ᠡᠵᠢ ᠬᠦᠮᠦᠨ ᠦᠷ᠎ᠡ ᠳᠡᠭᠡᠨ ᠬᠡᠵᠢᠶ᠎ᠡ ᠴᠤ ᠭᠤᠮᠣᠲᠠᠬᠤ ᠦᠬᠡᠢ
ᠨᠡᠶᠢᠲᠡᠯᠡᠭᠰᠡᠨ ᠴᠠᠭ᠄
2022/12/14
      ᠡᠵᠢ ᠬᠦᠮᠦᠨ ᠦᠷ᠎ᠡ ᠳᠡᠭᠡᠨ ᠬᠡᠵᠢᠶ᠎ᠡ ᠴᠤ ᠭᠤᠮᠣᠲᠠᠬᠤ ᠦᠬᠡᠢ ᠰᠠᠶᠢᠨᠳᠡᠭᠦᠰ ᠦᠨᠦ ᠰᠦᠯᠵᠢᠶ᠎ᠡ ᠬᠤᠯᠪᠣᠭ᠎ᠠ ᠪᠠᠷ ︽ᠡᠵᠢ ᠢ ᠪᠠᠨ ᠪᠣᠣ ᠭᠤᠮᠣᠲᠠᠭ᠎ᠠ︾ ᠭᠡᠬᠦ ᠠᠭᠤᠯᠭ᠎ᠠ ᠲᠠᠢ ᠪᠢᠴᠢᠬᠡᠰᠣ ᠲᠠᠮᠵᠢᠡᠨᠲᠠᠬᠤ ᠶᠢ ᠣᠯᠠᠨ ᠬᠠᠷᠠᠯ᠎ᠠ᠃ ᠡᠨᠡ ᠦᠬᠡᠨ ᠤ ᠲᠣᠰᠣᠯᠲᠠ ᠲᠠᠩᠴᠢ ᠬᠠᠲᠠᠭᠤ ᠬᠡᠮᠡᠨ ᠨᠡᠲᠡ ᠰᠠᠨ᠋ᠬᠠᠲᠠᠲᠠᠭ᠃       ᠪᠢ ᠬᠤᠪᠢᠨ ᠳᠠᠭᠠᠨ ︽ᠪᠣᠷᠬᠠᠨ ᠢ ᠬᠢᠯᠢᠩᠨᠡᠬᠦᠯᠬᠦ︾᠂ ︽ᠡᠵᠢ ᠢ ᠪᠠᠨ ᠭᠤᠮᠣᠲᠠᠭᠠᠬᠤ︾ ᠬᠤᠶᠠᠷ ᠦᠢᠯᠡ ᠶᠢ ᠬᠦᠮᠦᠨ ᠤ ᠬᠤᠶᠠᠷ ᠲᠣᠮᠣ ᠨᠢᠬᠦᠯ ᠬᠡᠮᠡᠨ ᠰᠠᠨᠠᠲᠠᠭ᠃ ᠭᠡᠲᠡᠯ᠎ᠡ ᠪᠣᠷᠬᠠᠨ ᠪᠠᠭᠰᠢ ᠬᠡᠵᠢᠶ᠎ᠡ ᠴᠤ ᠬᠢᠯᠢᠩ ᠦᠯᠦ ᠲᠦᠷᠦᠨ᠎ᠡ᠃       ᠲᠡᠷᠡ ᠪᠠᠷ ᠶᠢᠷᠲᠢᠨᠴᠤ ᠶᠢᠨ ᠠᠯᠢᠪᠠ ᠠᠮᠢᠲᠠᠨ ᠤ ᠪᠣᠷᠣᠭᠤ ᠮᠠᠭᠤ ᠦᠢᠯᠡ ᠶᠢ ᠬᠠᠷᠠᠨ ᠰᠢᠨᠵᠢᠵᠣ ᠪᠠᠶᠢᠪᠠᠴᠤ᠂ ᠲᠡᠬᠦᠨ ᠢ ᠦᠪᠡᠷ ᠢ ᠪᠠᠨ ᠣᠬᠠᠭᠠᠷᠠᠲᠠᠯ᠎ᠠ ᠬᠦᠯᠢᠴᠡᠩᠬᠦᠢ ᠪᠠᠷ ᠰᠣᠷᠭᠠᠯ ᠢᠶᠠᠨ ᠠᠶᠢᠯᠠᠳᠲᠠᠭ᠃ ᠪᠣᠷᠬᠠᠨ ᠪᠠᠭᠰᠢ ᠨᠢᠬᠡᠨᠲᠡ ᠠᠭᠤᠷ᠂ ᠮᠣᠩᠬᠠᠭ᠂ ᠲᠠᠴᠢᠶᠠᠯ ᠠᠴᠠ ᠠᠩᠬᠢᠵᠢᠷᠬᠠᠰᠠᠨ ᠪᠠ ᠬᠦᠮᠦᠨ ᠢ ᠲᠡᠬᠦᠨ ᠠᠴᠠ ᠠᠷᠢᠯᠭᠠᠬᠤ ᠶᠢ ᠬᠦᠰᠡᠬᠦ ᠣᠴᠢᠷ ᠦᠪᠡᠷ ᠢᠶᠠᠨ ᠬᠡᠵᠢᠶ᠎ᠡ ᠴᠤ ᠬᠢᠯᠢᠩ ᠦᠯᠦ ᠲᠦᠷᠦᠨ᠎ᠡ ᠃ ᠡᠵᠢ ᠴᠤ ᠭᠡᠰᠡᠨ ᠦᠷ᠎ᠡ ᠳᠡᠭᠡᠨ ᠬᠡᠵᠢᠶ᠎ᠡ ᠴᠤ ᠦᠯᠦ ᠭᠤᠮᠣᠲᠠᠨ᠎ᠠ᠃ ᠲᠡᠷᠡ ᠪᠠᠷ ᠦᠨᠦ ᠶᠢᠨ ᠬᠦᠮᠦᠨ ᠬᠦᠮᠦᠨ ᠤ ᠬᠤᠭᠤᠷᠣᠨᠳᠤᠬᠢ ᠦᠴᠦᠬᠦᠨ ᠪᠦᠲᠦᠬᠦᠯᠢᠭ ᠠᠪᠣᠷᠢ ᠪᠠᠷ᠂ ᠮᠦᠡᠭᠬᠦ ᠦᠭᠬᠦᠭᠰᠡᠨ ᠦᠬᠡᠢ᠂ ᠦᠭᠬᠦᠭᠰᠡᠨ ᠤ ᠬᠠᠷᠢᠭᠤ ᠰᠠᠶᠢᠨ ᠰᠠᠨ᠋ᠬᠠᠰᠠᠨ ᠦᠬᠡᠢ ᠬᠡᠮᠡᠨ ᠦᠷ᠎ᠡ ᠳᠡᠭᠡᠨ ᠬᠡᠵᠢᠶ᠎ᠡ ᠴᠤ ᠪᠣᠲᠣᠬᠤ ᠦᠬᠡᠢ᠃ ᠬᠠᠷᠢᠨ ᠴᠤ ᠪᠢ ᠠᠷᠴᠠᠭ᠎ᠠ ᠦᠬᠡᠢ᠂ ᠴᠢᠲᠠᠯ ᠦᠬᠡᠢ᠂ ᠦᠷ᠎ᠡ ᠪᠠᠨ ᠬᠦᠮᠦᠨ ᠠᠴᠠ ᠲᠣᠲᠠᠭᠤ ᠮᠦᠡᠭᠬᠦ ᠲᠠᠢ ᠶᠠᠪᠣᠭᠤᠯᠣᠯ᠎ᠠ ᠭᠡᠵᠣ ᠦᠪᠡᠷ ᠢ ᠪᠠᠨ ᠭᠤᠯᠣᠨ᠎ᠠ᠃ ᠰᠠᠶᠢᠨ ᠢ ᠢᠲᠡᠬᠦ᠂ ᠰᠠᠶᠢᠨ ᠢ ᠡᠮᠦᠰᠬᠦ ᠶᠢ ᠦᠷ᠎ᠡ ᠬᠡᠤᠬᠡᠳ ᠠᠴᠠ ᠪᠠᠨ ᠭᠤᠷᠢᠲᠠᠭ᠎ᠠ ᠦᠬᠡᠢ᠂ ᠦᠷ᠎ᠡ ᠬᠡᠤᠬᠡᠳ ᠨᠢ ᠦᠪᠡᠷ ᠲᠠᠢ ᠨᠢ ᠦᠬᠡ ᠴᠤ ᠡᠰᠡ ᠵᠦᠷᠢᠵᠣ᠂ ᠭᠠᠷᠴᠤ ᠶᠠᠪᠣᠬᠤ ᠳᠤ ᠬᠦᠬᠡᠷᠦᠬᠦᠢ ᠮᠢᠨᠢ ᠦᠬᠡ ᠴᠤ ᠵᠦᠷᠢᠬᠦ ᠴᠢᠯᠦᠬᠡ ᠦᠬᠡᠢ ᠶᠣᠮ ᠳ᠋ᠠ︕ ᠪᠢ ᠭᠡᠵᠣ ᠡᠮᠣᠨ᠎ᠡ ᠠᠴᠠ ᠨᠢ ᠬᠢᠭᠡᠳ ᠦᠭᠬᠦ  ᠶᠢᠨ ᠴᠤ ᠲᠠᠩᠭᠡᠭᠡ ᠦᠬᠡᠢ ᠭᠡᠵᠣ ᠪᠡᠶ᠎ᠡ ᠪᠠᠨ ᠵᠢᠮᠡᠯᠡᠨ᠎ᠡ᠃       ᠡᠵᠢ ᠬᠦᠮᠦᠨ ᠦᠷ᠎ᠡ ᠬᠡᠤᠬᠡᠳ ᠠᠴᠠ ᠪᠠᠨ ᠬᠦᠰᠡᠬᠦ ᠭᠠᠭᠴᠠ ᠯᠠ ᠵᠦᠢᠯ ᠪᠠᠶᠢᠲᠠᠭ᠃ ᠲᠡᠬᠦᠨ ᠤ ᠪᠠᠨ ᠲᠦᠯᠦᠬᠡ ᠦᠷᠯᠦᠬᠡ ᠦᠲᠡᠰᠢ ᠦᠬᠡᠢ ᠪᠣᠷᠬᠠᠨ  ᠠᠴᠠ ᠴᠤ ᠪᠣᠯᠪᠠ ᠮᠦᠷᠬᠦᠨ ᠭᠤᠶᠣᠲᠠᠭ᠃ ᠲᠡᠷᠡ ᠨᠢ ᠦᠷ᠎ᠡ ᠬᠡᠤᠬᠡᠳ ᠮᠢᠨᠢ ᠡᠩᠭᠡ ᠲᠣᠩᠬ᠎ᠠ᠂ ᠡᠪᠡᠳᠴᠢᠨ ᠵᠣᠪᠠᠯᠠᠩ ᠦᠬᠡᠢ᠂ ᠨᠡᠲᠡ ᠳᠠᠭᠠᠨ ᠦᠵᠡᠭᠲᠡᠭᠡᠳ ᠯᠠ ᠪᠠᠶᠢᠪᠠᠯ ᠪᠣᠯᠣᠯ᠎ᠠ ᠬᠡᠮᠡᠬᠦ‍ ᠨᠢᠬᠡ ᠯᠠ ᠬᠦᠰᠡᠯ ᠠᠵᠢ ᠡ᠃ ᠲᠡᠬᠦᠨ ᠤ ᠪᠠᠨ ᠲᠦᠯᠦᠬᠡ ᠦᠷ᠎ᠡ ᠪᠠᠨ ᠬᠦᠢᠲᠡᠨ ᠳᠤ ᠬᠦᠷᠣᠵᠣ᠂ ᠬᠠᠯᠠᠭᠤᠨ ᠳᠤ ᠭᠠᠨᠭ᠍ᠲᠠᠬᠤ ᠪᠣᠢ ᠬᠡᠮᠡᠨ ᠵᠣᠪᠠᠨ᠎ᠠ᠃ ᠲᠡᠬᠦᠨ ᠢ ᠨᠢ ᠦᠷ᠎ᠡ ᠬᠡᠤᠬᠡᠳ ᠨᠢ ᠡᠨᠡ ᠨᠡᠮ᠎ᠡ ᠶᠢ ᠡᠷᠡᠬᠦᠯ ᠰᠠᠶᠢᠬᠠᠨ ᠯᠠ ᠪᠠᠶᠢᠯᠭᠠᠵᠣ᠂ ᠦᠪᠡᠷ ᠢ ᠪᠠᠨ ᠠᠴᠢᠯᠠᠭᠤᠯᠬᠤ ᠬᠡᠵᠣ ᠪᠠᠶᠢᠨ᠎ᠠ ᠬᠡᠮᠡᠨ ᠪᠣᠷᠣᠭᠤ ᠰᠡᠳᠬᠢᠨ᠎ᠡ᠃ ᠬᠡᠷᠪᠡ ᠴᠢ ᠪᠣᠷᠬᠠᠨ ᠠᠴᠠ ᠣᠨᠳᠣᠣ ᠪᠠᠷ ᠴᠢᠨᠤ ᠨᠢᠲᠣᠨ ᠳᠤ ᠦᠵᠡᠭᠲᠡᠲᠡᠭ ᠡᠨᠡ ᠡᠬᠡᠯ ᠪᠣᠷᠬᠠᠨ ᠢ ᠭᠤᠮᠣᠲᠠᠭᠠᠨ᠎ᠠ ᠭᠡᠵᠣ ᠪᠣᠳᠣᠪᠠᠯ ᠶᠠᠮᠠᠷ ᠶᠡᠭᠡ ᠨᠢᠬᠦᠯ ᠬᠢᠵᠣ ᠪᠠᠶᠢᠵᠣ ᠲᠡᠬᠦᠨ ᠢ ᠭᠤᠮᠣᠲᠠᠭᠠᠬᠤ ᠪᠣᠢ ᠭᠡᠳ ᠪᠣᠲᠣᠭᠠᠳ ᠦᠵᠡ ᠳ᠋ᠠ︕ ᠲᠡᠷᠡ ᠬᠦᠮᠦᠨ ᠴᠢᠨᠣ ᠲᠦᠯᠦᠬᠡ ᠡᠯᠢᠬᠡ ᠪᠦᠬᠡᠷ᠎ᠡ᠂ ᠠᠮᠢ ᠠᠮᠢᠰᠬᠤᠯ ᠢᠶᠠᠨ ᠴᠤ ᠦᠭᠬᠦᠰᠡᠨ ᠴᠤ ᠴᠢᠮ᠎ᠠ ᠳᠤ ᠭᠤᠮᠣᠲᠠᠬᠤ ᠶᠢ ᠪᠣᠣ ᠬᠡᠯᠡ ᠴᠢᠮ᠎ᠡ ᠠᠴᠠ ᠬᠠᠷᠢᠭᠤ ᠳᠤ ᠨᠢ ᠶᠠᠭᠤ ᠴᠤ ᠬᠦᠰᠡᠲᠡᠭ ᠦᠬᠡᠢ ᠭᠡᠵᠣ ᠰᠠᠨᠠᠯ ᠳ᠋ᠠ︕ ᠪᠣᠷᠬᠠᠨ ᠶᠡᠷᠲᠢᠨᠴᠤ  ᠶᠢᠨ ᠠᠮᠢ ᠠᠮᠢᠲᠠᠳ ᠤᠨ ᠲᠦᠯᠦᠬᠡ ᠣᠷᠣᠰᠢᠲᠠᠭ ᠪᠣᠯ ᠡᠵᠢ ᠬᠦᠮᠦᠨ ᠦᠷ᠎ᠡ ᠶᠢᠨ ᠢᠶᠠᠨ ᠯᠠ ᠲᠦᠯᠦᠬᠡ ᠠᠮᠢᠰᠬᠤᠵᠣ᠂ ᠠᠯᠢᠪᠠ ᠵᠣᠪᠠᠯᠠᠩ᠂ ᠡᠪᠡᠳᠴᠢᠨ ᠢ ᠲᠣᠭᠤᠯᠵᠣ ᠴᠢᠲᠠᠲᠠᠭ᠃       ᠲᠠᠶᠢᠮᠣ ᠠᠴᠠ ᠴᠢ ᠶᠠᠮᠠᠷ ᠴᠤ ᠦᠶ᠎ᠡ ᠳᠤ ᠮᠠᠭᠤ ᠰᠠᠨᠠᠵᠣ᠂ ᠮᠠᠭᠤ ᠶᠠᠪᠤᠡᠨᠰᠠᠨ ᠴᠤ ᠪᠣᠣ ᠭᠤᠲᠣᠷᠠ᠃ ᠦᠪᠡᠷ᠎ᠡ ᠪᠣᠰᠤᠳ ᠬᠦᠮᠦᠰ ᠴᠢᠮ᠎ᠠ ᠠᠴᠠ ᠦᠷᠬᠦᠵᠣ ᠵᠠᠶᠢᠳ᠋ᠬᠠᠰᠠᠨ ᠪᠠᠶᠢᠲᠠᠭ ᠴᠤ ᠡᠵᠢ ᠭᠡᠲᠡᠭ ᠭᠠᠭᠴᠠᠬᠠᠨ ᠪᠣᠷᠬᠠᠨ ᠴᠢᠮ᠎ᠠ ᠠᠴᠠ ᠬᠡᠵᠢᠶ᠎ᠡ ᠴᠤ ᠰᠠᠯᠣᠬᠤ ᠦᠬᠡᠢ ᠶᠢ ᠢᠲᠡᠭᠡ᠂ ᠴᠢᠨᠣ ᠨᠢᠬᠦᠯ ᠤᠨ ᠰᠡᠪᠠ ᠴᠢᠨᠢ ᠬᠡᠴᠢᠨᠡᠨ ᠲᠣᠮᠣ ᠪᠠᠶᠢᠡᠨᠰᠠᠨ ᠴᠤ ᠭᠡᠰᠡᠨ ᠡᠵᠢ ᠬᠡᠰᠡᠨ ᠠᠭᠤᠣ ᠪᠣᠷᠬᠠᠨ ᠢ ᠭᠤᠮᠣᠲᠠᠭᠠᠵᠣ ᠦᠯᠦ ᠴᠢᠲᠡᠨ᠎ᠡ᠃ ᠬᠠᠷᠢᠨ ᠴᠢᠨᠣ ᠴᠢᠲᠠᠬᠤ ᠬᠠᠮᠤᠭ ᠠᠮᠠᠷᠬᠠᠨ ᠨᠢᠬᠡ ᠵᠦᠢᠯ ᠪᠣᠯ ᠴᠢ ᠦᠪᠡᠷ ᠪᠠᠨ ᠯᠠ ᠰᠠᠶᠢᠨ ᠰᠠᠶᠢᠬᠠᠨ ᠯᠠ ᠶᠠᠪᠤ᠃ ᠲᠡᠬᠡᠪᠡᠯ ᠡᠵᠢ ᠴᠢᠨᠢ ᠪᠠᠶᠠᠷᠯᠠᠴᠢᠬᠠᠬᠤ ᠶᠣᠮ ᠰᠢᠣ︕ 
ᠢᠷᠡᠯᠲᠡ᠄ ᠤᠷᠠᠳ ᠤᠨ ᠳᠤᠮᠳᠠᠳᠤ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ