ᠪᠠᠶᠠᠨᠨᠠᠭᠤᠷ ᠬᠤᠳᠠ ᠶᠢᠨ ᠳᠤᠶᠢᠮᠤ ᠪᠠᠶᠢᠳᠠᠯ
ᠨᠡᠶᠢᠲᠡᠯᠡᠭᠰᠡᠨ ᠴᠠᠭ᠄
2018/9/25
     ᠪᠠᠶᠠᠨᠨᠠᠭᠤᠷ ᠪᠤᠯ ᠦᠪᠦᠷ ᠮᠤᠩᠭᠤᠯ ᠤᠨ ᠬᠠᠷᠢᠶᠠᠨ ᠳᠠᠬᠢ ᠭᠠᠵᠠᠷ ᠤᠨ ᠳᠡᠰ ᠤᠨ ᠬᠤᠳᠠ  ᠪᠠᠶᠢᠵᠤ  ᠂  ᠳᠤᠮᠳᠠᠳᠤ ᠤᠯᠤᠰ ᠤᠨ ᠤᠮᠠᠷᠠᠲᠤ ᠬᠢᠵᠠᠭᠠᠷ᠂  ᠥᠪᠥᠷ ᠮᠣᠩᠭᠤᠯ ᠤᠨ ᠪᠠᠷᠠᠭᠤᠨ ᠬᠡᠰᠡᠭ᠂  ᠬᠠᠲᠤᠨ ᠭᠤᠣᠯ ᠤᠨ  ︽几︾  ᠦᠰᠦᠭ ᠤᠨ ᠣᠷᠣᠢ ᠳᠡᠭᠡᠷ᠎ᠡ ᠪᠠᠶᠢᠷᠢᠯᠠᠵᠤ᠂ ᠬᠤᠶᠢᠲᠤ ᠲᠠᠯ᠎ᠠ ᠪᠠᠷ ᠢᠶᠠᠨ ᠮᠣᠩᠭᠤᠯ ᠤᠯᠤᠰ ᠲᠠᠢ ᠵᠠᠬ᠎ᠠ ᠨᠡᠶᠢᠯᠡᠵᠦ᠂ 369 ᠲᠦᠮᠡᠨ ᠺᠢᠯᠣᠮᠧᠲᠷ  ᠬᠢᠯᠢ ᠶᠢᠨ ᠱᠤᠭᠤᠮ ᠲᠠᠢ ᠶᠤᠮ᠃  ᠪᠠᠶᠠᠨᠨᠠᠭᠤᠷ ᠬᠤᠳᠠ ᠨᠢ ᠵᠡᠭᠦᠨ ᠳᠠᠯ᠎ᠠ ᠪᠠᠷ ᠢᠶᠠᠨ ᠪᠤᠭᠤᠳᠤ ᠬᠤᠳᠠ ᠲᠠᠢ ᠵᠠᠯᠭᠠᠯᠳᠤᠨ᠂ ᠪᠠᠷᠠᠭᠤᠨ ᠳᠠᠯ᠎ᠠ ᠪᠠᠷ ᠢᠶᠠᠨ ᠠᠯᠠᠱᠠ ᠠᠶᠢᠮᠠᠭ᠂ ᠦᠬᠠᠢ ᠬᠤᠳᠠ ᠲᠠᠢ ᠬᠦᠷᠰᠢᠯᠡᠵᠦ᠂ ᠡᠮᠦᠨ᠎ᠡ ᠳᠠᠯ᠎ᠠ ᠪᠠᠷ ᠢᠶᠠᠨ ᠤᠷᠳᠤᠰ ᠬᠤᠳᠠ ᠲᠠᠢ ᠬᠠᠳᠤᠨ ᠭᠤᠤᠯ ᠢᠶᠠᠷ ᠠᠯᠤᠰᠯᠠᠨ᠂ ᠪᠦᠬᠦ ᠬᠤᠳᠠ ᠶᠢᠨ ᠶᠡᠷᠦᠩᠬᠡᠢ ᠳᠠᠯᠠᠪᠠᠢ 6.5 ᠲᠦᠮᠡᠨ ᠳᠡᠭᠰᠢ ᠲᠦᠷᠪᠡᠯᠵᠢᠨ ᠺᠢᠯᠣᠮᠧᠲᠷ  ᠪᠠᠶᠢᠵᠤ᠂ ᠨᠡᠶᠢᠲᠡ 170 ᠲᠦᠮᠡᠨ ᠬᠦᠮᠦᠨ ᠠᠮᠠ ᠲᠠᠢ᠂ ᠮᠤᠩᠭᠤᠯ  ᠂ ᠬᠢᠳᠠᠳ᠂  ᠲᠦᠪᠡᠳ᠂ ᠮᠠᠨᠵᠤ ᠵᠡᠷᠬᠡ ᠲᠦᠴᠢᠭᠡᠳ ᠦᠨᠳᠤᠰᠤᠳᠠᠨ ᠬᠤᠯᠢᠯᠳᠤᠨ ᠰᠠᠭᠤᠷᠢᠰᠢᠵᠤ ᠪᠠᠶᠢᠨ᠎ᠠ᠃ ᠬᠠᠷᠢᠶᠠᠨ ᠳᠤ ᠨᠢ 7 ᠬᠤᠰᠢᠭᠤ ᠰᠢᠶᠠᠨ ᠳᠤᠭᠤᠷᠢᠭ ᠪᠠ 1ᠤᠯᠤᠰ ᠤᠨ ᠲᠠᠰ ᠤᠨ ᠠᠵᠤ ᠠᠬᠤᠶ ᠮᠡᠷᠭᠡᠵᠢᠯ ᠤᠨ ᠨᠡᠭᠡᠭᠡᠯᠲᠡ ᠶᠢᠨ ᠲᠣᠭᠤᠷᠢᠭ ᠲᠠᠢ᠃  ᠳᠤᠬᠠᠶᠢᠯᠠᠪᠠᠯ ᠤᠷᠠᠳ ᠤᠨ ᠡᠮᠦᠨᠡᠳᠤ ᠬᠤᠰᠢᠭᠤ᠂ ᠤᠷᠠᠳ ᠤᠨ ᠳᠤᠮᠳᠠᠳᠤ ᠬᠤᠰᠢᠭᠤ᠂ ᠤᠷᠠᠳ ᠤᠨ ᠬᠤᠶᠢᠳᠤ ᠬᠤᠰᠢᠭᠤ᠂ ᠬᠠᠩᠬᠢᠨ ᠬᠤᠶᠢᠳᠤ ᠬᠤᠰᠢᠭᠤ᠂ ᠦᠶᠤᠸᠠᠨ ᠰᠢᠶᠠᠨ᠂ ᠳ᠋ᠧᠩᠺᠧᠤ ᠰᠢᠶᠠᠨ᠂ ᠯᠢᠨ ᠾᠧ ᠳᠤᠭᠤᠷᠢᠭ ᠵᠢᠴᠢ  ᠪᠠᠶᠠᠨᠨᠠᠭᠤᠷ ᠤᠯᠤᠰ ᠤᠨ ᠲᠠᠰ ᠤᠨ ᠠᠵᠤ ᠠᠬᠤᠶ ᠮᠡᠷᠭᠡᠵᠢᠯ ᠤᠨ ᠨᠡᠭᠡᠭᠡᠯᠲᠡ ᠶᠢᠨ ᠳᠤᠭᠤᠷᠢᠭ ᠪᠤᠯᠤᠨ᠎ᠠ᠃  ᠯᠢᠨ ᠾᠧ ᠳᠤᠭᠤᠷᠢᠭ ᠪᠣᠯ ᠬᠤᠲᠠ ᠶᠢᠨ ᠵᠠᠰᠠᠭ ᠤᠨ ᠣᠷᠳᠣᠨ ᠤ ᠪᠠᠶᠢᠭ᠎ᠠ ᠭᠠᠵᠠᠷ ᠪᠤᠯᠤᠨ᠎ᠠ᠃      ᠪᠠᠶᠠᠨᠨᠠᠭᠤᠷ ᠪᠤᠯ ᠮᠤᠩᠭᠤᠯ ᠬᠡᠯᠡᠨ ᠤ ︽ᠪᠠᠶᠠᠨ ᠨᠠᠭᠤᠷ︾ ᠬᠡᠬᠦ ᠦᠬᠡᠨ ᠠᠴᠠ ᠢᠷᠡᠯᠳᠠ ᠲᠠᠢ᠃ ᠤᠯᠠᠭᠠᠨᠰᠤᠬᠠᠢ  ᠬᠡᠮᠡᠬᠦ ᠤᠯᠤᠰ ᠲᠤ ᠠᠯᠳᠠᠷᠳᠠᠢ ᠴᠡᠩᠬᠡᠭ ᠤᠰᠤᠨ ᠤ ᠨᠠᠭᠤᠷ ᠬᠢᠬᠡᠳ ᠤᠯᠠᠨ ᠠᠷᠪᠢᠨ ᠨᠠᠭᠤᠷ ᠴᠦᠬᠦᠷᠦᠮ ᠢᠶᠠᠷ ᠢᠶᠠᠨ ᠡᠶᠢᠨᠬᠦ  ᠨᠡᠷᠡᠯᠡᠭᠳᠡᠪᠡ᠃ ᠪᠠᠶᠠᠨᠨᠠᠭᠤᠷ ᠨᠢ ᠪᠤᠳᠤᠳᠤᠬᠠᠢ ᠶᠢᠨ ᠳᠠᠯ᠎ᠠ ᠭᠠᠵᠠᠷ ᠳᠤ ᠪᠠᠶᠢᠷᠢᠰᠢᠯᠠᠵᠤ᠂ ᠮᠠᠨ ᠤ ᠤᠯᠤᠰ ᠤᠨ ︽ᠠᠷᠤ ᠭᠠᠵᠠᠷ ᠤᠨ ᠠᠮᠤ ᠶᠢᠨ ᠰᠠᠩ︾ ᠬᠡᠮᠡᠬᠦ ᠰᠠᠶᠢᠬᠠᠨ ᠠᠯᠳᠠᠷ ᠲᠠᠢ᠃ 2003 ᠣᠨ ᠳᠤ ᠲᠦᠷᠦ ᠶᠢᠨ ᠶᠠᠪᠤᠳᠠᠯ ᠤᠨ ᠬᠤᠷᠢᠶᠠᠨ ᠤ ᠵᠦᠪᠰᠢᠶᠠᠷᠡᠯᠳᠠ ᠪᠠᠷ ᠪᠠᠶᠠᠨᠨᠠᠭᠤᠷ ᠠᠶᠢᠮᠠᠭ ᠪᠠ ᠰᠢᠶᠠᠨ ᠤ ᠳᠡᠰ ᠤᠨ ᠬᠤᠳᠠ ᠪᠤᠯᠬᠤ ᠯᠢᠨ ᠾᠧ ᠬᠤᠳᠠ ᠶᠢ ᠪᠠᠶᠠᠨᠨᠠᠭᠤᠷ ᠬᠤᠳᠠ ᠪᠠ ᠯᠢᠨ ᠾᠧ ᠳᠤᠭᠤᠷᠢᠭ ᠪᠣᠯᠭᠠᠪᠠ᠃       ᠭᠠᠵᠠᠷ ᠵᠦᠢ  ᠶᠢᠨ  ᠭᠠᠳᠠᠷᠭᠤ ᠶᠢᠨ ᠲᠦᠷᠰᠦ  ᠪᠠᠶᠢᠳᠠᠯ ᠤᠯᠠᠨ  ᠶᠠᠩᠵᠤᠳᠠᠢ᠃ ᠪᠠᠶᠠᠨᠨᠠᠭᠤᠷ ᠬᠤᠲᠠ ᠶᠢᠨ ᠳᠤᠮᠳᠠ ᠬᠡᠰᠡᠭ ᠲᠤ ᠮᠤᠨᠠ ᠠᠭᠤᠯᠠ ᠵᠡᠭᠦᠨ ᠠᠴᠠ ᠪᠠᠷᠠᠭᠤᠨᠰᠢ ᠦᠷᠭᠦᠯᠵᠢᠯᠡᠵᠦ᠂ ᠡᠯᠪᠡᠭ ᠳᠡᠯᠪᠡᠭ ᠠᠭᠤᠷᠬᠠᠢ ᠶᠢᠨ ᠡᠬᠢ ᠪᠠᠶᠠᠯᠢᠭ ᠠᠭᠤᠯᠤᠭᠳᠠᠵᠤ ᠪᠠᠶᠢᠳᠠᠭ᠃ ᠮᠤᠨᠠ ᠠᠭᠤᠯᠠ ᠠᠴᠠ ᠤᠮᠠᠷᠠᠰᠢ ᠪᠤᠯ ᠳᠡᠨᠢᠭᠡᠷ ᠠᠭᠤᠳᠠᠮ ᠤᠷᠠᠳ ᠤᠨ ᠳᠠᠯ᠎ᠠ ᠨᠤᠳᠤᠭ᠂ ᠮᠠᠯ ᠠᠵᠤ ᠠᠬᠤᠢ ᠦᠨᠢ ᠤᠳᠠᠭᠠᠨ ᠬᠦᠭᠵᠢᠵᠦ᠂ ᠮᠤᠨᠠ ᠠᠭᠤᠯᠠ ᠠᠴᠠ ᠡᠮᠦᠨᠡᠰᠢ ᠪᠤᠯ ᠦᠷᠭᠡᠨ ᠠᠭᠤᠳᠠᠮ ᠪᠤᠷᠤᠳᠤᠬᠤᠢ ᠶᠢᠨ ᠳᠠᠯ᠎ᠠ ᠭᠠᠵᠠᠷ᠂ ᠬᠥᠷᠥᠰᠥ ᠰᠢᠷᠦᠢ ᠦᠩ ᠰᠢᠮᠡᠯᠢᠭ᠂ ᠤᠰᠤᠯᠠᠯᠳᠠ ᠶᠢᠨ ᠨᠦᠬᠦᠴᠡᠯ ᠲᠦᠬᠦᠮ ᠲᠦᠳᠡ᠂ ᠪᠣᠷᠣᠲᠣᠬᠤᠢ ᠤᠰᠤᠯᠠᠯᠲᠠ ᠶᠢᠨ ᠣᠷᠣᠨ ᠪᠣᠯ ᠪᠦᠬᠦ ᠤᠯᠤᠰ ᠤᠨ ᠭᠤᠷᠪᠠᠨ ᠣᠨᠴᠠ ᠶᠡᠭᠡ ᠤᠰᠤᠯᠠᠯᠲᠠ ᠶᠢᠨ ᠣᠷᠣᠨ ᠤ ᠨᠢᠭᠡ ᠪᠠᠶᠢᠵᠤ᠂ ︽ᠠᠷᠤ ᠭᠠᠵᠠᠷ ᠤᠨ ᠵᠢᠶᠠᠩᠨᠠᠨ︾ ᠭᠡᠬᠦ  ᠰᠠᠶᠢᠬᠠᠨ ᠨᠡᠷ᠎ᠡ ᠲᠠᠢ ᠶᠤᠮ᠃      ᠭᠠᠵᠠᠷ ᠵᠦᠢ ᠶᠢᠨ ᠪᠠᠶᠢᠷᠢᠯᠠᠯ ᠳᠠᠪᠠᠭᠤᠯᠢᠭ᠃ ᠪᠠᠶᠠᠨᠨᠠᠭᠤᠷ ᠬᠤᠳᠠ ᠨᠢ ᠤᠯᠤᠰ ᠤᠨ ︽ᠬᠦᠬᠡᠬᠤᠳᠠ ᠪᠤᠭᠤᠳᠤ ᠢᠷᠭᠠᠢ ᠢᠤᠢ︾ ᠶᠢᠨ ᠠᠵᠤ ᠠᠬᠤᠢ ᠶᠢᠨ ᠤᠷᠤᠨ ᠳᠤ  ᠪᠠᠶᠢᠷᠢᠯᠠᠵᠤ᠂ ︽ᠨᠢᠭᠡ ᠪᠦᠰᠡ ᠨᠢᠭᠡ ᠵᠠᠮ︾ ᠶᠢᠨ ᠴᠢᠬᠤᠯᠠ ᠠᠭᠤᠯᠵᠠᠷ ᠴᠡᠭ᠂ ᠤᠯᠤᠰ ᠤᠨ ᠪᠠᠷᠠᠭᠤᠨ ᠤᠷᠤᠨ ᠢ ᠶᠡᠬᠡᠪᠡᠷ ᠨᠡᠭᠡᠭᠡᠨ ᠬᠦᠭᠵᠢᠭᠦᠯᠬᠦ ᠭᠤᠣᠯᠳᠠᠯᠭ᠎ᠠ ᠲᠠᠢ ᠤᠷᠤᠨ ᠪᠤᠯᠤᠨ᠎ᠠ᠃ ᠪᠤᠭᠤᠳᠤ ᠠᠴᠠ ᠯᠠᠨᠵᠸᠤ ᠬᠦᠷᠬᠦ ᠳᠡᠮᠤᠷ ᠵᠠᠮ᠂ 110 ᠤᠯᠤᠰ ᠤᠨ ᠵᠠᠮ ᠪᠠ ᠪᠡᠭᠡᠵᠢᠩ ᠠᠴᠠ ᠲᠦᠪᠡᠳ ᠬᠦᠷᠬᠦ ᠲᠦᠷᠭᠡᠨ ᠵᠠᠮ᠂ ᠪᠡᠭᠡᠵᠢᠩ ᠠᠴᠠ ᠰᠢᠨᠵᠢᠶᠠᠩ ᠬᠦᠷᠬᠦ ᠲᠦᠷᠭᠡᠨ ᠵᠠᠮ  ᠪᠠᠶᠠᠨᠨᠠᠭᠤᠷ ᠬᠤᠳᠠ ᠪᠠᠷ ᠳᠤᠭᠤᠯᠵᠤ᠂ ᠯᠢᠨ ᠾᠧ ᠠᠴᠠ ᠬᠠᠮᠢ ᠬᠦᠷᠬᠦ ᠲᠡᠮᠦᠷ ᠵᠠᠮ᠂ ᠪᠡᠭᠡᠵᠢᠩ ᠠᠴᠠ ᠰᠢᠨᠵᠢᠶᠠᠩ ᠬᠦᠷᠬᠦ ᠲᠦᠷᠭᠡᠨ ᠵᠠᠮ 2017 ᠤᠨ ᠳᠤ ᠪᠦᠬᠦ ᠱᠤᠭᠤᠮ ᠢᠶᠠᠷ ᠳᠡᠷᠭᠡ ᠨᠡᠪᠳᠡᠷᠡᠪᠡ᠃ ᠠᠩᠬᠠᠨ ᠤ ᠡᠬᠡᠯᠵᠢ ᠶᠢᠨ ᠳᠤᠮᠳᠠᠳᠤ ᠧᠦ᠋ᠷᠣᠫᠠ ᠶᠢ ᠰᠤᠨᠳᠠᠯᠠᠭᠰᠠᠨ ᠯᠢᠨ ᠾᠧ   ᠠᠴᠠ ᠢᠷᠡᠨ᠂ ᠲᠧᠾᠷᠡᠨ ᠬᠦᠷᠬᠦ ᠭᠠᠯᠳᠤ ᠳᠡᠷᠬᠡ ᠨᠢ 2018 ᠤᠨ ᠳᠤ ᠨᠡᠪᠳᠡᠷᠡᠪᠡ᠃ ᠪᠠᠶᠠᠨᠨᠠᠭᠤᠷ ᠤᠨ ᠨᠢᠰᠬᠡᠯ ᠤᠨ ᠪᠠᠭᠤᠳᠠᠯ ᠨᠢ ᠡᠳᠦᠷ ᠲᠤ ᠪᠠᠨ ᠪᠦᠬᠦ ᠤᠯᠤᠰ ᠤᠨ ᠡᠯ᠎ᠡ ᠭᠠᠵᠠᠷ ᠲᠤ ᠬᠦᠷᠬᠦ ᠠᠭᠠᠷ ᠠᠶᠠᠯᠠᠯ ᠢ ᠪᠡᠶᠡᠯᠡᠭᠦᠯᠵᠦ ᠳᠡᠶᠢᠯᠦᠨ᠎ᠡ᠃ ᠪᠠᠶᠠᠨᠨᠠᠭᠤᠷ ᠬᠤᠳᠠ ᠪᠠᠷ ᠦᠩᠭᠡᠷᠡᠬᠦ᠂ ᠪᠡᠬᠡᠵᠢᠩ ᠠᠴᠠ ᠬᠦᠬᠡᠬᠤᠳᠠ᠂ ᠢᠷᠭᠠᠢ ᠬᠦᠷᠬᠦ ᠳᠡᠭᠡᠳᠤ ᠬᠤᠷᠳᠤᠴᠠᠳᠤ ᠳᠡᠮᠥᠷ ᠵᠠᠮ ᠨᠢ 2020 ᠤᠨ ᠳᠤ ᠠᠵᠢᠯ ᠳᠠᠭᠤᠰᠴᠤ᠂ ᠠᠰᠢᠭᠯᠠᠯᠳᠠ ᠳᠤ ᠤᠷᠤᠬᠤ ᠪᠤᠯᠤᠨ᠎ᠠ᠃ ᠪᠠᠶᠠᠨᠨᠠᠭᠤᠷ ᠬᠤᠳᠠ ᠨᠢ ᠨᠢᠬᠡᠨᠳᠠ ᠪᠠᠷᠠᠭᠤᠨ ᠬᠤᠶᠢᠳᠤ ᠤᠷᠤᠨ ᠲᠠᠢ ᠬᠤᠯᠪᠤᠯᠳᠤᠬᠤ᠂ ᠪᠠᠷᠠᠭᠤᠨ ᠡᠮᠦᠨᠡᠳᠦ ᠤᠷᠤᠨ ᠲᠠᠢ ᠨᠡᠪᠳᠡᠷᠡᠯᠴᠡᠬᠦ᠂ ᠮᠤᠩᠭᠤᠯ ᠤᠯᠤᠰ ᠲᠠᠢ ᠵᠠᠯᠭᠠᠯᠳᠤᠬᠤ  ᠴᠢᠬᠤᠯᠠ ᠴᠡᠭ ᠪᠤᠯᠪᠠ᠃      ᠰᠣᠶᠣᠯ ᠤᠨ ᠨᠥᠭᠡᠴᠡ ᠡᠯᠪᠡᠭ ᠪᠠᠶᠠᠯᠢᠭ᠃ ᠪᠠᠶᠠᠨᠮᠠᠨᠳᠤᠬᠤ  ᠶᠢᠨ ᠠᠪᠤᠷᠭᠤ ᠭᠦᠷᠪᠡᠯ ᠤᠨ ᠴᠢᠯᠠᠭᠤᠵᠢᠮᠠᠯ ᠤᠨ ᠣᠷᠣᠨ ᠨᠢ ︽ᠠᠪᠤᠷᠭᠤ ᠬᠦᠷᠪᠡᠯ ᠤᠨ ᠸᠠᠩᠲᠤ ᠤᠯᠤᠰ︾  ᠬᠡᠮᠡᠨ  ᠠᠯᠳᠠᠷᠰᠢᠵᠤ᠂ ᠮᠤᠨᠠ ᠠᠭᠤᠯᠠ ᠶᠢᠨ ᠬᠠᠳᠠᠨ ᠵᠢᠷᠤᠭ ᠨᠢ ᠳᠡᠯᠡᠬᠡᠶ ᠶᠢᠨ ᠬᠠᠮᠤᠭ ᠶᠡᠭᠡ ᠬᠠᠳᠠᠨ ᠵᠢᠷᠤᠭ ᠤᠨ ᠡᠷᠳᠡᠨᠢ ᠶᠢᠨ ᠰᠠᠩ ᠤᠨ ᠨᠢᠬᠡ ᠪᠠᠶᠢᠵᠤ᠂ 2012 ᠣᠨ ᠳᠤ ᠳᠡᠯᠡᠬᠡᠶ ᠶᠢᠨ ᠰᠣᠶᠣᠯ ᠤᠨ ᠥᠪ ᠤᠨ ᠪᠡᠯᠡᠳᠬᠡᠯ ᠨᠡᠷᠡᠰ ᠲᠤ ᠰᠤᠩᠭᠤᠭᠳᠠᠨ ᠤᠷᠤᠪᠠ᠃
ᠢᠷᠡᠯᠲᠡ᠄ ᠳᠤᠰ ᠰᠦᠯᠵᠢᠶ᠎ᠠ