᠤ ᠣᠷᠣᠨ ᠤ ᠲᠥᠬᠦᠷ ᠲᠣᠭᠲᠠᠭᠠᠯ ᠢ ᠴᠢᠩᠭ᠎ᠠ ᠬᠡᠷᠡᠭᠵᠢᠭᠦᠯᠵᠦ᠂ ᠣᠪᠣᠷ ᠰᠤᠷᠲᠠᠯ ᠢᠶᠠᠨ ᠡᠷᠡᠰ ᠬᠤᠪᠢᠷᠠᠭᠤᠯᠵᠤ | ᠂ ︽ᠳᠥᠷᠪᠡᠨ ᠰᠤᠷᠲᠠᠯ︾ ᠤᠨ ᠰᠢᠨ᠎ᠡ ᠢᠯᠡᠷᠡᠯ ᠢ ᠡᠷᠡᠰ ᠴᠡᠭᠴᠡᠯᠡᠨ ᠵᠠᠯᠠᠷᠠᠭᠤᠯᠤᠨ᠎ᠠ᠃ ᠠᠯᠢᠪᠠ ᠳᠤ ᠪᠣᠳᠠᠲᠠᠢ ᠠᠴᠠ ᠡᠭᠦᠰᠬᠦ ᠶᠢ ᠪᠠᠷᠢᠮᠲᠠᠯᠠᠵᠤ᠂ ᠰᠠᠬᠢᠯᠭ᠎ᠠ | ᠪᠠᠲᠤ ᠶᠢ ᠴᠢᠩᠭᠠᠳᠬᠠᠨ᠂ ᠠᠵᠤ ᠠᠬᠤᠢ ᠶᠢᠨ ᠲᠤᠭ᠎ᠠ ᠪᠠᠷᠢᠮᠲᠠ ᠶᠢ ᠦᠨᠡᠨ ᠬᠦ ᠪᠣᠳᠠᠲᠠᠢ ᠬᠢᠨ᠎ᠡ᠃ ︽ᠬᠤᠶᠠᠷ ᠢ ᠰᠤᠷᠤᠯᠴᠠᠵᠤ ᠬᠢᠷᠢ ᠲᠡᠩᠴᠡᠭᠰᠡᠨ ᠨᠠᠮ ᠤᠨ | ᠭᠡᠰᠢᠭᠦᠨ ᠪᠣᠯᠬᠤ︾ ᠰᠤᠷᠤᠯᠴᠠᠯᠭ᠎ᠠ ᠬᠥᠮᠥᠵᠢᠯ ᠢ ᠪᠠᠶᠢᠩᠭᠤᠵᠢᠭᠤᠯᠵᠤ ᠳᠦᠷᠢᠮᠵᠢᠭᠦᠯᠬᠦ ᠶᠢ ᠭᠦᠨᠵᠡᠭᠡᠢ ᠲᠦᠯᠬᠢᠨ ᠠᠬᠢᠭᠤᠯᠵᠤ᠂ ︽ᠤᠭ ᠰᠠᠨᠠᠭ᠎ᠠ ᠪᠠᠨ ᠥᠯᠥ | ᠮᠠᠷᠲᠠᠵᠤ᠂ ᠡᠭᠦᠷᠭᠡ ᠪᠠᠨ ᠪᠠᠲᠤ ᠴᠡᠭᠡᠵᠢᠯᠡᠬᠦ︾ ᠭᠤᠣᠯ ᠰᠡᠳᠦᠪᠲᠦ ᠬᠥᠮᠥᠵᠢᠯ ᠢ ᠥᠷᠨᠢᠭᠦᠯᠵᠦ᠂ ᠵᠠᠰᠠᠭ ᠤᠨ ᠣᠷᠳᠣᠨ ᠤ ᠰᠢᠰᠲ᠋ᠧᠮ ᠤᠨ ᠨᠠᠮ ᠤᠨ | ᠪᠠᠶᠢᠭᠤᠯᠤᠯᠲᠠ ᠶᠢᠨ ᠠᠵᠢᠯ ᠤᠨ ᠲᠦᠪᠰᠢᠨ ᠢ ᠪᠦᠬᠦ ᠲᠠᠯ᠎ᠠ ᠪᠠᠷ ᠳᠡᠭᠡᠭᠰᠢᠯᠡᠭᠦᠯᠦᠨ᠎ᠡ᠃ ᠬᠢᠨᠠᠨ ᠪᠣᠳᠣᠯᠲᠠ ᠶᠢᠨ ᠬᠢᠨᠠᠯᠲᠠ ᠶᠢ ᠴᠢᠩᠭᠠᠳᠬᠠᠵᠤ᠂ ᠬᠢᠨᠠᠨ ᠪᠠᠶᠢᠴᠠᠭᠠᠬᠤ | ᠵᠥᠪᠯᠡᠯ ᠤᠨ ᠠᠵᠢᠯ ᠢ ᠳᠡᠮᠵᠢᠵᠦ᠂ ᠣᠯᠠᠨ ᠲᠦᠮᠡᠨ ᠤ ᠠᠰᠢᠭ ᠲᠤᠰᠠ ᠶᠢ ᠬᠤᠬᠢᠷᠠᠭᠤᠯᠤᠭᠰᠠᠨ ᠦᠢᠯᠡ ᠠᠵᠢᠯᠯᠠᠭ᠎ᠠ ᠶᠢ ᠡᠷᠡᠰ ᠴᠡᠭᠴᠡᠯᠡᠨ ᠵᠠᠰᠠᠨ᠎ᠠ᠃ | ᠲᠥᠯᠥᠭᠡᠯᠡᠭᠴᠢᠳ ᠡ᠂ ᠰᠠᠶ᠋ᠢᠬᠠᠨ ᠲᠡᠭᠦᠰᠦᠭᠰᠡᠨ ᠬᠤᠲᠠ ᠶᠢᠨ ᠨᠠᠮ ᠤᠨ ᠬᠤᠷᠢᠶᠠᠨ ᠤ ᠳᠥᠷᠪᠡᠳᠦᠭᠡᠷ ᠬᠤᠭᠤᠴᠠᠭᠠᠨ ᠤ ᠳᠥᠷᠪᠡᠳᠦᠭᠡᠷ ᠤᠳᠠᠭ᠎ᠠ ᠶᠢᠨ ᠪᠦᠭᠦᠳᠡ | ᠬᠤᠷᠠᠯ ᠵᠢᠴᠢ ᠪᠦᠬᠦ ᠬᠤᠲᠠ ᠶᠢᠨ ᠠᠵᠤ ᠠᠬᠤᠢ ᠶᠢᠨ ᠠᠵᠢᠯ ᠤᠨ ᠬᠤᠷᠠᠯ ᠠᠴᠠ᠂ ᠪᠠᠶᠠᠨᠨᠠᠭᠤᠷ ᠢᠶᠠᠨ ᠪᠣᠬᠢᠷᠲᠤᠯ ᠦᠭᠡᠢ ᠠᠵᠤ ᠦᠢᠯᠡᠰ ᠲᠥᠪᠯᠡᠷᠡᠭᠰᠡᠨ ᠣᠷᠣᠨ᠂ | ᠠᠮᠢ ᠠᠬᠤᠢ ᠶᠢᠨ ᠪᠣᠯᠪᠠᠰᠤᠨ ᠤ ᠵᠢᠱᠢᠶ᠎ᠡ ᠦᠵᠡᠭᠦᠯᠬᠦ ᠣᠷᠣᠨ᠂ ᠬᠥᠳᠡᠭᠡ ᠲᠣᠰᠬᠤᠨ ᠢ ᠮᠠᠨᠳᠤᠭᠤᠯᠤᠭᠰᠠᠨ ᠳᠠᠭᠤᠷᠢᠶᠠᠯ ᠣᠷᠣᠨ᠂ ᠮᠣᠩᠭᠤᠯ ᠤᠯᠤᠰ ᠲᠠᠢ | ᠴᠢᠯᠥᠭᠡᠲᠡᠢ ᠶᠠᠪᠤᠯᠴᠠᠭᠰᠠᠨ ᠲᠦᠷᠦᠭᠦᠴᠢ ᠣᠷᠣᠨ᠂ ᠰᠠᠶᠢᠨ ᠰᠠᠶᠢᠬᠠᠨ ᠠᠮᠢᠳᠤᠷᠠᠯ ᠢ ᠬᠠᠮᠲᠤᠪᠠᠷ ᠡᠳ᠋ᠯᠡᠬᠦ ᠣᠷᠣᠨ ᠪᠣᠯᠭᠠᠨ ᠪᠠᠶᠢᠭᠤᠯᠵᠤ᠂ ᠣᠳᠣᠬᠢᠴᠢᠯᠠᠭᠰᠠᠨ ᠠᠮᠢ | ᠠᠬᠤᠢ ᠶᠢᠨ ᠲᠠᠷᠢᠶᠠᠯᠠᠩ ᠤᠨ ᠬᠤᠲᠠ ᠪᠣᠯᠭᠠᠨ ᠪᠠᠶᠢᠭᠤᠯᠵᠤ᠂ ᠠᠷᠤ ᠭᠠᠵᠠᠷ ᠤᠨ ᠵᠢᠶᠠᠩᠨᠠᠨ᠂ ᠪᠣᠬᠢᠷᠲᠤᠯ ᠦᠭᠡᠢ ᠪᠠᠷ ᠬᠥᠭᠵᠢᠨ ᠮᠠᠨᠳᠤᠬᠤ ᠶᠢ ᠪᠡᠶᠡᠯᠡᠭᠦᠯᠦᠨ᠎ᠡ ᠭᠡᠵᠦ | ᠳᠤᠷᠠᠳᠤᠭᠰᠠᠨ ᠪᠠᠶᠢᠨ᠎ᠠ᠃ ᠡᠨᠡ ᠬᠦ ᠲᠡᠮᠡᠴᠡᠬᠦ ᠬᠠᠷᠠᠯᠲᠠ ᠨᠢ᠂ ᠪᠦᠬᠦ ᠬᠤᠲᠠ ᠶᠢᠨ ᠡᠯ᠎ᠡ ᠦᠨᠳᠦᠰᠦᠲᠡᠨ ᠤ ᠠᠷᠠᠳ ᠲᠦᠮᠡᠨ ᠤ ᠪᠠᠶᠠᠨᠨᠠᠭᠤᠷ ᠤᠨ ᠰᠠᠶᠢᠨ ᠰᠠᠶᠢᠬᠠᠨ | ᠢᠷᠡᠭᠡᠳᠦᠢ ᠶᠢᠨ ᠲᠤᠬᠠᠢ ᠬᠦᠰᠡᠯ ᠪᠠᠷᠠᠯᠠᠯ ᠢ ᠲᠤᠰᠬᠠᠵᠤ ᠪᠤᠢ᠃ ᠵᠣᠯ ᠵᠢᠷᠭᠠᠯ ᠢ ᠪᠦᠷ ᠲᠡᠮᠡᠴᠡᠯ ᠢᠶᠠᠷ ᠣᠯᠣᠭᠰᠠᠨ ᠶᠤᠮ᠂ ᠪᠢᠳᠡ ᠬᠠᠨᠴᠤᠢ ᠰᠢᠮᠠᠯᠠᠨ ᠴᠢᠷᠮᠠᠶᠢᠨ | ᠬᠢᠵᠦ᠂ ᠯᠠᠪᠳᠠᠭᠤᠨ ᠪᠠᠲᠤᠲᠠᠢ ᠴᠢᠷᠮᠠᠶᠢᠵᠤ ᠪᠠᠶᠢᠭᠠᠳ ᠠᠤᠭ᠎ᠠ ᠶᠡᠭᠡ ᠲᠡᠮᠡᠴᠡᠬᠦ ᠬᠠᠷᠠᠯᠲᠠ ᠶᠢ ᠰᠠᠶᠢᠨ ᠰᠠᠶᠢᠬᠠᠨ ᠪᠣᠳᠠᠲᠤ ᠪᠠᠶᠢᠳᠠᠯ ᠪᠣᠯᠭᠠᠬᠤ ᠪᠣᠯᠣᠨ᠎ᠠ᠃ | ᠲᠥᠯᠥᠭᠡᠯᠡᠭᠴᠢᠳ ᠡ᠂ ᠴᠠᠭ ᠦᠶ᠎ᠡ ᠬᠦᠨᠳᠦ ᠡᠭᠦᠷᠭᠡ ᠥᠭᠴᠦ᠂ ᠪᠣᠳᠠᠲᠠᠢ ᠴᠢᠷᠮᠠᠶᠢᠯᠭ᠎ᠠ ᠨᠢ ᠰᠠᠴᠤᠷᠠᠩᠭᠤᠢ ᠠᠮᠵᠢᠯᠲᠠ ᠶᠢ ᠪᠦᠲᠦᠭᠡᠨ᠎ᠡ᠃ ᠪᠢᠳᠡ ᠰᠢ ᠶᠢᠨ | ᠫᠢᠩ ᠢᠶᠠᠷ ᠭᠤᠣᠯ ᠪᠣᠯᠭᠠᠭᠰᠠᠨ ᠨᠠᠮ ᠤᠨ ᠲᠥᠪ ᠬᠤᠷᠢᠶᠠᠨ ᠤ ᠲᠣᠭᠤᠷᠢᠨ ᠳᠤ ᠨᠡᠩ ᠨᠢᠭᠲᠠᠷᠠᠨ ᠪᠦᠯᠬᠦᠮᠳᠡᠵᠦ᠂ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ | ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭᠠᠨ ᠤ ᠵᠢᠯᠣᠭᠤᠳᠤᠯᠭ᠎ᠠ ᠳᠣᠣᠷ᠎ᠠ᠂ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ | ᠂ ᠵᠠᠰᠠᠭ ᠤᠨ ᠣᠷᠳᠣᠨ ᠪᠠ ᠬᠤᠲᠠ ᠶᠢᠨ ᠨᠠᠮ ᠤᠨ ᠬᠤᠷᠢᠶᠠᠨ ᠤ ᠵᠥᠪ ᠣᠨᠣᠪᠴᠢᠲᠠᠢ ᠤᠳᠤᠷᠢᠳᠤᠯᠭ᠎ᠠ ᠳᠣᠣᠷ᠎ᠠ᠂ ᠤᠭ ᠰᠠᠨᠠᠭ᠎ᠠ ᠪᠠᠨ ᠥᠯᠥ ᠮᠠᠷᠲᠠᠵᠤ᠂ | ᠡᠭᠦᠷᠭᠡ ᠪᠠᠨ ᠪᠠᠲᠤ ᠴᠡᠭᠡᠵᠢᠯᠡᠵᠦ᠂ ᠡᠭᠦᠷᠢᠳᠡ ᠰᠤᠯᠠᠷᠠᠰᠢ ᠦᠭᠡᠢ ᠵᠣᠷᠢᠭ ᠰᠠᠨᠠᠭᠠᠨ ᠤ ᠪᠠᠶᠢᠳᠠᠯ ᠢᠶᠠᠷ᠂ ᠰᠢᠨᠲᠠᠷᠠᠰᠢ ᠦᠭᠡᠢ ᠲᠡᠮᠡᠴᠡᠯ ᠤᠨ ᠪᠠᠶᠢᠳᠠᠯ ᠢᠶᠠᠷ᠂ ᠪᠡᠷᠬᠡ | ᠪᠣᠭᠤᠮᠲᠠ ᠶᠢ ᠰᠢᠪᠲᠤᠯᠤᠨ᠂ ᠠᠵᠢᠯ ᠬᠢᠵᠦ ᠦᠢᠯᠡᠰ ᠪᠦᠲᠦᠭᠡᠨ᠂ ᠪᠦᠬᠦ ᠬᠤᠲᠠ ᠶᠢᠨ ᠡᠯ᠎ᠡ ᠦᠨᠳᠦᠰᠦᠲᠡᠨ ᠤ ᠠᠷᠠᠳ ᠲᠦᠮᠡᠨ ᠤ ᠠᠮᠢᠳᠤᠷᠠᠯ ᠢ ᠨᠡᠩ ᠰᠠᠶᠢᠨ | ᠰᠠᠶᠢᠬᠠᠨ ᠪᠣᠯᠭᠠᠵᠤ᠂ ᠠᠷᠤ ᠭᠠᠵᠠᠷ ᠤᠨ ᠵᠢᠶᠠᠩᠨᠠᠨ᠂ ᠪᠣᠬᠢᠷᠲᠤᠯ ᠦᠭᠡᠢ ᠪᠠᠷ ᠬᠥᠭᠵᠢᠨ ᠮᠠᠨᠳᠤᠬᠤ ᠶᠢ ᠪᠡᠶᠡᠯᠡᠭᠦᠯᠬᠦ ᠶᠢᠨ ᠲᠥᠯᠥᠭᠡ ᠴᠤᠴᠠᠯᠲᠠ ᠦᠭᠡᠢ ᠲᠡᠮᠡᠴᠡᠰᠦᠭᠡᠢ | ︕ |