ᠮᠣᠩᠭᠤᠯᠴᠤᠳ ᠤᠨ ᠬᠦᠭᠡ ᠢᠳᠡᠭᠡᠨ ᠤ ᠵᠦᠢᠯᠡᠰ
ᠨᠡᠶᠢᠲᠡᠯᠡᠭᠰᠡᠨ ᠴᠠᠭ᠄
2021/11/9
      ᠮᠤᠩᠭᠤᠯᠴᠤᠳ ᠬᠡᠭᠡᠷ᠎ᠡ ᠶᠢᠨ ᠤᠷᠭᠤᠮᠠᠯ ᠵᠢᠮᠢᠰ ᠪᠤᠶᠤ ᠲᠠᠷᠢᠮᠠᠯ ᠤᠷᠭᠤᠮᠠᠯ ᠵᠢᠮᠢᠰ ᠢ ᠶᠡᠷᠤᠩᠭᠡᠶᠢᠯᠡᠨ ᠬᠦᠭᠡ ᠢᠳᠡᠭᠡᠨ ᠭᠡᠵᠤ ᠨᠡᠷᠡᠯᠡᠳᠡᠭ᠃       1᠂ ᠨᠤᠭᠤᠭᠠᠨ ᠤ ᠵᠦᠢᠯ        ᠮᠤᠩᠭᠤᠯᠴᠤᠳ ᠤᠨ ᠢᠳᠡᠳᠡᠭ ᠭᠡᠭᠡᠷ᠎ᠡ ᠶᠢᠨ ᠨᠤᠭᠤᠭ᠎ᠠ ᠶᠢᠨ ᠵᠦᠢᠯᠡᠰ  ᠲᠤ ᠬᠦᠮᠡᠯᠢ᠂ ᠭᠤᠭᠤᠳ᠂ ᠮᠠᠩᠬᠢᠷ᠂ ᠲᠠᠭᠠᠨ᠎ᠠ᠂ ᠬᠠᠯᠠᠭᠠᠢ᠂ ᠯᠤᠤᠯᠢ᠂  ᠰᠢᠷ᠎ᠠ ᠬᠤᠸᠠᠷ᠂ ᠴᠠᠭᠠᠨ ᠮᠦᠬᠦ᠂ ᠤᠯᠠᠭᠠᠨ ᠮᠦᠬᠦ᠂ ᠬᠠᠷ᠎ᠡ ᠮᠦᠬᠦ ᠵᠡᠷᠭᠡ ᠪᠠᠶᠢᠳᠠᠭ᠃ ᠰᠡᠬᠦᠯ ᠤᠨ ᠦᠶ᠎ᠡ ᠳᠤ ᠲᠠᠷᠢᠮᠠᠯ ᠨᠤᠭᠤᠭ᠎ᠠ ᠶᠢ ᠬᠤᠭᠤᠯᠠ ᠤᠮᠳᠠᠭᠠᠨ ᠤ ᠠᠰᠢᠭᠯᠠᠬᠤ ᠳᠤ ᠪᠠᠨ ᠭᠤᠤᠯᠳᠠᠭᠤ ᠴᠠᠭᠠᠨ ᠨᠤᠭᠤᠭ᠎ᠠ᠂ ᠪᠦᠭᠡᠷᠡᠩᠭᠡᠢ ᠴᠠᠭᠠᠨ ᠨᠤᠭᠤᠭ᠎ᠠ᠂ ᠰᠢᠷ᠎ᠡ ᠯᠤᠤᠪᠠᠩ᠂ ᠴᠠᠭᠠᠨ ᠯᠤᠤᠪᠠᠩ᠂ ᠮᠠᠨᠵᠢᠨ᠂ ᠲᠦᠮᠤᠰᠤ᠂ ᠪᠤᠷᠴᠠᠭ᠂ ᠰᠤᠩᠬᠢᠨ᠎ᠠ᠂ ᠰᠠᠷᠢᠮᠰᠠᠭ᠂ ᠤᠷᠤᠰ ᠰᠤᠩᠬᠢᠨ᠎ᠠ᠂ ᠰᠤᠷᠢᠰᠤ᠂ ᠭᠤᠭᠤᠳ᠂ ᠭᠤᠸᠠ᠂ ᠬᠠᠰᠢ ᠵᠡᠷᠭᠡ ᠶᠢ ᠦᠷᠭᠡᠨ ᠢᠶᠠᠷ ᠠᠰᠢᠭᠯᠠᠬᠤ ᠪᠤᠯᠵᠠᠢ᠃ ᠭᠡᠭᠡᠷ᠎ᠡ ᠶᠢᠨ ᠤᠷᠭᠤᠮᠠᠯ ᠠᠴᠠ ᠬᠦᠮᠡᠯᠢ᠂ ᠭᠤᠭᠤᠳ᠂ ᠮᠠᠩᠬᠢᠷ᠂  ᠲᠠᠭᠠᠨ᠎ᠠ᠂ ᠲᠤᠭᠳᠠᠭᠤᠯ  ᠵᠡᠷᠭᠡ ᠶᠢ ᠲᠡᠬᠦᠵᠤ᠂ ᠮᠢᠬ᠎ᠠ ᠲᠠᠢ ᠬᠤᠯᠢᠭᠠᠳ ᠪᠠᠩᠰᠢ᠂ ᠪᠤᠤᠰᠠ᠂ ᠬᠤᠤᠱᠤᠤᠷ ᠬᠢᠵᠤ ᠢᠳᠡᠬᠦ᠂ ᠮᠠᠯ ᠤᠨ ᠭᠡᠳᠡᠰᠤ ᠴᠢᠳᠬᠤᠬᠤ ᠪᠠ ᠬᠤᠳᠤᠭᠤᠳᠤ᠂ ᠤᠯᠤᠭᠠᠢ ᠪᠤᠷᠳᠤᠬᠤ ᠳᠤ ᠠᠮᠳᠠ ᠤᠷᠤᠭᠤᠯᠬᠤ ᠵᠢᠴᠢ ᠵᠤᠨ᠂ ᠨᠠᠮᠤᠷ  ᠲᠤ ᠪᠠᠨ ᠲᠠᠪᠤᠰᠤᠯᠠᠬᠤ ᠪᠤᠶᠤ ᠠᠶᠢᠷᠠᠭ᠂  ᠰᠢᠷ᠎ᠠ ᠤᠰᠤᠨ ᠳᠤ ᠲᠠᠷᠤᠰᠢᠭᠤᠯᠤᠭᠠᠳ ᠵᠠᠭᠤᠰᠢ ᠬᠤᠯᠢᠰᠢᠨ ᠳᠤ ᠢᠳᠡᠳᠡᠭ᠃ ᠭᠤᠭᠤᠳ ᠤᠨ ᠴᠡᠴᠡᠭ ᠢ ᠰᠤᠷᠢᠰᠤ ᠭᠡᠵᠤ᠂ ᠲᠠᠪᠤᠰᠤ ᠲᠠᠢ ᠬᠤᠯᠢᠵᠤ ᠨᠦᠳᠤᠭᠡᠳ ᠭᠡᠳᠡᠰᠤ ᠴᠢᠳᠬᠤᠬᠤ ᠪᠠ ᠬᠤᠳᠤᠭᠤᠳᠤ᠂ ᠤᠯᠤᠭᠠᠢ ᠪᠤᠷᠳᠤᠬᠤ ᠳᠤ ᠠᠮᠳᠠ ᠤᠷᠤᠭᠤᠯᠬᠤ᠂ ᠬᠤᠭᠤᠯᠠᠨ ᠢᠳᠡᠭᠡᠨ ᠳᠤ ᠵᠠᠭᠤᠰᠢ ᠪᠤᠯᠭᠠᠳᠠᠭ᠃ ᠬᠠᠯᠠᠭᠠᠢ᠂ ᠯᠤᠤᠯᠢ ᠶᠢ ᠲᠡᠬᠦᠵᠤ᠂ ᠪᠠᠩᠰᠢ᠂ ᠪᠤᠤᠰᠠ ᠬᠢᠬᠦ᠂ ᠭᠤᠯᠢᠷ ᠲᠠᠢ ᠬᠤᠭᠤᠯᠠᠨ ᠳᠤ ᠵᠠᠭᠤᠰᠢ ᠪᠤᠯᠭᠠᠨ ᠢᠳᠡᠳᠡᠭ᠃ ᠬᠠᠯᠠᠭᠠᠢ᠂ ᠯᠤᠤᠯᠢ ᠤᠦᠯᠢᠶᠡᠨ ᠴᠢᠨᠠᠷ ᠲᠠᠢ᠂ ᠬᠤᠳᠤᠭᠤᠳᠤᠨ ᠤ ᠰᠢᠩᠭᠡᠭᠡᠯᠳᠡ ᠶᠢ ᠰᠠᠶᠢᠵᠢᠷᠠᠭᠤᠯᠬᠤ᠂ ᠪᠠᠮ ᠬᠠᠪᠤᠳᠠᠷ ᠢ ᠵᠠᠰᠠᠬᠤ ᠳᠤ ᠲᠤᠰᠠ  ᠲᠠᠢ ᠪᠠᠶᠢᠳᠠᠭ᠃ ᠭᠡᠬᠦ ᠳᠤ ᠪᠠᠨ ᠲᠡᠭᠰᠢ ᠲᠤᠤᠭᠠᠷᠬᠤ ᠠᠴᠠ ᠡᠮᠦᠨ᠎ᠡ ᠢᠳᠡᠪᠡᠯ  ᠪᠡᠶ᠎ᠡ  ᠬᠠᠪᠤᠳᠤᠨ᠎ᠠ ᠭᠡᠵᠤ ᠴᠡᠭᠡᠷᠯᠡᠳᠡᠭ᠃ ᠰᠢᠷ᠎ᠡ ᠬᠤᠸᠠᠷ ᠢ ᠰᠠᠶ᠋ᠢ ᠲᠡᠯᠭᠡᠷᠡᠬᠦ ᠦᠶ᠎ᠡ ᠪᠠᠷ ᠲᠡᠬᠦᠵᠤ᠂ ᠱᠦᠯᠦ ᠬᠤᠭᠤᠯᠠᠨ ᠳᠤ ᠬᠢᠬᠦ ᠪᠤᠶᠤ ᠬᠠᠭᠤᠷᠴᠤ ᠢᠳᠡᠬᠦ᠂ ᠵᠢᠩᠨᠡᠵᠤ ᠪᠤᠯᠭᠤᠭᠠᠳ ᠬᠠᠳᠠᠭᠠᠵᠤ᠂ ᠡᠪᠤᠯ᠂ ᠬᠠᠪᠤᠷ  ᠲᠤ ᠪᠠᠨ ᠢᠳᠡᠳᠡᠭ᠃ ᠴᠠᠭᠠᠨ ᠮᠦᠬᠦ᠂ ᠤᠯᠠᠭᠠᠨ ᠮᠦᠬᠦ᠂ ᠮᠤᠳᠤᠨ ᠮᠦᠬᠦ ᠪᠠᠷ ᠱᠦᠯᠤ ᠭᠠᠷᠭᠠᠬᠤ᠂ ᠬᠠᠭᠤᠷᠴᠤ ᠢᠳᠡᠬᠦ᠂ ᠳᠠᠪᠤᠰᠤᠯᠠᠵᠤ ᠢᠳᠡᠬᠦ ᠪᠠ ᠬᠠᠳᠠᠭᠠᠵᠤ  ᠬᠠᠳᠠᠭᠠᠯᠠᠭᠠᠳ ᠡᠪᠤᠯ᠂ ᠬᠠᠪᠤᠷ ᠢᠳᠡᠳᠡᠭ᠃       2᠂ ᠵᠢᠮᠢᠰ ᠤᠨ ᠵᠦᠢᠯ        ᠮᠤᠩᠭᠤᠯᠴᠤᠳ ᠤᠨ ᠢᠳᠡᠳᠡᠭ ᠭᠡᠭᠡᠷ᠎ᠡ ᠶᠢᠨ ᠵᠢᠮᠢᠰ ᠤᠨ ᠵᠦᠢᠯᠡᠰ  ᠲᠤ ᠦᠷᠢᠯ᠂ ᠮᠦᠢᠯ᠂ ᠬᠦᠢᠯᠡᠰᠤ᠂ ᠲᠤᠯᠤᠨᠤ᠂ ᠤᠯᠠᠭᠠᠨ᠎ᠠ᠂ ᠵᠤᠭ᠎ᠠ ᠵᠡᠷᠭᠡ ᠪᠠᠶᠢᠳᠠᠭ᠃ ᠡᠳᠡᠭᠡᠷ ᠵᠢᠮᠢᠰ ᠢ ᠲᠡᠬᠦᠵᠤ ᠰᠢᠨ᠎ᠡ ᠲᠡᠭᠡᠷ᠎ᠡ ᠨᠢ ᠢᠳᠡᠬᠦ ᠠᠴᠠ ᠭᠠᠳᠠᠨ᠎ᠠ᠂ ᠬᠠᠳᠠᠭᠠᠵᠤ ᠬᠠᠳᠠᠭᠠᠯᠠᠬᠤ ᠪᠠ ᠴᠢᠭᠠᠰᠢᠳᠠ ᠪᠤᠯᠪᠠᠰᠤᠷᠠᠭᠤᠯᠤᠨ ᠢᠳᠡᠳᠡᠭ᠃ ᠨᠠᠮᠤᠷ ᠬᠦᠢᠯᠡᠰᠤ ᠪᠤᠯᠪᠠᠰᠤᠷᠠᠭᠰᠠᠨ ᠤ ᠲᠠᠷᠠᠭ᠎ᠠ᠂ ᠦᠷ᠎ᠡ ᠶᠢ ᠨᠢ ᠲᠡᠬᠦᠵᠤ ᠭᠡᠮᠭᠡᠴᠢᠭᠡᠳ ᠲᠤᠰᠤ ᠰᠢᠷᠭᠠᠭᠠᠵᠤ ᠠᠪᠳᠠᠭ᠃ ᠬᠠᠪᠤᠷ ᠲᠤ  ᠪᠠᠨ  ᠬᠠᠶᠢᠯᠠᠰᠤᠨ ᠮᠤᠳᠤᠨ ᠤ ᠵᠤᠭ᠎ᠠ ᠶᠢ ᠲᠡᠬᠦᠵᠤ ᠠᠪᠤᠭᠠᠳ᠂ ᠭᠤᠯᠢᠷ ᠲᠠᠢ ᠬᠤᠭᠤᠯᠠᠨ ᠳᠤ ᠵᠠᠭᠤᠰᠢ ᠪᠤᠯᠭᠠᠬᠤ᠂ ᠭᠤᠯᠢᠷ ᠲᠠᠢ ᠬᠤᠯᠢᠵᠤ ᠪᠤᠭᠤᠷᠰᠤᠭ ᠬᠠᠭᠠᠷᠢᠵᠤ ᠢᠳᠡᠳᠡᠭ ᠪᠠ ᠬᠠᠳᠠᠭᠠᠵᠤ ᠲᠠᠯᠠᠭᠳᠠᠭᠠᠳ᠂ ᠰᠠᠭᠠᠭ᠂ ᠶᠤᠤᠮᠠᠢ ᠶᠢᠨ ᠭᠤᠯᠢᠷ ᠲᠠᠢ ᠬᠤᠯᠢᠵᠤ ᠢᠳᠡᠳᠡᠭ᠃ ᠰᠡᠬᠦᠯ ᠤᠨ ᠦᠶ᠎ᠡ ᠳᠤ ᠲᠠᠷᠢᠮᠠᠯ ᠵᠢᠮᠢᠰ ᠠᠴᠠ ᠲᠠᠷᠪᠤᠰ᠂ ᠠᠮᠳᠠᠳᠤ ᠭᠡᠮᠭᠡ᠂ ᠦᠷᠭᠡᠰᠤᠳᠤ ᠭᠡᠮᠭᠡ᠂ ᠳ᠋ᠦᠩᠭᠤᠸᠠ᠂ ᠯᠠᠩᠭᠤᠸᠠ᠂ ᠠᠯᠮᠤᠷᠠᠳ᠂  ᠠᠯᠢᠮ᠎ᠠ ᠵᠡᠷᠭᠡ  ᠶᠢ ᠲᠦᠭᠡᠮᠡᠯ ᠠᠰᠢᠭᠯᠠᠬᠤ ᠪᠤᠯᠤᠭᠰᠠᠨ ᠪᠠᠶᠢᠨ᠎ᠠ᠃
ᠢᠷᠡᠯᠲᠡ᠄ ᠪᠠᠶᠠᠨ ᠨᠠᠭᠤᠷ ᠤᠨ ᠡᠳᠦᠷ ᠤᠨ ᠰᠣᠨᠢᠨ