ᠦᠶᠦᠸᠠᠨ ᠰᠢᠶᠠᠨ ᠤ ᠲᠦᠢᠮᠣ ᠪᠠᠶᠢᠳᠠᠯ
ᠨᠡᠶᠢᠲᠡᠯᠡᠭᠰᠡᠨ ᠴᠠᠭ᠄
2019/10/15
     ᠦᠶᠤᠸᠠᠨ ᠰᠢᠶᠠᠨ ᠨᠢ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠪᠠᠷᠠᠭᠤᠨ ᠬᠡᠰᠡᠭ᠂ ᠬᠠᠳᠤᠨ ᠭᠤᠣᠯ ᠤᠨ ︽几︾ ᠦᠰᠦᠭ ᠤᠨ ᠬᠠᠮᠤᠭ ᠬᠤᠶᠢᠲᠤ ᠦᠵᠦᠭᠦᠷ ᠲᠤ ᠪᠠᠶᠢᠷᠢᠯᠠᠵᠤ᠂ ᠪᠠᠶᠠᠨᠨᠠᠭᠤᠷ ᠬᠤᠲᠠ ᠳᠤ ᠬᠠᠷᠢᠶᠠᠯᠠᠭᠳᠠᠵᠤ᠂ ᠵᠡᠭᠦᠨ ᠲᠠᠯ᠎ᠠ ᠪᠠᠷ ᠢᠶᠠᠨ ᠪᠤᠭᠤᠲᠤ ᠬᠤᠲᠠ ᠲᠠᠢ ᠬᠥᠷᠰᠢᠯᠡᠵᠦ᠂ ᠪᠠᠷᠠᠭᠤᠨ ᠲᠠᠯ᠎ᠠ ᠪᠠᠷ ᠢᠶᠠᠨ ᠦᠬᠠᠶ ᠬᠤᠲᠠ ᠲᠠᠢ ᠵᠠᠯᠭᠠᠯᠳᠤᠵᠤ᠂ ᠡᠮᠦᠨ᠎ᠡ ᠲᠠᠯ᠎ᠠ ᠪᠠᠷ ᠢᠶᠠᠨ ᠬᠠᠳᠤᠨ ᠭᠤᠣᠯ ᠠᠯᠤᠰᠯᠠᠨ ᠣᠷᠳᠣᠰ ᠬᠤᠲᠠ ᠲᠠᠢ ᠨᠢᠭᠤᠷᠯᠠᠵᠤ᠂ ᠬᠤᠶᠢᠲᠤ ᠲᠠᠯ᠎ᠠ ᠪᠠᠷ ᠢᠶᠠᠨ ᠮᠤᠨᠢ ᠠᠭᠤᠯᠠ ᠶᠢ ᠲᠦᠰᠢᠵᠦ ᠪᠠᠶᠢᠳᠠᠭ᠃ ᠦᠶᠤᠸᠠᠨ ᠰᠢᠶᠠᠨ ᠤ ᠶᠡᠷᠦᠩᠬᠡᠢ ᠲᠠᠯᠠᠪᠠᠢ ᠨᠢ 2544 ᠲᠡᠭᠰᠢ ᠳᠥᠷᠪᠡᠯᠵᠢᠨ ᠺᠢᠯᠦᠮᠧᠲᠷ᠂ ᠪᠦᠬᠦ ᠰᠢᠶᠠᠨ ᠳᠤ 30 ᠲᠦᠮᠡᠨ ᠬᠥᠮᠥᠨ ᠠᠮᠠ ᠲᠠᠢ᠂ ᠡᠭᠦᠨ ᠳᠤ ᠲᠠᠷᠢᠶᠠᠯᠠᠩ ᠤᠨ ᠬᠥᠮᠥᠨ ᠠᠮᠠ 20 ᠲᠦᠮᠡ ᠪᠠᠶᠢᠵᠤ᠂ 8 ᠪᠠᠯᠭᠠᠰᠤ 1 ᠰᠤᠮᠤ 1ᠲᠠᠷᠢᠶᠠᠯᠠᠩ ᠤᠨ ᠲᠠᠯᠠᠪᠠᠢ ᠲᠠᠢ᠂ ᠰᠢᠶᠠᠨ ᠤ ᠵᠠᠰᠠᠭ ᠤᠨ ᠣᠷᠳᠣᠨ ᠨᠢ ᠯᠦᠩ ᠰᠢᠩ ᠴᠠᠩ ᠪᠠᠯᠭᠠᠰᠤᠨ ᠳᠤ ᠪᠠᠶᠢᠭ᠎ᠠ ᠶᠤᠮ᠃ ᠦᠶᠤᠸᠠᠨ 2400 ᠭᠠᠷᠤᠶ ᠵᠢᠯ ᠤᠨ ᠲᠡᠤᠬᠡ ᠲᠠᠢ ᠪᠠᠶᠢᠵᠤ᠂ ᠪᠠᠶᠢᠯᠳᠤᠭᠠᠨᠲᠤ ᠤᠯᠤᠰ ᠤᠨ ᠦᠶ᠎ᠡ ᠳᠤ ᠵᠣᠣ ᠤᠯᠤᠰ ᠤᠨ ᠵᠢᠦ ᠶᠤᠸᠠᠨ ᠵᠢᠶᠦ᠋ᠨ ᠤ ᠪᠠᠷᠠᠭᠤᠨ ᠬᠡᠰᠡᠭ ᠲᠤ ᠬᠠᠷᠢᠶᠠᠯᠠᠭᠳᠠᠵᠤ᠂ ᠬᠠᠨ ᠡᠦ ᠳ᠋ᠢ ᠬᠠᠭᠠᠨ ᠤ ᠦᠶ᠎ᠡ ᠳᠤ ᠦᠶᠤᠸᠠᠨ ᠵᠢᠶᠦ᠋ᠨ ᠢ ᠪᠠᠶᠢᠭᠤᠯᠵᠠᠶ᠃ ᠣᠷᠴᠢᠨ ᠦᠶ᠎ᠡ ᠶᠢᠨ ᠲᠡᠤᠬᠡᠨ ᠳᠡᠭᠡᠷ᠎ᠡ᠂ ᠹᠧᠩ ᠢᠦᠢ ᠰᠢᠶᠠᠩ ᠵᠠᠩᠵᠤᠨ ︽ᠦᠶᠤᠸᠠᠨ ᠳᠤ ᠲᠠᠩᠭᠠᠷᠢᠭ︾ ᠬᠢᠵᠦ᠂ ᠹᠦ᠋ ᠽᠦᠸᠧ ᠢ ᠵᠠᠩᠵᠤᠨ ︽ᠦᠶᠤᠸᠠᠨ ᠤ ᠳᠠᠶᠢᠯᠠᠯᠳᠤᠭᠠᠨ︾ ᠢ  ᠶᠠᠪᠤᠭᠤᠯᠵᠤ ᠲᠡᠤᠬᠡᠨ ᠬᠠᠭᠤᠳᠠᠰᠤᠨ ᠳᠤ ᠲᠡᠮᠳᠡᠭᠯᠡᠭᠳᠡᠪᠡ᠃      ᠦᠶᠤᠸᠠᠨ ᠰᠢᠶᠠᠨ ᠤ ᠭᠠᠵᠠᠷ ᠰᠢᠷᠣᠶ᠂ ᠤᠰᠤ᠂ ᠭᠡᠷᠡᠯ ᠢᠯᠴᠢ ᠶᠢᠨ ᠡᠬᠢ ᠪᠠᠶᠠᠯᠢᠭ᠂ ᠴᠠᠬᠢᠯᠭᠠᠨ ᠬᠦᠴᠦᠨ ᠤ ᠡᠬᠢ ᠪᠠᠶᠠᠯᠢᠭ ᠡᠯᠪᠡᠭ ᠳᠡᠯᠪᠡᠭ ᠪᠠᠶᠢᠵᠤ᠂ ᠨᠡᠭᠦᠷᠡᠰᠦ᠂ ᠪᠠᠶᠢᠭᠠᠯᠢ ᠶᠢᠨ ᠰᠢᠲᠠᠮᠠᠬᠠᠶ ᠬᠡᠢ᠂ ᠵᠡᠰ᠂ ᠲᠡᠮᠦᠷ᠂ ᠴᠠᠬᠢᠭᠤᠷ ᠴᠢᠯᠠᠭᠤ᠂ ᠴᠣᠬᠤᠢ ᠶᠢᠨ ᠴᠢᠯᠠᠭᠤ ᠵᠡᠷᠭᠡ ᠣᠯᠠᠨ ᠵᠦᠢᠯ ᠤᠨ ᠠᠭᠤᠷᠬᠠᠶ ᠶᠢᠨ ᠭᠠᠷᠤᠯᠲᠠ ᠶᠢᠨ ᠡᠬᠢ ᠪᠠᠶᠠᠯᠢᠭ ᠲᠥᠪᠯᠡᠷᠡᠭᠰᠡᠨ ᠣᠷᠣᠨ ᠤ ᠪᠦᠰᠡᠯᠡᠯᠲᠡ ᠶᠢᠨ ᠲᠣᠭᠤᠷᠢᠭ ᠲᠤ ᠣᠷᠣᠰᠢᠵᠤ ᠪᠠᠶᠢᠨ᠎ᠠ᠃ ᠦᠶᠤᠸᠠᠨ ᠰᠢᠶᠠᠨ ᠳᠤ 230 ᠲᠦᠮᠡᠨ ᠮᠦ ᠲᠠᠷᠢᠶᠠᠨ ᠭᠠᠵᠠᠷ ᠲᠠᠢ᠂ ᠬᠥᠮᠥᠨ ᠳᠤᠮᠳᠠᠴᠢ ᠶᠢᠨ ᠲᠠᠷᠢᠶᠠᠨ ᠭᠠᠵᠠᠷ ᠨᠢ 11 . 5 ᠮᠦ ᠪᠠᠶᠢᠵᠤ᠂ ᠪᠦᠬᠦ ᠤᠯᠤᠰ ᠤᠨ ᠬᠥᠮᠥᠨ ᠳᠤᠮᠳᠠᠴᠢ ᠶᠢᠨ ᠲᠠᠷᠢᠶᠠᠨ ᠭᠠᠵᠠᠷ ᠤᠨ 8 . 5 ᠳᠠᠬᠢᠨ ᠪᠣᠯᠤᠨ᠎ᠠ᠃ ᠦᠶᠤᠸᠠᠨ ᠰᠢᠶᠠᠨ ︽ᠤᠯᠤᠰ ᠤᠨ ᠲᠠᠷᠢᠶᠠᠯᠠᠩ ᠤᠨ ᠳᠡᠭᠡᠳᠦ ᠰᠢᠨ᠎ᠡ ᠮᠡᠷᠭᠡᠵᠢᠯ ᠤᠨ ᠠᠵᠤ ᠦᠢᠯᠡᠰ ᠤᠨ ᠵᠢᠱᠢᠶ᠎ᠡ ᠦᠵᠡᠭᠦᠯᠬᠦ ᠣᠷᠣᠨ᠂ ᠪᠦᠬᠦ ᠣᠷᠣᠨ ᠤ ᠪᠣᠬᠢᠷᠲᠤᠯ ᠦᠭᠡᠢ ᠲᠠᠷᠢᠶᠠᠯᠠᠩ ᠮᠠᠯ ᠤᠨ ᠪᠦᠲᠦᠭᠡᠭᠳᠡᠬᠦᠨ ᠢ ᠦᠢᠯᠡᠳᠪᠦᠷᠢᠯᠡᠵᠦ ᠡᠳ᠋ᠰᠢᠭᠦᠯᠵᠦ ᠭᠠᠷᠭᠠᠬᠤ ᠰᠠᠭᠤᠷᠢᠨ ᠭᠠᠵᠠᠷ ᠤᠨ ᠳᠠᠭᠠᠭᠤᠯᠤᠭᠴᠢ ᠪᠣᠯᠬᠤ ᠶᠢ ᠴᠢᠷᠮᠠᠶᠢᠨ ᠪᠠᠶᠢᠭᠤᠯᠬᠤ︾ ᠬᠠᠷᠠᠯᠲᠠ ᠶᠢᠨ ᠲᠣᠭᠤᠷᠢᠨ ᠳᠤ ᠪᠣᠬᠢᠷᠲᠤᠯ ᠦᠭᠡᠢ ᠬᠥᠳᠡᠭᠡ ᠠᠵᠤ ᠠᠬᠤᠢ ᠪᠠᠨ ᠥᠷᠨᠢᠨ ᠬᠥᠭᠵᠢᠭᠦᠯᠵᠦ᠂ ᠪᠦᠬᠦ ᠤᠯᠤᠰ ᠤᠨ ᠬᠥᠳᠡᠭᠡ ᠲᠣᠰᠬᠤᠨ ᠤ ᠠᠵᠤ ᠦᠢᠯᠡᠰ ᠤᠨ ᠠᠭᠤᠰᠤᠯᠴᠠᠯ ᠤᠨ ᠵᠢᠱᠢᠶ᠎ᠡ ᠦᠵᠡᠭᠦᠯᠬᠦ ᠰᠢᠶᠠᠨ ᠤ ᠦᠨᠡᠯᠡᠯᠲᠡ ᠶᠢ ᠬᠦᠷᠲᠡᠵᠦ᠂ ᠤᠯᠤᠰ ᠤᠨ ᠦᠷᠭᠦᠯᠵᠢᠯᠡᠬᠦ᠋ᠢᠴᠡ ᠬᠥᠭᠵᠢᠯᠲᠡ ᠶᠢᠨ ᠲᠤᠷᠰᠢᠯᠲᠠ ᠶᠢᠨ ᠵᠢᠱᠢᠶ᠎ᠡ ᠦᠵᠡᠭᠦᠯᠬᠦ ᠣᠷᠣᠨ ᠳᠤ ᠣᠷᠣᠪᠠ᠃ ︽ᠢᠳᠡᠰᠢᠨ ᠨᠣᠭᠤᠭ᠎ᠠ ᠶᠢᠨ ᠦᠵᠡᠰᠬᠦᠯᠡᠩ ᠤᠨ ᠬᠦᠷᠢᠶᠡᠯᠡᠩ︾᠂ ︽ᠢᠳᠡᠰᠢᠨ ᠬᠤᠨᠢᠨ ᠤ ᠦᠵᠡᠰᠬᠦᠯᠡᠩ ᠤᠨ ᠬᠦᠷᠢᠶᠡᠯᠡᠩ︾᠂ ︽ᠨᠠᠷᠠᠨ ᠬᠤᠸᠠᠷ ᠤᠨ ᠦᠵᠡᠰᠭᠦᠯᠡᠩ ᠤᠨ ᠬᠦᠷᠢᠶᠡᠯᠡᠩ︾ ᠨᠢ ᠨᠢᠭᠡᠨᠲᠡ ᠬᠡᠪᠴᠢᠶᠡᠵᠢᠵᠦ᠂ ᠲᠦᠭᠦᠭᠡᠷᠤᠮᠵᠢᠳᠤ ᠲᠠᠷᠢᠶᠠᠯᠠᠩ ᠤᠨ ᠲᠠᠯᠠᠪᠠᠢ ᠨᠢ ᠪᠥᠬᠦ ᠬᠤᠲᠠ ᠶᠢᠨ ᠲᠡᠷᠢᠭᠦᠨ ᠪᠠᠶᠢᠷᠢᠨ ᠳᠤ ᠣᠷᠣᠵᠤ᠂ ᠪᠠ ᠯᠢ ᠴᠢᠶᠣᠤ ᠶᠢᠨ ᠶᠡᠷᠦᠩᠬᠡᠶᠢᠯᠡᠭᠰᠡᠨ ᠲᠠᠷᠢᠶᠠᠯᠠᠩ ᠤᠨ ᠠᠷᠠᠯᠵᠢᠶᠠᠨ ᠤ ᠬᠦᠷᠢᠶᠡᠯᠡᠩ ᠲᠣᠭᠤᠷᠢᠭ ᠨᠢ ᠠᠰᠢᠭᠯᠠᠯᠲᠠ ᠳᠤ ᠣᠷᠣᠵᠤ᠂ ᠥᠪᠥᠷ ᠮᠣᠩᠭᠤᠯ ᠤᠨ ᠪᠠᠷᠠᠭᠤᠨ ᠬᠡᠰᠡᠭ ᠤᠨ ᠲᠠᠯᠠᠪᠠᠢ ᠪᠠᠷ ᠬᠠᠮᠤᠭ ᠤᠨ ᠶᠡᠭᠡ ᠶᠡᠷᠦᠩᠬᠡᠶᠢᠯᠡᠭᠰᠡᠨ ᠴᠢᠨᠠᠷᠲᠠᠶ ᠲᠠᠷᠢᠶᠠᠯᠠᠩ ᠤᠨ ᠠᠷᠠᠯᠵᠢᠶᠠᠨ ᠤ ᠵᠠᠬ᠎ᠠ ᠳᠡᠯᠭᠡᠭᠦᠷ ᠪᠣᠯᠪᠠ᠃ ᠢᠳᠡᠰᠢᠨ ᠬᠤᠨᠢᠨ ᠤ ᠵᠢᠯ ᠤᠨ ᠠᠷᠠᠴᠢᠯᠠᠨ ᠲᠡᠵᠢᠭᠡᠬᠦ ᠬᠡᠮᠵᠢᠶ᠎ᠡ ᠨᠢ 500 ᠲᠦᠮᠡ ᠠᠴᠠ ᠳᠠᠪᠠᠵᠤ᠂ ᠵᠠᠭᠤᠨ ᠲᠦᠮᠡ ᠠᠴᠠ ᠳᠡᠭᠡᠭᠰᠢ ᠢᠳᠡᠰᠢᠨ ᠬᠤᠨᠢᠨ ᠤ ᠦᠢᠯᠡᠳᠪᠦᠷᠢᠯᠡᠯ ᠤᠨ ᠬᠤᠯᠪᠣᠭᠠᠲᠤ ᠴᠣᠭᠴᠠ ᠪᠦᠷᠢᠯᠳᠦᠵᠡᠢ᠃ ᠪᠠ ᠮᠧᠢ ᠢᠳᠡᠰᠢᠨ ᠬᠤᠨᠢ᠂ ᠠᠮᠳᠠᠳᠤ ᠬᠡᠮᠬᠡ᠂ ᠦᠶᠤᠸᠠᠨ ᠤ ᠰᠢᠷ᠎ᠠ ᠱᠠᠪᠲᠠᠯ᠎ᠠ᠂ ᠪᠣᠷᠣᠲᠣᠬᠤᠢ ᠶᠢᠨ ᠪᠤᠭᠤᠳᠠᠢ ᠨᠢ ᠲᠠᠷᠢᠶᠠᠯᠠᠩ ᠤᠨ ᠶᠠᠮᠤᠨ ᠤ ᠭᠠᠵᠠᠷ ᠵᠦᠢ ᠶᠢᠨ ᠪᠡᠯᠭᠡ ᠲᠡᠮᠲᠡᠭ ᠤᠨ ᠭᠡᠷᠡᠴᠢᠯᠡᠯ ᠢ ᠬᠦᠷᠲᠡᠵᠦ᠂ ︽ᠦᠶᠤᠸᠠᠨ ᠤ ᠨᠡᠷᠡᠨ ᠬᠤᠸᠠᠷ︾ ᠨᠢ ᠤᠯᠤᠰ ᠤᠨ ᠭᠠᠵᠠᠷ ᠵᠦᠢ ᠶᠢᠨ ᠪᠡᠯᠭᠡ ᠲᠡᠮᠲᠡᠭ ᠤᠨ ᠭᠡᠷᠡᠴᠢᠯᠡᠯ ᠢ ᠣᠯᠪᠠ᠃      ᠦᠶᠤᠸᠠᠨ ᠳᠤ ᠥᠨᠢ ᠤᠳᠠᠭᠠᠨ ᠰᠣᠶᠣᠯ ᠢᠷᠭᠡᠨᠰᠢᠯ ᠤᠨ ᠲᠡᠤᠬᠡ ᠶᠢᠨ ᠡᠬᠢ ᠪᠠᠶᠠᠯᠢᠭ ᠪᠠ ᠪᠠᠶᠢᠭᠠᠯᠢ ᠶᠢᠨ ᠡᠬᠢ ᠪᠠᠶᠠᠯᠢᠭ ᠲᠠᠢ ᠪᠠᠶᠢᠵᠤ᠂ ᠪᠣᠷᠣᠲᠣᠬᠤᠢ ᠶᠢᠨ ᠲᠡᠤᠬᠡ ᠰᠣᠶᠣᠯ᠂ ᠬᠤᠳᠠᠯᠳᠤᠭ᠎ᠠ᠂ ᠣᠯᠠᠨ ᠦᠨᠳᠦᠰᠦᠲᠡᠨ ᠠᠭᠤᠰᠤᠯᠴᠠᠭᠰᠠᠨ ᠣᠷᠣᠨ ᠪᠠᠶᠢᠵᠤ᠂ ᠪᠦᠬᠦ ᠰᠢᠶᠠᠨ ᠳᠤ 3A ᠲᠡᠰ ᠤᠨ ᠦᠵᠡᠮᠵᠢ ᠶᠢᠨ ᠣᠷᠣᠨ 1 ᠪᠠᠶᠢᠵᠤ ᠂ 2A ᠲᠡᠰ ᠤᠨ ᠦᠵᠡᠮᠵᠢ ᠶᠢᠨ ᠣᠷᠣᠨ 5 ᠪᠠᠶᠢᠵᠤ᠂ ᠦᠶᠤᠸᠠᠨ ᠰᠢᠶᠠᠨ ᠤ ᠮᠦᠽᠧᠢ᠂ ᠹᠧᠩ ᠢᠦᠢ ᠰᠢᠶᠠᠩ ᠤᠨ ᠲᠠᠩᠭᠠᠷᠢᠭ ᠤᠨ ᠲᠠᠯᠠᠪᠠᠢ᠂ ᠰᠾᠢ ᠳ᠋ᠠ ᠭᠦ᠋ ᠫᠦ᠋ ᠵᠢᠢ ᠰᠦᠮ᠎ᠡ᠂ ᠲᠢᠶᠠᠨ ᠯᠠᠢ ᠬᠤ᠋ ᠨᠠᠭᠤᠷ ᠤᠨ ᠺᠢᠨᠣ᠋ ᠲᠧᠯᠸᠢᠰ ᠤᠨ ᠰᠠᠭᠤᠷᠢᠨ ᠭᠠᠵᠠᠷ᠂ ᠲᠠᠷᠬᠤ ᠶᠢᠨ ᠠᠮᠠᠷᠠᠯᠲᠠ ᠶᠢᠨ ᠲᠣᠰᠬᠤᠨ᠂ ᠬᠠᠳᠤᠨ ᠭᠤᠣᠯ ᠤᠨ ᠦᠵᠡᠮᠵᠢ ᠵᠡᠷᠭᠡ ᠮᠠᠰᠢ ᠤᠯᠠᠨ ᠦᠵᠡᠮᠵᠢ ᠶᠢᠨ ᠣᠷᠣᠨ ᠪᠣᠶ᠃ ︽ᠪᠦᠬᠦ ᠣᠷᠣᠨ ᠪᠦᠰᠡ ᠶᠢᠨ ᠵᠤᠭᠠᠴᠠᠯ᠂ ᠳᠦᠷᠪᠡᠨ ᠤᠯᠠᠷᠢᠯ ᠤᠨ ᠵᠤᠭᠠᠴᠠᠯ︾ ᠢ ᠭᠦᠨᠵᠡᠭᠡᠢ ᠠᠬᠢᠭᠤᠯᠬᠤ ᠬᠢᠭᠡᠳ ᠵᠤᠭᠠᠴᠠᠯ ᠤᠨ ᠡᠬᠢ ᠪᠠᠶᠠᠯᠢᠭ ᠢ ᠭᠦᠨᠵᠡᠭᠡᠢ ᠨᠡᠭᠡᠭᠡᠨ ᠬᠥᠭᠵᠢᠭᠦᠯᠬᠦ ᠶᠢ ᠳᠠᠭᠠᠯᠳᠤᠨ᠂ ᠠᠭᠤᠯᠠ ᠤᠰᠤᠨ ᠤ ᠥᠩᠭᠡ ᠦᠵᠡᠮᠵᠢ᠂ ᠬᠠᠲᠤᠨ ᠭᠤᠣᠯ ᠤᠨ ᠦᠵᠡᠮᠵᠢ᠂ ᠲᠡᠤᠬᠡ ᠰᠣᠶᠣᠯ ᠴᠣᠭᠴᠠᠵᠢᠭᠤᠯᠤᠭᠰᠠᠨ ᠵᠤᠭᠠᠴᠠᠯ ᠤᠨ ᠪᠠᠶᠢᠷᠢᠰᠢᠯ ᠮᠠᠰᠢ ᠲᠦᠷᠭᠡᠨ ᠪᠦᠷᠢᠯᠳᠦᠵᠦ᠂ ᠦᠶᠤᠸᠠᠨ ᠰᠢᠶᠠᠨ ᠯᠠᠪᠲᠠᠢ ᠨᠡᠷ᠎ᠡ ᠨᠢᠳᠡᠷ ᠲᠡᠭᠡᠨ ᠲᠡᠩᠴᠡᠭᠰᠡᠨ ᠪᠣᠷᠣᠲᠣᠬᠤᠢ ᠶᠢᠨ ᠭᠡᠷᠡᠯᠲᠦ ᠰᠤᠪᠤᠳ᠂ ᠵᠤᠭᠠᠴᠠᠯ ᠤᠨ ᠦᠵᠡᠮᠵᠢᠲᠦ ᠣᠷᠣᠨ ᠪᠣᠯᠬᠤ ᠶᠤᠮ᠃    
ᠢᠷᠡᠯᠲᠡ᠄ ᠦᠶᠦᠸᠠᠨ ᠰᠢᠶᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ