ᠳ᠋ᠧᠩᠺᠧᠦ ᠶᠢᠨ ᠬᠠᠲᠤᠨ ᠭᠤᠤᠯ ᠤᠨ ᠨᠤᠭᠤ ᠭᠠᠵᠠᠷ ᠶᠡᠭᠡ ᠬᠡᠮᠵᠢᠶᠡᠨ ᠤ ᠬᠤᠨ ᠭᠠᠯᠠᠭᠤ ᠪᠠ ᠬᠠᠯᠢᠭᠤᠨ ᠭᠠᠯᠠᠭᠤ ᠶᠢ ᠤᠭᠲᠤᠵᠤ ᠠᠪᠴᠢᠷᠠᠪᠠ
ᠨᠡᠶᠢᠲᠡᠯᠡᠭᠰᠡᠨ ᠴᠠᠭ᠄
2020/3/11
     ᠣᠶᠢᠷ᠎ᠠ ᠳᠤ᠂ ᠶᠡᠭᠡ ᠬᠡᠮᠵᠢᠶᠡᠨ ᠤ ᠬᠤᠨ ᠭᠠᠯᠠᠭᠤ᠂  ᠬᠠᠯᠢᠭᠤᠨ ᠭᠠᠯᠠᠭᠤ᠂ ᠱᠠᠩᠬᠤᠲᠤ ᠭᠠᠯᠠᠭᠤ  ᠂ ᠪᠣᠷᠣ ᠭᠠᠯᠠᠭᠤ  ᠳ᠋ᠧᠩᠺᠧᠦ ᠶᠢᠨ ᠬᠠᠲᠤᠨ ᠭᠤᠤᠯ ᠤᠨ  ᠨᠤᠭᠤ ᠭᠠᠵᠠᠷ ᠲᠤ ᠨᠡᠭᠦᠨ ᠬᠦᠷᠴᠡᠶ᠃      ᠲᠦᠷᠦᠭᠦᠬᠡᠨ᠂  ᠳ᠋ᠧᠩᠺᠧᠦ ᠰᠢᠶᠠᠨ ᠤ ᠣᠶ ᠰᠢᠭᠤᠶ ᠶᠢᠨ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠶᠢᠨ ᠠᠷᠠᠳ ᠤᠨ ᠴᠠᠭᠳᠠᠭ᠎ᠠ ᠲᠣᠭᠤᠷᠢᠨ ᠪᠠᠶᠢᠴᠠᠭᠠᠬᠤ ᠳᠤᠮᠳᠠ᠂  ᠳ᠋ᠧᠩᠺᠧᠦ ᠶᠢᠨ ᠬᠠᠲᠤᠨ ᠭᠤᠤᠯ ᠤᠨ ᠨᠤᠭᠤ  ᠭᠠᠵᠠᠷ ᠲᠤ ᠬᠡᠳᠦᠨ ᠮᠢᠩᠭᠠᠨ ᠨᠡᠭᠦᠳᠡᠯ ᠤᠨ ᠰᠢᠪᠠᠭᠤ ᠠᠮᠢᠳᠤᠷᠠᠵᠤ  ᠂ ᠭᠤᠣᠯᠳᠠᠭᠤ  ᠭᠠᠩᠭᠠᠷ ᠬᠤᠨ  ᠂ ᠣᠭᠤᠳᠣᠩ ᠬᠤᠰᠢᠭᠤᠲᠤ ᠬᠤᠨ᠂ ᠬᠤᠨ ᠭᠠᠯᠠᠭᠤ᠂ ᠱᠠᠩᠬᠤᠲᠤ ᠭᠠᠯᠠᠭᠤ  ᠂ ᠪᠣᠷᠣ ᠭᠠᠯᠠᠭᠤ᠂  ᠠᠯᠠᠭ ᠬᠤᠰᠢᠭᠤᠲᠤ ᠨᠤᠭᠤᠰᠤ  ᠂ ᠠᠩᠭᠢᠷ᠂ ᠲᠣᠮᠣ ᠬᠠᠯᠲᠠᠷ ᠨᠤᠭᠤᠰᠤ  ᠵᠡᠷᠭᠡ ᠪᠠᠶᠢᠵᠤ᠂ ᠲᠥᠷᠥᠯ ᠵᠦᠢᠯ ᠨᠢ ᠣᠯᠠᠨ ᠪᠥᠭᠡᠳ ᠲᠤᠭ᠎ᠠ ᠬᠡᠮᠵᠢᠶ᠎ᠡ ᠨᠢ ᠴᠦ ᠯᠤᠲᠤ ᠶᠡᠭᠡ᠂ ᠲᠡᠳᠡᠭᠡᠷ ᠤᠨ ᠵᠠᠷᠢᠮ ᠨᠢ ᠠᠭᠠᠷ ᠲᠤ ᠵᠢᠭᠦᠷ ᠢᠶᠠᠨ ᠳᠡᠯᠭᠡᠨ ᠨᠢᠰᠴᠦ᠂ ᠵᠠᠷᠢᠮ ᠨᠢ ᠤᠰᠤᠨ ᠳᠣᠲᠣᠷ᠎ᠠ ᠠᠴᠠ ᠢᠳᠡᠰᠢ  ᠡᠷᠢᠵᠦ  ᠂  ᠵᠠᠷᠢᠮ ᠨᠢ  ᠬᠡᠳᠦ ᠬᠡᠳᠦ ᠪᠠᠷ ᠢᠶᠠᠨ ᠬᠠᠮᠲᠤ ᠨᠠᠭᠠᠳᠴᠤ᠂ ᠵᠠᠷᠢᠮ ᠨᠢ ᠬᠠᠩᠭᠢᠨᠠᠲᠠᠯ᠎ᠠ ᠳᠠᠭᠤᠯᠠᠵᠤ᠂  ᠮᠠᠰᠢ ᠭᠤᠶᠣ ᠦᠵᠡᠮᠵᠢ ᠪᠣᠯᠣᠭᠰᠠᠨ ᠪᠠᠶᠢᠨ᠎ᠠ᠃      ᠣᠶᠢᠯᠠᠭᠠᠭᠰᠠᠨ ᠢᠶᠠᠷ᠂  ᠳ᠋ᠧᠩᠺᠧᠦ ᠰᠢᠶᠠᠨ ᠳᠤ 160 ᠭᠠᠷᠤᠶ ᠨᠠᠭᠤᠷ ᠴᠥᠭᠦᠷᠥᠮ ᠲᠠᠢ ᠪᠠᠶᠢᠵᠤ᠂ ᠨᠤᠭᠤ ᠭᠠᠵᠠᠷ ᠤᠨ ᠲᠠᠯᠠᠪᠠᠶ ᠨᠢ 58.7 ᠲᠦᠮᠡᠨ ᠮᠥ ᠬᠦᠷᠴᠡᠶ᠃ ᠣᠶᠢᠷ᠎ᠠ ᠶᠢᠨ ᠵᠢᠯ ᠠᠴᠠ ᠨᠠᠭᠠᠰᠢ᠂ ᠠᠮᠢ ᠠᠬᠤᠶ ᠶᠢᠨ ᠪᠥᠲᠥᠭᠡᠨ ᠪᠠᠶᠢᠭᠤᠯᠤᠯᠲᠠ ᠬᠢᠭᠡᠳ ᠬᠠᠮᠠᠭᠠᠯᠠᠯᠲᠠ ᠶᠢᠨ ᠡᠷᠴᠢᠮ ᠤᠨ ᠴᠢᠩᠭᠠᠷᠠᠬᠤ ᠶᠢ ᠳᠠᠭᠠᠯᠳᠤᠨ ᠂ ᠲᠣᠰ ᠰᠢᠶᠠᠨ ᠤ ᠠᠮᠢ ᠠᠬᠤᠶ ᠶᠢᠨ ᠣᠷᠴᠢᠨ ᠨᠥᠬᠦᠴᠡᠯ ᠶᠠᠪᠤᠬᠤ ᠲᠤᠲᠤᠮ ᠰᠠᠶᠢᠵᠢᠷᠠᠵᠤ᠂ ᠴᠢᠨᠠᠷ ᠰᠠᠶᠢᠲᠠᠶ ᠤᠰᠤᠨ ᠤ ᠣᠷᠴᠢᠨ ᠨᠢ ᠨᠡᠭᠦᠳᠡᠯ ᠤᠨ ᠰᠢᠪᠠᠭᠤᠨ ᠳᠤ ᠭᠦᠶᠴᠡᠳ ᠢᠳᠡᠭᠡᠨ ᠪᠠ  ᠬᠦᠰᠡᠯᠡᠩᠲᠦ ᠣᠷᠣᠰᠢᠨ ᠠᠮᠢᠳᠤᠷᠠᠬᠤ ᠣᠷᠴᠢᠨ ᠨᠥᠬᠦᠴᠡᠯ ᠢ ᠬᠠᠩᠭᠠᠵᠤ᠂ ᠨᠡᠭᠦᠳᠡᠯ ᠤᠨ ᠰᠢᠪᠠᠭᠤᠳ ᠤᠨ ᠲᠥᠷᠥᠯ ᠵᠦᠢᠯ ᠤᠨ ᠲᠤᠭ᠎ᠠ ᠵᠢᠯ ᠳᠠᠷᠠᠭᠠᠯᠠᠨ ᠨᠡᠮᠡᠭᠳᠡᠵᠦ᠂ 2018 ᠣᠨ ᠳᠤ ᠤᠯᠤᠰ ᠤᠨ ᠨᠢᠭᠡᠳᠦᠭᠡᠷ ᠳᠡᠰ ᠤᠨ ᠭᠤᠤᠯᠳᠠᠯᠭ᠎ᠠ ᠲᠠᠢ ᠬᠠᠮᠠᠭᠠᠯᠠᠯᠲᠠ ᠶᠢᠨ ᠠᠮᠢᠲᠠᠨ ᠴᠠᠬᠤᠯᠠᠶ ᠶᠢ ᠢᠯᠡᠷᠡᠭᠦᠯᠵᠦ᠂ 2019 ᠣᠨ ᠳᠤ ᠪᠠᠰᠠ ᠳᠡᠯᠡᠬᠡᠶ ᠶᠢᠨ ᠬᠤᠪᠣᠷ ᠴᠤᠬᠠᠭ ᠬᠠᠮᠠᠭᠠᠯᠠᠯᠲᠠ ᠶᠢᠨ ᠠᠮᠢᠲᠠᠨ ᠤᠯᠠᠭᠠᠨ ᠬᠤᠰᠢᠭᠤᠲᠤ ᠥᠷᠪᠢ ᠶᠢ ᠢᠯᠡᠷᠡᠭᠦᠯᠪᠡ᠃
ᠢᠷᠡᠯᠲᠡ᠄ ᠪᠠᠶᠠᠨᠨᠠᠭᠤᠷ ᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠵᠠᠰᠠᠭ ᠤᠨ ᠶᠠᠪᠤᠳᠠᠯ ᠤᠨ ᠮᠣᠩᠭᠤᠯ ᠰᠦᠯᠵᠢᠶ᠎ᠡ