ᠮᠣᠩᠭᠤᠯᠴᠤᠳ ᠤᠨ ᠲᠠᠪᠤᠨ ᠬᠤᠰᠢᠭᠤ ᠮᠠᠯ ᠢ ᠨᠡᠷᠡᠯᠡᠭᠰᠡᠨ ᠤᠷ᠎ᠠ ᠤᠬᠠᠭᠠᠨ
ᠨᠡᠶᠢᠲᠡᠯᠡᠭᠰᠡᠨ ᠴᠠᠭ᠄
2021/11/17
ᠮᠣᠩᠭᠤᠯᠴᠤᠳ ᠲᠠᠪᠤᠨ ᠬᠤᠰᠢᠭᠤ  ᠮᠠᠯ ᠢ ᠠᠷᠠᠴᠢᠯᠠᠨ ᠮᠠᠯᠵᠢᠬᠤ  ᠲᠡᠦᠬᠡᠨ ᠶᠠᠪᠤᠴᠠ ᠪᠠᠨ ᠳᠤ ᠲᠠᠪᠤᠨ ᠬᠤᠰᠢᠭᠤ ᠮᠠᠯ ᠲᠠᠢ ᠬᠤᠯᠪᠤᠭᠳᠠᠭᠰᠠᠨ ᠦᠨᠢᠷ ᠪᠠᠶᠠᠯᠢᠭ ᠦᠪᠡᠷᠮᠢᠴᠡ ᠤᠨᠴᠠᠯᠢᠭ ᠲᠠᠢ ᠵᠠᠩ  ᠦᠢᠯᠡ ᠶᠢ ᠡᠬᠦᠳᠤᠨ ᠪᠦᠳᠤᠭᠡᠭᠰᠡᠨ ᠶᠤᠮ᠃ ᠡᠬᠦᠨ ᠤ ᠲᠤᠳᠤᠷ᠎ᠡ ᠲᠠᠪᠤᠨ ᠬᠤᠰᠢᠭᠤ  ᠮᠠᠯ ᠤᠨ  ᠨᠡᠷᠡᠶᠢᠳᠦᠯ ᠨᠢ ᠨᠢᠭᠡᠨ ᠵᠢᠱᠢᠶ᠎ᠡ ᠪᠤᠯᠤᠨ᠎ᠡ᠃ ᠮᠤᠩᠭᠤᠯᠴᠤᠳ ᠲᠠᠪᠤᠨ ᠤᠨ ᠬᠤᠰᠢᠭᠤ ᠮᠠᠯ ᠢ ᠨᠡᠷᠡᠶᠢᠳᠦᠭᠰᠡᠨ ᠪᠠᠶᠢᠳᠠᠯ ᠠᠴᠠ ᠦᠵᠡᠬᠦ ᠳᠤ ᠂ ᠲᠠᠪᠤᠨ ᠬᠤᠰᠢᠭᠤ ᠮᠠᠯ ᠢ ᠶᠡᠷᠤᠩᠭᠡᠶᠢᠯᠡᠨ ᠨᠡᠷᠡᠯᠡᠭᠰᠡᠨ ᠠᠴᠠ  ᠭᠠᠳᠠᠨ᠎ᠠ᠂ ᠲᠠᠪᠤᠨ  ᠬᠤᠰᠢᠭᠤ ᠮᠠᠯ ᠢ ᠨᠠᠷᠢᠨ ᠢᠯᠭᠠᠮᠵᠢ ᠪᠠᠷ ᠨᠡᠷᠡᠯᠡᠬᠦ ᠪᠠ ᠲᠠᠪᠤᠨ ᠬᠤᠰᠢᠭᠤ ᠮᠠᠯ ᠤᠨ ᠲᠤᠬᠠᠢ ᠤᠨᠴᠠᠭᠠᠢ ᠨᠡᠷᠡᠶᠢᠳᠤᠯ ᠭᠡᠬᠦ ᠵᠡᠷᠭᠡ ᠪᠠᠶᠢᠳᠠᠭ ᠨᠢ ᠮᠤᠩᠭᠤᠯᠴᠤᠳ ᠤᠨ ᠲᠠᠪᠤᠨ ᠬᠤᠰᠢᠭᠤ ᠮᠠᠯ ᠤᠨ ᠲᠤᠬᠠᠢ ᠦᠪᠡᠷᠮᠢᠴᠠ ᠦᠵᠡᠯ ᠤᠢᠢᠯᠠᠭᠠᠯᠳᠠ ᠶᠢ ᠲᠤᠰᠬᠠᠨ ᠬᠠᠷᠠᠭᠤᠯᠵᠤ ᠪᠠᠶᠢᠭ᠎ᠠ ᠪᠦᠭᠡᠳ ᠮᠤᠩᠭᠤᠯ ᠮᠠᠯᠵᠢᠯ ᠰᠤᠶᠤᠯ ᠤᠨ  ᠠᠭᠤᠯᠭ᠎ᠠ ᠶᠢ ᠪᠠᠶᠠᠯᠢᠭᠵᠢᠭᠤᠯᠤᠭᠰᠡᠨ ᠤ ᠨᠢᠭᠡᠨ ᠪᠣᠳᠠᠲᠠᠢ ᠢᠯᠡᠷᠡᠯ ᠪᠤᠯᠤᠨ᠎ᠠ᠃  ᠲᠠᠪᠤᠨ ᠬᠤᠰᠢᠭᠤ ᠮᠠᠯ ᠤᠨ ᠨᠡᠷᠡᠶᠢᠳᠦᠯ 1 ᠂ ᠮᠤᠩᠭᠤᠯᠴᠤᠳ ᠮᠤᠷᠢ᠂ ᠦᠭᠡᠷ᠂ ᠲᠡᠮᠡᠭᠡ᠂ ᠬᠤᠨᠢ᠂ ᠢᠮᠠᠭ᠎ᠠ ᠵᠡᠷᠭᠡ ᠲᠠᠪᠤᠨ  ᠲᠥᠷᠥᠯ ᠤᠨ ᠮᠠᠯ ᠢ ᠲᠠᠪᠤᠨ ᠬᠤᠰᠢᠭᠤ ᠮᠠᠯ ᠭᠡᠵᠤ ᠶᠡᠷᠦᠩᠭᠡᠶᠢᠯᠡᠨ ᠨᠡᠷᠡᠯᠡᠳᠡᠭ ᠃ ᠡᠨᠡᠬᠦ ᠶᠡᠷᠤᠩᠭᠡᠢ ᠨᠡᠷᠡᠶᠢᠳᠤᠯ ᠳᠤ᠂ ᠲᠠᠪᠤᠨ ᠬᠤᠰᠢᠭᠤ  ᠮᠠᠯ ᠤᠨ ᠪᠡᠶ᠎ᠡ ᠪᠠᠶᠢᠳᠠᠯ ᠤᠨ ᠤᠨᠴᠠᠯᠢᠭ ᠰᠢᠨᠵᠢ᠂ ᠢᠳᠡᠰᠢᠯᠡᠬᠦ ᠪᠠᠶᠢᠳᠠᠯ ᠢ ᠨᠢ ᠦᠨᠳᠤᠰᠤᠯᠡᠵᠤ᠂ ᠶᠡᠷᠤᠩᠭᠡᠢ ᠲᠠᠯ᠎ᠠ ᠠᠴᠠ ᠨᠢ ᠠᠳᠠᠯᠢ ᠪᠤᠰᠤ ᠨᠡᠷᠡᠯᠡᠭᠰᠡᠨ ᠪᠠᠶᠢᠳᠠᠭ᠃ ᠲᠤᠬᠠᠢᠢᠯᠠᠪᠠᠯ᠂ ᠪᠡᠶ᠎ᠡ ᠪᠠᠶᠢᠳᠠᠯ ᠤᠨ ᠬᠢᠨᠢ ᠤᠨᠴᠠᠯᠢᠭ ᠰᠢᠨᠵᠢ ᠪᠠᠷ  ᠪᠤᠲᠠ ᠮᠠᠯ᠂ ᠪᠤᠭ  ᠮᠠᠯ ᠭᠡᠵᠦ ᠨᠡᠷᠡᠯᠡᠬᠦ︔ ᠲᠠᠪᠤᠨ ᠬᠤᠰᠢᠭᠤ ᠮᠠᠯ ᠤᠨ ᠪᠡᠶ᠎ᠡ ᠶᠢᠨ ᠬᠢᠨᠢ ᠲᠤᠮᠤ ᠵᠢᠵᠢᠭ ᠢ ᠦᠨᠳᠤᠰᠤᠯᠡᠵᠤ ᠮᠤᠷᠢ᠂ ᠦᠭᠡᠷ᠂ ᠲᠡᠮᠡᠭᠡ ᠶᠢ ᠪᠤᠳᠠ ᠮᠠᠯ ᠪᠤᠶᠤ ᠪᠦᠳᠤᠬᠦᠨ ᠮᠠᠯ ᠭᠡᠵᠤ᠂  ᠬᠤᠨᠢ᠂ ᠢᠮᠠᠭ᠎ᠠ ᠶᠢ ᠪᠤᠭ ᠮᠠᠯ ᠪᠤᠶᠤ   ᠪᠠᠭ᠎ᠠ ᠮᠠᠯ ᠭᠡᠬᠦ︔ ᠲᠠᠪᠤᠨ ᠬᠤᠰᠢᠭᠤ ᠮᠠᠯ ᠤᠨ ᠲᠤᠭᠤᠷᠠᠢ᠂ ᠲᠠᠪᠠᠭ ᠤᠨ ᠬᠢᠨᠢ ᠪᠠᠶᠢᠳᠠᠯ ᠢᠶᠠᠷ ᠨᠢ ᠦᠭᠡᠷ᠂ ᠲᠡᠮᠡᠭᠡ᠂ ᠬᠤᠨᠢ᠂ ᠢᠮᠠᠭ᠎ᠠ ᠶᠢ   ᠠᠴᠠ ᠲᠤᠭᠤᠷᠠᠶᠢᠳᠠᠨ ᠭᠡᠵᠤ᠂  ᠮᠣᠷᠢ ᠶᠢ ᠪᠢᠳᠡᠬᠦᠤ ᠲᠤᠭᠤᠷᠠᠶᠢᠳᠠᠨ ᠭᠡᠬᠦ︔  ᠢᠳᠡᠰᠢ ᠶᠢ ᠬᠡᠪᠢᠬᠦ ᠪᠠ ᠡᠰᠡᠬᠦ ᠪᠠᠷ  ᠨᠢ᠂  ᠦᠬᠡᠷ᠂ ᠲᠡᠮᠡᠭᠡ᠂ ᠬᠤᠨᠢ᠂ ᠢᠮᠠᠭ᠎ᠠ  ᠶᠢ ᠬᠡᠪᠢᠯᠭᠡᠲᠦ ᠮᠠᠯ ᠭᠡᠵᠤ ᠂ ᠮᠤᠷᠢ  ᠶᠢ ᠭᠡᠪᠢᠯᠭᠡ ᠦᠭᠡᠢ ᠮᠠᠯ ᠭᠡᠵᠤ ᠨᠡᠷᠡᠯᠡᠬᠦ︔ ᠲᠠᠪᠤᠨ ᠬᠤᠰᠢᠭᠤ ᠮᠠᠯ ᠤᠨ ᠪᠡᠯᠴᠢᠭᠡᠷᠯᠡᠬᠦ ᠪᠠᠶᠢᠳᠠᠯ ᠢᠶᠠᠷ ᠨᠢ ᠮᠤᠷᠢ᠂  ᠦᠭᠡᠷ᠂ ᠲᠡᠮᠡᠭᠡ ᠶᠢ ᠬᠤᠯᠠ ᠶᠢᠨ ᠪᠡᠯᠴᠢᠭᠡᠷᠳᠤ ᠮᠠᠯ ᠪᠤᠶᠤ ᠤᠷᠳᠤ ᠬᠦᠯᠳᠤ ᠮᠠᠯ ᠭᠡᠵᠤ᠂  ᠬᠤᠨᠢ᠂ ᠢᠮᠠᠭ᠎ᠠ ᠶᠢ ᠤᠢᠢᠷ᠎ᠡ ᠶᠢᠨ ᠪᠡᠯᠴᠢᠭᠡᠷᠳᠤ ᠮᠠᠯ ᠪᠤᠶᠤ ᠤᠬᠤᠷ ᠬᠦᠯᠳᠤ ᠮᠠᠯ ᠭᠡᠬᠦ︔  ᠲᠠᠪᠤᠨ ᠬᠤᠰᠢᠭᠤ ᠮᠠᠯ ᠤᠨ ᠦᠷᠡᠵᠢᠯ ᠲᠦᠯᠵᠢᠯ ᠤᠨ ᠪᠠᠶᠢᠳᠠᠯ ᠢ ᠨᠢ  ᠦᠨᠳᠤᠰᠤᠯᠡᠵᠤ᠂ ᠦᠷ᠎ᠡ  ᠶᠢᠨ ᠮᠠᠯ ᠂ ᠦᠷᠡᠵᠢᠯ ᠤᠨ ᠮᠠᠯ ᠂  ᠲᠥᠯ ᠮᠠᠯ ᠭᠡᠵᠦ ᠨᠡᠷᠡᠯᠡᠵᠤ᠂ ᠠᠵᠢᠷᠭ᠎ᠠ᠂  ᠪᠤᠬ᠎ᠠ᠂  ᠪᠤᠤᠷ᠎ᠡ᠂ ᠬᠤᠴᠠ᠂ ᠤᠬᠤᠨ᠎ᠠ ᠶᠢ  ᠦᠷ᠎ᠡ ᠶᠢᠨ ᠮᠠᠯ  ᠭᠡᠬᠦ᠂ ᠦᠨᠢᠶ᠎ᠡ ᠂ ᠢᠡᠭᠭᠡ ᠂  ᠡᠮ᠎ᠡ ᠬᠤᠨᠢ᠂  ᠡᠮ᠎ᠡ ᠢᠮᠠᠭ᠎ᠠ ᠶᠢ ᠦᠷᠡᠵᠢᠯ ᠤᠨ ᠮᠠᠯ᠂  ᠤᠨᠠᠭ᠎ᠠ᠂  ᠲᠤᠭᠤᠯ᠂ ᠪᠤᠳᠤᠭᠤ᠂ ᠬᠤᠷᠠᠭ᠎ᠠ᠂ ᠢᠰᠢᠭᠡ ᠶᠢ  ᠲᠥᠯ ᠮᠠᠯ ᠭᠡᠳᠡᠭ᠃ ᠲᠡᠷᠡᠴᠢᠯᠡᠨ ᠡᠷᠬᠢᠮᠯᠡᠯ ᠬᠦᠨᠳᠤᠳᠭᠡᠯ᠂ ᠪᠡᠯᠭᠡᠰᠢᠶᠡᠯ ᠵᠦᠡᠭᠨᠡᠯ ᠤᠨ ᠰᠡᠳᠬᠢᠯᠭᠡ ᠪᠠᠷ ᠲᠠᠪᠤᠨ ᠬᠤᠰᠢᠭᠤ ᠮᠠᠯ ᠢᠶᠠᠨ ᠬᠠᠯᠠᠭᠤᠨ ᠬᠤᠰᠢᠭᠤᠳᠤ ᠮᠠᠯ ᠭᠡᠳᠡᠭ᠃ ᠡᠨᠡ ᠨᠢ ᠭᠤᠤᠯᠳᠠᠭᠤ ᠨᠠᠶᠢᠷ ᠨᠠᠭᠠᠳᠤᠮ ᠪᠠ ᠲᠠᠶᠢᠯᠭ᠎ᠠ ᠲᠠᠬᠢᠯᠭ᠎ᠠ ᠳᠤ ︽ᠪᠡᠯᠡᠭ ᠤᠨ ᠮᠠᠩᠯᠠᠢ ᠮᠤᠷᠢ᠂ ᠰᠢᠬᠦᠰᠤᠨ ᠤ ᠲᠡᠭᠡᠳᠤ ᠬᠤᠨᠢ︾ ᠭᠡᠵᠤ ᠡᠷᠬᠢᠮᠯᠡᠨ ᠬᠦᠨᠳᠤᠳᠭᠡᠬᠦ ᠤᠯᠠᠮᠵᠢᠯᠠᠯ ᠠᠴᠠ ᠤᠯᠪᠠᠭᠠᠯᠠᠨ ᠬᠦᠭᠵᠢᠭᠰᠡᠨ ᠵᠠᠩ ᠦᠢᠯᠡ ᠪᠤᠯᠤᠨ᠎ᠠ᠃2᠂  ᠲᠠᠪᠤᠨ ᠬᠤᠰᠢᠭᠤ ᠮᠠᠯ ᠤᠨ ᠨᠡᠷᠡᠶᠢᠳᠤᠯ ᠤᠨ ᠲᠠᠶᠢᠯᠤᠮᠵᠢ  ᠪᠤᠳᠠ ᠮᠠᠯ — ᠲᠠᠪᠤᠨ ᠬᠤᠰᠢᠭᠤ ᠮᠠᠯ ᠤᠨ ᠲᠤᠳᠤᠷ᠎ᠡ ᠮᠤᠷᠢ᠂ ᠦᠭᠡᠷ᠂ ᠲᠡᠮᠡᠭᠡ ᠶᠢ ᠪᠤᠲᠠ ᠮᠠᠯ ᠭᠡᠳᠡᠭ᠃ ᠪᠤᠭ ᠮᠠᠯ — ᠲᠠᠪᠤᠨ ᠬᠤᠰᠢᠭᠤ  ᠮᠠᠯ ᠤᠨ ᠲᠤᠳᠤᠷ᠎ᠡ ᠬᠤᠨᠢ᠂ ᠢᠮᠠᠭ᠎ᠠ ᠶᠢ ᠪᠤᠭ ᠮᠠᠯ ᠭᠡᠳᠡᠭ ᠃ ᠪᠦᠳᠤᠬᠦᠨ ᠮᠠᠯ — ᠲᠠᠪᠤᠨ ᠬᠤᠰᠢᠭᠤ ᠮᠠᠯ ᠤᠨ  ᠳᠣᠲᠣᠷ᠎ᠠ ᠮᠤᠷᠢ᠂  ᠦᠭᠡᠷ᠂ ᠲᠡᠮᠡᠭᠡ  ᠶᠢ ᠪᠦᠳᠦᠭᠦᠨ ᠮᠠᠯ ᠭᠡᠨ᠎ᠡ᠃ ᠪᠠᠭ᠎ᠠ ᠮᠠᠯ — ᠲᠠᠪᠤᠨ  ᠬᠤᠰᠢᠭᠤ  ᠮᠠᠯ ᠤᠨ ᠳᠣᠲᠣᠷ᠎ᠠ ᠬᠤᠨᠢ  ᠢᠮᠠᠭ᠎ᠠ ᠶᠢ  ᠪᠠᠭ᠎ᠠ ᠮᠠᠯ ᠭᠡᠳᠡᠭ᠃ ᠠᠴᠠ ᠲᠤᠭᠤᠷᠠᠶᠢᠳᠠᠨ — ᠲᠠᠪᠤᠨ ᠬᠤᠰᠢᠭᠤ ᠮᠠᠯ ᠤᠨ ᠳᠣᠲᠣᠷ᠎ᠠ ᠦᠭᠡᠷ᠂ ᠲᠡᠮᠡᠭᠡ᠂  ᠬᠤᠨᠢ᠂ ᠢᠮᠠᠭ᠎ᠠ ᠶᠢ ᠠᠴᠠ ᠲᠤᠭᠤᠷᠠᠶᠢᠲᠠᠨ ᠭᠡᠳᠡᠭ᠃ᠪᠢᠳᠡᠬᠦᠤ ᠲᠤᠭᠤᠷᠠᠶᠢᠳᠠᠨ — ᠲᠠᠪᠤᠨ ᠬᠤᠰᠢᠭᠤ  ᠮᠠᠯ ᠤᠨ ᠲᠤᠳᠤᠷ᠎ᠡ  ᠮᠣᠷᠢ ᠶᠢ ᠪᠢᠲᠡᠭᠦᠦ ᠲᠤᠭᠤᠷᠠᠶᠢᠲᠠᠨ ᠭᠡᠳᠡᠭ᠃ᠭᠡᠪᠢᠯᠭᠡᠳᠤ ᠮᠠᠯ  — ᠲᠠᠪᠤᠨ ᠬᠤᠰᠢᠭᠤ ᠮᠠᠯ ᠤᠨ  ᠳᠣᠲᠣᠷ᠎ᠠ  ᠦᠭᠡᠷ᠂ ᠲᠡᠮᠡᠭᠡ᠂ ᠬᠤᠨᠢ ᠂  ᠢᠮᠠᠭ᠎ᠠ ᠶᠢ ᠬᠡᠪᠢᠯᠭᠡᠲᠦ ᠭᠡᠳᠡᠭ᠃ ᠭᠡᠪᠢᠯᠭᠡ  ᠦᠭᠡᠢ ᠮᠠᠯ  — ᠲᠠᠪᠤᠨ ᠬᠤᠰᠢᠭᠤ ᠮᠠᠯ ᠤᠨ  ᠳᠣᠲᠣᠷ᠎ᠠ  ᠮᠣᠷᠢ ᠶᠢ ᠬᠡᠪᠢᠯᠭᠡ ᠦᠭᠡᠢ ᠭᠡᠳᠡᠭ᠃ ᠮᠠᠯ ᠬᠤᠯᠠ ᠶᠢᠨ ᠪᠡᠯᠴᠢᠭᠡᠷᠳᠤ ᠮᠠᠯ  — ᠲᠠᠪᠤᠨ ᠬᠤᠰᠢᠭᠤ ᠮᠠᠯ ᠤᠨ ᠲᠤᠳᠤᠷ᠎ᠡ ᠮᠤᠷᠢ᠂ ᠦᠭᠡᠷ᠂  ᠲᠡᠮᠡᠭᠡ ᠶᠢ ᠬᠤᠯᠠ ᠶᠢᠨ ᠪᠡᠯᠴᠢᠭᠡᠷᠳᠤ  ᠭᠡᠳᠡᠭ᠃ ᠮᠠᠯ ᠦᠢᠷ᠎ᠡ ᠶᠢᠨ ᠪᠡᠯᠴᠢᠭᠡᠷᠳᠤ ᠮᠠᠯ  — ᠲᠠᠪᠤᠨ ᠬᠤᠰᠢᠭᠤ ᠮᠠᠯ ᠤᠨ ᠲᠤᠳᠤᠷ᠎ᠡ ᠬᠤᠨᠢ᠂  ᠢᠮᠠᠭ᠎ᠠ ᠶᠢ ᠣᠶᠢᠷ᠎ᠠ ᠶᠢᠨ ᠪᠡᠯᠴᠢᠭᠡᠷᠳᠤ  ᠮᠠᠯ ᠭᠡᠳᠡᠭ᠃ ᠤᠷᠳᠤ ᠬᠦᠯᠳᠤ ᠮᠠᠯ — ᠲᠠᠪᠤᠨ ᠬᠤᠰᠢᠭᠤ ᠮᠠᠯ ᠤᠨ ᠲᠤᠳᠤᠷ᠎ᠡ ᠮᠤᠷᠢ᠂ ᠦᠭᠡᠷ᠂  ᠲᠡᠮᠡᠭᠡ ᠶᠢ ᠤᠷᠲᠤ ᠬᠥᠯᠲᠦ ᠮᠠᠯ ᠭᠡᠳᠡᠭ᠃ ᠤᠬᠤᠷ ᠬᠦᠯᠳᠤ ᠮᠠᠯ — ᠲᠠᠪᠤᠨ ᠬᠤᠰᠢᠭᠤ ᠮᠠᠯ ᠤᠨ ᠲᠤᠳᠤᠷ᠎ᠡ ᠬᠤᠨᠢ᠂ ᠢᠮᠠᠭ᠎ᠠ  ᠶᠢ ᠤᠬᠤᠷ ᠬᠦᠯᠳᠤ  ᠮᠠᠯ ᠭᠡᠳᠡᠭ᠃3᠂  ᠲᠠᠪᠤᠨ ᠬᠤᠰᠢᠭᠤ ᠮᠠᠯ ᠤᠨ ᠢᠯᠭᠠᠮᠵᠢ ᠨᠡᠷᠡᠶᠢᠳᠦᠯᠮᠤᠷᠢ᠂ ᠦᠭᠡᠷ᠂ ᠲᠡᠮᠡᠭᠡ᠂ ᠬᠤᠨᠢ᠂ ᠢᠮᠠᠭ᠎ᠠ ᠶᠢ ᠨᠠᠰᠤ ᠰᠢᠳᠤ᠂ ᠬᠦᠢᠰᠤ ᠴᠢᠨᠠᠷ᠂ ᠦᠡᠭᠭᠡ ᠵᠢᠰᠤᠮ᠂ ᠲᠦᠷᠤᠴᠠ ᠪᠠᠶᠢᠳᠠᠯ᠂ ᠵᠠᠩ ᠠᠷᠠᠨᠰᠢᠨ᠂  ᠤᠨᠤᠰᠢ ᠬᠡᠷᠡᠭᠯᠡᠭᠡᠨ  ᠵᠡᠷᠭᠡ ᠠᠳᠠᠯᠢ ᠪᠤᠰᠤ ᠵᠤᠭᠰᠤᠴᠠ ᠠᠴᠠ ᠤᠯᠠᠨ ᠵᠦᠢᠯ ᠢᠶᠠᠷ ᠨᠠᠷᠢᠨ  ᠢᠯᠭᠠᠨ ᠨᠡᠷᠡᠯᠡᠬᠦ  ᠶᠢ ᠲᠠᠪᠤᠨ ᠬᠤᠰᠢᠭᠤ ᠮᠠᠯ ᠤᠨ  ᠢᠯᠭᠠᠮᠵᠢ ᠨᠡᠷᠡᠶᠢᠳᠦᠯ ᠭᠡᠨ᠎ᠡ ᠃ ᠲᠠᠪᠤᠨ ᠬᠤᠰᠢᠭᠤ ᠮᠠᠯ ᠢ ᠠᠳᠠᠯᠢ ᠪᠤᠰᠤ ᠵᠤᠭᠰᠤᠴᠠ ᠠᠴᠠ ᠢᠯᠭᠠᠨ ᠨᠡᠷᠡᠯᠡᠭᠰᠡᠨ ᠪᠠᠶᠢᠳᠠᠯ ᠢ ᠦᠵᠡᠬᠦ ᠳᠤ᠂ ᠵᠠᠷᠢᠮ ᠲᠠᠯ᠎ᠠ ᠪᠠᠷ ᠨᠡᠶᠢᠳᠡᠯᠢᠭ  ᠤᠨᠴᠠᠯᠢᠭ ᠲᠠᠢ ᠪᠠᠶᠢᠳᠠᠭ᠃ ᠵᠢᠱᠢᠶᠡᠯᠡᠬᠦ ᠳᠤ᠂ ᠲᠠᠪᠤᠨ ᠬᠤᠰᠢᠭᠤ ᠮᠠᠯ ᠤᠨ ᠠᠯᠢᠨ ᠢ ᠴᠤ ᠨᠠᠰᠤ ᠰᠢᠳᠤ᠂ ᠬᠦᠢᠰᠤ ᠴᠢᠨᠠᠷ᠂ ᠦᠡᠭᠭᠡ ᠵᠢᠰᠤᠮ  ᠢᠶᠠᠷ ᠨᠢ ᠢᠯᠭᠠᠨ ᠨᠡᠷᠡᠯᠡᠭᠰᠡᠨ ᠪᠠᠶᠢᠳᠠᠭ᠃ ᠭᠡᠪᠡᠴᠤ ᠢᠯᠭᠠᠨ ᠨᠡᠷᠡᠯᠡᠬᠦ ᠳᠤ ᠪᠠᠨ ᠦᠪᠡᠷᠮᠢᠴᠠ  ᠰᠢᠨᠵᠢ ᠪᠠ ᠨᠠᠷᠢᠨ ᠢᠯᠭᠠᠮᠵᠢ ᠲᠠᠢ ᠨᠢ ᠲᠤᠳᠤ ᠬᠠᠷᠠᠭᠳᠠᠨ᠎ᠠ᠃ ᠨᠠᠰᠤ ᠰᠢᠳᠤ ᠪᠠᠷ ᠢᠯᠭᠠᠨ ᠨᠡᠷᠡᠯᠡᠬᠦ  ᠳᠤ ᠪᠠᠨ ᠲᠠᠪᠤᠨ ᠬᠤᠰᠢᠭᠤ ᠮᠠᠯ ᠤᠨ ᠠᠯᠢ ᠶᠢ ᠨᠢ ᠪᠤᠯᠪᠠᠴᠤ ᠡᠬᠦᠳᠡᠨ ᠰᠢᠳᠤᠨ ᠤ ᠬᠠᠯᠪᠠᠭ᠎ᠠ ᠶᠢᠨ ᠲᠤᠭ᠎ᠠ ᠶᠢ ᠦᠨᠳᠤᠰᠤᠯᠡᠳᠡᠭ ᠪᠤᠯᠪᠠᠴᠤ᠂ ᠮᠤᠷᠢ᠂ ᠦᠭᠡᠷ᠂ ᠲᠡᠮᠡᠭᠡ ᠵᠡᠷᠭᠡ ᠮᠠᠯ ᠤᠨ ᠪᠤᠴᠠ  ᠬᠤᠶᠠᠷ ᠬᠠᠯᠪᠠᠭ᠎ᠠ ᠲᠠᠢ ᠭᠤᠷᠪᠠᠨ ᠨᠠᠰᠤᠳᠠᠢ ᠶᠢ ᠨᠢ ᠰᠢᠳᠦᠯᠡᠩ ᠭᠡᠵᠤ ᠪᠠᠶᠢᠬᠤ ᠳᠤ᠂ ᠬᠤᠨᠢ᠂ ᠢᠮᠠᠭ᠎ᠠ ᠵᠡᠷᠭᠡ ᠪᠤᠭ ᠮᠠᠯ ᠤᠨ ᠬᠤᠶᠠᠷ ᠬᠠᠯᠪᠠᠭ᠎ᠠ ᠲᠠᠢ᠂ ᠬᠤᠶᠠᠷ ᠨᠠᠰᠤᠳᠠᠢ ᠨᠢ ᠰᠢᠳᠦᠯᠡᠩ ᠪᠤᠯᠵᠤ ᠨᠡᠷᠡᠯᠡᠭᠳᠡᠳᠡᠭ᠃ ᠢᠡᠭᠬᠢᠭᠡᠳ ᠪᠠᠰᠠ ᠰᠢᠳᠦᠯᠡᠩ ᠠᠴᠠ ᠨᠠᠰᠤ ᠬᠦᠢᠴᠡᠳᠡᠯ᠎ᠠ ᠡᠯ᠎ᠠ ᠨᠠᠰᠤᠨ  ᠤ ᠮᠠᠯ ᠢ ᠨᠡᠷᠡᠯᠡᠬᠦ ᠳᠤ ᠪᠠᠨ ᠠᠳᠠᠯᠢ ᠪᠤᠰᠤ ᠲᠦᠷᠤᠯ ᠤᠨ ᠮᠠᠯ ᠳᠤ ᠠᠳᠠᠯᠢ ᠪᠤᠰᠤ ᠨᠡᠷᠡᠶᠢᠳᠤᠯ ᠲᠠᠢ ᠪᠠᠶᠢᠳᠠᠭ᠃ ᠮᠤᠷᠢᠨ ᠤ ᠨᠡᠷᠡᠶᠢᠳᠤᠯ ᠳᠤ ᠦᠷᠢᠶ᠎ᠡ᠂ ᠪᠠᠶᠢᠳᠠᠰᠤ ᠭᠡᠵᠤ ᠂ ᠲᠡᠮᠡᠭᠡᠨ ᠤ ᠨᠡᠷᠡᠶᠢᠳᠤᠯ ᠳᠤ ᠲᠠᠶᠢᠯᠤᠭ᠂ ᠬᠤᠨᠢ ᠢᠮᠠᠭᠠᠠ ᠤ ᠨᠡᠷᠡᠶᠢᠳᠤᠯ ᠳᠤ ᠲᠦᠯᠦᠭᠡ᠂ ᠵᠤᠰᠠᠭ ᠭᠡᠬᠦ ᠮᠡᠳᠤ ᠠᠳᠠᠯᠢ ᠪᠤᠰᠤ  ᠨᠡᠷ᠎ᠡ ᠪᠤᠢ᠃ ᠲᠠᠪᠤᠨ ᠬᠤᠰᠢᠭᠤ ᠮᠠᠯ ᠤᠨ ᠲᠦᠯ ᠢ  ᠤᠨᠠᠭ᠎ᠠ᠂ ᠲᠤᠭᠤᠯ᠂ ᠪᠤᠳᠤᠭᠤ᠂ ᠬᠤᠷᠠᠭ᠎ᠠ᠂ ᠢᠰᠢᠭᠡ ᠭᠡᠵᠤ  ᠢᠯᠭᠠᠨ ᠨᠡᠷᠡᠯᠡᠭᠡᠳ ᠂ ᠮᠤᠷᠢᠨ ᠤ ᠬᠤᠶᠠᠷ ᠨᠠᠰᠤᠳᠠᠢ ᠶᠢ ᠳᠠᠭ᠎ᠠ᠂ ᠦᠭᠡᠷ ᠤᠨ ᠬᠤᠶᠠᠷ ᠨᠠᠰᠤᠳᠠᠢ ᠶᠢ ᠪᠢᠷᠠᠭᠤ᠂ ᠲᠡᠮᠡᠭᠡᠨ ᠤ ᠬᠤᠶᠠᠷ  ᠨᠠᠰᠤᠲᠠᠢ ᠶᠢ ᠲᠤᠷᠤᠮ ᠭᠡᠵᠤ ᠪᠠᠶᠢᠨ᠎ᠠ᠃ ᠬᠦᠢᠰᠤ ᠴᠢᠨᠠᠷ ᠢᠶᠠᠷ ᠨᠡᠷᠡᠶᠢᠳᠬᠦ ᠳᠤ ᠪᠠᠨ ᠮᠤᠷᠢ ᠶᠢ ᠠᠵᠢᠷᠭ᠎ᠠ᠂ ᠠᠭᠳᠠ᠂ ᠭᠡᠬᠦᠤ︔ ᠦᠭᠡᠷ ᠢ ᠪᠣᠬ᠎ᠠ ᠱᠠᠷ᠂  ᠦᠨᠢᠶ᠎ᠡ︔ ᠲᠡᠮᠡᠭᠡ ᠶᠢ  ᠪᠤᠤᠷ᠎ᠠ᠂ ᠠᠳᠠ᠂ ᠢᠡᠭᠭᠡ︔ ᠬᠤᠨᠢ ᠶᠢ ᠬᠤᠴᠠ᠂  ᠡᠷ᠎ᠡ ᠬᠤᠨᠢ ︵ᠢᠷᠭᠡ︶  ᠂  ᠡᠮ᠎ᠡ ᠬᠤᠨᠢ︔ ᠢᠮᠠᠭ᠎ᠠ ᠶᠢ ᠤᠬᠤᠨ᠎ᠠ᠂ ᠡᠷ᠎ᠡ ᠢᠮᠠᠭ᠎ᠠ ︵ᠰᠡᠷᠭᠡ︶᠂  ᠡᠮ᠎ᠡ  ᠢᠮᠠᠭ᠎ᠠ ᠭᠡᠵᠤ ᠠᠳᠠᠯᠢ ᠪᠤᠰᠤ ᠪᠠᠷ ᠨᠡᠷᠡᠯᠡᠳᠡᠭ᠃ ᠦᠷ᠎ᠡ ᠶᠢᠨ ᠮᠠᠯ — ᠲᠠᠪᠤᠨ ᠬᠤᠰᠢᠭᠤ ᠮᠠᠯ ᠤᠨ ᠲᠤᠳᠤᠷ᠎ᠡ ᠠᠵᠢᠷᠭ᠎ᠠ᠂ ᠪᠤᠬ᠎ᠠ ᠂  ᠪᠤᠤᠷ᠎ᠠ᠂ ᠬᠤᠴᠠ᠂ ᠤᠬᠤᠨ᠎ᠠ ᠶᠢ ᠦᠷ᠎ᠡ ᠶᠢᠨ ᠮᠠᠯ ᠭᠡᠳᠡᠭ᠃ ᠦᠷᠡᠵᠢᠯ ᠤᠨ ᠮᠠᠯ — ᠲᠠᠪᠤᠨ ᠬᠤᠰᠢᠭᠤ ᠮᠠᠯ ᠤᠨ ᠳᠣᠲᠣᠷ᠎ᠠ ᠭᠡᠭᠦᠦ᠂ ᠦᠨᠢᠶ᠎ᠡ᠂ ᠢᠡᠭᠭᠡ᠂  ᠡᠮ᠎ᠡ ᠬᠤᠨᠢ᠂ ᠡᠮ᠎ᠡ ᠢᠮᠠᠭ᠎ᠠ ᠶᠢ ᠦᠷᠡᠵᠢᠯ ᠤᠨ ᠮᠠᠯ ᠭᠡᠳᠡᠭ᠃ ᠲᠦᠯ ᠮᠠᠯ — ᠲᠠᠪᠤᠨ ᠬᠤᠰᠢᠭᠤ ᠮᠠᠯ ᠤᠨ ᠲᠤᠳᠤᠷ᠎ᠡ ᠤᠨᠠᠭ᠎ᠠ᠂ ᠲᠤᠭᠤᠯ᠂ ᠪᠤᠳᠤᠭᠤ᠂  ᠬᠤᠷᠠᠭ᠎ᠠ᠂ ᠢᠰᠢᠭᠡ ᠶᠢ ᠲᠦᠯ ᠮᠠᠯ ᠭᠡᠳᠡᠭ᠃ ᠲᠠᠪᠤᠨ ᠬᠤᠰᠢᠭᠤ ᠮᠠᠯ ᠢ ᠦᠡᠭᠭᠡ ᠪᠠᠷ ᠵᠢᠰᠤ ᠢᠯᠭᠠᠨ ᠨᠡᠷᠡᠯᠡᠭᠰᠡᠨ  ᠪᠠᠶᠢᠳᠠᠯ ᠨᠢ ᠨᠡᠩ  ᠴᠤ ᠦᠪᠡᠷᠮᠢᠴᠡ ᠤᠨᠴᠠᠯᠢᠭ ᠲᠠᠢ ᠪᠠᠶᠢᠳᠠᠭ᠃ ᠠᠳᠠᠯᠢ ᠨᠢᠭᠡᠨ  ᠦᠰᠤ᠂ ᠰᠤᠷ ᠤᠨ ᠦᠡᠭᠭᠡ ᠶᠢ ᠠᠳᠠᠯᠢ ᠪᠤᠰᠤ ᠲᠦᠷᠤᠯ ᠤᠨ ᠮᠠᠯ ᠳᠤ ᠭᠡᠷᠡᠭᠯᠡᠬᠦ ᠳᠤ ᠪᠠᠨ ᠶᠠᠩᠵᠤ ᠪᠦᠷᠢ ᠪᠠᠷ ᠨᠡᠷᠡᠯᠡᠳᠡᠭ᠃ ᠵᠢᠱᠢᠶᠡᠯᠡᠪᠡᠯ᠂ ᠤᠯᠠᠭᠠᠨ ᠦᠡᠭᠭᠡ ᠶᠢ ᠮᠠᠯ ᠤᠨ ᠵᠢᠰᠤᠮ ᠳᠤ ᠭᠡᠷᠡᠭᠯᠡᠬᠦ ᠳᠤ ᠪᠠᠨ ᠦᠭᠡᠷ᠂ ᠲᠡᠮᠡᠭᠡ᠂ ᠬᠤᠨᠢ᠂ ᠢᠮᠠᠭ᠎ᠠ ᠳᠤ ᠤᠯᠠᠭᠠᠨ ᠭᠡᠵᠤ ᠨᠡᠷᠡᠯᠡᠭᠡᠳ᠂ ᠮᠤᠷᠢᠨ ᠳᠤ ᠪᠤᠯ  ᠬᠡᠭᠡᠷ ᠭᠡᠵᠦ᠂  ᠳᠣᠲᠣᠷ᠎ᠠ ᠨᠢ ᠦᠡᠭᠭᠡᠨ  ᠤ ᠬᠢᠨᠢ  ᠬᠦᠨ ᠬᠦᠢᠭᠡᠨ ᠢ ᠦᠨᠳᠤᠰᠤᠯᠡᠡ  ᠤᠯᠠᠭᠠᠨ ᠬᠡᠭᠡᠷ᠂  ᠰᠢᠷ᠎ᠠ ᠬᠡᠭᠡᠷ᠂  ᠬᠠᠷ᠎ᠠ ᠬᠡᠭᠡᠷ ᠭᠡᠬᠦ ᠮᠠᠳᠤᠴᠢᠯᠡᠨ ᠨᠡᠷᠡᠯᠡᠳᠡᠭ᠃ ᠬᠦᠷᠡᠩ ᠦᠡᠭᠭᠡ ᠶᠢ ᠮᠤᠷᠢ᠂  ᠦᠭᠡᠷ᠂ ᠲᠡᠮᠡᠭᠡᠨ ᠳᠤ ᠣᠤᠯ ᠦᠡᠭᠭᠡ ᠶᠢᠨ ᠲᠠᠭᠤᠳᠠᠯᠭ᠎ᠠ ᠪᠠᠷ ᠭᠡᠷᠡᠭᠯᠡᠵᠤ᠂ ᠬᠤᠨᠢ᠂ ᠢᠮᠠᠭᠠᠨ ᠳᠤ ᠪᠤᠷᠤ ᠭᠡᠵᠤ ᠨᠡᠷᠡᠯᠡᠬᠦ ᠪᠠ ᠦᠨᠡᠰᠤᠨ ᠦᠡᠭᠭᠡ ᠶᠢ ᠦᠭᠡᠷ᠂ ᠲᠡᠮᠡᠭᠡ᠂ ᠬᠤᠨᠢ᠂ ᠢᠮᠠᠭᠠᠨ ᠳᠤ ᠬᠦᠭᠡ ᠭᠡᠵᠤ ᠨᠡᠷᠡᠯᠡᠭᠡᠳ᠂ ᠮᠤᠷᠢᠨ ᠳᠤ ᠪᠤᠷᠤ ᠭᠡᠵᠤ ᠨᠡᠷᠡᠯᠡᠨ᠎ᠡ᠃ ᠬᠠᠷ᠎ᠡ᠂ ᠴᠠᠭᠠᠨ  ᠤᠯᠠᠭᠠᠨ ᠵᠡᠷᠭᠡ ᠦᠡᠭᠭᠡ ᠬᠤᠶᠠᠷ ᠪᠤᠶᠤ  ᠬᠤᠶᠠᠷ ᠠᠴᠠ ᠲᠡᠭᠡᠭᠰᠢ ᠬᠤᠯᠢᠯᠳᠤᠭᠰᠠᠨ ᠢ ᠦᠭᠡᠷ ᠲᠤ ᠠᠯᠠᠭ᠂ ᠴᠤᠬᠤᠷ᠂ ᠲᠡᠷᠯᠡᠨ ᠭᠡᠵᠤ ᠨᠡᠷᠡᠯᠡᠨ᠎ᠡ᠃ ᠮᠤᠷᠢ᠂ ᠬᠤᠨᠢ᠂ ᠢᠮᠠᠭ᠎ᠠ ᠶᠢ ᠨᠡᠷᠡᠯᠡᠬᠦ ᠳᠤ ᠪᠠᠨ ᠠᠯᠠᠭ ᠪᠤᠶᠤ  ᠴᠣᠬᠤᠷ ᠭᠡᠬᠦ ᠠᠴᠠ ᠲᠡᠷᠯᠡᠨ ᠪᠢᠰᠢ ᠭᠡᠵᠤ ᠶᠡᠷᠤ  ᠬᠡᠯᠡᠬᠦ ᠦᠭᠡᠢ᠃ ᠡᠨᠡ ᠮᠡᠳᠤ ᠪᠠᠷ᠂ ᠲᠠᠪᠤᠨ ᠬᠤᠰᠢᠭᠤ ᠮᠠᠯ ᠢ ᠵᠢᠰᠤ ᠪᠠᠷ ᠨᠢ ᠢᠯᠭᠠᠨ ᠨᠡᠷᠡᠯᠡᠬᠦ ᠳᠤ᠂ ᠬᠤᠭᠤᠷᠤᠨᠳᠤ ᠨᠢ ᠰᠤᠯᠢᠵᠤ ᠪᠤᠯᠬᠤ ᠦᠭᠡᠢ ᠦᠪᠡᠷᠮᠢᠴᠡ ᠪᠠᠶᠢᠳᠠᠯ ᠤᠯᠠᠨ ᠪᠠᠶᠢᠳᠠᠭ᠃ ᠡᠨᠡ ᠪᠤᠯ ᠲᠠᠪᠤᠨ ᠬᠤᠰᠢᠭᠤ ᠮᠠᠯ ᠤᠨ ᠨᠡᠷᠡᠶᠢᠳᠤᠯ ᠤᠨ  ᠲᠠᠯ᠎ᠠ ᠳᠠᠬᠢ  ᠮᠤᠩᠭᠤᠯ ᠵᠠᠩ ᠦᠢᠯᠡ ᠶᠢᠨ ᠦᠪᠡᠷᠮᠢᠴᠡ ᠤᠨᠴᠠᠯᠢᠭ ᠤᠨ ᠨᠢᠭᠡ  ᠪᠣᠯᠣᠨ᠎ᠠ᠃  ᠡᠭᠦᠨ ᠳᠤ᠂ ᠡᠩ ᠤᠨ ᠪᠤᠳᠤᠭ ᠨᠡᠶᠢᠷᠠᠭᠤᠯᠵᠤ ᠪᠠᠶᠢᠬᠤ ᠮᠡᠳᠤ ᠨᠢᠭᠡ ᠦᠡᠭᠭᠡ ᠶᠢ ᠨᠦᠬᠦᠭᠡ  ᠦᠡᠭᠭᠡ ᠲᠠᠢ ᠬᠠᠪᠰᠤᠷᠭᠠᠨ ᠮᠠᠯ ᠢ ᠵᠢᠰᠤᠯᠠᠨ  ᠨᠡᠷᠡᠯᠡᠬᠦ ᠪᠤᠶᠤ ᠠᠯᠢ ᠨᠢᠭᠡ ᠦᠡᠭᠭᠡ ᠪᠠᠷ ᠲᠠᠪᠤᠨ ᠬᠤᠰᠢᠭᠤ ᠮᠠᠯ ᠢ ᠪᠦᠬᠦᠨ ᠢ ᠠᠳᠠᠯᠢ ᠪᠠᠷ ᠨᠡᠷᠡᠯᠡᠪᠡᠯ᠂ ᠵᠠᠩᠰᠢᠯ ᠲᠠᠳᠬᠠᠯ ᠲᠠᠢ ᠨᠡᠶᠢᠴᠡᠬᠦ ᠦᠭᠡᠢ ᠪᠤᠯᠵᠤ᠂ ᠢᠨᠢᠶᠡᠳᠤᠮ ᠱᠤᠭ ᠪᠤᠯᠬᠤ ᠳᠤ ᠬᠦᠷᠦᠨ᠎ᠡ᠃
ᠢᠷᠡᠯᠲᠡ᠄ ᠪᠠᠶᠠᠨ ᠨᠠᠭᠤᠷ ᠤᠨ ᠡᠳᠦᠷ ᠤᠨ ᠰᠣᠨᠢᠨ