ᠬᠡᠦᠬᠡᠳ ᠢ ᠰᠤᠷᠭᠠᠬᠤ ᠴᠡᠭᠡᠷ ᠶᠣᠰᠣᠨ
ᠨᠡᠶᠢᠲᠡᠯᠡᠭᠰᠡᠨ ᠴᠠᠭ᠄
2021/11/8
      ᠬᠡᠦᠬᠡᠳ ᠠᠷᠢᠬᠢ ᠠᠷᠢᠬᠢ ᠲᠠᠮᠠᠬᠢ ᠲᠠᠮᠠᠬᠢ ᠲᠠᠲᠠᠵᠤ ᠲᠠᠲᠠᠵᠤ ᠪᠣᠯᠬᠤ ᠦᠭᠡᠢ᠂ ᠡᠯᠳᠡᠪ ᠪᠣᠯᠬᠢ ᠪᠦᠳᠥᠭᠦᠯᠢᠭ ᠦᠭᠡ  ᠪᠠᠷ ᠬᠥᠮᠥᠨ ᠢ ᠬᠠᠷᠢᠶᠠᠵᠤ ᠪᠣᠯᠬᠤ ᠦᠭᠡᠢ᠂ ᠬᠥᠮᠥᠨ ᠤ ᠶᠠᠭᠤᠮ᠎ᠠ ᠶᠢ ᠳᠤᠷ᠎ᠠ ᠪᠠᠷ ᠠᠪᠴᠤ ᠪᠣᠯᠳᠠᠭ  ᠦᠭᠡᠢ᠂ ᠬᠤᠳᠠᠯ ᠦᠭᠡ ᠬᠡᠯᠡᠬᠦ  ᠪᠤᠶᠤ ᠦᠢᠯᠡ ᠬᠡᠷᠡᠭ ᠬᠢᠬᠦ ᠶᠢ ᠲᠠᠰᠤ  ᠴᠡᠭᠡᠷᠯᠡᠳᠡᠭ᠃  ᠶᠡᠬᠡᠴᠦᠳ ᠲᠠᠢ ᠨᠢᠭᠡᠨ  ᠦᠶ᠎ᠡ  ᠶᠢᠨ ᠬᠥᠮᠥᠰ ᠢ  ᠠᠪᠠᠭ᠎ᠠ᠂  ᠨᠠᠭ᠎ᠠ᠂ ᠠᠶᠢᠯ  ᠤᠨ ᠠᠪᠤ᠂ ᠡᠵᠢ᠂  ᠡᠮᠡᠭᠡ ᠡᠪᠦᠭᠡ  ᠭᠡᠵᠦ ᠬᠦᠨᠳᠥᠳᠬᠡᠨ  ᠳᠠᠭᠤᠳᠠᠬᠤ ᠠᠴᠠ ᠪᠢᠰᠢ ᠬᠠᠷᠢᠨ ᠨᠡᠷ᠎ᠡ ᠪᠠᠷ  ᠨᠢ ᠳᠠᠭᠤᠳᠠᠵᠤ  ᠪᠣᠯᠬᠤ ᠦᠭᠡᠢ᠃ ᠠᠬ᠎ᠠ ᠡᠭᠡᠴᠢ ᠲᠠᠢ ᠨᠢᠭᠡ ᠦᠶ᠎ᠡ ᠶᠢᠨ ᠬᠢᠨ ᠢ ᠠᠶᠢᠯ  ᠤᠨ ᠠᠬ᠎ᠠ ᠡᠭᠡᠴᠢ ᠬᠡᠮᠡᠨ ᠳᠠᠭᠤᠳᠠᠵᠤ᠂  ᠳᠡᠭᠦᠦ ᠨᠠᠷ ᠬᠡᠦᠬᠡᠳ  ᠢ ᠳᠡᠭᠦᠦ ᠬᠡᠮᠡᠨ ᠳᠠᠭᠤᠳᠠᠵᠤ ᠳᠣᠲᠣᠨᠣᠴᠢᠯᠠᠵᠤ ᠪᠠᠶᠢᠳᠠᠭ᠃ ᠬᠡᠦᠬᠡᠳ ᠬᠠᠶᠢᠴᠢ ᠬᠢᠲᠤᠭ᠎ᠠ ᠮᠡᠲᠦ  ᠶᠢᠨ ᠢᠷ ᠲᠠᠢ ᠮᠡᠰᠡ ᠡᠳ᠋ᠯᠡᠯ  ᠬᠡᠷᠡᠭᠰᠡᠯ ᠢᠶᠠᠷ ᠨᠠᠭᠠᠳᠴᠤ  ᠪᠣᠯᠬᠤ ᠦᠭᠡᠢ᠂  ᠨᠡᠩ ᠴᠤ ᠡᠳᠡᠭᠡᠷ  ᠶᠠᠭᠤᠮ᠎ᠠ ᠶᠢ ᠬᠥᠮᠥᠨ ᠤ ᠵᠦᠭ ᠬᠠᠨᠳᠤᠭᠤᠯᠬᠤ ᠪᠤᠶᠤ ᠠᠮᠠᠨ  ᠳᠠᠭᠠᠨ ᠵᠠᠭᠤᠵᠤ  ᠪᠣᠯᠬᠤ ᠦᠭᠡᠢ᠃  ᠡᠭᠦᠳᠡᠨ ᠪᠤᠷᠤᠭᠤ ᠲᠠᠯ᠎ᠠ ᠪᠠᠷ ᠣᠷᠣᠵᠤ ᠭᠠᠷᠴᠤ ᠪᠣᠯᠬᠤ ᠦᠭᠡᠢ᠂ ᠭᠠᠯ ᠤᠰᠤ ᠪᠠᠷ ᠨᠠᠭᠠᠳᠴᠤ ᠪᠣᠯᠬᠤ ᠦᠭᠡᠢ᠂ ᠪᠤᠰᠤᠳ  ᠤᠨ ᠮᠠᠯᠠᠭᠠᠢ ᠬᠤᠪᠴᠠᠰᠤᠨ ᠤ ᠳᠡᠭᠡᠭᠦᠷ ᠠᠯᠬᠤᠵᠤ ᠪᠣᠯᠳᠠᠭ ᠪᠣᠯᠳᠠᠭ ᠦᠭᠡᠢ᠃  ᠪᠤᠳᠠᠭ᠎ᠠ ᠢᠳᠡᠬᠦ ᠳᠡᠭᠡᠨ ᠠᠶᠠᠭ᠎ᠠ ᠰᠢᠨᠠᠭ᠎ᠠ ᠪᠠᠨ ᠴᠣᠬᠢᠵᠤ  ᠪᠠᠯᠪᠠᠵᠤ ᠪᠣᠯᠬᠤ ᠦᠭᠡᠢ᠃ ᠶᠡᠭᠡ ᠬᠥᠮᠥᠰ ᠤᠨ ᠶᠠᠷᠢᠶᠠᠨ  ᠤ ᠳᠤᠮᠳᠠ ᠣᠷᠣᠵᠤ ᠪᠣᠯᠬᠤ  ᠦᠭᠡᠢ᠃ ᠬᠡᠦᠬᠡᠳ ᠬᠤᠷᠣᠬᠠᠢ ᠰᠢᠪᠠᠵᠢ ᠪᠣᠯᠵᠣᠮᠣᠷ ᠢ ᠠᠯᠠᠵᠤ ᠪᠣᠯᠬᠤ ᠦᠭᠡᠢ᠂   ᠭᠡᠷ ᠲᠤ ᠢᠰᠭᠡᠷᠴᠦ  ᠪᠣᠯᠬᠤ ᠦᠭᠡᠢ᠂ ᠡᠷᠲᠡ ᠪᠣᠰᠤᠮᠠᠭᠴᠠ ᠣᠷᠣᠨ ᠳᠤᠲᠦᠷ᠎ᠠ ᠳᠠᠭᠤᠤ ᠠᠶᠠᠯᠬᠤ ᠪᠠ ᠦᠳᠡᠰᠢ ᠤᠨᠲᠠᠬᠤ ᠳᠤ  ᠪᠠᠨ ᠳᠠᠭᠤᠤ ᠠᠶᠠᠯᠵᠤ ᠪᠣᠯᠬᠤ ᠦᠭᠡᠢ ᠭᠡᠳᠡᠭ᠃  ᠬᠡᠦᠬᠡᠳ ᠢ ᠡᠨᠡ ᠮᠡᠲᠦ  ᠪᠤᠶᠢᠵᠢᠯᠲᠠ  ᠶᠢᠨ ᠪᠠᠶᠢᠳᠠᠯ  ᠤᠨ  ᠦᠶ᠎ᠡ  ᠬᠤᠭᠤᠴᠠᠭ᠎ᠠ ᠬᠤᠪᠢᠶᠠᠨ ᠬᠤᠪᠢᠶᠠᠨ  ᠭᠡᠷ ᠤᠨ ᠰᠤᠷᠭᠠᠯ  ᠢᠶᠠᠷ ᠬᠥᠮᠥᠵᠢᠭᠦᠯᠵᠦ 16 — 17 ᠨᠠᠰᠤ  ᠬᠦᠷᠪᠡᠯ ᠬᠥᠪᠡᠭᠦᠨ  ᠢᠨᠦ ᠪᠡᠷᠢ  ᠠᠪᠴᠤ ᠡᠭᠦᠳᠡ ᠡᠷᠦᠬᠡ ᠵᠢᠵᠢ ᠵᠠᠯᠭᠠᠮᠵᠢᠯᠠᠵᠤ ᠥᠬᠢᠨ ᠢᠨᠦ  ᠬᠥᠮᠥᠨ  ᠤ  ᠡᠭᠦᠳᠡᠨ ᠳᠤ ᠮᠣᠷᠳᠠᠵᠤ  ᠭᠡᠷ ᠭᠤᠯᠣᠮᠲᠠ  ᠶᠢ ᠨᠢ ᠰᠡᠷᠭᠦᠬᠡᠨ ᠶᠠᠪᠤᠬᠤ ᠶᠢᠷᠲᠢᠨᠴᠦ  ᠶᠢᠨ ᠶᠣᠰᠣᠨ ᠢ  ᠳᠠᠭᠠᠨ᠎ᠠ᠃ ᠡᠨᠡ  ᠦᠶ᠎ᠡ ᠶᠢ ︽ᠭᠠᠷ  ᠢ ᠨᠢ ᠬᠠᠨᠵᠤᠭᠠᠨ ᠳᠤ ᠬᠦᠷᠭᠡᠵᠦ᠂ ᠬᠦᠯ ᠢ  ᠨᠢ  ᠲᠦᠷᠦᠭᠡᠨ ᠳᠤ ᠬᠦᠷᠭᠡᠯ᠎ᠡ︾ ᠭᠡᠵᠦ  ᠶᠠᠷᠢᠳᠠᠭ ᠰᠠᠨ᠃
ᠢᠷᠡᠯᠲᠡ᠄ ᠪᠠᠶᠠᠨ ᠨᠠᠭᠤᠷ ᠤᠨ ᠡᠳᠦᠷ ᠤᠨ ᠰᠣᠨᠢᠨ