ᠮᠤᠩᠭᠤᠯ ᠦᠨᠳᠦᠰᠦᠳᠡᠨ  ᠤ ᠠᠷᠢᠬᠢ  ᠶᠢᠨ ᠲᠣᠬᠠᠢ ᠰᠤᠶᠤᠯ
ᠨᠡᠶᠢᠲᠡᠯᠡᠭᠰᠡᠨ ᠴᠠᠭ᠄
2021/11/9
      ᠮᠣᠩᠭᠤᠯ ᠦᠨᠳᠦᠰᠦᠳᠡᠨ ᠬᠡᠳᠦ᠋ᠢᠪᠡᠷ ᠠᠷᠢᠬᠢ ᠶᠢ ᠢᠳᠡᠬᠡᠨ ᠤᠮᠳᠠᠭᠠᠨ ᠤ ᠳᠡᠬᠡᠵᠢ ᠪᠠᠷ ᠦᠵᠡᠳᠡᠭ ᠪᠤᠯᠪᠠᠴᠤ᠂ ᠳᠡᠬᠦᠨ ᠢ ᠨᠠᠰᠤ  ᠵᠢᠯ ᠢᠯᠭᠠᠯ ᠦᠬᠡᠢ ᠪᠠᠷ  ᠳᠤᠷ᠎ᠠ ᠪᠠᠷ  ᠡᠳ᠋ᠯᠡᠬᠦ ᠪᠡ ᠳᠤᠷ᠎ᠡ ᠪᠠᠷ  ᠤᠤᠭᠤᠬᠤ ᠶᠢ ᠡᠷᠬᠢᠮᠯᠡᠳᠡᠭ ᠦᠬᠡᠢ ᠶᠤᠮ᠃ ᠮᠤᠩᠭᠤᠯ ᠦᠨᠳᠦᠰᠦᠳᠡᠨ ᠤᠷᠳᠤ ᠬᠤᠭᠤᠴᠠᠭᠠᠨ ᠤ ᠠᠮᠢᠳᠤᠷᠠᠯ ᠦᠢᠯᠡᠳᠦᠯᠬᠡ ᠶᠢᠨ ᠶᠠᠪᠤᠴᠠ ᠳᠤ ᠪᠠᠨ ᠠᠷᠢᠬᠢ  ᠤᠤᠭᠤᠬᠤ ᠨᠠᠰᠤ ᠵᠢᠯ᠂ ᠠᠷᠢᠬᠢ ᠪᠠᠷᠢᠬᠤ᠂ ᠠᠷᠢᠬᠢ ᠡᠷᠬᠦᠬᠦ᠂ ᠠᠶ᠎ᠠ ᠳᠠᠭᠤᠤ ᠪᠠᠷᠢᠬᠤ ᠵᠡᠷᠬᠡ ᠳᠠᠯ᠎ᠠ ᠪᠠᠷ ᠪᠦᠷ ᠪᠤᠳᠠᠳᠠᠢ ᠪᠦᠬᠡᠳ ᠳᠤᠬᠳᠠᠮᠠᠯ ᠪᠠᠷᠢᠮᠵᠢᠶ᠎ᠠ ᠪᠤᠯᠤᠨ ᠳᠤᠳᠤᠷᠬᠠᠢ ᠶᠤᠰᠤ  ᠴᠡᠭᠡᠷ ᠢ ᠳᠤᠬᠳᠠᠭᠠᠵᠦ᠂ ᠮᠤᠩᠭᠤᠯ ᠦᠨᠳᠦᠰᠦᠳᠡᠨ ᠤ ᠦᠪᠡᠷᠮᠢᠴᠡ ᠠᠷᠢᠬᠢᠨ ᠰᠣᠶᠣᠯ ᠢ ᠡᠬᠦᠳᠴᠡᠢ᠃       ᠨᠢᠬᠡ᠂ ᠠᠷᠢᠬᠢ  ᠤᠤᠭᠤᠬᠤ ᠨᠠᠰᠤ ᠵᠢᠯ ᠳᠠᠷᠤᠢ ᠰᠢᠷᠡᠬᠡᠨ ᠳᠤ ᠰᠠᠭᠤᠵᠦ ᠠᠷᠢᠬᠢ ᠤᠤᠭᠤᠬᠤ ᠨᠠᠰᠤ ᠵᠢᠯ ᠢ ᠬᠡᠯᠡᠵᠦ ᠪᠤᠢ᠃ ᠡᠷᠡᠭᠳᠡᠢ ᠬᠦᠮᠦᠨ ᠭᠤᠴᠢᠨ ᠳᠤᠯᠤᠭ᠎ᠠ ᠬᠦᠷᠦᠭᠰᠡᠨ ᠤ ᠳᠠᠷᠠᠭ᠎ᠠ᠂ ᠳᠤᠬᠠᠢᠢᠯᠠᠪᠠᠯ ᠭᠤᠷᠪᠠᠳᠡᠬᠢ ᠵᠢᠯ ᠤᠷᠤᠬᠰᠠᠨ ᠤ ᠳᠠᠷᠠᠭ᠎ᠠ ︵ᠵᠠᠷᠢᠮ ᠭᠠᠵᠠᠷ ᠲᠤ ᠬᠤᠷᠢᠨ ᠳᠠᠪᠤ ᠬᠦᠷᠦᠭᠰᠡᠨ ᠳᠠᠷᠠᠭ᠎ᠠ᠂ ᠳᠤᠬᠠᠢᠢᠯᠠᠪᠠᠯ ᠬᠤᠶᠠᠳᠡᠬᠢ ᠵᠢᠯ ᠤᠷᠤᠬᠰᠠᠨ ᠤ ᠳᠠᠷᠠᠭ᠎ᠠ︶ ︽ᠡᠷ᠎ᠡ ᠴᠡᠬᠡᠯ ᠳᠤ ᠬᠦᠷᠴᠦ᠂ ᠬᠦᠴᠦ ᠴᠢᠳᠠᠯ ᠪᠦᠷᠢᠳᠦᠵᠦ᠂  ᠲᠣᠮᠣᠴᠤᠤᠯ ᠤᠨ ᠡᠩᠨᠡᠬᠡᠨ ᠳᠤ ᠤᠷᠤᠬᠰᠠᠨ︾ ᠢᠶᠠᠷ ᠦᠵᠡᠵᠦ᠂ ︽ᠨᠤᠶᠠᠨ ᠰᠠᠭᠤᠬᠤ᠂ ᠳᠦᠷᠦᠬᠦᠦ ᠬᠤᠳᠠ ᠶᠠᠪᠤᠬᠤ᠂ ᠰᠢᠬᠦᠰᠦ ᠶᠢ ᠳᠠᠪᠠ  ᠪᠠᠷ ᠢᠶᠠᠨ ᠢᠳᠡᠬᠦ᠂ ᠠᠷᠢᠬᠢᠨ ᠤ ᠳᠡᠬᠡᠵᠢ ᠶᠢ ᠠᠮᠰᠠᠬᠤ  ᠵᠡᠷᠬᠡ ᠬᠢᠷᠢ  ᠬᠡᠮ ᠲᠠᠢ︾ ᠪᠤᠯᠳᠠᠬ ᠪᠦᠬᠡᠳ ᠠᠷᠢᠬᠢ ᠬᠠᠶᠢᠷᠠᠯᠠᠵᠦ ᠪᠤᠯᠬᠤ ᠪᠤᠯᠤᠭᠠᠳ ᠰᠠᠶ᠋ᠢ ᠰᠢᠷᠡᠬᠡᠨ ᠳᠤ ᠰᠠᠭᠤᠨ ᠠᠷᠢᠬᠢ  ᠤᠤᠭᠤᠵᠤ ᠪᠤᠯᠳᠠᠬ ᠶᠤᠮ ᠃ ᠭᠤᠴᠢᠨ ᠳᠣᠯᠤᠭ᠎ᠠ ᠬᠦᠷᠬᠦ ᠠᠴᠠ ᠡᠮᠦᠨ᠎ᠡ ᠠᠷᠢᠬᠢᠨ ᠳᠤ ᠰᠢᠨᠤᠬᠤ ᠨᠢ ᠶᠤᠰᠤ ᠮᠤᠷᠠᠯ ᠦᠬᠡᠢ ᠬᠦᠮᠦᠨ ᠳᠤ ᠳᠤᠭᠠᠴᠠᠬᠳᠠᠵᠦ᠂ ᠬᠦᠮᠦᠰ ᠲᠤ ᠵᠢᠭᠰᠢᠭᠳᠡᠵᠦ᠂ ᠨᠡᠶᠢᠬᠡᠮ ᠳᠤ ᠭᠤᠯᠤᠬᠳᠠᠬᠤ ᠶᠤᠮ᠃       ᠬᠤᠶᠠᠷ᠂ ᠠᠷᠢᠬᠢ ᠪᠠᠷᠢᠬᠤ ᠶᠤᠰᠤ ᠠᠷᠢᠬᠢ ᠪᠠᠷᠢᠬᠤ ᠨᠢ ᠮᠤᠩᠭᠤᠯ ᠦᠨᠳᠦᠰᠦᠳᠡᠨ ᠤ ᠨᠠᠶᠢᠷ ᠢᠶᠠᠨ ᠰᠠᠶᠢᠬᠠᠨ ᠶᠠᠪᠤᠬᠳᠠᠭᠤᠯᠵᠦ᠂ ᠳᠠᠶᠢᠯᠠᠯᠭ᠎ᠠ ᠪᠠᠨ ᠬᠦᠭᠵᠢᠬᠡᠵᠦ᠂ ᠬᠦᠮᠦᠨ ᠵᠠᠭᠤᠷ᠎ᠡ ᠶᠢᠨ  ᠬᠠᠷᠢᠯᠴᠠᠭ᠎ᠠ ᠪᠠᠨ ᠪᠠᠬᠢᠵᠢᠬᠦᠯᠬᠦ ᠳᠤ ᠪᠠᠶᠢᠩᠭᠤ ᠬᠡᠷᠡᠭᠯᠡᠳᠡᠭ ᠬᠦᠨᠳᠦᠯᠡᠬᠦ ᠶᠤᠰᠤᠨ ᠮᠦᠨ᠃ ᠠᠷᠢᠬᠢ ᠪᠠᠷᠢᠬᠤ  ᠶᠣᠰᠣ ᠨᠢ ᠴᠡᠭᠡ ᠪᠠᠷᠢᠬᠤ ᠠᠴᠠ ᠡᠬᠢᠯᠡᠳᠡᠭ᠃ ᠮᠤᠩᠭᠤᠯ ᠦᠨᠳᠦᠰᠦᠳᠡᠨ ᠤ ︽ᠨᠠᠢᠮᠠᠨ ᠡᠷᠬᠢᠮᠰᠦᠭ ᠢᠳᠡᠬᠡᠨ︾ ᠲᠠᠬᠢ ︽ᠬᠠᠰ ᠴᠠᠭᠠᠨ ᠡᠬᠡᠳᠡᠩ︾ ᠬᠡᠳᠡᠭ ᠨᠢ ᠳᠠᠷᠤᠢ ᠴᠡᠭᠡ ᠶᠢ ᠬᠡᠯᠡᠵᠦ ᠪᠤᠢ᠃ ᠳᠡᠶᠢᠮᠦ ᠠᠴᠠ  ᠲᠡᠭᠦᠨ ᠢ ᠸᠠᠩ ᠬᠦᠩ ᠢᠵᠠᠭᠤᠷᠳᠠᠨ ᠤ ᠳᠠᠶᠢᠯᠠᠯᠭ᠎ᠠ ᠶᠢᠨ ᠡᠳ᠋ ᠢᠶᠠᠷ ᠦᠵᠡᠵᠦ᠂ ᠠᠯᠤᠰ ᠬᠤᠯᠠ ᠳᠠᠬᠢ ᠬᠦᠬᠡᠮᠦ᠋ᠷᠡᠨ᠂ ᠠᠭᠤᠯᠠ ᠤᠰᠤ᠂  ᠰᠦᠯᠳᠡ ᠶᠢᠨ ᠲᠠᠬᠢᠯᠭ᠎ᠠ᠂  ᠨᠤᠶᠠᠨ ᠰᠠᠭᠤᠵᠦ ᠵᠡᠷᠬᠡ ᠵᠢᠩᠰᠡ ᠦᠰᠬᠦ᠂ ᠬᠡᠬᠡᠨ ᠬᠤᠪᠢᠯᠭᠠᠨ ᠪᠠᠭᠤᠬᠤ᠂ ᠪᠤᠷᠬᠠᠨ ᠱᠠᠰᠢᠨ ᠤ ᠴᠣᠯᠠ ᠬᠠᠶᠢᠷᠠᠯᠠᠬᠤ ᠵᠡᠷᠬᠡ ᠴᠢᠬᠤᠯᠠ ᠶᠡᠭᠡ ᠶᠤᠰᠤᠯᠠᠯ ᠵᠢᠴᠢ ᠳᠠᠶᠢᠯᠠᠯᠭ᠎ᠠ ᠨᠠᠶᠢᠷ ᠬᠢᠬᠦ ᠪᠡ ᠶᠡᠷᠦ ᠶᠢᠨ ᠦᠶ᠎ᠠ ᠳᠤ ᠵᠤᠴᠢᠨ ᠳᠠᠶᠢᠯᠠᠬᠤ ᠳᠤ ᠪᠦᠷ ᠴᠡᠭᠡ ᠶᠢ ᠭᠤᠤᠯ  ᠪᠠᠶᠢᠷᠢᠨ ᠳᠤ ᠳᠠᠯᠪᠢᠨ ᠠᠮᠳᠠᠯᠠᠵᠦ ᠵᠤᠭᠤᠬᠳᠠᠳᠠᠬ᠃ ᠨᠠᠶᠢᠷ ᠲᠤ ᠤᠷᠤᠯᠴᠠᠬᠤ ᠬᠦᠮᠦᠰ ᠨᠢ  ᠨᠠᠶᠢᠷ ᠤᠨ ᠠᠬᠠᠯᠠᠬᠴᠢ ᠶᠢᠨ ᠵᠦᠪᠰᠢᠶᠡᠷᠡᠯ  ᠦᠬᠡᠢ ᠪᠠᠷ ᠳᠤᠷ᠎ᠡ  ᠪᠠᠷ  ᠢᠶᠠᠨ ᠵᠤᠭᠤᠬ ᠳᠡᠯᠬᠡᠵᠦ᠂ ᠳᠤᠷ᠎ᠡ ᠪᠠᠷ ᠢᠶᠠᠨ ᠤᠷᠤᠵᠦ  ᠭᠠᠷᠴᠤ᠂ ᠳᠤᠷ᠎ᠡ ᠪᠠᠷ ᠢᠶᠠᠨ ᠰᠠᠭᠤᠳᠠᠯ ᠢᠶᠠᠨ ᠰᠤᠯᠢᠵᠦ ᠪᠤᠯᠳᠠᠬ ᠦᠬᠡᠢ᠃ ᠳᠡᠷᠡᠴᠢᠯᠡᠨ ᠶᠠᠮᠠᠷ ᠦᠶ᠎ᠠ ᠳᠤ ᠶᠠᠮᠠᠷ ᠳᠠᠭᠤᠤ ᠳᠠᠭᠤᠯᠠᠬᠤ᠂ ᠶᠠᠮᠠᠷ  ᠢᠷᠥᠭᠡᠯ ᠤᠨ ᠦᠬᠡ ᠬᠡᠯᠡᠬᠦ︔ ᠶᠠᠮᠠᠷ ᠦᠶ᠎ᠠ ᠳᠤ ᠶᠠᠮᠠᠷ ᠶᠤᠰᠤᠯᠠᠯ ᠬᠢᠬᠦ ᠳᠤ ᠪᠦᠷ ᠳᠤᠬᠳᠠᠬᠰᠠᠨ ᠳᠠᠷᠠᠭᠠᠯᠠᠯ ᠳᠡᠰ ᠪᠠ ᠶᠤᠰᠤ ᠵᠦᠢ ᠲᠠᠢ ᠪᠠᠶᠢᠳᠠᠬ᠃ ᠡᠯ᠎ᠠ ᠭᠠᠵᠠᠷ ᠤᠨ ᠠᠷᠢᠬᠢ ᠪᠠᠷᠢᠬᠤ ᠶᠤᠰᠤ ᠨᠢ ᠬᠡᠳᠦ᠋ᠢᠪᠡᠷ ᠬᠡᠳᠤᠨ ᠬᠤᠨᠳᠠᠭ᠎ᠠ ᠠᠷᠢᠬᠢ ᠪᠠᠷᠢᠬᠤ᠂ ᠠᠷᠢᠬᠢᠨ ᠳᠠᠭᠤᠤ᠂ ᠢᠷᠤᠭᠡᠯ ᠮᠠᠬᠳᠠᠭᠠᠯ  ᠤᠨ ᠦᠭᠡ  ᠨᠢ ᠵᠠᠷᠢᠮ  ᠭᠠᠵᠠᠷ ᠲᠤ ᠪᠠᠨ ᠠᠳᠠᠯᠢ ᠪᠤᠰᠤ ᠪᠠᠶᠢᠵᠤ᠂ ᠵᠤᠷᠢᠯᠭ᠎ᠠ᠂ ᠶᠤᠰᠤᠯᠠᠯ᠂ ᠴᠠᠬ ᠬᠤᠭᠤᠴᠠᠭ᠎ᠠ ᠶᠢᠨ ᠬᠢᠵᠠᠭᠠᠷᠯᠠᠯ ᠨᠢ ᠪᠦᠷ ᠦᠡᠳᠤᠰᠤᠨ ᠳᠤ ᠪᠠᠨ ᠠᠳᠠᠯᠢ  ᠪᠠᠶᠢᠳᠠᠬ᠃       ᠭᠤᠷᠪᠡ᠂ ᠭᠤᠷᠪᠠᠨ ᠡᠭᠡᠯᠵᠢ  ᠬᠡᠯᠪᠡᠷᠢ ᠶᠢᠨ ᠠᠷᠢᠬᠢ ᠪᠠᠷᠢᠬᠤ ᠶᠤᠰᠤ ᠡᠨᠡ ᠨᠢ ᠦᠢᠷᠡᠳ ᠤᠨ ᠲᠤᠷᠭᠤᠳ ᠠᠶᠢᠮᠠᠬ  ᠤᠭᠰᠠᠭ᠎ᠠ ᠶᠢᠨ  ᠬᠤᠶᠢᠴᠢᠰ ᠪᠤᠯᠬᠤ᠂ ᠤᠳᠤᠬᠠᠨ ᠠᠯᠠᠱᠨ ᠠᠶᠢᠮᠠᠭ ᠤᠨ  ᠡᠵᠡᠨ᠎ᠡ ᠬᠤᠰᠢᠭᠤᠨ ᠤ ᠮᠤᠩᠭᠤᠯ ᠦᠡᠳᠤᠰᠤᠳᠠᠨ ᠤ ᠠᠷᠢᠬᠢ ᠪᠠᠷᠢᠬᠤ ᠶᠤᠰᠤ ᠪᠤᠯᠤᠨ᠎ᠡ᠃ ᠡᠵᠡᠨ᠎ᠡ ᠮᠤᠩᠭᠤᠯ ᠦᠡᠳᠤᠰᠤᠳᠠᠨ ᠤ ᠬᠦᠮᠤᠨ ᠠᠷᠢᠬᠢ ᠪᠠᠷᠢᠬᠤ ᠬᠦᠮᠤᠨ ᠠᠷᠢᠬᠢᠨ ᠯᠤᠩᠬᠤᠨ ᠤ  ᠠᠮᠠᠰᠠᠷ ᠢ ᠨᠡᠭᠡᠭᠡᠭᠰᠡᠨ ᠤ ᠰᠠᠬᠦᠯᠠᠷ᠂ ᠠᠷᠢᠬᠢᠨ ᠬᠤᠨᠳᠠᠭ᠎ᠠ ᠳᠣᠲᠣᠷ᠎ᠠ ᠪᠠᠨ ᠭᠡᠳᠤᠨ ᠲᠤᠰᠤᠯ ᠠᠷᠢᠬᠢ ᠲᠤᠰᠠᠭᠠᠵᠤ᠂ ᠪᠠᠷᠠᠭᠤᠨ ᠭᠠᠷ ᠢᠶᠠᠷ ᠢᠶᠠᠨ ᠲᠡᠭᠡᠭᠰᠢ ᠡᠷᠬᠦᠨ ᠨᠠᠷᠠᠨ ᠤ ᠡᠷᠬᠢᠯᠳᠡ ᠶᠢᠨ ᠴᠢᠭᠯᠡᠯ ᠢᠶᠠᠷ ᠲᠤᠯᠤᠭᠠᠢ ᠲᠡᠭᠡᠬᠦᠷ ᠢᠶᠠᠨ ᠡᠷᠬᠢᠬᠦᠯᠵᠤ ᠠᠷᠢᠬᠢ ᠪᠠᠷᠢᠨ᠎ᠡ᠃  ᠭᠡᠷ ᠲᠤᠳᠤᠷ᠎ᠡ ᠰᠠᠭᠤᠵᠤ ᠪᠠᠶᠢᠬᠤ ᠪᠦᠬᠦ ᠬᠦᠮᠤᠰ ᠪᠠᠷᠠᠭᠤᠨ ᠭᠠᠷ ᠢᠶᠠᠨ ᠬᠦᠡᠭᠭᠡᠨ ᠵᠠᠩᠬᠢᠳᠴᠤ ᠤᠬ ᠤᠷᠤᠨ ᠳᠤ ᠪᠠᠨ  ᠵᠤᠬᠰᠤᠵᠤ ᠲᠤᠯᠤᠭᠠᠢ ᠲᠡᠭᠡᠬᠦᠷ ᠢᠶᠠᠨ ᠡᠷᠬᠢᠬᠦᠯᠬᠦ ᠶᠢᠨ ᠬᠠᠮᠳᠤ᠂ ᠡᠷᠡᠭᠡᠢ ᠬᠤᠷᠤᠭᠤ ᠶᠢᠨ ᠢᠶᠠᠨ ᠦᠵᠦᠬᠦᠷ ᠢᠶᠠᠨ ᠮᠠᠩᠨᠠᠢ ᠲᠡᠭᠡᠷ᠎ᠡ ᠪᠠᠨ ᠲᠠᠯᠪᠢᠵᠤ ᠶᠤᠰᠤ ᠬᠦᠢᠴᠡᠳᠭᠡᠨ᠎ᠡ᠃ ᠡᠨᠡᠬᠦ  ᠬᠢᠳᠡᠯ ᠨᠢ ︽ᠠᠷᠢᠬᠢ ᠰᠡᠷᠵᠢᠮᠯᠡᠵᠤ ᠮᠦᠷᠬᠦᠬᠦ︾ ᠭᠡᠵᠤ ᠬᠡᠯᠡᠨ᠎ᠡ᠃  ᠬᠳᠳᠠᠭᠠᠨ ᠲᠤᠳᠤᠷ᠎ᠡ ᠪᠠᠨ ᠪᠠᠰᠨ ᠨᠢᠭᠡ ᠪᠠᠭ᠎ᠠ ᠠᠷᠢᠬᠢ ᠲᠤᠰᠤᠯᠭᠠᠵᠤ ᠭᠠᠯ ᠲᠤᠭᠤᠭᠠᠨ ᠳᠤ ᠪᠠᠨ  ᠡᠷᠬᠦᠨ᠎ᠡ᠃ ᠭᠤᠷᠪᠠᠳᠤᠭᠠᠷ  ᠤᠳᠠᠭ᠎ᠠ ᠨᠢ ᠠᠷᠢᠬᠢ ᠪᠠᠨ ᠭᠡᠮᠨᠠᠵᠤ ᠲᠦᠬᠦᠷᠭᠡᠭᠡᠳ ᠢᠷᠡᠭᠰᠡᠨ ᠵᠤᠴᠢᠳ ᠤᠨ  ᠬᠠᠮᠤᠭ ᠤᠨ ᠨᠠᠰᠤ  ᠠᠬᠢᠮᠠᠭ ᠨᠢ ᠡᠬᠢᠯᠡᠵᠤ ᠠᠷᠢᠬᠢ ᠪᠠᠷᠢᠨ᠎ᠡ᠃ ᠠᠷᠢᠬᠢᠨ ᠬᠤᠨᠳᠠᠭ᠎ᠠ ᠲᠤᠰᠤᠬᠰᠠᠨ ᠬᠦᠮᠤᠨ᠂ ᠠᠷᠢᠬᠢᠨ ᠬᠤᠳᠠᠭ᠎ᠠ ᠶᠢ ᠬᠤᠶᠠᠷ ᠭᠠᠷ ᠢᠶᠠᠷ ᠢᠶᠠᠨ ᠲᠤᠰᠤᠨ  ᠠᠪᠤᠬᠰᠠᠨ ᠤ ᠲᠠᠷᠠᠭ᠎ᠠ᠂ ᠠᠷᠢᠬᠢᠨ ᠬᠤᠨᠳᠠᠭ᠎ᠠ  ᠪᠠᠨ ᠵᠡᠬᠦᠨ  ᠭᠠᠷ ᠲᠤ ᠪᠠᠨ ᠰᠢᠯᠵᠢᠬᠦᠯᠵᠤ ᠪᠠᠷᠠᠭᠤᠨ ᠭᠠᠷ ᠢᠶᠠᠷ ᠢᠶᠠᠨ ︽ᠠᠷᠢᠬᠢ ᠪᠠᠨ ᠰᠡᠷᠵᠢᠮᠯᠠᠵᠤ︾ ᠶᠤᠰᠤᠨ ᠬᠦᠢᠴᠡᠳᠭᠡᠨ᠂ ᠲᠠᠬᠢᠨ ᠠᠷᠢᠬᠢ ᠪᠠᠨ ᠪᠠᠷᠠᠭᠤᠨ ᠭᠠᠷ ᠲᠤ ᠪᠠᠨ ᠰᠢᠯᠵᠢᠬᠦᠯᠬᠦ ᠶᠢᠨ ᠬᠠᠮᠳᠤ  ᠠᠮᠰᠠᠭᠠᠳ ᠲᠠᠬᠢᠵᠤ ᠪᠤᠴᠠᠭᠠᠵᠤ ᠦᠭᠬᠦᠨ᠎ᠡ᠃ ᠠᠷᠢᠬᠢ ᠪᠠᠷᠢᠬᠤ ᠬᠦᠮᠤᠨ ᠠᠷᠢᠬᠢᠨ ᠬᠤᠨᠳᠠᠭ᠎ᠠ ᠪᠠᠨ ᠲᠦᠬᠦᠷᠭᠡᠭᠰᠡᠨ  ᠤ ᠰᠡᠬᠦᠯᠠᠷ᠂ ᠲᠠᠷᠠᠭ᠎ᠠ ᠨᠢᠭᠡ ᠵᠤᠴᠢᠨ ᠳᠤ ᠪᠠᠨ ᠪᠠᠷᠢᠵᠤ᠂ ᠢᠡᠭᠬᠢᠵᠤ ᠨᠠᠷᠠᠨ ᠡᠷᠬᠢᠯᠳᠡ ᠴᠢᠭᠯᠡᠯ ᠢᠶᠠᠷ ᠵᠤᠴᠢᠨ ᠪᠦᠷᠢ ᠳᠤ ᠠᠷᠢᠬᠢ ᠭᠡᠮᠨᠠᠵᠤ  ᠠᠮᠰᠠᠭᠤᠯᠤᠨ᠎ᠠ︾᠃ ᠡᠨᠡᠬᠦ ᠲᠠᠰ ᠲᠠᠷᠠᠭᠠᠯᠠᠯ ᠢᠶᠠᠷ ᠭᠤᠷᠪᠠᠳᠤᠭᠠᠷ ᠡᠭᠡᠯᠵᠢ ᠶᠢᠨ ᠠᠷᠢᠬᠢ ᠪᠠᠷᠢᠬᠤ ᠦᠶ᠎ᠡ ᠳᠤ᠂ ᠵᠤᠴᠢᠳ  ᠬᠤᠨᠳᠠᠭ᠎ᠠ ᠲᠠᠢ  ᠠᠷᠢᠬᠢ ᠪᠠᠨ ᠵᠠᠪᠠᠯ  ᠪᠠᠯᠭᠤᠵᠤ ᠲᠠᠭᠤᠰᠬᠠᠨ᠎ᠡ᠃ ᠡᠨᠡᠬᠦ ᠶᠤᠰᠤ ᠶᠢ ︽ᠭᠤᠷᠪᠠᠳᠤᠭᠠᠷ ᠡᠭᠡᠯᠵᠢ  ᠬᠡᠯᠪᠡᠷᠢ ᠶᠢᠨ ᠠᠷᠢᠬᠢ ᠪᠠᠷᠢᠬᠤ︾ ᠶᠤᠰᠤ ᠭᠡᠮᠡᠳᠡᠭ᠃       ᠲᠦᠷᠪᠡ᠂ ᠬᠤᠶᠠᠳᠤᠭᠠᠷ ᠤᠳᠠᠭ᠎ᠠ ᠶᠢᠨ  ᠬᠡᠯᠪᠡᠷᠢ ᠶᠢᠨ ᠠᠷᠢᠬᠢ  ᠪᠠᠷᠢᠬᠤ ᠶᠣᠰᠣ ᠲᠦᠷᠪᠡᠨ ᠪᠦᠯᠦᠭ ᠦᠢᠷᠡᠳ ᠪᠡ ᠲᠤᠷᠭᠤᠳ ᠠᠶᠢᠮᠠᠬ ᠤᠬᠰᠠᠭ᠎ᠠ ᠶᠢᠨ ᠬᠤᠶᠢᠴᠢᠰ ᠤᠳᠤ ᠦᠪᠤᠷ  ᠮᠣᠩᠭᠤᠯ ᠤᠨ ᠠᠯᠠᠱᠨ ᠵᠡᠬᠦᠨ ᠬᠤᠰᠢᠭᠤ᠂ ᠠᠯᠠᠱᠨ ᠪᠠᠷᠠᠭᠤᠨ ᠬᠤᠰᠢᠭᠤᠨ ᠤ ᠮᠤᠩᠭᠤᠯ ᠦᠡᠳᠤᠰᠤᠳᠠᠨ ᠤ ᠬᠦᠮᠤᠰ ︽ᠠᠷᠢᠬᠢ᠂ ᠰᠠᠴᠤᠬᠤ︾ ᠭᠡᠵᠤ ᠨᠡᠷᠡᠯᠡᠵᠤ ᠪᠤᠢ᠃ ᠠᠷᠢᠬᠢ ᠪᠠᠷᠢᠬᠤ ᠬᠦᠮᠤᠨ ᠠᠷᠢᠬᠢᠨ ᠯᠤᠩᠬᠤᠨ ᠤ ᠠᠮᠠᠰᠠᠷ ᠢᠶᠠᠨ ᠨᠡᠭᠡᠭᠡᠭᠰᠡᠨ ᠤ ᠰᠠᠬᠦᠯᠠᠷ᠂ ᠠᠷᠢᠬᠢᠨ ᠬᠤᠨᠳᠠᠭ᠎ᠠ ᠪᠠᠨ ᠲᠦᠬᠦᠷᠭᠡᠮᠡᠭᠴᠨ ᠰᠢᠭᠤᠳ ᠵᠤᠴᠢᠳ ᠲᠤ ᠪᠠᠨ ᠪᠠᠷᠢᠳᠠᠬ ᠪᠤᠯᠵᠠᠢ᠃ ᠪᠠᠷᠢᠬᠰᠠᠨ ᠠᠷᠢᠬᠢ ᠶᠢ ᠲᠤᠰᠤᠬᠰᠠᠨ ᠤ ᠰᠡᠬᠦᠯᠠᠷ᠂ ᠨᠢᠭᠡ ᠵᠢᠭᠠᠬᠠᠨ ᠠᠮᠰᠠᠵᠤ ᠲᠠᠬᠢᠨ ᠬᠤᠳᠠᠭ᠎ᠠ ᠲᠠᠢ ᠪᠠᠨ ᠠᠷᠢᠬᠢ  ᠪᠤᠴᠠᠭᠠᠵᠤ ᠦᠭᠬᠦᠨ᠎ᠡ᠃ ᠠᠷᠢᠬᠢ ᠪᠠᠷᠢᠬᠰᠠᠳ ᠲᠠᠬᠢᠨ ᠬᠤᠨᠳᠠᠭ᠎ᠠ ᠪᠠᠨ  ᠲᠦᠬᠦᠷᠭᠡᠵᠤ ᠪᠠᠰᠨ ᠡᠨᠡ ᠬᠦᠮᠤᠨ ᠳᠤ ᠬᠤᠶᠠᠳᠤᠭᠠᠷ ᠤᠳᠠᠭ᠎ᠠ ᠠᠷᠢᠬᠢ ᠪᠠᠷᠢᠬᠤ ᠦᠶ᠎ᠡ ᠳᠤ ︽ᠵᠨ᠂ ᠵᠤᠭᠤᠬᠯᠨ᠂ ᠬᠠᠶᠢᠷᠠᠯᠨ︕︾ ᠭᠡᠵᠤ ᠭᠡᠯᠡᠭᠡᠳ ᠠᠷᠢᠬᠢᠨ ᠶᠤᠰᠤ ᠬᠦᠢᠴᠡᠳᠭᠡᠨ᠎ᠡ᠃ ᠠᠷᠢᠬᠢ ᠶᠢ ᠲᠤᠰᠤᠬᠰᠠᠨ ᠬᠦᠮᠤᠨ ᠬᠤᠶᠠᠳᠤᠭᠠᠷ  ᠤᠳᠠᠭ᠎ᠠ ᠨᠢ ᠪᠤᠯ ᠵᠠᠪᠠᠯ ᠪᠠᠯᠭᠤᠵᠤ ᠲᠠᠭᠤᠰᠬᠠᠬᠤ ᠶᠤᠰᠤᠳᠠᠢ᠃ ᠡᠨᠡᠬᠦ ᠶᠤᠰᠤ ᠶᠢ ᠰᠠᠭᠤᠵᠤ ᠪᠠᠶᠢᠭ᠎ᠠ ᠵᠤᠴᠢᠳ ᠤᠨ  ᠬᠠᠮᠤᠭ ᠤᠨ ᠠᠬᠠᠮᠠᠳ ᠠᠴᠠ ᠨᠢ ᠡᠬᠢᠯᠠᠵᠤ ᠲᠡᠰ ᠲᠠᠷᠠᠭᠠᠯᠠᠯ ᠢᠶᠠᠷ ᠠᠷᠢᠬᠢ ᠪᠠᠷᠢᠬᠤ ᠶᠤᠰᠤ ᠶᠢ ᠬᠦᠢᠴᠡᠳᠭᠡᠳᠡᠭ᠂  ᠡᠭᠦᠨ ᠢ ᠲᠡᠷᠤᠢ ᠬᠤᠶᠠᠳᠤᠭᠠᠷ ᠤᠳᠠᠭ᠎ᠠ ᠶᠢᠨ  ᠬᠡᠯᠪᠡᠷᠢ ᠶᠢᠨ ᠠᠷᠢᠬᠢ ᠪᠠᠷᠢᠬᠤ ᠶᠤᠰᠤ ᠭᠡᠵᠤ ᠭᠡᠯᠡᠳᠡᠭ᠃ ᠬᠤᠶᠠᠳᠤᠭᠠᠷ  ᠤᠳᠠᠭ᠎ᠠ ᠶᠢᠨ ᠬᠡᠯᠪᠡᠷᠢ ᠶᠢᠨ ᠠᠷᠢᠬᠢ ᠪᠠᠷᠢᠬᠤ ᠶᠤᠰᠤ ᠨᠢ ᠪᠤᠢ ᠪᠦᠬᠦᠢ ᠬᠦᠮᠤᠰ ᠬᠤᠶᠠᠷ ᠴᠢᠬᠢ ᠪᠠᠷ ᠢᠶᠠᠨ ᠰᠠᠶᠢᠨ ᠮᠡᠳᠡᠭᠡ ᠵᠠᠩᠬᠢ ᠶᠢ ᠰᠤᠨᠤᠰᠴᠤ᠂ ᠠᠯᠠᠬ ᠬᠤᠶᠠᠷ ᠨᠢᠳᠤ ᠪᠠᠷ ᠢᠶᠠᠨ  ᠬᠠᠮᠤᠭ ᠤᠨ ᠰᠠᠶᠢᠬᠠᠨ ᠶᠠᠭᠤᠮ᠎ᠠ  ᠪᠦᠬᠦᠨ ᠢ ᠤᠯᠵᠤ ᠬᠠᠷᠠᠨ᠂ ᠠᠵᠢᠯᠴᠢ ᠬᠤᠶᠠᠷ ᠭᠠᠷ ᠢᠶᠠᠷ ᠢᠶᠠᠨ ᠭᠡᠷ ᠤᠷᠤᠨ ᠪᠡ ᠠᠵᠢᠯ ᠦᠢᠯᠡᠰ ᠢᠶᠠᠨ ᠡᠬᠦᠳᠤᠨ ᠪᠠᠶᠢᠭᠤᠯᠵᠤ᠂ ᠬᠤᠶᠠᠷ ᠬᠦᠮᠤᠨ ᠨᠢᠭᠤᠷ ᠤᠴᠠᠷᠠᠮᠠᠬᠴᠨ ᠰᠠᠶ᠋ᠢ ᠬᠤᠪᠢ ᠢᠷᠦᠭᠡᠯ ᠬᠦᠨ ᠵᠤᠵᠠᠭᠠᠨ ᠬᠠᠶᠢᠷ᠎ᠡ ᠰᠡᠳᠬᠢᠯᠭᠡ ᠲᠠᠢ ᠪᠤᠯᠬᠤ ᠶᠤᠰᠤ ᠵᠢᠷᠤᠮ ᠲᠠᠢ ᠪᠤᠯᠵᠤ ᠴᠢᠳᠠᠳᠠᠬ ᠭᠡᠰᠡᠨ ᠤᠳᠬ᠎ᠠ ᠶᠢ  ᠪᠡᠯᠭᠡᠳᠡᠵᠤ ᠪᠠᠶᠢᠳᠠᠬ᠃       ᠳᠠᠪᠤ᠂ ᠰᠡᠷᠵᠢᠮᠯᠡᠭᠦ ᠶᠢᠨ ᠶᠤᠰᠤᠨ ᠠᠷᠢᠬᠢ᠂ ᠰᠦ᠂ ᠬᠦᠭᠡ ᠴᠠᠢ ᠰᠡᠷᠵᠢᠮᠯᠡᠭᠦ᠃ ᠰᠡᠷᠵᠢᠮᠯᠡᠭᠦ ᠶᠤᠰᠤ ᠪᠤᠯ ᠤᠤᠭᠤᠬᠤ ᠪᠠᠷ ᠪᠠᠶᠢᠭ᠎ᠠ ᠠᠷᠢᠬᠢ ᠶᠢᠨ ᠳᠤᠳᠤᠷ᠎ᠡ᠂ ᠪᠠᠷᠠᠭᠤᠨ  ᠭᠠᠷ ᠤᠨ ᠢᠳᠠᠮ ᠬᠤᠷᠤᠭᠤ ᠪᠠᠨ ᠲᠦᠷᠢᠨ ᠳᠡᠭᠡᠭᠰᠢ ᠭᠤᠷᠪᠠ ᠤᠳᠠᠭ᠎ᠠ ᠡᠷᠭᠦᠨ ᠰᠠᠴᠤᠳᠠᠭ  ᠵᠠᠩᠰᠢᠯ ᠢ ᠵᠢᠭᠠᠵᠤ ᠪᠠᠶᠢᠨ᠎ᠠ᠃ ᠭᠤᠷᠪᠠ ᠤᠳᠠᠭ᠎ᠠ ᠳᠡᠭᠡᠭᠰᠢ ᠡᠷᠭᠦᠨ  ᠰᠠᠴᠤᠳᠠᠭ ᠠᠭᠤᠯᠭ᠎ᠠ ᠪᠤᠯ᠂ ᠨᠢᠭᠡ ᠨᠢ ︽ᠬᠦᠭᠡ ᠳᠡᠭᠷᠢ ᠠᠮᠤᠭᠤᠯᠠᠩ ᠪᠤᠯᠤᠭ︾᠂  ᠬᠤᠶᠠᠷ ᠨᠢ ︽ᠬᠦᠷᠦᠰᠦᠳᠦ ᠳᠡᠯᠡᠭᠡᠢ ᠠᠮᠤᠭᠤᠯᠠᠩ ᠪᠤᠯᠤᠭ︾᠂ ᠭᠤᠷᠪᠠ ᠨᠢ ︽ᠬᠦᠮᠦᠨ ᠵᠤᠨ ᠠᠮᠤᠭᠤᠯᠠᠩ ᠪᠤᠯᠤᠭ︾ ᠪᠤᠯᠤᠨ᠎ᠠ᠃ ᠮᠤᠩᠭᠤᠯᠴᠤᠳ ᠠᠷᠢᠬᠢ ᠶᠢ ᠢᠳᠡᠭᠡᠨ ᠤ ᠤᠬᠢ ᠤᠮᠳᠠᠭᠠᠨ ᠤ ᠳᠡᠭᠡᠵᠢ ᠪᠠᠷ ᠦᠵᠡᠳᠡᠭ᠂ ᠡᠶᠢᠮᠦ ᠠᠴᠠ  ᠲᠡᠭᠦᠨ ᠢᠶᠠᠷ ᠢᠶᠠᠨ ᠳᠠᠮᠵᠢᠨ  ᠬᠦᠮᠦᠨ ᠵᠤᠨ ᠤ ᠬᠠᠮᠤᠭ ᠰᠠᠶᠢᠬᠠᠨ ᠬᠦᠰᠡᠯ ᠵᠥᠩᠨᠡᠯ ᠤᠨ ᠰᠡᠳᠬᠢᠯᠭᠡ ᠪᠠᠨ ᠢᠯᠡᠳᠭᠡᠳᠡᠭ ᠪᠠᠶᠢᠨ᠎ᠠ᠃       ᠵᠢᠷᠭᠤᠭ᠎ᠠ᠂ ᠠᠷᠢᠬᠢ ᠴᠡᠭᠡᠷᠯᠡᠭᠦ ᠶᠤᠰᠤᠨ ᠮᠤᠩᠭᠤᠯᠴᠤᠳ ᠠᠷᠢᠬᠢ ᠶᠢ ᠢᠳᠡᠭᠡᠨ ᠤ ᠤᠬᠢ ᠤᠮᠳᠠᠭᠠᠨ ᠤ ᠳᠡᠭᠡᠵᠢ ᠪᠠᠷ ᠬᠦᠨᠳᠦᠳᠭᠡᠳᠡᠭ ᠪᠤᠯᠬᠤᠷ᠂ ᠠᠷᠢᠬᠢ ᠤᠤᠭᠤᠬᠤ ᠶᠢᠨ ᠳᠤᠭᠳᠠᠭᠰᠠᠨ ᠶᠤᠰᠤ ᠪᠠᠶᠢᠬᠤ ᠠᠴᠠ ᠭᠠᠳᠠᠨ᠎ᠠ᠂ ᠪᠠᠰᠠ ᠤᠯᠠᠨ  ᠲᠠᠯ᠎ᠠ ᠶᠢᠨ ᠴᠡᠭᠡᠷᠯᠡᠯ ᠪᠤᠢ᠃ ᠬᠡᠳᠦᠷᠡᠳᠡᠯ᠎ᠠ ᠤᠤᠭᠤᠬᠤ᠂ ᠪᠠᠯᠠᠷᠳᠠᠯ᠎ᠠ ᠰᠤᠭᠳᠤᠬᠤ ᠠᠴᠠ ᠴᠡᠭᠡᠷᠯᠡᠳᠡᠭ᠃ ᠮᠤᠩᠭᠤᠯᠴᠤᠳ ︽40 ᠬᠦᠷᠴᠦ ᠲᠦᠩᠭᠡᠵᠢ ᠠᠮᠰᠠ᠂ 50 ᠬᠦᠷᠴᠦ ᠳᠠᠯᠪᠢᠵᠤ ᠠᠮᠰᠠ᠂ 60 ᠬᠦᠷᠴᠦ ᠵᠢᠷᠭᠠᠵᠤ ᠠᠮᠰᠠ︾ ᠬᠡᠭᠦ ᠪᠤᠶᠤ ︽ᠠᠷᠢᠬᠢ ᠳᠠᠩᠳᠠᠪᠠᠯ ᠠᠮᠢᠳᠤ ᠶᠢᠨ ᠳᠠᠮᠤ ᠳᠤ  ᠤᠨᠠᠨ᠎ᠠ︾ ᠭᠡᠳᠡᠭ ᠬᠦᠨᠵᠡᠭᠡᠢ ᠳᠠᠨᠢᠯᠳᠠ ᠲᠠᠢ᠃ ᠡᠶᠢᠮᠦ ᠠᠴᠠ ᠨᠠᠶᠢᠷ ᠨᠠᠭᠠᠳᠤᠮ ᠳᠤ ᠭᠤᠷᠪᠠᠨ ᠬᠤᠨᠳᠠᠭ᠎ᠠ ᠠᠴᠠ  ᠬᠡᠲᠦᠷᠡᠭᠦᠯᠬᠦ  ᠶᠢ ᠴᠡᠭᠡᠷᠯᠡᠳᠡᠭ᠃ ᠠᠷᠢᠬᠢ ᠳᠠᠷᠠᠰᠤ ᠤᠤᠭᠤᠭᠰᠠᠨ ᠤ ᠰᠡᠭᠦᠯᠡᠷ᠂ ᠳᠡᠭᠦᠨ ᠢ ︽  ᠭᠠᠰᠢᠭᠤᠨ︾ ᠡᠰᠡᠭᠦᠯ᠎ᠠ ︽ᠳᠤᠭᠰᠢᠨ︾ ᠭᠡᠵᠤ ᠬᠡᠯᠡᠭᠦ ᠠᠴᠠ ᠴᠡᠭᠡᠷᠯᠡᠳᠡᠭ᠂ ᠤᠴᠢᠷ ᠨᠢ ᠮᠤᠩᠭᠤᠯᠴᠤᠳ ᠠᠷᠢᠬᠢ ᠶᠢ ᠢᠳᠡᠭᠡᠨ ᠤ ᠤᠬᠢ  ᠰᠢᠮ᠎ᠡ ᠤᠮᠳᠠᠭᠠᠨ ᠤ ᠰᠠᠶᠢᠨ ᠳᠡᠭᠡᠵᠢ ᠪᠠᠷ ᠦᠵᠡᠳᠡᠭ ᠪᠠᠶᠢᠨ᠎ᠠ᠂ ᠡᠶᠢᠮᠦ ᠠᠴᠠ  ᠲᠡᠭᠦᠨ ᠢ ᠭᠠᠰᠢᠭᠤᠨ ᠪᠤᠶᠤ ᠳᠤᠭᠰᠢᠨ ᠭᠡᠵᠤ ᠬᠡᠯᠡᠵᠤ ᠪᠤᠯᠬᠤ ᠦᠭᠡᠢ᠂ ᠮᠤᠩᠭᠤᠯᠴᠤᠳ ᠤᠨ ᠰᠡᠳᠬᠢᠯ ᠳᠤ ᠠᠷᠢᠬᠢ ᠪᠤᠯ ᠠᠩᠬᠢᠯᠤᠮ᠎ᠠ ᠰᠠᠶᠢᠬᠠᠨ ᠠᠮᠳᠠᠳᠦ ᠢᠳᠡᠭᠡᠨ ᠪᠤᠯᠤᠨ᠎ᠠ᠃ ᠵᠤᠭᠰᠤᠭ᠎ᠠ ᠪᠠᠷ ᠢᠶᠠᠨ ᠠᠷᠢᠬᠢ ᠠᠮᠰᠠᠬᠤ ᠪᠤᠶᠤ ᠠᠷᠢᠬᠢ ᠤᠤᠭᠤᠬᠤ ᠶᠢ ᠴᠡᠭᠡᠷᠯᠡᠳᠡᠭ᠃ ᠠᠷᠢᠬᠢᠨ ᠳᠤ ᠰᠢᠨᠤᠬᠤ ᠶᠢ ᠴᠡᠭᠡᠷᠯᠡᠳᠡᠭ᠂ ᠡᠰᠡᠪᠡᠯ ᠠᠷᠢᠬᠢᠨ ᠴᠢᠳᠬᠦᠷ  ᠪᠤᠯᠵᠤ᠂ ᠪᠡᠶ᠎ᠠ ᠶᠢ ᠳᠠᠷᠴᠢᠯᠠᠭᠠᠨ᠂  ᠶᠠᠪᠤᠳᠠᠯ ᠳᠤ ᠰᠠᠭᠠᠳ ᠪᠤᠯᠵᠤ᠂ ᠬᠡᠳᠦᠷᠡᠪᠡᠯ ᠠᠮᠢ ᠪᠠᠨ ᠴᠦ ᠠᠯᠳᠠᠬᠤ ᠪᠤᠯᠤᠨ᠎ᠠ᠃ ᠡᠴᠢᠭᠡ ᠡᠭᠡ ᠂ ᠠᠬᠠᠮᠠᠳ  ᠦᠶ᠎ᠡ ᠶᠢᠨ  ᠡᠮᠦᠨ᠎ᠡ ᠠᠷᠢᠬᠢ ᠤᠤᠭᠤᠬᠤ ᠳᠠᠮᠠᠬᠢ ᠳᠠᠳᠠᠬᠤ ᠶᠢ ᠴᠡᠭᠡᠷᠯᠡᠳᠡᠭ᠃ ᠬᠡᠷᠪᠡ ᠨᠡᠭᠡᠷᠡᠨ  ᠬᠠᠷᠢᠯᠴᠠᠭ᠎ᠠ ᠶᠠᠪᠤᠯᠴᠠᠭ᠎ᠠ  ᠠᠴᠠ ᠪᠤᠯᠵᠤ ᠠᠷᠢᠬᠢ ᠤᠤᠭᠤᠬᠤ ᠴᠢᠬᠤᠯᠠᠳᠠᠢ ᠪᠤᠯ ᠡᠴᠢᠭᠡ ᠡᠭᠡ ᠠᠴᠠ ᠪᠠᠨ ᠵᠦᠪᠰᠢᠶᠡᠷᠡᠯ ᠤᠯᠵᠤ᠂  ᠶᠣᠰᠣ ᠦᠢᠯᠡ ᠶᠢᠨ ᠴᠢᠨᠠᠷ ᠲᠠᠢ ᠪᠠᠭ᠎ᠠ ᠤᠤᠭᠤᠳᠠᠭ ᠪᠠᠶᠢᠨ᠎ᠠ᠃ ᠠᠷᠢᠬᠢ ᠪᠠᠷᠢᠬᠤ ᠦᠶ᠎ᠠ ᠵᠤᠴᠢᠨ ᠳᠤ ᠬᠦᠮᠦᠨ ᠤ ᠭᠠᠷ ᠳᠡᠭᠡᠷ᠎ᠡ ᠠᠷᠢᠬᠢ ᠬᠡᠮᠨᠡᠭᠦ ᠶᠢ ᠴᠡᠭᠡᠷᠯᠡᠳᠡᠭ᠂ ᠡᠷᠬᠡᠪᠰᠢ  ᠬᠤᠨᠳᠠᠭ᠎ᠠ ᠶᠢ ᠳᠤᠰᠤᠨ ᠠᠪᠤᠭᠰᠠᠨ ᠤ ᠰᠡᠭᠦᠯᠡᠷ᠂ ᠠᠷᠢᠬᠢ ᠬᠡᠮᠨᠡᠭᠰᠡᠨ ᠤ ᠳᠠᠷᠠᠭ᠎ᠠ ᠬᠤᠶᠠᠷ ᠭᠠᠷ ᠢᠶᠠᠷ ᠢᠶᠠᠨ ᠡᠷᠭᠦᠨ ᠪᠠᠷᠢᠳᠠᠭ᠂ ᠡᠰᠡᠪᠡᠯ  ᠵᠣᠴᠢᠨ ᠢᠶᠠᠨ ᠬᠥᠡᠭᠭᠡᠪᠴᠢᠯᠡᠵᠥ ᠪᠠᠶᠢᠭ᠎ᠠ ᠶᠠᠪᠤᠳᠠᠯ ᠪᠣᠯᠣᠨ᠎ᠠ ᠃
ᠢᠷᠡᠯᠲᠡ᠄ ᠪᠠᠶᠠᠨ ᠨᠠᠭᠤᠷ ᠤᠨ ᠡᠳᠦᠷ ᠤᠨ ᠰᠣᠨᠢᠨ