ᠳᠤᠷᠠᠳᠬᠠᠯ ᠳᠤ ᠬᠤᠴᠣᠷᠤᠭᠰᠠᠨ ᠬᠠᠯᠢᠭᠤᠳᠤ
ᠨᠡᠶᠢᠲᠡᠯᠡᠭᠰᠡᠨ ᠴᠠᠭ᠄
2022/12/14
      ᠳᠤᠷᠠᠳᠬᠠᠯ ᠳᠤ ᠬᠤᠴᠣᠷᠤᠭᠰᠠᠨ ᠬᠠᠯᠢᠭᠤᠳᠤ ᠪᠠᠮᠪᠠᠷ ᠨᠢᠳᠦ ᠡᠷᠭᠦᠨ ᠦᠵᠡᠭᠦᠯᠡᠷ ᠤᠳᠤ ᠶᠢᠨ ᠬᠠᠯᠢᠭᠤᠳᠤ ᠲᠤᠰᠤᠨ ᠵᠠᠮ ᠬᠢᠯᠳᠠᠭᠠᠨᠠᠨ᠂ ᠠᠰᠠᠷ ᠲᠠᠬᠳᠤ ᠵᠢᠭᠳᠡᠷᠡᠭᠡᠳ ᠦᠨᠤ ᠮᠠᠷᠭᠠᠰᠢ ᠪᠠᠨ ᠬᠤᠳᠠ ᠪᠤᠯᠴᠢᠬᠠᠮᠠᠷ ᠲᠤᠮᠤᠬᠠᠨ ᠪᠠᠯᠭᠠᠰᠤ ᠪᠤᠯᠴᠢᠬᠠᠵᠠᠢ᠃ ᠡᠮᠦᠨ᠎ᠡ ᠲᠠᠯ᠎ᠠ ᠶᠢᠨ ᠭᠡᠳᠦᠨ ᠭᠡᠰᠡᠭ ᠤᠢ ᠮᠤᠳᠤ ᠨᠢ ᠡᠮᠦᠨᠡᠰᠢ ᠦᠷᠭᠦᠯᠵᠢᠯᠡᠭᠡᠳ ᠨᠢᠭᠡᠨᠳᠡ ᠲᠤᠩᠬᠠᠳᠠᠢ ︵ᠲᠤᠭᠤᠯᠲᠠᠢ︶  ᠶᠢᠨ ᠠᠷᠤ ᠳᠤ ᠲᠤᠯᠴᠢᠬᠠᠵᠠᠢ᠃ ᠠᠰᠠᠷ ᠪᠠᠷᠢᠯᠭ᠎ᠠ ᠨᠢ ᠤᠮᠠᠷᠠᠰᠢ ᠰᠤᠨᠵᠢᠷᠠᠭᠠᠳ ᠬᠤᠶᠢᠳᠤ ᠠᠭᠤᠯᠠ ᠶᠢᠨ ᠬᠤᠷᠮᠤᠢ ᠳᠤ ᠬᠦᠷᠴᠢᠭᠡᠵᠡᠢ᠃       ᠲᠤᠷᠭᠠᠨ ᠨᠠᠷᠠ ᠶᠢ ᠲᠠᠰᠢᠭᠤᠯᠤᠭᠠᠳ ᠬᠤᠶᠢᠳᠤ ᠠᠭᠤᠯᠠ ᠶᠢᠨ ᠪᠠᠯ ᠳᠤ ᠭᠠᠷᠴᠤ ᠪᠦᠭᠦ᠋ᠢᠯᠡ ᠪᠠᠯᠭᠠᠰᠤ ᠶᠢ ᠰᠢᠨᠵᠢᠪᠡᠯ ᠨᠡᠩ ᠵᠢᠷᠦᠭᠡ ᠰᠡᠳᠬᠢᠯ ᠢ ᠮᠢᠨᠢ ᠬᠦᠭᠰᠤᠭᠡᠮᠡᠷ ᠪᠤᠯᠴᠢᠬᠠᠯ᠎ᠠ᠃ ᠮᠢᠩᠭ᠎ᠠ ᠲᠦᠮᠡᠨ ᠦᠩᠭᠡᠳᠦ ᠳ᠋ᠧᠩ ᠤᠨ ᠲᠤᠮᠳᠠᠭᠤᠷ ᠤᠳᠤᠭ᠎ᠠ ᠮᠠᠨᠠᠨ ᠪᠦᠤᠷ ᠲᠦᠤᠷ ᠬᠠᠷᠠᠬᠳᠠᠨ ᠦᠯᠵᠡᠶᠢᠳᠤ ᠡᠳᠦᠷ ᠢ ᠪᠡᠯᠭᠡᠯᠡᠭᠰᠡᠨ ᠫᠤᠤᠵᠢᠩ ᠤᠨ ᠬᠢᠯᠪᠠᠭ᠎ᠠ ᠤᠬᠳᠠᠷᠭᠤᠢ ᠶᠢᠨ ᠤᠳᠤᠨ ᠮᠡᠴᠢᠳ ᠢ ᠢᠴᠢᠭᠡᠮᠡᠷ ᠲᠤᠯᠠᠯᠵᠠᠨ᠎ᠠ᠃       ᠲᠤᠬᠳᠤᠯᠤᠮ᠎ᠠ ᠰᠡᠳᠬᠢᠯ ᠲᠠᠢ ᠪᠢ ᠦᠪᠡᠷ ᠤᠨ ᠡᠷᠭᠡ ᠦᠭᠡᠢ ᠵᠢᠷᠦᠭᠡ ᠪᠠᠨ ᠢᠷᠠᠵᠤ ᠰᠠᠭᠤᠬᠳᠠᠯ ᠢᠶᠠᠨ ᠠᠭᠤᠳᠠᠯᠯᠠᠵᠤ ᠦᠵᠡᠯ᠎ᠡ᠃ ᠲᠠᠯᠠ ᠨᠠᠶᠠᠭᠠᠳ ᠤᠨ  ᠤ ᠬᠠᠯᠢᠭᠤᠳᠤ ᠭᠡᠳᠦ᠋ᠢᠪᠡᠷ ᠲᠤᠳᠤᠷ᠎ᠠ ᠪᠠᠨ ᠦᠩᠭᠡᠳᠦ ᠳ᠋ᠧᠩ ᠦᠭᠡᠢ ᠴᠦ ᠰᠠᠶᠢᠷ ᠤᠨ ᠵᠡᠭᠦᠨ ᠲᠡᠨᠵᠢᠨ ᠳᠤ ᠪᠠᠨ ᠬᠠᠷᠭᠠᠨ᠎ᠠ ᠶᠢᠨ ᠰᠢᠷ᠎ᠠ ᠴᠡᠴᠡᠭ ᠲᠦᠭᠦᠷᠡᠩ ᠲᠡᠯᠭᠡᠷᠡᠵᠤ᠂ ᠪᠠᠷᠠᠭᠤᠨ ᠵᠤ ᠳᠤ ᠪᠠᠨ ᠬᠦᠮᠦᠨ ᠬᠢᠷᠢ ᠦᠨᠳᠦᠷ ᠲᠡᠷᠡᠰᠤ ᠵᠢᠭᠳᠡᠷᠡᠨ᠂ ᠲᠠᠤᠯᠠᠢ ᠭᠤᠷᠭᠤᠤᠯ ᠰᠦᠷᠦᠭᠯᠡᠨ ᠪᠡᠯᠴᠢᠵᠤ ᠪᠠᠶᠢᠬᠰᠠᠨ ᠶᠤᠮ᠃ ᠪᠠᠯᠭᠠᠰᠤ ᠶᠢᠨ ᠲᠤᠮᠳᠠ ᠪᠠᠨ ᠭᠤᠷᠪᠠᠭ᠋ᠠᠨ ᠠᠰᠠᠷ ᠲᠠᠢ ᠪᠠᠶᠢᠬᠰᠠᠨ ᠴᠦ ᠪᠠᠶᠢᠳᠠᠭ ᠬᠦᠮᠦᠨ ᠤ ᠰᠡᠳᠬᠢᠯ ᠢ ᠨᠢ ᠲᠠᠳᠠᠳᠠᠭ ᠪᠠᠶᠢᠬᠰᠠᠨ ᠶᠤᠮ ᠡ︕ ᠪᠠᠯᠭᠠᠰᠤᠨ ᠤ ᠵᠡᠭᠦᠨ ᠭᠡᠰᠡᠭ ᠲᠤ ᠰᠢᠨᠡᠭᠡᠨ ᠪᠠᠶᠢᠭᠤᠯᠤᠬᠳᠠᠬᠰᠠᠨ ᠴᠡᠴᠡᠷᠯᠢᠭ ᠶᠠᠭ ᠮᠠᠨ ᠤ ᠭᠡᠷ ᠤᠨ ᠵᠡᠭᠦᠨ ᠭᠡᠷᠡᠮ ᠲᠠᠢ ᠵᠠᠮ ᠠᠯᠤᠰᠯᠠᠵᠤ ᠪᠠᠶᠢᠯ᠎ᠠ᠃ ᠴᠡᠴᠡᠷᠯᠢᠭ ᠳᠠᠬᠢ ᠰᠦᠨᠢ ᠪᠠᠷ ᠲᠡᠯᠭᠡᠷᠡᠭᠰᠡᠨ ᠴᠡᠴᠡᠭ ᠨᠢ ᠦᠷᠭᠦᠯᠵᠢ ᠵᠡᠭᠦᠳᠦᠨ ᠳᠤ ᠢᠷᠡᠭᠡᠳ ᠦᠷᠯᠦᠭᠡ ᠪᠣᠯᠬᠤ ᠳᠤ ᠤᠭ ᠤᠷᠤᠨ ᠳᠤ ᠪᠠᠨ ᠬᠠᠷᠢᠳᠠᠭ ᠪᠠᠶᠢᠯ᠎ᠠ᠃ ᠪᠠᠯᠭᠠᠰᠤᠨ ᠤ ᠪᠠᠷᠠᠭᠤᠨ ᠭᠡᠰᠡᠭ ᠲᠤ ᠪᠠᠶᠢᠷᠢᠯᠠᠵᠤ ᠪᠠᠶᠢᠭ᠎ᠠ ᠦᠶᠡᠷ ᠤᠨ ᠤᠰᠤ ᠪᠠᠷ ᠤᠮᠳᠠᠯᠠᠵᠤ ᠲᠤᠬᠳᠠᠬᠰᠠᠨ ᠲᠤᠨᠤᠮᠠᠯ ᠨᠠᠭᠤᠷ ᠭᠡᠤᠭᠡᠳ ᠪᠢᠳᠡᠨ ᠤ ᠭᠡᠵᠢᠶ᠎ᠡ ᠴᠦ ᠭᠡᠰᠡᠨ ᠬᠦᠷᠦᠭᠡᠳ ᠤᠴᠢᠮᠠᠷ ᠰᠠᠶᠢᠬᠠᠨ ᠨᠠᠭᠠᠳᠤᠮ ᠤᠨ ᠤᠷᠤᠨ ᠪᠠᠶᠢᠬᠰᠠᠨ ᠶᠤᠮ ᠁       ᠬᠠᠯᠢᠭᠤᠳᠤ ᠪᠠᠯᠭᠠᠰᠤ ᠦᠩᠭᠡᠷᠡᠭᠰᠡᠨ ᠳᠤ ᠪᠠᠨ ᠪᠤᠷᠤᠭᠵᠢᠭᠤᠨ ᠠᠪᠰᠠᠷᠬᠠᠨ ᠪᠠᠶᠢᠭᠠᠯᠢᠯᠢᠭ ᠰᠠᠶᠢᠬᠠᠨ ᠪᠠᠶᠢᠬᠰᠠᠨ ᠶᠤᠮ᠃ ᠤᠳᠤ ᠪᠣᠯᠬᠤ ᠳᠤ ᠥᠨᠳᠦᠷ ᠠᠰᠠᠷ ᠂ ᠥᠷᠭᠡᠨ ᠵᠡᠭᠡᠯᠢ᠂ ᠥᠩᠭᠡᠲᠦ ᠳ᠋ᠧᠩ᠂ ᠦᠨᠡᠲᠦ ᠮᠠᠰᠢᠨ ᠢᠶᠠᠷ ᠳᠦᠭᠦᠷᠴᠦ ᠪᠠᠶᠢᠭᠤᠯᠤᠯᠳᠠ ᠬᠦᠭᠵᠢᠯ ᠤᠨ ᠭᠠᠶᠢᠬᠠᠮᠰᠢᠭ ᠢ ᠬᠦᠮᠦᠨ ᠪᠦᠭᠦᠨ ᠳᠤ ᠦᠵᠡᠭᠦᠯᠵᠤ ᠪᠠᠶᠢᠭ᠎ᠠ ᠶᠤᠮ ᠡ︕       ᠳᠤᠷᠠᠳᠬᠠᠯ ᠳᠤ ᠬᠤᠴᠣᠷᠤᠭᠰᠠᠨ ᠬᠠᠯᠢᠭᠤᠳᠤ ᠶᠢᠨ ᠮᠢᠨᠢ ᠠᠪᠰᠠᠷ ᠪᠠᠶᠢᠭᠠᠯᠢᠯᠢᠭ ᠳᠦᠷᠰᠦ ᠣᠳᠣ ᠲᠡᠦᠬᠡ ᠶᠢᠨ ᠬᠠᠭᠤᠳᠠᠰᠤ᠂ ᠵᠢᠷᠦᠬᠡᠨ ᠤ ᠳᠤᠷᠠᠳᠬᠠᠯ ᠬᠤᠶᠠᠷ ᠠᠴᠠ ᠥᠭᠡᠷ᠎ᠡ ᠬᠠᠮᠢᠭ᠎ᠠ ᠴᠤ ᠡᠷᠢᠵᠦ ᠣᠯᠬᠤ ᠦᠭᠡᠢ ᠪᠣᠯᠵᠠᠢ᠃ 
ᠢᠷᠡᠯᠲᠡ᠄ ᠤᠷᠠᠳ ᠤᠨ ᠳᠤᠮᠳᠠᠳᠤ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ