ᠪᠠᠶᠠᠨᠨᠠᠭᠤᠷ ᠤᠨ ᠲᠡᠦᠬᠡ
ᠨᠡᠶᠢᠲᠡᠯᠡᠭᠰᠡᠨ ᠴᠠᠭ᠄
2018/9/25
     ᠪᠠᠯᠠᠷ ᠡᠷᠲᠡᠨ ᠤ ᠨᠡᠶᠢᠭᠡᠮ ᠳᠤ᠂ ᠪᠠᠶᠠᠨᠨᠠᠭᠤᠷ ᠬᠤᠳᠠ ᠶᠢᠨ ᠬᠢᠯᠢ ᠳᠠᠬᠢ ᠮᠤᠨᠠ ᠠᠭᠤᠯᠠ ᠠᠴᠠ ᠤᠮᠠᠷᠠᠰᠢᠬᠢ ᠭᠠᠵᠠᠷ ᠣᠷᠣᠨ ᠳᠤ ᠳᠠᠷᠤᠶ ᠬᠥᠮᠦᠨ ᠲᠥᠷᠥᠯᠬᠢᠲᠡᠨ ᠣᠷᠣᠰᠢᠨ  ᠰᠠᠭᠤᠵᠤ᠂ ᠠᠩ ᠠᠩᠨᠠᠬᠤ ᠪᠠᠷ ᠭᠤᠣᠯ ᠪᠣᠯᠭᠠᠭᠰᠠᠨ ᠠᠮᠢᠳᠤᠷᠠᠯ ᠲᠠᠢ ᠪᠠᠶᠢᠪᠠ᠃ ᠰᠢᠶᠠ᠂ ᠱᠠᠩ ᠪᠠᠷᠠᠭᠤᠨ ᠵᠧᠦ ᠤᠯᠤᠰ ᠠᠴᠠ ᠴᠦᠨ ᠴᠢᠦ ᠬᠦᠷᠲᠡᠯ᠎ᠡ᠂ ᠭᠦᠢ ᠹᠠᠩ᠂ ᠬᠢᠶᠠᠨ ᠵᠡᠷᠭᠡ ᠦᠨᠳᠦᠰᠦᠲᠡᠨ ᠠᠳᠡ ᠨᠡᠭᠦᠳᠡᠯ ᠮᠠᠯᠵᠢᠯ ᠬᠢᠵᠦ ᠪᠠᠶᠢᠪᠠ᠃ ᠪᠠᠶᠢᠯᠳᠤᠭᠠᠨᠲᠤ ᠤᠯᠤᠰ ᠤᠨ ᠦᠶ᠎ᠡ ᠳᠤ᠂ ᠵᠣᠣ ᠤᠯᠤᠰ ᠤᠨ ᠶᠦᠨ ᠵᠦᠩ ᠵᠢᠶᠦ᠋ᠨ ᠤ ᠬᠠᠷᠢᠶ᠎ᠠ ᠮᠣᠨᠠ ᠠᠭᠤᠯᠠ ᠶᠢᠨ ᠡᠮᠦᠨ᠎ᠡ ᠬᠦᠷᠴᠦ᠂  ᠴᠢᠨ ᠤᠯᠤᠰ ᠤᠨ ᠦᠶ᠎ᠡ ᠳᠤ᠂ ᠴᠢᠨ ᠤ ᠵᠢᠦ ᠶᠤᠸᠠᠨ ᠵᠢᠶᠦ᠋ᠨ ᠤ ᠬᠡᠪᠴᠢᠶ᠎ᠡ ᠨᠢ ᠮᠣᠨᠠ ᠠᠭᠤᠯᠠ ᠶᠢᠨ ᠡᠮᠦᠨ᠎ᠡ ᠬᠦᠷᠴᠦ᠂ ᠾᠦᠩᠨᠦ ᠦᠨᠳᠦᠰᠦᠲᠡᠨ ᠮᠣᠨᠠ ᠠᠭᠤᠯᠠ ᠠᠴᠠ ᠤᠮᠠᠷᠠᠰᠢᠬᠢ ᠣᠷᠣᠨ ᠳᠤ ᠠᠮᠢᠳᠤᠷᠠᠵᠤ ᠪᠠᠶᠢᠪᠠ᠃ ᠪᠠᠷᠠᠭᠤᠨ ᠬᠠᠨ ᠤᠯᠤᠰ ᠤᠨ ᠦ᠋ ᠳ᠋ᠢ ᠶᠤᠸᠠᠨ ᠱᠦᠸᠧ ᠶᠢᠨ ᠬᠤᠶᠠᠳᠤᠭᠠᠷ ᠣᠨ  ︵ᠨᠡᠶᠢᠲᠡ ᠶᠢᠨ ᠣᠨ ᠲᠣᠭᠠᠯᠠᠯ ᠠᠴᠠ ᠡᠮᠦᠨ᠎ᠡ 127 ᠣᠨ︶᠎ ᠳᠤ  ᠦᠶᠤᠸᠠᠨ᠂ ᠱᠦᠸᠧ ᠹᠠᠩ ᠬᠤᠶᠠᠷ ᠵᠢᠶᠦ᠋ᠨ ᠪᠠᠶᠢᠭᠤᠯᠪᠠ᠃ ᠱᠦᠸᠧ ᠹᠠᠩ ᠵᠢᠶᠦ᠋ᠨ ᠎ ᠨᠢ ᠱᠦᠸᠧ ᠹᠠᠩ᠂ ᠸᠧ ᠶᠧ᠂  ᠯᠢᠨ ᠾᠧ᠂ ᠯᠢᠨ ᠷᠦᠩ᠂ ᠰᠠᠨ ᠹᠧᠩ᠂ ᠢᠦᠢ ᠬᠤᠨ ᠵᠡᠷᠭᠡ ᠠᠷᠪᠠᠨ ᠰᠢᠶᠠᠨ  ᠢ ᠵᠠᠬᠢᠷᠴᠤ᠂  ᠦᠶᠤᠸᠠᠨ ᠵᠢᠶᠦ᠋ᠨ ᠵᠢᠦ ᠶᠤᠸᠠᠨ᠂ ᠭᠦ᠋ ᠶᠠᠩ᠂ ᠪᠠᠷᠠᠭᠤᠨ ᠠᠨ ᠶᠠᠩ᠂ ᠾᠧ ᠮᠦ᠂ ᠭᠤᠸᠠᠩ ᠮᠦ ᠵᠡᠷᠭᠡ ᠠᠷᠪᠠᠨ ᠵᠢᠷᠭᠤᠭᠠᠨ ᠰᠢᠶᠠᠨ ᠢ ᠵᠠᠬᠢᠷᠴᠤ ᠪᠠᠶᠢᠪᠠ᠃ ᠵᠡᠭᠦᠨ ᠬᠠᠨ ᠤᠯᠤᠰ ᠤᠨ ᠡᠬᠢᠨ ᠤ ᠦᠶ᠎ᠡ ᠳᠤ᠂ ᠾᠦᠩᠨᠦ  ᠶᠢᠨ ᠡᠮᠦᠨ᠎ᠡ ᠴᠠᠨ ᠢᠦᠢ ᠣᠪᠣᠭ ᠶᠠᠰᠤᠲᠠᠨ ᠲᠠᠢ ᠪᠠᠨ ᠠᠳᠡ ᠰᠠᠭᠤᠷᠢᠰᠢᠵᠤ᠂ ᠵᠡᠭᠦᠨ ᠬᠠᠨ ᠤᠯᠤᠰ ᠤᠨ ᠰᠡᠭᠦᠯᠴᠢ ᠪᠠᠷ  ᠱᠦᠸᠧ ᠹᠠᠩ ᠵᠢᠶᠦ᠋ᠨ᠂ ᠦᠶᠤᠸᠠᠨ  ᠵᠢᠶᠦ᠋ᠨ ᠢ ᠲᠠᠶᠠᠭᠳᠠᠵᠤᠬᠤᠶ᠃ ᠵᠡᠭᠦᠨ ᠬᠠᠨ ᠤᠯᠤᠰ ᠤᠨ ᠰᠡᠭᠦᠯᠴᠢ ᠠᠴᠠ ᠠᠷᠪᠠᠨ ᠵᠢᠷᠭᠤᠭᠠᠨ ᠤᠯᠤᠰ ᠤᠨ ᠦᠶ᠎ᠡ ᠬᠦᠷᠲᠡᠯ᠎ᠡ᠂ ᠡᠮᠦᠨᠡᠲᠦ ᠾᠦᠩᠨᠦ ᠵᠡᠷᠭᠡ ᠦᠨᠳᠦᠰᠦᠲᠡᠨ ᠠᠳᠡ ᠨᠡᠭᠦᠳᠡᠯ ᠮᠠᠯᠵᠢᠯ ᠬᠢᠵᠦ ᠪᠠᠶᠢᠪᠠ᠃ ᠤᠮᠠᠷᠠᠲᠤ ᠸᠧᠶ ᠤᠯᠤᠰ ᠤᠨ ᠦᠶ᠎ᠡ ᠳᠤ᠂ ᠬᠤᠸᠠᠢ ᠱᠦᠸᠧ᠂ ᠸᠧ ᠶᠧ ᠬᠤᠶᠠᠷ ᠪᠠᠯᠭᠠᠰᠤ  ᠪᠠᠶᠠᠨᠨᠠᠭᠤᠷ ᠤᠨ ᠬᠢᠯᠢ ᠳᠣᠲᠣᠷ᠎ᠠ ᠪᠠᠶᠢᠭᠤᠯᠤᠮᠵᠢ ᠲᠠᠢ ᠪᠠᠶᠢᠪᠠ᠃ ᠲᠠᠩ ᠤᠯᠤᠰ ᠤᠨ ᠦᠶ᠎ᠡ ᠳᠤ᠂ ᠡᠬᠢᠨ ᠳᠡᠭᠡᠨ ᠹᠧᠩ ᠵᠸᠦ ᠶᠢᠨ ᠬᠠᠷᠢᠶᠠᠨ ᠳᠤ ᠪᠠᠶᠢᠵᠤ᠂ ᠰᠡᠭᠦᠯᠡᠷ ᠨᠢ᠂ ᠳᠤᠮᠳᠠᠳᠤ᠂ ᠪᠠᠷᠠᠭᠤᠨ ᠪᠠᠭᠤᠵᠤ ᠥᠭᠭᠦᠭᠰᠡᠨ ᠬᠤᠲᠠ ᠶᠢᠨ ᠭᠠᠵᠠᠷ ᠲᠤ ᠣᠷᠣᠪᠠ᠃ ᠰᠦᠩ ᠤᠯᠤᠰ᠂ ᠯᠢᠶᠣᠤ ᠤᠯᠤᠰ᠂  ᠠᠯᠲᠠᠨ ᠤᠯᠤᠰ᠂ ᠰᠢᠶᠠ ᠤᠯᠤᠰ ᠤᠨ ᠦᠶ᠎ᠡ ᠳᠤ᠂ ᠪᠠᠶᠠᠨᠨᠠᠭᠤᠷ ᠣᠷᠣᠨ ᠤ ᠵᠡᠭᠦᠨ ᠬᠢᠯᠢ ᠤᠳᠠᠭ᠎ᠠ ᠳᠠᠷᠠᠭ᠎ᠠ ᠪᠠᠷ ᠯᠢᠶᠣᠤ ᠤᠯᠤᠰ᠂ ᠠᠯᠲᠠᠨ ᠤᠯᠤᠰ ᠲᠤ ᠬᠠᠷᠢᠶᠠᠯᠠᠭᠳᠠᠵᠤ᠂ ᠪᠠᠷᠠᠭᠤᠨ ᠬᠢᠯᠢ ᠨᠢ ᠪᠠᠷᠠᠭᠤᠨ ᠰᠢᠶᠠ ᠤᠯᠤᠰ ᠤᠨ ᠬᠠᠷᠢᠶ᠎ᠠ ᠭᠠᠵᠠᠷ  ᠪᠠᠶᠢᠪᠠ᠃  ᠶᠤᠸᠠᠨ ᠤᠯᠤᠰ ᠤᠨ ᠦᠶ᠎ᠡ ᠳᠤ᠂  ᠮᠣᠨᠠ ᠠᠭᠤᠯᠠ ᠶᠢᠨ ᠡᠮᠦᠨ᠎ᠡ ᠬᠡᠰᠡᠭ  ᠳ᠋ᠠ  ᠲᠦᠩ  ᠤᠨ  ᠯᠦ ᠶᠦᠨ ᠳᠣᠲᠣᠭᠠᠳᠤ ᠵᠸᠦ᠂ ᠬᠤᠶᠢᠲᠤ ᠬᠡᠰᠡᠭ ᠳ᠋ᠧ ᠨᠢᠩ ᠯᠦ ᠳᠤ ᠬᠠᠷᠢᠶᠠᠯᠠᠭᠳᠠᠵᠤ᠂ ᠪᠦᠬᠦᠨ ᠢᠶᠠᠷ ᠢᠶᠠᠨ  ᠵᠦᠩ ᠱᠤ᠋ ᠱᠧᠩ  ᠮᠤᠵᠢ ᠳᠤ ᠰᠢᠭᠤᠳ ᠬᠠᠷᠢᠶᠠᠯᠠᠭᠳᠠᠨ᠎ᠠ᠃      ᠳ᠋ᠧᠩᠺᠸᠤ ᠰᠢᠶᠠᠨ ᠤᠤᠯ ᠨᠢ ᠭᠠᠨᠰᠦ ᠮᠤᠵᠢ ᠶᠢᠨ ᠨᠢᠩᠰᠢᠶᠠ ᠯᠦ ᠳᠤ ᠬᠠᠷᠢᠶᠠᠯᠠᠭᠳᠠᠵᠤ᠂  ᠮᠢᠩ ᠤᠯᠤᠰ ᠤᠨ ᠡᠬᠢ ᠪᠠᠷ ᠳ᠋ᠦᠩᠱᠧᠩ ᠸᠧᠶ ᠪᠠ ᠱᠠᠨᠰᠢ ᠶᠢᠨ ᠨᠢᠩᠰᠢᠶᠠ ᠸᠧᠶ ᠳᠤ ᠬᠠᠷᠢᠶᠠᠯᠠᠭᠳᠠᠵᠤ ᠪᠠᠶᠢᠪᠠ᠃  ᠴᠢᠩ ᠤᠯᠤᠰ ᠤᠨ ᠦᠶ᠎ᠡ ᠳᠤ᠂ ᠪᠣᠷᠣᠲᠣᠬᠤᠢ ᠣᠷᠣᠨ ᠶᠡᠭᠡ ᠵᠤᠤ ᠠᠶᠢᠮᠠᠭ ᠤᠨ ᠣᠷᠳᠣᠰ ᠵᠡᠭᠦᠨ  ᠭᠠᠷ ᠤᠨ ᠬᠤᠶᠢᠲᠣ ᠬᠤᠰᠢᠭᠤᠨ ᠤ ᠭᠠᠵᠠᠷ  ᠪᠠᠶᠢᠭᠰᠠᠨ ᠶᠤᠮ᠃ ᠡᠶᠡᠪᠡᠷ ᠵᠠᠰᠠᠭᠴᠢ ᠶᠢᠨ ᠲᠠᠪᠤᠨ ᠣᠨ ︵1648 ᠣᠨ︶᠎ ᠳᠤ ᠤᠷᠠᠳ ᠤᠨ ᠡᠮᠦᠨᠡᠲᠦ ᠬᠤᠰᠢᠭᠤ᠂ ᠤᠷᠠᠳ ᠤᠨ ᠳᠤᠮᠳᠠᠳᠤ ᠬᠤᠰᠢᠭᠤ᠂ ᠤᠷᠠᠳ ᠤᠨ ᠬᠤᠶᠢᠲᠤ ᠬᠤᠰᠢᠭᠤ ︵ᠣᠳᠣ ᠶᠢᠨ ᠦᠵᠦᠭᠦᠷ ᠭᠤᠣᠯ ᠠᠴᠠ ᠵᠡᠭᠦᠨ ᠬᠤᠶᠢᠰᠢ︶᠎ ᠶᠢ ᠪᠠᠶᠢᠭᠤᠯᠪᠠ᠃ ᠴᠢᠩ ᠤᠯᠤᠰ ᠤᠨ ᠪᠠᠳᠠᠷᠠᠭᠤᠯᠲᠤ ᠲᠥᠷᠥ ᠶᠢᠨ ᠬᠤᠷᠢ ᠶᠢᠰᠦᠨ ᠣᠨ ︵1903 ᠣᠨ︶᠎ ᠳᠤ ᠦᠶᠤᠸᠠᠨ ᠲᠢᠩ ᠢ ᠪᠠᠶᠢᠭᠤᠯᠪᠠ᠃       ᠢᠷᠭᠡᠨ ᠤᠯᠤᠰ ‍ᠤᠨ‌ᠠᠩᠬᠠᠳᠤᠭᠠᠷ ᠣᠨ ᠳᠤ ᠤᠤᠯ ᠤᠨ ᠦᠶᠤᠸᠠᠨ ᠲᠢᠩ  ᠢ ᠰᠢᠶᠠᠨ ᠪᠣᠯᠭᠠᠪᠠ᠃ ᠢᠷᠭᠡᠨ ᠤᠯᠤᠰ ᠤᠨ ᠭᠤᠷᠪᠠᠨ ᠣᠨ ︵1914 ᠣᠨ︶᠎ ᠳᠤ ᠰᠦᠢᠶᠤᠸᠠᠨ ᠤ ᠣᠨᠴᠠᠭᠠᠶ ᠵᠠᠰᠠᠭ ᠵᠠᠬᠢᠷᠭᠠᠨ ᠤ ᠣᠷᠣᠨ  ᠢ ᠪᠠᠶᠢᠭᠤᠯᠵᠤ᠂ ᠲᠤᠬᠠᠶ ᠶᠢᠨ ᠦᠶ᠎ᠡ ᠳᠤ  ᠪᠠᠶᠠᠨᠨᠠᠭᠤᠷ ᠤᠨ ᠬᠢᠯᠢ ᠎ ᠳᠤ ᠦᠶᠤᠸᠠᠨ ᠰᠢᠶᠠᠨ᠂ ᠤᠷᠠᠳ ᠤᠨ ᠡᠮᠦᠨᠡᠲᠦ ᠬᠤᠰᠢᠭᠤ᠂ ᠤᠷᠠᠳ ᠤᠨ ᠳᠤᠮᠳᠠᠳᠤ ᠬᠤᠰᠢᠭᠤ ᠪᠣᠯᠤᠨ ᠤᠷᠠᠳ ᠤᠨ ᠬᠤᠶᠢᠲᠤ ᠬᠤᠰᠢᠭᠤ ᠪᠠᠶᠢᠪᠠ᠃ ᠢᠷᠭᠡᠨ ᠤᠯᠤᠰ ᠤᠨ 14 ᠣᠨ ︵1925 ᠣᠨ︶ ᠎ ᠳᠤ ᠯᠢᠨ ᠾᠧ᠂ ᠶᠡᠭᠡ ᠰᠢᠭᠡᠳᠡᠢ ᠵᠠᠰᠠᠬᠤ ᠲᠣᠪᠴᠢᠶ᠎ᠠ ᠪᠠᠶᠢᠭᠤᠯᠵᠤ᠂ ᠢᠷᠭᠡᠨ ᠤᠯᠤᠰ ᠤᠨ 16 ᠣᠨ ︵1927 ᠣᠨ︶᠎ ᠳᠤ ᠳ᠋ᠧᠩᠺᠸᠤ ᠰᠢᠶᠠᠨ ᠢ ᠪᠠᠶᠢᠭᠤᠯᠪᠠ᠃ ᠢᠷᠭᠡᠨ ᠤᠯᠤᠰ ᠤᠨ 17 ᠣᠨ ︵1928 ᠣᠨ︶᠎ ᠳᠤ᠂ ᠰᠦᠢᠶᠤᠸᠠᠨ ᠵᠠᠰᠠᠭ ᠵᠠᠬᠢᠷᠭᠠᠨ ᠤ ᠣᠨᠴᠠᠭᠠᠶ ᠣᠷᠣᠨ ᠢ ᠰᠦᠢᠶᠤᠸᠠᠨ ᠮᠤᠵᠢ ᠭᠡᠵᠦ ᠥᠭᠡᠷᠡᠴᠢᠯᠡᠨ᠂ ᠲᠤᠬᠠᠢ ᠶᠢᠨ ᠦᠶ᠎ᠡ ᠳᠤ ᠦᠶᠤᠸᠠᠨ ᠰᠢᠶᠠᠨ᠂ ᠶᠡᠭᠡ ᠰᠢᠭᠡᠳᠡᠢ ᠵᠠᠰᠠᠬᠤ ᠲᠣᠪᠴᠢᠶ᠎ᠠ ︵ᠢᠷᠭᠡᠨ ᠤᠯᠤᠰ ᠤᠨ 20 ᠣᠨ ᠤ 7 ᠰᠠᠷ᠎ᠠ ᠳᠤ ᠶᠡᠭᠡ ᠰᠢᠭᠡᠳᠡᠢ ᠵᠠᠰᠠᠬᠤ ᠲᠣᠪᠴᠢᠶ᠎ᠠ ᠠᠨ ᠪᠧᠢ ᠵᠠᠰᠠᠬᠤ ᠲᠣᠪᠴᠢᠶ᠎ᠠ ᠭᠡᠵᠦ ᠨᠡᠷ᠎ᠡ ᠪᠠᠨ ᠬᠠᠯᠠᠪᠠ︶᠂ ᠯᠢᠨ ᠾᠧ ᠵᠠᠰᠠᠬᠤ ᠲᠣᠪᠴᠢᠶ᠎ᠠ ︵ᠢᠷᠭᠡᠨ ᠤᠯᠤᠰ ᠤᠨ 18 ᠣᠨ ᠤ 10 ᠰᠠᠷ᠎ᠠ ᠳᠤ ᠯᠢᠨ ᠾᠧ ᠰᠢᠶᠠᠨ ᠪᠣᠯᠪᠠ︶᠂ ᠤᠷᠠᠳ ᠤᠨ ᠡᠮᠦᠨᠡᠲᠦ ᠬᠤᠰᠢᠭᠤ᠂ ᠤᠷᠠᠳ ᠤᠨ ᠳᠤᠮᠳᠠᠳᠤ ᠬᠤᠰᠢᠭᠤ ᠪᠣᠯᠤᠨ ᠤᠷᠠᠳ ᠤᠨ ᠬᠤᠶᠢᠲᠤ ᠬᠤᠰᠢᠭᠤ ᠪᠠᠶᠢᠪᠠ᠃ ᠢᠷᠭᠡᠨ ᠤᠯᠤᠰ ᠤᠨ 31 ᠣᠨ ︵1942 ᠣᠨ︶ ᠎ ᠳᠤ ᠰᠦᠢᠶᠤᠸᠠᠨ ᠮᠤᠵᠢ ᠪᠣᠷᠣᠲᠣᠬᠤᠢ ᠣᠷᠣᠨ ᠳᠤ ᠰᠢᠨ᠎ᠡ ᠰᠢᠶᠠᠨ ᠤ ᠳᠦᠷᠢᠮ ᠢ ᠬᠡᠷᠡᠭᠵᠢᠭᠦᠯᠵᠦ᠂ ᠮᠢ ᠼᠠᠩ ᠰᠢᠶᠠᠨ᠂ ᠯᠠᠩᠱᠠᠨ ᠰᠢᠶᠠᠨ᠂ ᠶᠠᠨ ᠵᠢᠶᠠᠩ ᠰᠢᠶᠠᠨ ᠪᠠ ᠱᠠᠮᠪᠠ ᠬᠤᠲᠠ ᠪᠠᠯᠭᠠᠰᠤᠨ ᠤ ᠪᠡᠯᠡᠳᠬᠡᠯ ᠤᠨ ᠭᠠᠵᠠᠷ  ᠨᠡᠮᠡᠵᠦ ᠪᠠᠶᠢᠭᠤᠯᠪᠠ᠃      1949 ᠣᠨ ᠳᠤ᠂ ᠰᠦᠢᠶᠤᠸᠠᠨ ᠨᠠᠶᠢᠷᠠᠮᠳᠠᠯ ᠢᠶᠠᠷ ᠴᠢᠯᠥᠭᠡᠯᠡᠭᠳᠡᠪᠡ᠃ 1950 ᠣᠨ ᠤ 3 ᠰᠠᠷ᠎ᠠ ᠳᠤ ᠰᠦᠢᠶᠤᠸᠠᠨ ᠮᠤᠵᠢ ᠶᠢᠨ ᠱᠠᠮᠪᠠ ᠲᠤᠰᠬᠠᠶ ᠲᠤᠰᠢᠶᠠᠯᠲᠠᠨ ᠤ ᠵᠠᠬᠢᠷᠭ᠎ᠠ ᠪᠠᠶᠢᠭᠤᠯᠤᠭᠳᠠᠵᠤ᠂ ᠦᠶᠤᠸᠠᠨ᠂ ᠯᠢᠨ ᠾᠧ᠂ ᠠᠨ ᠪᠧᠢ᠂ ᠯᠠᠩᠱᠠᠨ᠂ ᠮᠢ ᠼᠠᠩ ︵1953 ᠣᠨ ᠤ 9 ᠰᠠᠷ᠎ᠠ ᠳᠤ ᠬᠠᠩᠭᠢᠨ ᠬᠤᠶᠢᠲᠤ ᠬᠤᠰᠢᠭᠤ ᠭᠡᠵᠦ ᠥᠭᠡᠷᠡᠴᠢᠯᠡᠪᠡ︶᠂ ᠶᠠᠨ ᠵᠢᠶᠠᠩ ᠰᠢᠶᠠᠨ ︵1953 ᠣᠨ ᠤ 10 ᠰᠠᠷ᠎ᠠ ᠳᠤ ᠲᠡᠯᠡᠦᠠ ᠬᠤᠶᠢᠲᠤ ᠬᠤᠰᠢᠭᠤ ᠭᠡᠵᠦ ᠥᠭᠡᠷᠡᠴᠢᠯᠡᠪᠡ︶  ᠵᠢᠴᠢ ᠱᠠᠮᠪᠠ ᠪᠠᠯᠭᠠᠰᠤ ᠶᠢ ᠬᠠᠷᠢᠶᠠᠯᠠᠪᠠ᠃ ᠤᠷᠠᠳ ᠤᠨ ᠡᠮᠦᠨᠡᠲᠦ ᠬᠤᠰᠢᠭᠤ᠂ ᠤᠷᠠᠳ ᠤᠨ ᠳᠤᠮᠳᠠᠳᠤ ᠬᠤᠰᠢᠭᠤ᠂ ᠤᠷᠠᠳ ᠤᠨ ᠬᠤᠶᠢᠲᠤ ᠬᠤᠰᠢᠭᠤ ᠨᠢ ᠲᠤᠬᠠᠢ ᠶᠢᠨ ᠦᠶ᠎ᠡ ᠳᠤ ᠤᠯᠠᠭᠠᠨᠴᠠᠪ ᠠᠶᠢᠮᠠᠭ ᠲᠤ ᠬᠠᠷᠢᠶᠠᠯᠠᠭᠳᠠᠵᠤ ᠪᠠᠶᠢᠪᠠ᠃ 1952 ᠣᠨ ᠤ 10 ᠰᠠᠷ᠎ᠠ ᠳᠤ ᠤᠷᠠᠳ ᠤᠨ ᠳᠤᠮᠳᠠᠳᠤ ᠬᠤᠰᠢᠭᠤ᠂ ᠤᠷᠠᠳ ᠤᠨ ᠬᠤᠶᠢᠲᠤ ᠬᠤᠰᠢᠭᠤ ᠶᠢ ᠨᠡᠶᠢᠯᠡᠭᠦᠯᠦᠨ ᠤᠷᠠᠳ ᠤᠨ ᠳᠤᠮᠳᠠᠳᠤ ᠬᠤᠶᠢᠲᠤ ᠬᠤᠯᠪᠣᠭᠠᠲᠤ ᠬᠤᠰᠢᠭᠤ ᠪᠣᠯᠭᠠᠨ ᠥᠭᠡᠷᠡᠴᠢᠯᠡᠪᠡ᠃ 1954 ᠣᠨ ᠳᠤ ᠰᠦᠢᠶᠤᠸᠠᠨ ᠮᠤᠵᠢ ᠶᠢ  ᠦᠬᠡᠶᠢᠰᠬᠡᠵᠦ᠂ ᠰᠦᠢᠶᠤᠸᠠᠨ ᠮᠤᠵᠢ ᠶᠢᠨ ᠱᠠᠮᠪᠠ ᠲᠤᠰᠬᠠᠶ ᠲᠤᠰᠢᠶᠠᠯᠲᠠᠨ ᠤ ᠵᠠᠬᠢᠷᠭ᠎ᠠ ᠎ ᠶᠢ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠪᠣᠷᠣᠲᠣᠬᠤᠶ ᠵᠠᠰᠠᠭ ᠵᠠᠬᠢᠷᠭᠠᠨ ᠤ ᠣᠷᠣᠨ ᠭᠡᠵᠦ ᠥᠭᠡᠷᠡᠴᠢᠯᠡᠪᠡ᠃ ᠪᠣᠷᠣᠲᠣᠬᠤᠶ ᠵᠠᠰᠠᠭ ᠵᠠᠬᠢᠷᠭᠠᠨ ᠤ ᠣᠷᠣᠨ ᠤ ᠠᠷᠠᠳ ᠤᠨ ᠵᠠᠰᠠᠭ ᠤᠨ ᠣᠷᠳᠣᠨ ᠱᠠᠮᠪᠠ ᠪᠠᠯᠭᠠᠰᠤᠨ ᠳᠤ ᠪᠠᠶᠢᠭᠤᠯᠤᠭᠳᠠᠵᠤ᠂ ᠦᠶᠤᠸᠠᠨ ᠰᠢᠶᠠᠨ᠂ ᠯᠢᠨ ᠾᠧ ᠰᠢᠶᠠᠨ᠂ ᠠᠨ ᠪᠸᠢ ᠰᠢᠶᠠᠨ ︵1958 ᠣᠨ ᠤ 4 ᠰᠠᠷ᠎ᠠ ᠳᠤ  ᠦᠬᠡᠶᠢᠰᠬᠡᠨ᠂ ᠤᠷᠠᠳ ᠤᠨ ᠡᠮᠦᠨᠡᠲᠦ ᠬᠤᠰᠢᠭᠤᠨ ᠳᠤ ᠰᠢᠯᠵᠢᠭᠦᠯᠦᠨ ᠣᠷᠣᠭᠤᠯᠪᠠ︶᠂  ᠯᠠᠩᠱᠠᠨ ᠰᠢᠶᠠᠨ ︵1958 ᠣᠨ ᠤ 4 ᠰᠠᠷ᠎ᠠ ᠎ ᠳᠤ ᠦᠬᠡᠶᠢᠰᠬᠡᠨ᠂  ᠬᠠᠩᠭᠢᠨ ᠬᠤᠶᠢᠲᠤ ᠬᠤᠰᠢᠭᠤᠨ ᠳᠤ ᠰᠢᠯᠵᠢᠭᠦᠯᠦᠨ ᠣᠷᠣᠭᠤᠯᠪᠠ︶᠂ ᠲᠡᠯᠡᠦᠠ ᠬᠤᠶᠢᠲᠤ ᠬᠤᠰᠢᠭᠤ ︵1958 ᠣᠨ ᠤ 4 ᠰᠠᠷ᠎ᠠ ᠳᠤ ᠦᠬᠡᠶᠢᠰᠬᠡᠨ᠂  ᠦᠶᠤᠸᠠᠨ ᠰᠢᠶᠠᠨ ᠳᠤ ᠰᠢᠯᠵᠢᠭᠦᠯᠦᠨ ᠣᠷᠣᠭᠤᠯᠪᠠ︶᠂ ᠬᠠᠩᠭᠢᠨ ᠬᠤᠶᠢᠲᠤ ᠬᠤᠰᠢᠭᠤ᠂ ᠱᠠᠮᠪᠠ ᠪᠠᠯᠭᠠᠰᠤ ︵ᠰᠢᠶᠠᠨ ᠤ ᠱᠠᠳᠤ᠂ 1958 ᠣᠨ ᠤ 4 ᠰᠠᠷ᠎ᠠ ᠳᠤ ᠦᠬᠡᠶᠢᠰᠬᠡᠨ᠂ ᠬᠠᠩᠭᠢᠨ ᠬᠤᠶᠢᠲᠤ ᠬᠤᠰᠢᠭᠤᠨ ᠳᠤ ᠰᠢᠯᠵᠢᠭᠦᠯᠦᠨ ᠣᠷᠣᠭᠤᠯᠪᠠ︶ ᠎ ᠶᠢ ᠬᠠᠷᠢᠶᠠᠯᠠᠪᠠ᠃1956 ᠣᠨ ᠳᠤ᠂ ᠭᠠᠨᠰᠦ ᠮᠤᠵᠢ ᠶᠢᠨ ᠬᠠᠷᠢᠶ᠎ᠠ ᠪᠠᠶᠠᠨᠬᠤᠲᠠ ᠮᠣᠩᠭᠤᠯ ᠦᠨᠳᠦᠰᠦᠲᠡᠨ ᠤ ᠥᠪᠡᠷᠲᠡᠭᠡᠨ ᠵᠠᠰᠠᠬᠤ ᠵᠧᠤ ᠪᠠ ᠡᠵᠡᠨ᠎ᠡ ᠥᠪᠡᠷᠲᠡᠭᠡᠨ ᠵᠠᠰᠠᠬᠤ ᠵᠧᠦ ᠶᠢ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠳᠤ ᠪᠤᠴᠠᠭᠠᠵᠤ᠂ ᠪᠠᠶᠠᠨᠨᠠᠭᠤᠷ ᠠᠶᠢᠮᠠᠭ ᠢ ᠪᠠᠶᠢᠭᠤᠯᠵᠤ᠂ ᠵᠠᠰᠠᠭ ᠤᠨ ᠣᠷᠳᠣᠨ ᠤ ᠪᠠᠶᠢᠭ᠎ᠠ ᠭᠠᠵᠠᠷ ᠪᠠᠶᠠᠨᠬᠤᠲᠠ ᠂  ᠠᠯᠠᠱᠠ ᠬᠤᠰᠢᠭᠤ᠂ ᠡᠵᠡᠨ᠎ᠡ ᠬᠤᠰᠢᠭᠤ᠂  ᠳ᠋ᠧᠩᠺᠸᠤ ᠰᠢᠶᠠᠨ ᠪᠠ ᠪᠠᠶᠠᠨᠬᠤᠲᠠ ᠶᠢ ᠬᠠᠷᠢᠶᠠᠯᠠᠵᠤ ᠪᠠᠶᠢᠪᠠ᠃      1958 ᠣᠨ ᠳᠤ᠂ ᠪᠣᠷᠣᠲᠣᠬᠤᠶ ᠵᠠᠰᠠᠭ ᠵᠠᠬᠢᠷᠭᠠᠨ ᠤ ᠣᠷᠣᠨ ᠪᠠ ᠪᠠᠶᠠᠨᠨᠠᠭᠤᠷ ᠠᠶᠢᠮᠠᠭ ᠢ ᠨᠡᠶᠢᠯᠡᠭᠦᠯᠦᠨ᠂ ᠰᠢᠨ᠎ᠡ ᠪᠠᠷ ᠪᠠᠶᠠᠨᠨᠠᠭᠤᠷ ᠠᠶᠢᠮᠠᠭ ᠢ ᠪᠠᠶᠢᠭᠤᠯᠪᠠ᠃ ᠪᠠᠶᠠᠨᠨᠠᠭᠤᠷ ᠠᠶᠢᠮᠠᠭ ᠤᠨ ᠵᠠᠬᠢᠷᠭ᠎ᠠ ᠶᠢ ᠳ᠋ᠧᠩᠺᠸᠤ ᠰᠢᠶᠠᠨ ᠤ ᠪᠠᠶᠠᠨᠭᠤᠤᠯ ᠪᠠᠯᠭᠠᠰᠤᠨ ᠳᠤ ᠨᠡᠭᠦᠯᠭᠡᠨ᠂  ᠠᠯᠠᠱᠠ  ᠬᠤᠰᠢᠭᠤ ︵1961 ᠣᠨ ᠳᠤ ᠦᠬᠡᠶᠢᠰᠬᠡᠨ᠂ ᠠᠯᠠᠱᠠ ᠵᠡᠭᠦᠨ ᠬᠤᠰᠢᠭᠤ ᠪᠣᠯᠤᠨ ᠠᠯᠠᠱᠠ ᠪᠠᠷᠠᠭᠤᠨ ᠬᠤᠰᠢᠭᠤ ᠭᠡᠵᠦ ᠬᠤᠪᠢᠶᠠᠨ ᠪᠠᠶᠢᠭᠤᠯᠪᠠ︶᠂ ᠡᠵᠡᠨ᠎ᠡ ᠬᠤᠰᠢᠭᠤ᠂ ᠬᠠᠩᠭᠢᠨ ᠬᠤᠶᠢᠲᠤ ᠬᠤᠰᠢᠭᠤ᠂ ᠤᠷᠠᠳ ᠤᠨ ᠡᠮᠦᠨᠡᠲᠦ ᠬᠤᠰᠢᠭᠤ ︵1958 ᠣᠨ ᠳᠤ ᠤᠯᠠᠭᠠᠨᠴᠠᠪ ᠠᠶᠢᠮᠠᠭ ᠲᠤ ᠪᠤᠴᠠᠭᠠᠵᠤ᠂ 1960 ᠣᠨ ᠤ 7 ᠰᠠᠷ᠎ᠠ ~ 1963 ᠣᠨ ᠤ 12 ᠰᠠᠷ᠎ᠠ ᠳᠤ ᠪᠤᠭᠤᠲᠤ ᠬᠤᠲᠠ ᠳᠤ ᠬᠠᠷᠢᠶᠠᠯᠠᠭᠳᠠᠵᠤ ᠪᠠᠶᠢᠪᠠ︶᠂ ᠤᠷᠠᠳ ᠤᠨ ᠳᠤᠮᠳᠠᠳᠤ ᠬᠤᠶᠢᠲᠤ ᠬᠤᠯᠪᠣᠭᠠᠲᠤ ᠬᠤᠰᠢᠭᠤ ︵1958 ᠣᠨ ᠳᠤ ᠤᠯᠠᠭᠠᠨᠴᠠᠪ ᠠᠶᠢᠮᠠᠭ ᠲᠤ ᠬᠤᠪᠢᠶᠠᠵᠤ ᠣᠷᠣᠭᠤᠯᠵᠠᠶ︶᠂ ᠦᠶᠤᠸᠠᠨ ᠰᠢᠶᠠᠨ  ᠂ ᠯᠢᠨ ᠾᠧ ᠰᠢᠶᠠᠨ᠂ ᠳ᠋ᠧᠩᠺᠸᠤ ᠰᠢᠶᠠᠨ ︵1960 ᠣᠨ ᠤ 7 ᠰᠠᠷ᠎ᠠ ~ 1964 ᠣᠨ ᠤ 7 ᠰᠠᠷ᠎ᠠ ᠳᠤ ᠪᠠᠶᠠᠨᠭᠤᠣᠯ ᠬᠤᠲᠠ ᠭᠡᠵᠦ ᠪᠠᠶᠢᠪᠠ︶᠂ ᠤᠳᠠ ᠬᠤᠳᠠ ︵1961 ᠣᠨ ᠤ 7 ᠳ᠋ᠤᠭᠠᠷ ᠰᠠᠷ᠎ᠠ ᠳᠤ  ᠪᠠᠶᠢᠭᠤᠯᠤᠭᠳᠠᠪᠠ︶᠎ ᠶᠢ ᠬᠠᠷᠢᠶᠠᠯᠠᠵᠤ ᠪᠠᠶᠢᠪᠠ᠃ 1969 ᠣᠨ ᠤ 7 ᠰᠠᠷ᠎ᠠ᠂ ᠠᠯᠠᠱᠠ ᠵᠡᠭᠦᠨ ᠬᠤᠰᠢᠭᠤ ᠶᠢ ᠨᠢᠩᠰᠢᠶᠠ ᠶᠢᠨ ᠬᠤᠲᠣᠩ ᠦᠨᠳᠦᠰᠦᠲᠡᠨ ᠤ ᠥᠪᠡᠷᠲᠡᠭᠡᠨ ᠵᠠᠰᠠᠬᠤ ᠣᠷᠣᠨ ᠳᠤ ᠬᠤᠪᠢᠶᠠᠷᠢᠯᠠᠨ ᠭᠠᠷᠭᠠᠵᠤ᠂ ᠠᠯᠠᠱᠠ ᠪᠠᠷᠠᠭᠤᠨ ᠬᠤᠰᠢᠭᠤ ᠂ ᠡᠵᠡᠨ᠎ᠡ  ᠬᠤᠰᠢᠭᠤ ᠶᠢ ᠭᠠᠨᠰᠦ ᠮᠣᠵᠢ ᠳᠤ ᠬᠤᠪᠢᠶᠠᠷᠢᠯᠠᠨ  ᠥᠭᠪᠡ᠃      1970 ᠣᠨ ᠳᠤ ᠪᠠᠶᠠᠨᠨᠠᠭᠤᠷ ᠠᠶᠢᠮᠠᠭ ᠤᠨ ᠬᠤᠪᠢᠰᠬᠠᠯ ᠤᠨ ᠵᠥᠪᠯᠡᠯ ᠢ ᠳ᠋ᠧᠩᠺᠸᠤ  ᠰᠢᠶᠠᠨ ᠤ ᠪᠠᠶᠠᠨᠭᠤᠣᠯ ᠪᠠᠯᠭᠠᠰᠤᠨ ᠠᠴᠠ ᠯᠢᠨ ᠾᠧ ᠳᠤ ᠰᠢᠯᠵᠢᠭᠦᠯᠦᠨ᠂ 10 ᠰᠠᠷ᠎ᠠ ᠳᠤ   ᠴᠤᠭ ᠬᠤᠰᠢᠭᠤ ᠶᠢ ᠪᠠᠶᠢᠭᠤᠯᠵᠤ᠂  ᠲᠤᠬᠠᠢ ᠶᠢᠨ ᠦᠶ᠎ᠡ  ᠳᠤ  ᠪᠠᠶᠠᠨᠨᠠᠭᠤᠷ ᠠᠶᠢᠮᠠᠭ ᠨᠢ ᠬᠠᠩᠭᠢᠨ ᠬᠤᠶᠢᠲᠤ ᠬᠤᠰᠢᠭᠤ᠂ ᠤᠷᠠᠳ ᠤᠨ ᠡᠮᠦᠨᠡᠲᠦ ᠬᠤᠰᠢᠭᠤ᠂ ᠤᠷᠠᠳ ᠤᠨ ᠳᠤᠮᠳᠠᠳᠤ ᠬᠤᠶᠢᠲᠤ ᠬᠤᠯᠪᠤᠭᠠᠲᠤ ᠬᠤᠰᠢᠭᠤ᠂  ᠴᠤᠭ ᠬᠤᠰᠢᠭᠤ᠂ ᠦᠶᠤᠸᠠᠨ ᠰᠢᠶᠠᠨ᠂ ᠯᠢᠨ ᠾᠧ ᠰᠢᠶᠠᠨ᠂ ᠳ᠋ᠧᠩᠺᠧᠤ ᠰᠢᠶᠠᠨ᠂ ᠤᠳᠠ ᠬᠤᠳᠠ ︵1975 ᠣᠨ ᠤ 8 ᠰᠠᠷ᠎ᠠ ᠳᠤ ᠬᠤᠪᠢᠶᠠᠵᠤ ᠭᠠᠷᠭᠠᠪᠠ︶᠎ ᠶᠢ ᠬᠠᠷᠢᠶᠠᠯᠠᠵᠤ ᠪᠠᠶᠢᠪᠠ᠃ 1982 ᠣᠨ ᠳᠤ᠂ ᠤᠷᠠᠳ ᠤᠨ ᠳᠤᠮᠳᠠᠳᠤ ᠬᠤᠶᠢᠲᠤ ᠬᠤᠯᠪᠤᠭᠠᠲᠤ ᠬᠤᠰᠢᠭᠤ᠂  ᠴᠤᠭ ᠬᠤᠰᠢᠭᠤ ᠲᠤᠰ ᠲᠤᠰ ᠨᠡᠷ᠎ᠡ ᠪᠠᠨ ᠰᠣᠯᠢᠵᠤ ᠤᠷᠠᠳ ᠤᠨ ᠳᠤᠮᠳᠠᠳᠤ ᠬᠤᠰᠢᠭᠤ᠂ ᠤᠷᠠᠳ ᠤᠨ ᠬᠤᠶᠢᠲᠤ ᠬᠤᠰᠢᠭᠤ  ᠪᠣᠯᠵᠤ᠂ 1984 ᠣᠨ ᠤ 12 ᠰᠠᠷ᠎ᠠ ᠳᠤ᠂ ᠯᠢᠨ ᠾᠧ ᠰᠢᠶᠠᠨ ᠢ ᠯᠢᠨ ᠾᠧ ᠬᠤᠳᠠ ᠪᠣᠯᠭᠠᠨ  ᠥᠭᠡᠷᠡᠴᠢᠯᠡᠪᠡ ︵ᠰᠢᠶᠠᠨ ᠤ ᠱᠠᠳᠤ︶᠃      2003 ᠣᠨ ᠤ 12 ᠰᠠᠷ᠎ᠠ ᠶᠢᠨ 1᠎ ᠤ ᠡᠳᠦᠷ᠂ ᠲᠥᠷᠥ ᠶᠢᠨ ᠶᠠᠪᠤᠳᠠᠯ ᠤᠨ ᠬᠤᠷᠢᠶᠠᠨ ᠠᠴᠠ ᠪᠠᠶᠠᠨᠨᠠᠭᠤᠷ ᠠᠶᠢᠮᠠᠭ ᠪᠠ ᠰᠢᠶᠠᠨ ᠤ ᠱᠠᠲᠤᠨ ᠤ ᠯᠢᠨ ᠾᠧ ᠬᠤᠳᠠ ᠶᠢ  ᠦᠬᠡᠶᠢᠰᠭᠡᠬᠦ ᠶᠢ ᠵᠥᠪᠰᠢᠶᠡᠷᠡᠨ᠂ ᠪᠠᠶᠠᠨᠨᠠᠭᠤᠷ ᠬᠤᠳᠠ ᠪᠣᠯᠤᠨ ᠯᠢᠨ ᠾᠧ ᠲᠣᠭᠤᠷᠢᠭ ᠪᠣᠯᠭᠠᠨ ᠥᠭᠡᠷᠡᠴᠢᠯᠡᠪᠡ᠃  ᠪᠠᠶᠠᠨᠨᠠᠭᠤᠷ ᠬᠤᠲᠠ ᠬᠠᠩᠭᠢᠨ ᠬᠤᠶᠢᠲᠤ ᠬᠤᠰᠢᠭᠤ᠂ ᠤᠷᠠᠳ ᠤᠨ ᠬᠤᠶᠢᠲᠤ ᠬᠤᠰᠢᠭᠤ᠂ ᠤᠷᠠᠳ ᠤᠨ ᠳᠤᠮᠳᠠᠳᠤ ᠬᠤᠰᠢᠭᠤ᠂ ᠤᠷᠠᠳ ᠤᠨ ᠡᠮᠦᠨᠡᠲᠦ ᠬᠤᠰᠢᠭᠤ᠂ ᠦᠶᠤᠸᠠᠨ ᠰᠢᠶᠠᠨ᠂ ᠳ᠋ᠧᠩᠺᠸᠤ ᠰᠢᠶᠠᠨ ᠪᠠ ᠯᠢᠨ ᠾᠧ ᠲᠣᠭᠤᠷᠢᠭ ᠢ ᠬᠠᠷᠢᠶᠠᠯᠠᠵᠤ᠂ ᠵᠠᠰᠠᠭ ᠤᠨ ᠣᠷᠳᠣᠨ ᠤ ᠪᠠᠶᠢᠭ᠎ᠠ ᠭᠠᠵᠠᠷ ᠯᠢᠨ ᠾᠧ ᠲᠣᠭᠤᠷᠢᠭ ᠪᠣᠯᠪᠠ᠃
ᠢᠷᠡᠯᠲᠡ᠄ ᠳᠤᠰ ᠰᠦᠯᠵᠢᠶ᠎ᠠ