ᠤᠷᠠᠳ ᠡᠮ ᠡᠮᠨᠡᠯᠭᠡ ᠶᠢᠨ ᠲᠦᠯᠦᠭᠡᠯᠡᠬᠦ ᠴᠢᠨᠠᠷᠲᠠᠢ ᠡᠮᠴᠢᠯᠡᠭᠡ — — — ᠮᠦᠩᠬᠦᠨ ᠵᠡᠬᠦᠦ᠂ ᠬᠠᠨᠠᠭᠤᠷ ᠵᠢᠴᠢ ᠬᠠᠨᠠᠬᠤ ᠵᠠᠰᠠᠯᠭ᠎ᠠ
ᠨᠡᠶᠢᠲᠡᠯᠡᠭᠰᠡᠨ ᠴᠠᠭ᠄
2022/12/14
      ᠠᠨᠠᠭᠠᠬᠤ ᠳᠤ ᠬᠡᠷᠡᠭᠯᠡᠳᠡᠭ ᠮᠦᠩᠬᠦ ᠪᠠᠷ ᠬᠢᠭᠰᠡᠨ ᠵᠡᠬᠦᠦ ᠶᠢ ᠮᠦᠩᠭᠦᠨ ᠵᠡᠬᠦᠦ ᠭᠡᠨ᠎ᠡ᠂ ᠮᠦᠩᠬᠦᠨ ᠵᠡᠬᠦᠦ ᠨᠢ ᠦᠵᠦᠬᠦᠷ ᠪᠠ ᠡᠰᠢ ᠪᠠᠷ ᠪᠦᠷᠢᠯᠳᠦᠨ᠎ᠡ᠃ ᠡᠰᠢ ᠨᠢ ᠪᠠᠷᠢᠭᠤᠯ ᠤᠨ ᠬᠡᠰᠡᠭ᠂ ᠦᠵᠦᠬᠦᠷ ᠨᠢ ᠲᠦᠭᠡᠨᠡᠯᠭᠡ ᠬᠢᠬᠦ ᠳᠤ ᠡᠪᠡᠳᠴᠢᠲᠡᠨ ᠤ ᠪᠡᠶ᠎ᠡ ᠶᠢᠨ ᠡᠯ᠎ᠡ ᠬᠡᠰᠡᠭ ᠲᠠᠬᠢ ᠪᠠᠯᠴᠢᠷ ᠲᠤ ᠬᠠᠳᠬᠤᠵᠤ ᠤᠷᠤᠭᠤᠯᠳᠠᠭ ᠭᠡᠰᠡᠭ ᠢ ᠬᠡᠯᠡᠵᠤ ᠪᠠᠶᠢᠨ᠎ᠠ᠃       ᠬᠠᠨᠠᠭᠤᠷ ᠬᠡᠳᠡᠭ ᠨᠢ ᠡᠪᠡᠳᠴᠢᠲᠡᠨ ᠤ ᠰᠤᠳᠠᠯ ᠤᠨ ᠬᠤᠷᠠᠮᠠᠯ ᠮᠠᠭᠤ ᠴᠢᠰᠤ ᠶᠢ ᠭᠠᠷᠭᠠᠬᠤ ᠮᠡᠰᠡ ᠪᠠᠭᠠᠵᠢ ᠪᠤᠯᠤᠨ᠎ᠠ᠃ ᠬᠠᠨᠠᠭᠤᠷ ᠲᠤ ᠪᠠᠷᠢᠭᠤᠯ ᠪᠠ ᠮᠡᠰᠡ  ᠶᠢᠨ ᠢᠷ ᠬᠡᠵᠤ ᠪᠠᠶᠢᠳᠠᠭ᠃ ᠮᠡᠰᠡ ᠶᠢᠨ ᠢᠷ ᠤᠨ ᠬᠡᠰᠡᠭ ᠨᠢ ᠬᠠᠨᠠᠭᠤᠷ ᠤᠨ ᠦᠵᠦᠬᠦᠷ ᠤᠨ ᠲᠤᠤᠷᠠᠳᠤ ᠲᠠᠯ᠎ᠠ ᠳᠤ ᠪᠠᠶᠢᠳᠠᠭ᠃ ᠬᠠᠨᠠᠬᠤ ᠵᠠᠰᠠᠯ ᠤᠨ ᠲᠦᠷᠦᠯ ᠵᠦᠢᠯ᠄       1᠂ ᠠᠷᠪᠠᠨ ᠬᠤᠷᠤᠭᠤᠨ ᠤ ᠦᠵᠦᠬᠦᠷ ᠢ ᠬᠠᠳᠬᠤᠬᠤ      ᠡᠨᠡ ᠨᠢ ᠰᠠᠭᠠᠵᠢ᠂ ᠮᠤᠷᠢᠨ ᠰᠠᠭᠠᠵᠢ᠂ ᠴᠠᠩᠬᠠᠷᠠᠭᠰᠠᠨ ᠬᠦᠮᠦᠨ ᠤ ᠠᠷᠪᠠᠨ ᠬᠤᠷᠤᠭᠤ ᠶᠢ ᠬᠠᠳᠬᠤᠵᠤ ᠵᠠᠰᠠᠨ᠎ᠠ᠃ ᠢᠯᠡᠷᠡᠯ ᠨᠢ᠄ ᠪᠠᠷᠠᠭᠤᠨ ᠰᠦᠪᠡ ᠪᠠᠷ ᠬᠠᠳᠬᠤᠯᠠᠵᠤ᠂ ᠵᠡᠬᠦᠨ ᠲᠠᠯ᠎ᠠ ᠶᠢᠨ ᠲᠦᠷᠪᠡᠨ ᠰᠦᠪᠡᠭᠡ ᠪᠠᠷ ᠬᠠᠳᠬᠤᠯᠠᠵᠤ᠂ ᠬᠡᠳᠡᠰᠦ ᠲᠦᠬᠦᠷᠴᠤ ᠬᠦᠬᠡᠵᠤ ᠬᠤᠷᠴᠢᠬᠢᠨᠡᠨ᠎ᠡ᠃ ᠠᠶᠤᠤᠯᠢᠬᠠᠢ ᠶᠢᠨ ᠲᠤᠤᠷ᠎ᠠ᠂ ᠬᠤᠳᠤᠭᠠᠳᠤ ᠶᠢᠨ ᠲᠡᠭᠡᠷ᠎ᠡ ᠡᠪᠡᠳᠴᠦ ᠬᠦᠢᠰᠦᠨ ᠲᠡᠭᠡᠷ᠎ᠡ ᠬᠠᠳᠬᠤᠯᠠᠨ᠎ᠠ᠃ ᠴᠢᠰᠤ ᠪᠤᠶᠤ ᠰᠢᠷ᠎ᠠ ᠨᠤᠭᠤᠭᠠᠨ ᠢᠶᠠᠷ ᠰᠠᠭᠤᠯᠭᠠᠵᠤ᠂ ᠪᠦᠬᠡᠯᠵᠢᠬᠦᠯᠦᠨ᠎ᠡ᠃ ᠦᠷᠦᠴᠡ ᠪᠠᠷ ᠡᠪᠬᠡᠷᠡᠵᠤ ᠴᠤᠷᠤᠢ ᠲᠠᠳᠠᠯᠳᠤᠬᠤ᠂ ᠤᠷᠤᠭᠤᠯ ᠬᠦᠬᠡᠷᠡᠵᠤ ᠬᠦᠢᠲᠡᠨ ᠬᠦᠯᠦᠰᠦ ᠴᠤᠪᠤᠷᠠᠬᠤ᠂ ᠦᠮᠡᠭᠡᠢ ᠪᠠᠷ ᠤᠯᠠᠨ ᠤᠯᠠᠨ ᠲᠠᠬᠢᠨ ᠭᠡᠭᠡᠷᠡᠬᠦᠯᠬᠦ᠂ ᠲᠤᠷᠤᠭᠰᠢ ᠬᠡᠶᠢᠯᠡᠬᠦ ᠦᠭᠡᠢ᠂ ᠤᠪᠤᠯᠵᠠᠨ ᠬᠦᠳᠡᠯᠬᠦ᠂ ᠡᠪᠬᠡᠷᠡᠵᠤ ᠡᠪᠡᠳᠦᠭᠡᠳ ᠵᠠᠷᠢᠮ ᠳᠤ ᠪᠠᠨ ᠲᠠᠭᠤ ᠠᠯᠳᠠᠳᠠᠯ᠎ᠠ ᠨᠢ ᠡᠪᠡᠳᠦᠭᠦᠯᠵᠤ ᠲᠠᠰᠤᠷᠠᠯᠲᠠ ᠦᠭᠡᠢ ᠶᠤᠤᠯᠠᠳᠠᠭ᠃ ᠡᠶᠢᠮᠦᠷᠬᠦᠦ ᠪᠠᠶᠢᠳᠠᠯ ᠢᠯᠡᠷᠡᠪᠡᠯ ᠠᠷᠪᠠᠨ ᠬᠤᠷᠤᠭᠤ ᠶᠢ ᠨᠢ ᠬᠠᠳᠬᠤᠨ᠎ᠠ᠃       2᠂ ᠲᠤᠬᠤᠢ ᠬᠠᠨᠠᠬᠤ       ᠲᠤᠬᠤᠢ ᠬᠠᠨᠠᠬᠤ ᠶᠢ ᠪᠠᠰᠠ ᠲᠤᠬᠤᠢ ᠲᠠᠯᠪᠢᠬᠤ ᠬᠡᠳᠡᠭ᠃ ᠲᠤᠬᠤᠢ ᠬᠠᠨᠠᠬᠤ ᠳᠤ ᠭᠠᠷ ᠢ ᠨᠢ ᠮᠦᠷᠦ ᠠᠴᠠ ᠨᠢ ᠲᠤᠷᠤᠭᠰᠢ ᠬᠤᠶᠠᠷ ᠠᠯᠠᠭ᠎ᠠ ᠪᠠᠷ ᠢᠶᠠᠨ ᠲᠤᠬᠤᠢ ᠤᠷᠤᠭᠤ ᠨᠢ ᠰᠢᠪᠳᠤᠷᠴᠤ ᠲᠤᠬᠤᠢ ᠶᠢᠨ ᠲᠡᠭᠡᠬᠦᠷ᠂ ᠬᠤᠨᠢᠨ ᠰᠡᠬᠦᠯ ᠪᠤᠯᠴᠢᠩ ᠤᠨ ᠲᠤᠤᠭᠤᠷ ᠨᠢ ᠴᠢᠩᠭ᠎ᠠ ᠪᠤᠭᠤᠭᠠᠳ᠂ ᠲᠠᠬᠢᠨ ᠭᠠᠷ ᠤᠨ ᠪᠠᠭᠤᠤ ᠠᠴᠠ ᠲᠡᠭᠡᠭᠰᠢ ᠨᠢ ᠦᠭᠰᠦᠬᠦᠯᠦᠨ ᠵᠡᠬᠦᠨ ᠭᠠᠷ ᠢᠶᠠᠷ ᠢᠶᠠᠨ ᠲᠤᠬᠤᠢ ᠶᠢᠨ ᠬᠤᠩᠬᠤᠷ ᠲᠠᠬᠢ ᠰᠤᠳᠠᠯ ᠢ ᠨᠢ ᠭᠦᠭᠡᠷᠡᠵᠤ ᠬᠦᠪᠠᠶᠢᠳᠡᠯ᠎ᠡ ᠨᠢ ᠲᠠᠷᠤᠵᠤ᠂ ᠪᠠᠷᠠᠭᠤᠨ ᠭᠠᠷ ᠲᠠᠬᠢ ᠬᠠᠨᠠᠭᠤᠷ ᠢᠶᠠᠷ ᠢᠶᠠᠨ ᠬᠦᠪᠠᠶᠢᠵᠤ ᠪᠠᠶᠢᠭ᠎ᠠ ᠰᠤᠳᠠᠯ ᠢ ᠨᠢ ᠬᠠᠨᠠᠵᠤ ᠴᠢᠰᠤ ᠶᠢ ᠨᠢ ᠭᠤᠭᠤᠵᠢᠭᠤᠯᠤᠨ᠎ᠠ᠃ ᠰᠠᠶ᠋ᠢ ᠡᠬᠢᠯᠡᠵᠤ ᠤᠷᠤᠰᠬᠤ ᠴᠢᠰᠦ ᠨᠢ ᠬᠠᠷ᠎ᠠ ᠬᠦᠷᠡᠩ ᠦᠩᠭᠡ ᠲᠠᠢ᠂ ᠬᠦᠭᠡᠰᠦ ᠲᠠᠢ᠂ ᠦᠨᠦᠷ ᠨᠢ ᠮᠤᠷᠢᠨ ᠤ ᠬᠦᠯᠦᠰᠦ ᠮᠡᠳᠦ ᠪᠠᠶᠢᠳᠠᠭ᠃ ᠦᠵᠢᠷᠡᠭᠰᠡᠨ ᠴᠢᠰᠤ ᠨᠢ ᠭᠤᠭᠤᠵᠢᠵᠤ ᠪᠠᠷᠠᠪᠠᠯ ᠴᠢᠰᠤ ᠨᠢ ᠤᠯᠠᠭᠠᠨ ᠶᠠᠭᠠᠨ ᠦᠩᠭᠡ ᠲᠠᠢ ᠪᠤᠯᠬᠤ ᠳᠤ ᠪᠤᠭᠤᠯᠲᠠ ᠪᠠᠨ ᠠᠭᠠᠵᠢᠮ ᠢᠶᠠᠷ ᠰᠤᠯᠠᠷᠠᠭᠤᠯᠵᠤ ᠵᠤᠭᠰᠤᠭᠠᠨ᠎ᠠ᠃ ᠬᠡᠳᠡᠯ᠎ᠡ ᠲᠤᠰ ᠰᠤᠳᠠᠯ ᠨᠢ ᠪᠦᠳᠦᠬᠦᠨ ᠪᠦᠭᠡᠳ ᠬᠠᠨᠠᠭᠰᠠᠨ ᠠᠮᠠ ᠨᠢ ᠶᠡᠭᠡ ᠲᠤᠯᠠ ᠤᠯᠠᠭᠠᠨ ᠶᠠᠭᠠᠨ ᠴᠢᠰᠦ ᠨᠢ ᠲᠡᠶᠢᠮᠦ ᠬᠢᠯᠪᠠᠷ ᠰᠢᠬᠦᠷᠴᠤ ᠵᠤᠭᠰᠤᠳᠠᠭ ᠦᠭᠡᠢ᠂ ᠡᠶᠢᠮᠦ ᠠᠴᠠ ᠤᠳᠠᠭᠠᠪᠳᠤᠷ ᠲᠠᠷᠤᠵᠤ ᠴᠢᠩᠭ᠎ᠠ ᠰᠢᠭ᠋ ᠪᠤᠭᠤᠵᠤ ᠲᠤᠭᠲᠠᠭᠠᠨ᠎ᠠ᠃ ᠲᠤᠰ ᠬᠠᠨᠠᠯᠭ᠎ᠠ ᠪᠣᠯ ᠠᠪᠤᠷᠠᠯᠲᠠ ᠡᠮᠴᠢᠯᠡᠭᠡ ᠬᠤᠤᠰᠯᠠᠭᠰᠠᠨ ᠴᠢᠨᠠᠷᠲᠠᠢ ᠵᠠᠰᠠᠯᠭ᠎ᠠ ᠪᠤᠯᠬᠤᠷ ᠵᠤᠬᠢᠰᠲᠠᠢ ᠡᠮ ᠲᠠᠩ ᠤᠤᠭᠤᠯᠭᠠᠬᠤ ᠬᠡᠷᠡᠭᠲᠡᠢ᠃ ᠦᠷᠯᠦᠭᠡ  ᠨᠢ ᠵᠠᠮᠽᠤᠸᠠ 4 ᠶᠢᠨ ᠲᠠᠩ ᠢ ᠴᠢᠨᠠᠵᠤ ᠬᠠᠯᠠᠭᠤᠨ ᠢᠶᠠᠷ ᠤᠤᠭᠤᠯᠭᠠᠨ᠎ᠠ᠂ ᠦᠳᠡ ᠳᠤ ᠰᠢᠵᠢᠳ ᠵᠢᠷᠭᠤᠭ᠎ᠠ᠂ ᠯᠤᠩᠯᠤᠩ 13 ᠶᠢ ᠤᠰᠤ ᠪᠤᠶᠤ ᠱᠦᠯᠦ ᠪᠠᠷ ᠲᠠᠷᠤᠭᠤᠯᠵᠤ᠂ ᠤᠷᠤᠢ ᠨᠢ ᠺᠠᠷᠤᠳᠢ ᠲᠠᠪᠤ ᠶᠢ ᠤᠨᠳᠠᠬᠤ ᠳᠤ ᠨᠢ ᠤᠰᠤ ᠪᠤᠶᠤ ᠠᠷᠢᠬᠢ ᠪᠠᠷ ᠲᠠᠷᠤᠭᠤᠯᠵᠤ ᠤᠤᠭᠤᠯᠭᠠᠨ᠎ᠠ᠃       3᠂ ᠮᠠᠩᠨᠠᠢ ᠶᠢᠨ ᠰᠤᠳᠠᠯ ᠬᠠᠨᠠᠬᠤ       ᠮᠠᠩᠨᠠᠢ ᠶᠢᠨ ᠰᠤᠳᠠᠯ ᠬᠠᠨᠠᠬᠤ ᠶᠢ ᠪᠠᠰᠠ ᠲᠤᠯᠤᠭᠠᠢ ᠬᠠᠨᠠᠬᠤ ᠬᠡᠳᠡᠭ᠃ ᠲᠡᠷᠡ ᠨᠢ ᠵᠤᠯᠠᠢ ᠶᠢᠨ ᠦᠰᠦᠨ ᠤ ᠵᠠᠬ᠎ᠠ ᠠᠴᠠ ᠲᠤᠷᠤᠭᠰᠢ ᠡᠪᠡᠳᠴᠢᠲᠡᠨ ᠤ ᠲᠤᠯᠢᠶᠠᠪᠤᠷ ᠤᠨ ᠬᠢᠷᠢ ᠵᠠᠢ ᠳᠤ ᠲᠡᠭᠡᠭᠰᠢ ᠲᠤᠷᠤᠭᠰᠢ ᠢᠯᠡ ᠦᠵᠡᠭᠳᠡᠬᠦ ᠭᠤᠤᠯ ᠬᠦᠬᠡ ᠰᠤᠳᠠᠯ ᠬᠠᠨᠠᠬᠤ ᠶᠢ ᠬᠡᠯᠡᠨ᠎ᠡ᠃ ᠲᠤᠯᠤᠭᠠᠢ ᠬᠠᠨᠠᠬᠤ ᠳᠤ ᠪᠠᠨ ᠡᠪᠡᠳᠴᠢᠨ ᠲᠠᠢ ᠬᠦᠮᠦᠨ ᠢᠶᠠᠨ ᠰᠠᠨᠳᠠᠯᠢ ᠲᠡᠭᠡᠷ᠎ᠡ ᠲᠦᠪ ᠰᠠᠭᠤᠯᠭᠠᠵᠤ᠂ ᠬᠦᠵᠦᠬᠦᠦ ᠪᠠᠷ ᠨᠢ ᠨᠠᠷᠢᠨ ᠪᠦᠰᠡ ᠪᠠᠨ ᠰᠢᠯᠢᠨ ᠬᠦᠵᠦᠬᠦᠨ ᠲᠡᠭᠡᠭᠦᠷ ᠨᠢ ᠲᠤᠬᠤᠵᠤ ᠬᠤᠶᠠᠷ ᠦᠵᠦᠬᠦᠷ ᠢ ᠨᠢ ᠡᠪᠡᠳᠴᠢᠲᠡᠨ ᠬᠤᠶᠠᠷ ᠭᠠᠷ ᠢᠶᠠᠷ ᠢᠶᠠᠨ ᠪᠦᠰᠡ ᠪᠠᠨ ᠵᠦᠪ ᠡᠷᠴᠢᠯᠡᠵᠤ ᠮᠤᠰᠬᠢᠭᠠᠳ ᠴᠢᠩᠭᠠᠯᠠᠵᠤ ᠵᠡᠬᠦᠨ ᠭᠠᠷ ᠢᠶᠠᠷ ᠢᠶᠠᠨ ᠡᠷᠴᠢᠯᠡᠭᠰᠡᠨ ᠪᠦᠰᠡ ᠪᠠᠨ ᠠᠳᠬᠤᠵᠤ᠂ ᠪᠠᠷᠠᠭᠤᠨ ᠭᠠᠷ ᠤᠨ ᠲᠤᠯᠢᠶᠠᠪᠤᠷ ᠬᠤᠷᠤᠭᠤ ᠪᠠᠨ ᠡᠷᠴᠢᠯᠡᠭᠰᠡᠨ ᠪᠦᠰᠡ ᠶᠢᠨ ᠲᠡᠭᠡᠳᠦ ᠦᠵᠦᠬᠦᠷ ᠲᠦᠪᠦᠩᠬᠡᠢ ᠲᠤᠤᠭᠤᠷ ᠭᠤᠭᠴᠤᠭᠠᠯᠠᠨ ᠲᠤᠷᠤᠭᠰᠢ ᠲᠠᠳᠠᠵᠤ ᠠᠮᠢᠰᠬᠤᠯ ᠤᠨ ᠵᠠᠮ ᠢᠶᠠᠨ ᠬᠠᠮᠠᠭᠠᠯᠠᠬᠤ ᠶᠢ ᠪᠠᠳᠤᠯᠠᠨ᠎ᠠ᠃ ᠪᠤᠭᠤᠯᠲᠠ ᠴᠢᠩᠭᠠᠷᠠᠪᠠᠯ ᠡᠪᠡᠳᠴᠢᠲᠡᠨ ᠤ ᠬᠦᠷᠡᠭᠡ ᠶᠢᠨ ᠬᠤᠶᠠᠷ ᠰᠤᠳᠠᠯ ᠨᠢ ᠭᠦᠷᠪᠠᠶᠢᠵᠤ᠂ ᠨᠢᠭᠤᠷ ᠨᠢ ᠬᠦᠷᠡᠩ ᠬᠠᠷᠠᠯᠠᠵᠤ᠂ ᠮᠠᠩᠨᠠᠢ ᠶᠢᠨ ᠰᠤᠳᠠᠯ ᠨᠢ ᠰᠢᠬᠠᠭᠳᠠᠨ ᠲᠤᠳᠤ ᠪᠤᠯᠬᠤ ᠳᠤ ᠡᠮᠴᠢ ᠬᠠᠨᠠᠭᠤᠷ  ᠤᠨ ᠢᠷ ᠢᠶᠠᠨ ᠰᠤᠳᠠᠯ ᠤᠨ ᠠᠷᠠᠰᠤ ᠲᠡᠭᠡᠷ᠎ᠡ ᠨᠢ ᠨᠠᠭᠠᠯᠳᠤᠭᠤᠯᠤᠨ ᠲᠠᠷᠤᠵᠤ ᠲᠤᠮᠲᠠ ᠬᠤᠷᠤᠭᠤ ᠪᠠᠷ ᠢᠶᠠᠨ ᠬᠦᠴᠦᠲᠠᠢ ᠨᠢᠰᠠᠯᠬᠤ ᠳᠤ ᠴᠢᠰᠤ ᠨᠢ ᠤᠯᠤᠭᠠᠶᠢᠳᠠᠨ ᠭᠠᠷᠬᠤ ᠳᠤ ᠲᠤᠰᠴᠤ ᠠᠪᠤᠨ᠎ᠠ᠃ ᠬᠦᠷᠡᠩ ᠬᠠᠷ᠎ᠠ ᠴᠢᠰᠦ ᠨᠢ ᠨᠡᠯᠢᠶᠡᠳ ᠭᠤᠭᠤᠵᠢᠵᠤ ᠤᠯᠤᠭᠠᠶᠢᠳᠠᠵᠤ ᠪᠠᠶᠢᠭᠰᠠᠨ ᠠᠴᠠ ᠪᠠᠨ ᠪᠠᠭᠠᠰᠴᠤ ᠬᠠᠮᠠᠷ ᠲᠠᠭᠠᠵᠤ ᠤᠷᠤᠰᠬᠤ ᠦᠶ᠎ᠡ ᠳᠤ ᠪᠤᠭᠤᠯᠲᠠ ᠪᠠᠨ ᠠᠭᠠᠵᠢᠮ ᠢᠶᠠᠷ ᠰᠤᠯᠠᠷᠠᠭᠤᠯᠵᠤ ᠴᠢᠰᠦ ᠨᠢ ᠶᠠᠭᠠᠪᠳᠤᠷ ᠪᠤᠯᠵᠤ ᠵᠤᠭᠰᠤᠨ᠎ᠠ᠃       4᠂ ᠬᠡᠯᠡᠨ ᠤ ᠲᠤᠤᠷᠠᠬᠢ ᠬᠤᠤᠰ ᠰᠤᠳᠠᠯ ᠢ ᠬᠠᠨᠠᠬᠤ       ᠴᠢᠰᠤᠨ ᠲᠠᠷᠤᠯᠲᠠ ᠦᠨᠳᠦᠷ ᠠᠴᠠ ᠪᠤᠯᠵᠤ ᠲᠠᠯ᠎ᠠ ᠪᠡᠶ᠎ᠡ ᠨᠢ ᠮᠢᠨᠴᠦᠬᠦᠷᠡᠬᠦ᠂ ᠦᠭᠡ ᠬᠡᠯᠡᠬᠦ ᠳᠤ ᠴᠤᠯᠴᠠᠷᠠᠬᠤ᠂ ᠬᠡᠯᠡᠭᠡᠶᠢᠷᠡᠬᠦ᠂ ᠬᠡᠯᠡ ᠨᠢ ᠬᠠᠪᠤᠳᠬᠤ ᠪᠤᠶᠤ ᠰᠢᠯᠪᠤᠷᠠᠬᠤ ᠡᠪᠡᠳᠴᠢᠲᠡᠨ ᠳᠤ ᠬᠡᠯᠡᠨ ᠤ ᠲᠤᠤᠷᠠᠬᠢ ᠰᠤᠳᠠᠯ ᠢ ᠬᠠᠨᠠᠬᠤ ᠡᠮᠴᠢᠯᠡᠭᠡ ᠬᠢᠨ᠎ᠡ᠃ ᠬᠡᠯᠡᠨ ᠤ ᠲᠤᠤᠷᠠᠬᠢ ᠰᠤᠳᠠᠯ ᠢ ᠬᠠᠨᠠᠬᠤ ᠳᠤ ᠪᠠᠨ ᠡᠪᠡᠳᠴᠢᠲᠡᠨ ᠢᠶᠠᠨ ᠵᠤᠭᠰᠤᠭᠠᠵᠤ ᠪᠠᠶᠢᠭᠠᠳ ᠲᠦᠷᠪᠡᠯᠵᠢᠨ ᠡᠰᠢ ᠲᠠᠢ ᠬᠤᠶᠠᠷ ᠰᠠᠪᠬ᠎ᠠ ᠪᠠᠷ ᠬᠡᠯᠡ ᠶᠢ ᠨᠢ ᠭᠠᠳᠠᠭᠰᠢ ᠲᠠᠳᠠᠰᠬᠢᠵᠤ ᠬᠡᠯᠡᠨ ᠤ ᠤᠭ ᠢᠶᠠᠷ ᠨᠢ ᠬᠠᠪᠴᠢᠵᠤ ᠦᠵᠡᠬᠦ ᠳᠤ ᠬᠡᠯᠡᠨ ᠤ ᠲᠤᠤᠷᠠᠭᠢ ᠬᠤᠶᠠᠷ ᠰᠤᠳᠠᠯ ᠨᠢ ᠰᠢᠬᠠᠭᠳᠠᠵᠤ ᠬᠠᠷᠠᠯᠠᠨ ᠦᠵᠡᠭᠳᠡᠨ᠎ᠡ᠃ ᠡᠨᠡ ᠦᠶ᠎ᠡ ᠳᠤ ᠭᠤᠷᠪᠠᠯᠵᠢᠨ ᠲᠤᠰᠬᠠᠢ ᠦᠵᠦᠬᠦᠷ ᠲᠠᠢ ᠬᠠᠨᠠᠭᠤᠷ ᠢᠶᠠᠷ ᠬᠤᠤᠰ ᠰᠤᠳᠠᠯ ᠢ ᠨᠢ ᠬᠠᠨᠠᠵᠤ ᠴᠢᠰᠤ ᠶᠢ ᠨᠢ ᠭᠤᠭᠤᠵᠢᠭᠤᠯᠤᠨ᠎ᠠ᠃       5᠂ ᠱᠠᠭ᠎ᠠ ᠶᠢᠨ ᠰᠤᠳᠠᠯ ᠢ ᠬᠠᠨᠠᠬᠤ       ᠵᠢᠩ ᠴᠢᠬᠢᠭ ᠲᠠᠭᠠᠷᠠᠵᠤ ᠬᠦᠷᠦᠭᠰᠡᠨ ᠠᠴᠠ ᠪᠤᠯᠵᠤ ᠬᠤᠶᠠᠷ ᠪᠦᠭᠡᠷ᠎ᠡ ᠬᠦᠢᠲᠡᠨ ᠰᠡᠷᠢᠬᠦᠨ ᠢᠶᠠᠷ ᠰᠢᠯᠳᠠᠭᠠᠯᠠᠵᠤ ᠴᠢᠰᠤ ᠰᠢᠷ᠎ᠠ ᠤᠰᠤ ᠪᠠᠷ ᠬᠢᠮᠤᠷᠠᠭᠤᠯᠵᠤ᠂ ᠨᠢᠷᠤᠭᠤ ᠪᠠᠷ ᠡᠪᠡᠳᠬᠦ᠂ ᠦᠶ᠎ᠡ ᠮᠦᠴᠢ ᠲᠠᠬᠢᠷᠳᠠᠬᠤ᠂ ᠰᠢᠮᠢᠰᠢᠷᠡᠬᠦ᠂ ᠬᠦᠯ ᠭᠠᠷ ᠤᠨ ᠰᠢᠷᠪᠤᠰᠦ ᠲᠠᠳᠠᠬᠤ᠂ ᠬᠠᠪᠤᠳᠬᠤ ᠵᠡᠷᠭᠡ ᠡᠪᠡᠳᠴᠢᠲᠡᠨ ᠤ ᠱᠠᠭ᠎ᠠ ᠶᠢᠨ ᠰᠤᠳᠠᠯ ᠢ ᠬᠠᠨᠠᠨ᠎ᠠ᠃ ᠱᠠᠭ᠎ᠠ ᠶᠢᠨ ᠰᠤᠳᠠᠯ ᠢ ᠬᠠᠨᠠᠬᠤ ᠳᠤ ᠪᠠᠨ ᠡᠪᠡᠳᠴᠢᠲᠡᠨ ᠢᠶᠠᠨ ᠰᠠᠶᠢᠨ ᠢᠳᠡᠬᠦᠯᠵᠤ ᠤᠤᠭᠤᠯᠭᠠᠵᠤ ᠨᠡᠯᠢᠶᠡᠳ ᠠᠯᠬᠤᠭᠤᠯᠤᠭᠰᠠᠨ ᠤ ᠲᠠᠷᠠᠭ᠎ᠠ ᠤᠷᠤᠵᠤ ᠢᠷᠡᠮᠡᠭᠴᠡ ᠦᠮᠦᠳᠦᠨ ᠤ ᠰᠢᠷᠬᠤᠨᠠᠭ ᠢ ᠨᠢ ᠲᠡᠭᠡᠭᠰᠢ ᠰᠢᠭᠤᠵᠤ᠂ ᠨᠠᠷᠢᠨ ᠪᠦᠰᠡ ᠪᠠᠷ ᠴᠠᠪᠢ ᠶᠢᠨ ᠲᠤᠤᠭᠤᠷ ᠠᠴᠠ ᠲᠤᠷᠤᠭᠰᠢ ᠴᠢᠩᠭᠠᠯᠠᠨ ᠰᠢᠯᠪᠢ ᠬᠦᠷᠲᠡᠯ᠎ᠡ  ᠨᠢ ᠤᠷᠢᠶᠠᠵᠤ ᠢᠷᠡᠬᠦ ᠳᠤ ᠱᠠᠭ᠎ᠠ ᠶᠢᠨ ᠡᠮᠦᠨᠡᠬᠢ ᠲᠡᠭᠡᠳᠦ ᠬᠡᠰᠡᠭ ᠲᠤ ᠵᠢᠰᠢᠬᠦᠦ ᠪᠠᠶᠢᠷᠢ ᠲᠠᠢ ᠰᠤᠳᠠᠯ ᠨᠢ ᠦᠵᠡᠭᠳᠡᠵᠤ ᠬᠦᠷᠡᠶᠢᠨ᠎ᠡ᠂ ᠡᠨᠡ ᠦᠶ᠎ᠡ ᠳᠤ ᠬᠠᠨᠠᠭᠤᠷ  ᠢᠶᠠᠷ ᠬᠠᠨᠠᠵᠤ ᠴᠢᠰᠦ ᠶᠢ ᠨᠢ ᠲᠤᠰᠴᠤ ᠠᠪᠤᠨ᠎ᠠ᠃ ᠴᠢᠰᠦ ᠨᠢ ᠶᠠᠭᠠᠨ ᠪᠤᠯᠬᠤ ᠳᠤ ᠶᠠᠭᠤᠨ ᠤ ᠤᠷᠢᠳ ᠴᠠᠪᠢ ᠶᠢᠨ ᠲᠤᠤᠷᠠᠬᠢ ᠪᠤᠭᠤᠯᠲᠠ ᠠᠴᠠ ᠨᠢ ᠡᠬᠢᠯᠡᠵᠤ ᠰᠤᠯᠠᠷᠠᠭᠤᠯᠤᠨ᠎ᠠ᠃ ᠡᠬᠦᠨ ᠠᠴᠠ ᠭᠠᠳᠠᠨ᠎ᠠ ᠲᠤᠬᠤᠢ ᠶᠢᠨ ᠲᠤᠳᠤᠷᠠᠬᠢ ︽ᠡᠯᠢᠭᠡᠨ︾ ᠰᠤᠳᠠᠯ ᠬᠠᠨᠠᠬᠤ᠂ ᠲᠠᠬᠢᠮ ᠤᠨ ᠤᠩᠭᠤᠨ ᠰᠤᠳᠠᠯ ᠬᠠᠨᠠᠬᠤ ᠴᠦ ᠪᠠᠶᠢᠳᠠᠭ᠃       ︽ᠤᠷᠠᠳ ᠲᠡᠤᠬᠡ ᠰᠤᠶᠤᠯ︾ ᠤᠨ ︵ᠲᠡᠭᠡᠳᠦ ᠲᠡᠪᠲᠡᠷ︶ ᠠᠴᠠ ᠪᠠᠭᠤᠯᠭᠠᠪᠠ 
ᠢᠷᠡᠯᠲᠡ᠄ ᠤᠷᠠᠳ ᠤᠨ ᠳᠤᠮᠳᠠᠳᠤ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ