ᠤᠷᠠᠳ ᠰᠤᠶᠤᠯ ᠪᠤᠯᠪᠠᠰᠤᠷᠠᠯ — — — ᠬᠡᠯᠡ ᠪᠢᠴᠢᠭ
ᠨᠡᠶᠢᠲᠡᠯᠡᠭᠰᠡᠨ ᠴᠠᠭ᠄
2022/12/14
      ᠴᠢᠩ ᠤᠯᠤᠰ ᠤᠨ ᠡᠬᠢᠨ ᠤ ᠦᠶ᠎ᠡ ᠳᠤ ᠤᠷᠠᠳ ᠤᠨ ᠨᠡᠶᠢᠭᠡᠮ ᠨᠢ ᠬᠠᠷᠢᠴᠠᠩᠭᠤᠢ ᠪᠠᠷ ᠲᠤᠭᠲᠠᠭᠤᠨ᠂ ᠮᠠᠯ ᠠᠵᠤ ᠠᠬᠤᠢ ᠨᠢ ᠬᠦᠭᠵᠢᠯᠲᠡ ᠲᠠᠢ ᠪᠦᠭᠡᠳ ᠤᠷᠠᠳᠴᠤᠳ ᠮᠤᠩᠭᠤᠯ ᠬᠡᠯᠡ ᠪᠢᠴᠢᠭ ᠢᠶᠠᠨ ᠬᠡᠷᠡᠭᠯᠡᠵᠤ ᠪᠠᠶᠢᠵᠠᠢ᠃ ᠰᠢᠷ᠎ᠠ ᠶᠢᠨ ᠱᠠᠰᠢᠨ ᠤ ᠤᠷᠠᠳ ᠲᠤ ᠲᠦᠷᠭᠡᠨ ᠢᠶᠠᠷ ᠲᠡᠯᠭᠡᠷᠡᠬᠦ ᠪᠠ ᠲᠤᠳᠤᠷ᠎ᠠ ᠭᠠᠵᠠᠷ ᠤᠨ ᠬᠢᠳᠠᠳ ᠲᠠᠷᠢᠶᠠᠴᠢᠳ ᠤᠨ ᠤᠷᠠᠳ ᠨᠤᠳᠤᠭ ᠲᠤ ᠤᠷᠤᠵᠤ ᠢᠷᠡᠬᠦ ᠶᠢ ᠲᠠᠭᠠᠯᠳᠤᠨ᠂ ᠲᠠᠩ ᠬᠡᠯᠡ᠂ ᠦᠰᠦᠭ ᠤᠨ ᠨᠡᠶᠢᠬᠡᠮ ᠨᠢ ᠠᠯᠠᠭᠤᠷ ᠠᠭᠠᠵᠢᠮ ᠢᠶᠠᠷ ᠬᠤᠤᠰ ᠬᠡᠯᠡ ᠬᠤᠤᠰ ᠦᠰᠦᠭ ᠤᠨ ᠨᠡᠶᠢᠭᠡᠮ᠂ ᠴᠢᠨᠠᠭᠰᠢᠯᠠᠪᠠᠯ ᠤᠯᠠᠨ ᠬᠡᠯᠡ ᠤᠯᠠᠨ ᠦᠰᠦᠭ ᠤᠨ ᠨᠡᠶᠢᠭᠡᠮ ᠪᠤᠯᠵᠤ ᠬᠤᠪᠢᠷᠠᠵᠠᠢ᠃ ᠰᠢᠷ᠎ᠠ ᠶᠢᠨ ᠱᠠᠰᠢᠨ ᠤᠷᠠᠳ ᠲᠤ ᠲᠡᠯᠭᠡᠷᠡᠭᠰᠡᠨ ᠤ ᠲᠠᠷᠠᠭ᠎ᠠ᠂ ᠪᠯᠠᠮ᠎ᠠ ᠬᠤᠸᠠᠷᠠᠭ ᠮᠤᠩᠭᠤᠯ ᠦᠰᠦᠭ ᠪᠢᠴᠢᠭ ᠢᠶᠠᠨ ᠰᠤᠷᠬᠤ ᠶᠢᠨ ᠲᠠᠭᠠᠤ ᠲᠦᠪᠡᠳ᠂ ᠰᠠᠨᠰᠺᠷᠢᠲ ᠦᠰᠦᠭ ᠪᠢᠴᠢᠭ ᠢ ᠴᠦ ᠢᠳᠡᠪᠬᠢᠲᠠᠢ ᠰᠤᠷᠴᠤ ᠬᠡᠷᠡᠭᠯᠡᠬᠦ ᠪᠤᠯᠵᠠᠢ᠃ ᠬᠢᠳᠠᠳ ᠦᠨᠳᠦᠰᠦᠲᠡᠨ ᠲᠠᠢ ᠶᠠᠪᠤᠯᠴᠠᠵᠤ ᠠᠵᠤ ᠠᠬᠤᠢ ᠶᠢᠨ ᠲᠠᠯ᠎ᠠ ᠪᠠᠷ ᠰᠤᠯᠢᠯᠴᠠᠭ᠎ᠠ ᠬᠢᠬᠦ ᠪᠤᠯᠤᠭᠰᠠᠨ ᠠᠴᠠ ᠴᠦᠭᠡᠨ ᠪᠤᠰᠤ ᠤᠷᠠᠳᠴᠤᠳ ᠬᠢᠳᠠᠳ ᠦᠬᠡ ᠬᠡᠯᠡᠵᠤ ᠴᠢᠳᠠᠬᠤ ᠪᠠᠷ ᠪᠠᠷᠠᠬᠤ ᠦᠬᠡᠢ ᠬᠢᠲᠠᠳ ᠦᠰᠦᠭ ᠪᠢᠴᠢᠭ ᠢ ᠨᠢ ᠴᠦ ᠰᠤᠷᠴᠢᠬᠰᠠᠨ ᠪᠠᠶᠢᠨ᠎ᠠ᠃ ᠮᠠᠨᠵᠤ ᠶᠢᠨ ᠨᠤᠶᠠᠷᠬᠠᠯ ᠤᠨ ᠬᠡᠷᠡᠭᠴᠡᠭᠡᠨ ᠠᠴᠠ ᠪᠤᠯᠵᠤ ᠴᠦᠭᠡᠨ ᠪᠤᠰᠤ ᠤᠷᠠᠳᠴᠤᠳ ᠮᠠᠨᠵᠤ ᠬᠡᠯᠡ ᠮᠠᠨᠵᠤ ᠪᠢᠴᠢᠭ ᠢ ᠴᠦ ᠰᠤᠷᠤᠭᠰᠠᠨ ᠪᠠᠶᠢᠨ᠎ᠠ᠃ ᠵᠢᠱᠢᠶᠡᠯᠡᠪᠡᠯ ᠤᠷᠠᠳ ᠤᠨ ᠲᠠᠶᠢᠵᠢ ᠢᠵᠠᠭᠤᠷᠲᠠᠳ ᠬᠢᠳᠠᠳ ᠲᠠᠷᠢᠶᠠᠴᠢᠨ ᠲᠠᠢ ︽ᠲᠠᠷᠢᠶᠠᠴᠢᠨ ᠲᠦᠷᠢᠶᠡᠰᠦ ᠶᠢᠨ ᠭᠡᠷᠡᠴᠢ ᠪᠢᠴᠢᠭ︾ ᠬᠢᠬᠦ ᠳᠤ ᠪᠠᠨ ᠨᠤᠮ ᠲᠤ ᠪᠠᠨ ᠮᠤᠩᠭᠤᠯ᠂ ᠮᠠᠨᠵᠤ᠂ ᠬᠢᠳᠠᠳ ᠭᠤᠷᠪᠠᠨ ᠬᠡᠯᠡ ᠪᠠᠷ ᠪᠢᠴᠢᠭᠯᠡᠳᠡᠭ ᠪᠠᠶᠢᠵᠠᠢ᠃       ᠤᠷᠠᠳ ᠮᠤᠩᠭᠤᠯᠴᠤᠳ ᠪᠤᠯᠤᠨ ᠪᠤᠰᠤᠳ ᠦᠨᠳᠦᠰᠦᠲᠡᠨ ᠤ ᠬᠤᠭᠤᠷᠤᠨᠳᠤᠬᠢ ᠰᠤᠶᠤᠯ ᠤᠨ ᠰᠤᠯᠢᠯᠴᠠᠭ᠎ᠠ ᠨᠢ ᠮᠤᠩᠭᠤᠯ ᠬᠡᠯᠡᠨ ᠤ ᠦᠭᠡᠰ ᠤᠨ ᠰᠠᠩ ᠤᠨ ᠬᠦᠭᠵᠢᠯᠲᠡ ᠳᠤ ᠢᠳᠡᠪᠬᠢᠲᠠᠢ ᠦᠢᠯᠡᠳᠦᠯ ᠦᠵᠡᠬᠦᠯᠦᠭᠰᠡᠨ ᠪᠠᠶᠢᠨ᠎ᠠ᠃ 1740 ᠤᠨ ᠳᠤ ᠬᠡᠪᠯᠡᠭᠳᠡᠭᠰᠡᠨ ︽ᠮᠡᠷᠭᠡᠳ ᠭᠠᠷᠬᠤ ᠶᠢᠨ ᠤᠷᠤᠨ ᠨᠡᠷᠡᠳᠤ ᠳ᠋ᠠᠶ᠋ᠢᠬᠢᠰ ︾ ᠬᠡᠮᠡᠬᠦ ᠠᠯᠳᠠᠷᠲᠠᠢ ᠲᠤᠬᠢᠶᠠᠨ ᠤ ᠪᠢᠴᠢᠭ ᠢ ᠵᠤᠬᠢᠶᠠᠵᠤ ᠪᠠᠷᠯᠠᠬᠤ ᠠᠵᠢᠯ ᠳᠤ ᠤᠷᠠᠳ ᠬᠦᠤᠰᠢ ᠪᠢᠯᠢᠬᠦᠨᠳᠠᠯᠠᠢ ᠭᠤᠤᠯ ᠤᠷᠤᠯᠴᠠᠭᠴᠢ ᠶᠢᠨ ᠨᠢᠭᠡᠨ ᠪᠤᠯᠵᠠᠢ᠃ ᠪᠢᠯᠢᠬᠦᠨᠳᠠᠯᠠᠢ ᠪᠠᠰᠠ ︽ᠵᠢᠷᠦᠬᠡᠨ ᠤ ᠲᠤᠯᠳᠤ ᠶᠢᠨ ᠬᠤᠷᠢᠶᠠᠩᠭᠤᠢ︾ ᠬᠡᠮᠡᠬᠦ ᠮᠤᠩᠭᠤᠯ ᠬᠡᠯᠡᠨ ᠵᠦᠢ ᠶᠢᠨ ᠨᠤᠮ ᠪᠠ ︽ᠲᠦᠪᠡᠳ ᠬᠡᠯᠡᠨ ᠤ ᠰᠢᠨ᠎ᠡ ᠬᠠᠭᠤᠴᠢᠨ ᠠᠶᠠᠯᠭᠤᠰ ᠤᠨ ᠢᠯᠭᠠᠯ ᠢ ᠦᠵᠡᠬᠦᠯᠦᠭᠴᠢ ᠰᠠᠶᠢᠨ ᠦᠬᠡᠳᠦ ᠯᠢᠱᠢ ᠶᠢᠨ ᠤᠷᠳᠤ ᠬᠠᠷᠰᠢ ᠬᠡᠮᠡᠭᠳᠡᠬᠦ ᠤᠷᠤᠰᠢᠪᠠ︾ ᠬᠡᠮᠡᠬᠦ ᠰᠠᠨᠰᠺᠷᠢᠲ᠂ ᠲᠦᠪᠡᠳ᠂ ᠮᠤᠩᠭᠤᠯ ᠭᠤᠷᠪᠠᠨ ᠬᠡᠯᠡᠨ ᠤ ᠬᠠᠷᠢᠴᠠᠭᠤᠯᠤᠭᠰᠠᠨ ᠲᠤᠮᠤᠬᠠᠨ ᠲᠤᠯᠢ ᠪᠢᠴᠢᠭ ᠨᠠᠶᠢᠷᠠᠭᠤᠯᠪᠠ᠃ ᠡᠳᠡᠭᠡᠷ ᠬᠡᠯᠡᠨ ᠵᠦᠢ ᠶᠢᠨ ᠨᠤᠮ ᠪᠠ ᠲᠤᠯᠢ ᠪᠢᠴᠢᠭ ᠤᠨ ᠪᠤᠢ ᠪᠤᠯᠤᠭᠰᠠᠨ ᠨᠢ ᠮᠤᠩᠭᠤᠯ ᠬᠡᠯᠡ ᠪᠢᠴᠢᠭ ᠤᠨ ᠬᠡᠷᠡᠭᠯᠡᠭᠡᠨ ᠪᠠ ᠲᠦᠷᠢᠮᠵᠢᠯ ᠳᠤ ᠴᠢᠬᠤᠯᠠ ᠠᠬᠢᠭᠤᠯᠬᠤ ᠦᠢᠯᠡᠳᠦᠯ ᠦᠵᠡᠬᠦᠯᠪᠡ᠃       ᠤᠷᠠᠳ ᠨᠤᠳᠤᠭ ᠤᠨ ᠬᠠᠭᠠᠰ ᠢᠯᠡᠬᠦᠦ ᠨᠢ ᠶᠠᠫᠤᠨ ᠡᠵᠡᠷᠭᠡᠭ ᠲᠦᠷᠢᠮᠡᠭᠡᠶᠢᠲᠡᠨ ᠳᠤ ᠡᠵᠡᠯᠡᠭᠳᠡᠭᠰᠡᠨ ᠤ ᠲᠠᠷᠠᠭ᠎ᠠ᠂ ᠶᠠᠫᠤᠨ ᠪᠢᠴᠢᠭ ᠰᠤᠷᠴᠤ ᠬᠡᠷᠡᠭᠯᠡᠬᠦ ᠬᠦᠮᠦᠨ ᠴᠦ ᠡᠳᠦᠢ ᠲᠡᠳᠦᠢ ᠢᠯᠡᠷᠡᠭᠰᠡᠨ ᠢᠶᠠᠷ ᠪᠠᠷᠠᠬᠤ ᠦᠭᠡᠢ᠂ ᠠᠩᠭ᠍ᠯᠢ᠂ ᠤᠷᠤᠰ ᠬᠡᠯᠡ ᠶᠢ ᠴᠦ ᠴᠦᠭᠡᠨ ᠪᠤᠰᠦ ᠬᠦᠮᠦᠨ ᠰᠤᠷᠴᠤ ᠬᠡᠷᠡᠭᠯᠡᠬᠦ ᠪᠤᠯᠵᠠᠢ᠃ ᠤᠷᠠᠳ ᠨᠤᠳᠤᠭ ᠲᠤ ᠰᠢᠨ᠎ᠡ ᠮᠠᠶ᠋ᠢᠭ ᠤᠨ ᠰᠤᠷᠭᠠᠭᠤᠯᠢ ᠶᠢ ᠡᠷᠬᠢᠯᠡᠭᠰᠡᠨ ᠠᠴᠠ ᠨᠠᠭᠠᠰᠢ ᠰᠤᠷᠭᠠᠭᠤᠯᠢ ᠶᠢᠨ ᠰᠤᠷᠭᠠᠨ ᠬᠦᠮᠦᠵᠢᠯ ᠳᠤ ᠮᠤᠩᠭᠤᠯ ᠬᠢᠳᠠᠳ ᠬᠡᠯᠡᠨ ᠤ ᠵᠢᠭᠠᠨ ᠰᠤᠷᠭᠠᠯᠲᠠ ᠶᠢ ᠬᠡᠷᠡᠭᠵᠢᠬᠦᠯᠦᠨ ᠪᠠᠷᠢᠮᠲᠠᠯᠠᠵᠤ ᠢᠷᠡᠭᠰᠡᠨ ᠠᠴᠠ ᠮᠤᠩᠭᠤᠯ ᠬᠢᠳᠠᠳ ᠬᠤᠤᠰ ᠬᠡᠯᠡ ᠪᠢᠴᠢᠭ ᠢ ᠵᠡᠷᠭᠡ ᠳᠤ ᠨᠢ ᠬᠡᠷᠡᠭᠯᠡᠬᠦ ᠬᠦᠮᠦᠨ ᠶᠠᠪᠤᠬᠤ ᠲᠤᠳᠤᠮ ᠤᠯᠠᠰᠢᠷᠠᠵᠠᠢ᠃ ᠮᠠᠯᠴᠢᠳ ᠴᠦ ᠬᠢᠳᠠᠳ ᠲᠠᠷᠢᠶᠠᠴᠢᠨ ᠲᠠᠢ ᠶᠠᠪᠤᠯᠴᠠᠭᠰᠠᠨ ᠠᠴᠠ ᠪᠤᠯᠵᠤ᠂ ᠭᠡᠰᠡᠭ ᠪᠦᠯᠦᠭ ᠨᠢ ᠬᠢᠳᠠᠳ ᠬᠡᠯᠡ ᠰᠤᠷᠴᠤ᠂ ᠮᠤᠩᠭᠤᠯ ᠬᠢᠳᠠᠳ ᠬᠡᠯᠡ ᠶᠢ ᠵᠡᠷᠭᠡ ᠳᠤ ᠨᠢ ᠬᠡᠷᠡᠭᠯᠡᠬᠦ ᠪᠤᠯᠤᠭᠰᠠᠨ ᠪᠠᠶᠢᠨ᠎ᠠ᠃ ᠡᠬᠦᠨ ᠠᠴᠠ ᠭᠠᠳᠠᠨ᠎ᠠ ᠬᠢᠳᠠᠳ ᠬᠡᠯᠡᠨ ᠠᠴᠠ ᠵᠢᠭᠡᠯᠡᠭᠡ ᠦᠬᠡ ᠠᠪᠴᠤ ᠦᠪᠡᠷ ᠤᠨ ᠡᠬᠡ ᠬᠡᠯᠡ ᠪᠠᠨ ᠪᠠᠶᠠᠯᠢᠭᠵᠢᠭᠤᠯᠤᠭᠰᠠᠨ ᠪᠠᠶᠢᠨ᠎ᠠ᠃       ︽ᠤᠷᠠᠳ ᠲᠡᠤᠭᠡ ᠰᠤᠶᠤᠯ︾ ︵ᠲᠡᠭᠡᠳᠤ ᠲᠡᠪᠳᠡᠷ︶ ᠠᠴᠠ ᠪᠠᠭᠤᠯᠭᠠᠪᠠ
ᠢᠷᠡᠯᠲᠡ᠄ ᠤᠷᠠᠳ ᠤᠨ ᠳᠤᠮᠳᠠᠳᠤ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ