ᠤᠷᠠᠳ ᠰᠤᠶᠤᠯ ᠪᠤᠯᠪᠠᠰᠤᠷᠠᠯ — — — ᠤᠷᠠᠳ ᠠᠮᠠᠨ ᠠᠶᠠᠯᠭᠤ
ᠨᠡᠶᠢᠲᠡᠯᠡᠭᠰᠡᠨ ᠴᠠᠭ᠄
2022/12/14
      ᠤᠷᠠᠳ ᠠᠮᠠᠨ ᠠᠶᠠᠯᠭᠤ ᠨᠢ ᠲᠤᠮᠳᠠᠳᠤ ᠤᠯᠤᠰ ᠤᠨ ᠮᠤᠩᠭᠤᠯ ᠬᠡᠯᠡᠨ ᠤ ᠲᠤᠮᠳᠠᠳᠤ ᠠᠶᠠᠯᠭᠤᠨ ᠤ ᠰᠢᠰᠲ᠋ᠧᠮ ᠳᠤ ᠪᠠᠭᠳᠠᠬᠤ ᠪᠦᠭᠡᠳ ᠲᠤᠮᠳᠠᠳᠤ ᠤᠯᠤᠰ  ᠤᠨ ᠮᠤᠩᠭᠤᠯ ᠬᠡᠯᠡᠨ ᠤ ᠪᠠᠷᠢᠮᠵᠢᠶ᠎ᠡ ᠠᠪᠢᠶᠠᠨ ᠤ ᠰᠠᠭᠤᠷᠢ ᠪᠤᠯᠬᠤ ᠰᠢᠯᠤᠭᠤᠨ ᠬᠦᠬᠡ ᠪᠠᠷ ᠲᠦᠯᠦᠭᠡᠯᠡᠬᠦᠯᠦᠭᠰᠡᠨ ᠴᠠᠬᠠᠷ ᠠᠮᠠᠨ ᠠᠶᠠᠯᠭᠤ ᠲᠠᠢ ᠦᠨᠳᠦᠰᠦᠨ ᠳᠤ  ᠪᠠᠨ ᠤᠶᠢᠷᠠᠯᠴᠠᠭ᠎ᠠ ᠪᠠᠶᠢᠳᠠᠭ᠃ ᠶᠡᠭᠡ ᠨᠡᠬᠦᠳᠡᠯ ᠤᠨ ᠤᠷᠢᠳ ᠬᠤᠵᠢᠳ ᠤᠷᠠᠳᠴᠤᠳ ᠤᠨ ᠠᠮᠠᠨ ᠠᠶᠠᠯᠭᠤ ᠨᠢ ᠬᠤᠷᠴᠢᠨ ᠠᠮᠠᠨ ᠠᠶᠠᠯᠭᠤ ᠲᠠᠢ ᠤᠶᠢᠷᠠᠯᠴᠠᠭ᠎ᠠ ᠪᠠᠶᠢᠭᠰᠠᠨ ᠮᠠᠭᠠᠳ ᠦᠬᠡᠢ᠃ ᠭᠡᠳᠡᠯ᠎ᠡ 1650 ᠤᠨ ᠤ ᠤᠷᠢᠳ ᠬᠤᠵᠢᠳ᠂ ᠤᠷᠠᠳᠴᠤᠳ ᠤᠳᠤ ᠶᠢᠨ ᠨᠤᠳᠤᠭ ︵ᠪᠠᠶᠠᠨᠨᠠᠭᠤᠷ ᠬᠤᠲᠠ ᠶᠢᠨ ᠤᠷᠠᠳ ᠤᠨ ᠭᠤᠷᠪᠠᠨ ᠬᠤᠰᠢᠭᠤ ᠪᠠ ᠪᠤᠭᠤᠳᠤ ᠬᠤᠲᠠ ᠶᠢᠨ ᠲᠡᠬᠦᠷᠭᠡ︶ ᠲᠤ ᠨᠡᠬᠦᠳᠡᠯᠯᠡᠨ ᠢᠷᠡᠵᠤ ᠰᠠᠭᠤᠷᠢᠰᠢᠭᠰᠠᠨ ᠤ ᠲᠠᠷᠠᠭ᠎ᠠ᠂ ᠠᠳᠠᠯᠢ ᠪᠤᠰᠤ ᠬᠡᠯᠡᠨ ᠤ ᠤᠴᠠᠷᠠᠯ ᠤᠨ ᠨᠦᠯᠦᠭᠡᠯᠡᠯ ᠪᠠ ᠲᠤᠰ ᠪᠡᠶ᠎ᠡ ᠶᠢᠨ ᠬᠢᠨᠢ ᠪᠦᠳᠦᠴᠡ ᠶᠢᠨ ᠵᠦᠷᠢᠴᠡᠯ᠂ ᠲᠤᠬᠢᠷᠠᠭᠤᠯᠤᠯ ᠠᠴᠠ ᠪᠤᠯᠤᠭᠠᠳ ᠤᠳᠤ ᠶᠢᠨ ᠤᠷᠠᠳ ᠠᠮᠠᠨ ᠠᠶᠠᠯᠭᠤ ᠪᠤᠯᠵᠤ ᠪᠦᠷᠢᠯᠳᠦᠵᠡᠢ᠃ ᠦᠭᠡᠷ᠎ᠡ ᠪᠠᠷ ᠬᠡᠯᠡᠪᠡᠯ 360 ᠭᠠᠷᠤᠢ ᠵᠢᠯ ᠤᠨ ᠲᠤᠷᠰᠢ᠂ ᠨᠡᠶᠢᠭᠡᠮ ᠪᠠ ᠵᠡᠷᠭᠡᠯᠡᠳᠡᠭᠡ ᠪᠠᠶᠢᠬᠤ ᠮᠤᠩᠭᠤᠯ ᠬᠡᠯᠡᠨ ᠤ ᠨᠦᠯᠦᠭᠡᠯᠡᠯ ᠠᠴᠠ ᠤᠤᠯ ᠤᠨ ᠬᠡᠯᠡᠨ ᠳᠤ ᠨᠢ ᠤᠯᠠᠷᠢᠯᠲᠠ ᠡᠬᠦᠰᠴᠦ ᠤᠳᠤ ᠶᠢᠨ ᠤᠷᠠᠳ ᠠᠮᠠᠨ ᠠᠶᠠᠯᠭᠤ ᠪᠤᠯᠵᠤ ᠬᠤᠪᠢᠷᠠᠵᠠᠢ᠃ ᠪᠦᠬᠦᠯᠢ ᠴᠤᠭᠴᠠ ᠠᠴᠠ ᠨᠢ ᠦᠵᠡᠬᠦ ᠳᠤ ᠨᠢᠭᠡᠨ ᠵᠦᠢᠯ ᠤᠨ ᠭᠠᠵᠠᠷ ᠤᠷᠤᠨ  ᠤ ᠠᠮᠠᠨ ᠠᠶᠠᠯᠭᠤ ᠪᠤᠯᠵᠤ ᠪᠦᠷᠢᠯᠳᠦᠭᠰᠡᠨ ᠪᠤᠯᠪᠠᠴᠤ ᠰᠠᠭᠤᠷᠢᠰᠢᠯ ᠤᠨ ᠲᠠᠷᠬᠠᠢ ᠪᠤᠲᠠᠷᠬᠠᠢ ᠪᠠ ᠬᠦᠷᠰᠢ ᠵᠡᠷᠭᠡᠯᠡᠳᠡᠭᠡ ᠠᠶᠠᠯᠭᠤ᠂ ᠠᠮᠠᠨ ᠠᠶᠠᠯᠭᠤᠨ ᠤ ᠨᠦᠯᠦᠭᠡᠯᠡᠯ  ᠠᠴᠠ ᠪᠤᠯᠵᠤ᠂ ᠤᠷᠠᠳ ᠠᠮᠠᠨ ᠠᠶᠠᠯᠭᠤ ᠶᠢᠨ ᠲᠤᠳᠤᠭᠠᠳᠤ ᠳᠤ ᠪᠠᠨ ᠴᠦ ᠨᠠᠷᠢᠨ ᠢᠯᠭᠠᠮᠵᠢᠲᠠᠢ ᠪᠠᠶᠢᠳᠠᠭ᠃       ᠫᠷᠤᠹᠧᠰᠰᠤᠷ ᠦ᠊ ᠨᠠᠷᠠᠨᠪᠠᠳᠤ ᠶᠢᠨ ︽ᠤᠷᠠᠳ ᠠᠮᠠᠨ ᠠᠶᠠᠯᠭᠤᠨ ᠤ ᠲᠤᠬᠠᠢ︾ ᠦᠬᠦᠯᠡᠯ ᠳᠤ ᠪᠠᠨ ᠤᠷᠠᠳ ᠠᠮᠠᠨ ᠠᠶᠠᠯᠭᠤᠨ ᠤ ᠲᠤᠳᠤᠭᠠᠳᠤᠬᠢ ᠨᠠᠷᠢᠨ ᠢᠯᠭᠠᠮᠵᠢ ᠶᠢ ᠦᠬᠦᠯᠡᠭᠰᠡᠨ ᠪᠠᠶᠢᠳᠠᠭ᠃ ᠠᠳᠡ ᠤᠷᠠᠳ ᠠᠮᠠᠨ ᠠᠶᠠᠯᠭᠤᠨ ᠤ ᠨᠡᠶᠢᠲᠡ ᠮᠤᠩᠭᠤᠯ ᠬᠡᠯᠡ ᠪᠤᠯᠤᠨ ᠪᠤᠰᠤᠳ ᠠᠮᠠᠨ ᠠᠶᠠᠯᠭᠤ ᠨᠤᠭᠤᠳ ᠠᠴᠠ ᠢᠯᠭᠠᠭᠳᠠᠬᠤ ᠤᠨᠴᠠᠯᠢᠭ ᠢ ᠦᠭᠡᠰ ᠤᠨ ᠰᠠᠩ᠂ ᠬᠡᠯᠡᠨ ᠤ ᠠᠪᠢᠶ᠎ᠠ ᠪᠠ ᠠᠪᠢᠶᠠᠯᠠᠪᠤᠷᠢ ᠶᠢᠨ ᠪᠦᠳᠦᠴᠡ᠂ ᠬᠡᠯᠡᠨ ᠵᠦᠢ ᠵᠡᠷᠭᠡ ᠲᠠᠯ᠎ᠠ ᠠᠴᠠ ᠦᠬᠦᠯᠡᠨ᠎ᠡ᠃ ᠨᠢᠭᠡ ᠳᠤ᠂ ᠤᠷᠠᠳ ᠠᠮᠠᠨ ᠠᠶᠠᠯᠭᠤᠨ ᠳᠤ ᠪᠤᠰᠤᠳ ᠠᠮᠠᠨ ᠠᠶᠠᠯᠭᠤᠨ ᠠᠴᠠ ᠤᠨᠴᠠᠯᠠᠭᠳᠠᠬᠤ ᠠᠶᠠᠯᠭᠤᠨ ᠤ ᠦᠪᠡᠷᠮᠢᠴᠡ ᠦᠭᠡ ᠲᠠᠢ ᠪᠠᠶᠢᠳᠠᠭ᠃ ᠬᠤᠶᠠᠷ ᠲᠤ᠂ ᠤᠷᠠᠳ ᠠᠮᠠᠨ ᠠᠶᠠᠯᠭᠤᠨ ᠤ ᠡᠭᠡᠰᠢᠭ ᠠᠪᠢᠶᠠᠯᠠᠪᠤᠷᠢ ᠳᠤ ᠪᠤᠭᠤᠨᠢ ᠡᠭᠡᠰᠢᠭ᠂ ᠤᠷᠳᠤ ᠡᠭᠡᠰᠢᠭ᠂ ᠬᠤᠤᠰ ᠡᠭᠡᠰᠢᠭ ᠭᠡᠬᠦ ᠭᠤᠷᠪᠠᠨ ᠵᠦᠢᠯ ᠪᠠᠶᠢᠨ᠎ᠠ᠃ ᠭᠤᠷᠪᠠ ᠳᠤ᠂ ᠤᠷᠠᠳ ᠠᠮᠠᠨ ᠠᠶᠠᠯᠭᠤᠨ ᠤ ᠭᠡᠶᠢᠬᠦᠯᠦᠭᠴᠢ ᠠᠪᠢᠶᠠᠯᠠᠪᠤᠷᠢ ᠳᠤ ᠶᠡᠷᠦ ᠶᠢᠨ ᠭᠡᠶᠢᠬᠦᠯᠦᠭᠴᠢ᠂ ᠲᠠᠩᠨᠠᠶᠢᠰᠢᠭᠰᠠᠨ ᠭᠡᠶᠢᠬᠦᠯᠦᠭᠴᠢ᠂ ᠨᠡᠶᠢᠯᠡᠮᠡᠯ ᠭᠡᠶᠢᠬᠦᠯᠦᠭᠴᠢ ᠭᠡᠬᠦ ᠭᠤᠷᠪᠠᠨ ᠵᠦᠢᠯ ᠪᠠᠶᠢᠨ᠎ᠠ᠃ ᠲᠦᠷᠪᠡ ᠳᠤ᠂ ᠤᠷᠠᠳ ᠠᠮᠠᠨ ᠠᠶᠠᠯᠭᠤᠨ ᠤ ᠡᠭᠡᠰᠢᠭ ᠵᠤᠬᠢᠴᠠᠬᠤ ᠶᠤᠰᠤ ᠪᠤᠯ ᠴᠢᠩᠭ᠎ᠠ ᠬᠦᠨᠳᠡᠢ ᠶᠢᠨ ᠵᠤᠬᠢᠴᠠᠯ ᠲᠡᠭᠡᠷ᠎ᠡ ᠰᠠᠭᠤᠷᠢᠯᠠᠭᠳᠠᠭᠰᠠᠨ ᠤᠷᠤᠭᠤᠯ  ᠤᠨ ᠵᠤᠬᠢᠴᠠᠯ ᠪᠤᠯᠤᠨ᠎ᠠ᠃ ᠲᠠᠪᠤ ᠳᠤ᠂ ᠤᠷᠠᠳ ᠠᠮᠠᠨ ᠠᠶᠠᠯᠭᠤᠨ ᠳᠤ ᠵᠢᠷᠭᠤᠭᠠᠨ ᠵᠦᠢᠯ ᠤᠨ ᠦᠶ᠎ᠡ ᠶᠢᠨ ᠪᠦᠳᠦᠴᠡ ᠲᠠᠢ ᠪᠠᠶᠢᠳᠠᠭ᠃ ᠤᠷᠠᠳ ᠠᠮᠠᠨ ᠠᠶᠠᠯᠭᠤᠨ ᠤ ᠡᠷᠬᠦᠯᠲᠡ ᠨᠢ ᠮᠤᠩᠭᠤᠯ ᠬᠡᠯᠡᠨ ᠤ ᠪᠤᠰᠤᠳ ᠠᠮᠠᠨ ᠠᠶᠠᠯᠭᠤ ᠨᠤᠭᠤᠳ ᠲᠠᠢ ᠠᠳᠠᠯᠢ ᠪᠠᠷ ᠲᠤᠤᠷᠠᠬᠢ ᠮᠡᠳᠦ ᠬᠡᠳᠦᠨ ᠤᠨᠴᠠᠯᠢᠭ ᠲᠠᠢ᠃ ︵1︶ ᠡᠷᠬᠦᠯᠲᠡ ᠲᠠᠢ ᠦᠶ᠎ᠡ ᠶᠢᠨ ᠡᠭᠡᠰᠢᠭ ᠨᠢ ᠲᠤᠳᠤ ᠴᠢᠩᠭ᠎ᠠ ᠪᠠᠶᠢᠳᠠᠭ ᠪᠠ ᠡᠨᠡ ᠨᠢ ᠬᠦᠴᠦᠯᠡᠬᠦ ᠡᠷᠬᠦᠯᠲᠡ ᠮᠥᠨ᠃ ︵2︶ ᠦᠭᠡ ᠶᠢᠨ ᠡᠷᠬᠦᠯᠲᠡ ᠨᠢ ᠢᠮᠠᠭᠲᠠ ᠦᠭᠡ ᠶᠢᠨ ᠨᠢᠭᠡᠳᠦᠭᠡᠷ ᠦᠶ᠎ᠡ ᠲᠡᠭᠡᠷ᠎ᠡ ᠪᠠᠶᠢᠨ᠎ᠠ᠃ ︵3︶ ᠡᠷᠬᠦᠯᠲᠡ ᠳᠤ ᠤᠳᠬ᠎ᠠ ᠢᠯᠭᠠᠬᠤ ᠦᠢᠯᠡᠳᠦᠯ ᠦᠬᠡᠢ᠂ ᠭᠡᠪᠡᠴᠦ ᠬᠡᠯᠡᠨ ᠤ ᠠᠶᠢᠵᠠᠮ ᠨᠠᠮᠪᠠ ᠶᠢᠨ ᠴᠢᠬᠤᠯᠠ ᠠᠭᠤᠯᠭ᠎ᠠ ᠪᠤᠯᠤᠨ᠎ᠠ᠃ ᠵᠢᠷᠭᠤᠭ᠎ᠠ ᠳᠤ᠂ ᠶᠠᠷᠢᠶᠠᠨ ᠤ ᠤᠷᠤᠰᠬᠠᠯ ᠳᠤ᠂ ᠡᠰᠡᠬᠦᠯ᠎ᠠ ᠲᠠᠭᠠᠪᠤᠷᠢ ᠵᠠᠯᠭᠠᠬᠤ ᠳᠤ ᠨᠦᠬᠦᠴᠡᠯ ᠲᠠᠢ ᠪᠠᠷ ᠠᠪᠢᠶᠠᠨ ᠤ ᠬᠤᠪᠢᠷᠠᠯᠲᠠ ᠭᠠᠷᠳᠠᠭ᠃ ᠤᠷᠠᠳ ᠠᠮᠠᠨ ᠠᠶᠠᠯᠭᠤᠨ ᠳᠤ ᠠᠪᠢᠶ᠎ᠠ ᠢᠵᠢᠯᠰᠢᠬᠦ᠂ ᠠᠪᠢᠶ᠎ᠠ ᠤᠨᠳᠤᠤᠰᠢᠬᠤ᠂ ᠠᠪᠢᠶ᠎ᠠ ᠨᠡᠮᠡᠭᠳᠡᠬᠦ ᠬᠡᠬᠦ ᠮᠡᠳᠦ ᠠᠪᠢᠶᠠᠨ ᠤ ᠬᠤᠪᠢᠷᠠᠯᠲᠠ ᠲᠠᠢ᠃ ᠲᠤᠯᠤᠭ᠎ᠠ ᠳᠤ᠂ ᠤᠷᠠᠳ ᠠᠮᠠᠨ ᠠᠶᠠᠯᠭᠤ ᠪᠤᠯᠤᠨ ᠪᠤᠰᠤᠳ ᠠᠶᠠᠯᠭᠤᠨ ᠤ ᠬᠤᠭᠤᠷᠤᠨᠳᠤ ᠬᠡᠯᠡᠨ ᠤ ᠵᠦᠢ ᠶᠢᠨ ᠲᠠᠯ᠎ᠠ ᠪᠠᠷ ᠪᠠᠰᠠ ᠶᠠᠮᠠᠷ ᠨᠢᠭᠡ ᠬᠡᠮᠵᠢᠶᠡᠨ ᠤ ᠵᠦᠷᠢᠶᠡᠨᠲᠠᠢ ᠪᠠᠶᠢᠨ᠎ᠠ᠃       ︽ᠤᠷᠠᠳ ᠰᠤᠶᠤᠯ ᠲᠡᠤᠭᠡ︾ ︵ᠲᠡᠭᠡᠳᠤ ᠲᠡᠪᠳᠡᠷ︶ ᠠᠴᠠ ᠪᠠᠭᠤᠯᠭᠠᠪᠠ᠃  
ᠢᠷᠡᠯᠲᠡ᠄ ᠤᠷᠠᠳ ᠤᠨ ᠳᠤᠮᠳᠠᠳᠤ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ