ᠨᠤᠲᠤᠭ ᠤᠨ ᠮᠢᠨᠢ ᠭᠤᠷᠪᠠᠨ ᠤᠶᠠᠩᠭ᠎ᠠ
ᠨᠡᠶᠢᠲᠡᠯᠡᠭᠰᠡᠨ ᠴᠠᠭ᠄
2022/12/14
                              ᠪᠡ᠊ ᠪᠦᠭᠡ       ᠨᠤᠲᠤᠭ ᠤᠨ ᠮᠢᠨᠢ ᠭᠤᠷᠪᠠᠨ ᠤᠶᠠᠩᠭ᠎ᠠ ᠮᠡᠨ ᠤ ᠬᠢ ᠨᠢ ᠠᠭᠯᠠᠭ ᠠᠭᠤᠯᠠᠨ ᠳᠤ ᠰᠠᠭᠤᠲᠠᠭ ᠪᠠᠶᠢᠪᠠ᠃ ᠬᠠᠲᠠ ᠴᠢᠯᠠᠭᠤ ᠰᠡᠬᠦ᠋ᠢᠨ ᠬᠠᠨᠠᠷᠠᠵᠤ᠂ ᠬᠠᠶᠢᠯᠠᠰᠤ ᠪᠤᠲᠠ ᠭᠤᠤ ᠵᠢᠯᠠᠭ᠎ᠠ ᠪᠦᠬᠦᠨ ᠳᠤᠨᠢ ᠨᠤᠭᠤᠭᠠᠷᠠᠵᠤ᠂ ᠪᠤᠷᠬᠠᠨᠲᠤ ᠶᠢᠨ ᠭᠤᠤᠯ ᠪᠤᠮᠠᠨ ᠮᠠᠯ ᠢᠶᠠᠨ ᠤᠮᠲᠠᠯᠠᠨ ᠡᠨᠡ ᠨᠤᠲᠤᠭ ᠤᠨ ᠬᠠᠯᠠᠭᠤᠨ ᠡᠯᠢᠭᠡ ᠪᠠᠷ ᠮᠤᠷᠤᠯᠵᠠᠨ ᠦᠩᠭᠡᠷᠡᠲᠡᠭ ᠢᠶᠠᠷ ᠪᠤᠶᠢᠲᠠ ᠪᠦᠭᠯᠡᠬᠦᠦ ᠴᠦ ᠦᠷ᠎ᠡ ᠨᠠᠲᠠ ᠳᠤ ᠪᠠᠨ ᠵᠢᠷᠭᠠᠯ ᠤᠨ ᠲᠠᠷᠬᠠᠨ ᠤᠷᠤᠨ ᠭᠡᠵᠤ ᠮᠠᠲᠠ᠃       ᠨᠤᠲᠤᠭ ᠤᠨ ᠮᠢᠨᠢ ᠭᠤᠤᠯ ᠨᠤᠲᠤᠭ ᠤᠨ ᠮᠢᠨᠢ ᠵᠢᠵᠢᠭ ᠭᠤᠤᠯ ᠨᠠᠮᠢᠷᠠᠭᠰᠠᠨ ᠬᠠᠲᠠᠭ ᠰᠢᠭ᠋ ᠤᠭᠠᠯᠵᠠᠯᠠᠨ ᠤᠷᠤᠰᠴᠤ᠂ ᠬᠦᠮᠦᠨ ᠠᠷᠠᠳ᠂ ᠮᠠᠯ ᠰᠦᠷᠦᠭ᠂ ᠠᠮᠢᠲᠠᠨ ᠵᠢᠬᠦᠷᠲᠡᠨ ᠤ ᠤᠷᠤᠰᠢᠨ ᠲᠤᠭᠲᠠᠨᠢᠬᠤ ᠠᠮᠢᠨ ᠰᠤᠲᠠᠰᠤ ᠪᠤᠯᠤᠭᠰᠠᠨ ᠪᠠᠶᠢᠲᠠᠭ᠃ ᠡᠨᠡ ᠭᠤᠤᠯ ᠢ ᠪᠤᠷᠬᠠᠨᠲᠤ ᠶᠢᠨ ᠭᠤᠤᠯ ᠭᠡᠲᠡᠭ᠃ ᠡᠪᠤᠭᠡᠳ ᠨᠠᠰᠤᠲᠠᠳ ᠤᠨ ᠬᠠᠭᠤᠴᠢᠯᠠᠬᠤ ᠪᠠᠷ ᠪᠠᠷᠤᠭ ᠯᠠ 1800 ᠤᠨ ᠤ ᠡᠮᠦᠨ᠎ᠡ ᠬᠤᠶᠢᠨ᠎ᠠ᠂ ᠮᠤᠩᠭᠤᠯ ᠨᠤᠲᠤᠭ ᠲᠤ ᠰᠦᠮ᠎ᠡ ᠭᠡᠶᠢᠳ ᠤᠯᠠᠰᠢᠷᠠᠬᠤ ᠶᠢ ᠲᠠᠭᠠᠯᠲᠤᠨ ᠡᠨᠡ ᠭᠤᠤᠯ ᠤᠨ ᠤᠶᠢᠷᠠᠯᠴᠠᠭ᠎ᠠ ᠳᠤ ᠰᠦᠮ᠎ᠡ ᠪᠠᠶᠢᠭᠤᠯᠵᠤ᠂ ᠪᠤᠷᠬᠠᠨᠲᠤ ᠶᠢᠨ ᠰᠦᠮ᠎ᠡ ᠭᠡᠵᠤ ᠨᠡᠷᠡᠯᠡᠭᠰᠡᠨ ᠪᠠᠶᠢᠲᠠᠭ᠃ ᠡᠬᠦᠨ ᠠᠴᠠ ᠪᠤᠯᠵᠤ ᠡᠨᠡ ᠭᠤᠤᠯ ᠤᠨ ᠨᠡᠷ᠎ᠡ ᠶᠢ ᠪᠤᠷᠬᠠᠨᠲᠤ ᠶᠢᠨ ᠭᠤᠤᠯ ᠭᠡᠵᠤ ᠨᠡᠷ᠎ᠡ ᠶᠢ ᠨᠢ ᠬᠠᠯᠠᠭᠰᠠᠨ ᠪᠠᠶᠢᠬ᠎ᠠ ᠭᠡᠲᠡᠭ᠃ ᠭᠤᠤᠯ ᠭᠤᠷᠤᠬ᠎ᠠ ᠨᠢ ᠭᠤᠷᠴᠢᠬᠢᠨᠠᠵᠤ᠂ ᠵᠦᠢᠯ ᠤᠨ ᠴᠡᠴᠡᠭ ᠠᠯᠠᠭᠯᠠᠭᠰᠠᠨ᠂ ᠵᠢᠬᠦᠷᠲᠡᠨ ᠰᠢᠪᠠᠭᠤ ᠬᠠᠯᠢᠵᠤ᠂ ᠠᠮᠢᠲᠠᠨ ᠬᠦᠷᠦᠭᠡᠰᠤ ᠲᠠᠭᠰᠢᠭᠰᠠᠨ ᠡᠨᠡ ᠭᠠᠵᠠᠷ ᠪᠤᠷᠬᠠᠨ ᠪᠠᠭᠰᠢ ᠶᠢᠨ ᠭᠡᠭᠡᠨ ᠮᠡᠯᠡᠮᠡᠢ ᠳᠤ ᠲᠤᠭᠤᠭᠲᠠᠭᠰᠠᠨ ᠨᠢ ᠦᠨᠡᠨ ᠲᠠᠢ᠃       ᠡᠰᠡᠨᠢᠯ ᠲᠦᠯᠵᠢᠯ ᠤᠨ ᠡᠭᠡᠰᠢᠭ ᠡᠭᠡ ᠲᠡᠯᠡᠭᠡᠢ ᠶᠢ ᠪᠦᠪᠠᠶᠢᠯᠡᠵᠦ᠂ ᠢᠰᠢᠭᠡ ᠬᠤᠷᠠᠭᠠᠨ ᠤ ᠮᠠᠶᠢᠯᠠᠭ᠎ᠠ ᠬᠦᠷᠰᠢᠭᠰᠡᠨ ᠴᠠᠰᠤ ᠶᠢ ᠤᠶᠠᠷᠠᠭᠤᠯᠤᠭᠰᠠᠨ ᠤᠯᠠᠷᠢᠯ ᠤᠨ ᠰᠠᠶᠢᠬᠠᠨ ᠬᠠᠪᠤᠷ ᠪᠤᠯᠬᠤ ᠪᠠᠷ ᠨᠡᠬᠦᠲᠡᠯ ᠤᠨ ᠰᠢᠪᠠᠭᠤᠳ ᠠᠲᠡ ᠢᠷᠡᠨ ᠨᠤᠲᠤᠭᠰᠢᠵᠦ ᠦᠷ᠎ᠡ ᠬᠤᠶᠢᠴᠢᠰ ᠢᠶᠠᠨ ᠦᠰᠭᠡᠲᠡᠭ ᠪᠠᠶᠢᠬᠤ ᠳᠤ ᠬᠤᠨ ᠭᠠᠯᠠᠭᠤ ᠮᠡᠲᠦ ᠬᠤᠯᠠ ᠶᠢ ᠵᠤᠷᠢᠭᠰᠠᠨ ᠨᠡᠬᠦᠲᠡᠯ ᠤᠨ ᠰᠢᠪᠠᠭᠤᠳ ᠭᠤᠶᠤ ᠰᠠᠶᠢᠬᠠᠨ ᠦᠵᠡᠮᠵᠢ ᠳᠤ ᠰᠤᠭᠲᠤᠭᠤᠷᠠᠨ᠂ ᠵᠢᠬᠦᠷ ᠲᠠᠯᠠᠪᠴᠢ ᠪᠠᠨ ᠠᠮᠠᠷᠠᠭᠠᠵᠤ᠂ ᠭᠡᠲᠦᠨ ᠬᠤᠨᠤᠭ ᠠᠮᠠᠷᠠᠭᠠᠳ ᠶᠠᠪᠤᠲᠠᠭ ᠨᠢ ᠵᠢᠯ ᠪᠤᠯᠭᠠᠨ ᠤ ᠵᠤᠷᠰᠢᠯ ᠪᠤᠯᠵᠠᠢ᠃ ᠪᠤᠷᠬᠠᠨᠲᠤ ᠶᠢᠨ ᠭᠤᠤᠯ ᠬᠠᠲᠤᠨ ᠭᠤᠤᠯ ᠰᠢᠭ᠋ 5000 ᠭᠠᠷᠤᠢ ᠮᠧᠳ᠋ᠷ ᠦᠨᠲᠦᠷ ᠪᠠᠶᠠᠨᠬᠠᠷ᠎ᠠ ᠠᠭᠤᠯᠠᠨ ᠠᠴᠠ ᠡᠬᠢ ᠠᠪᠴᠤ 5000 ᠭᠠᠷᠤᠢ ᠺᠢᠯᠤᠮᠧᠳ᠋ᠷ ᠤᠷᠲᠤ ᠦᠷᠬᠦᠯᠵᠢᠯᠡᠭᠡ ᠦᠭᠡᠢ᠃ ᠪᠢᠴᠢᠭᠲᠦ ᠶᠢᠨ ᠲᠠᠯ᠎ᠠ ᠶᠢᠨ ᠵᠡᠬᠦᠨ ᠰᠤᠭᠤ ᠠᠴᠠ ᠤᠨᠲᠤᠷᠤᠯᠭ᠎ᠠ ᠠᠪᠴᠤ ᠵᠠᠮ ᠲᠠᠭᠠᠤ ᠲᠤᠭᠠᠯᠠᠰᠢ ᠦᠭᠡᠢ ᠤᠯᠠᠨ ᠪᠤᠯᠠᠭ ᠢᠶᠠᠷ ᠬᠦᠴᠦ ᠪᠠᠨ ᠰᠡᠯᠪᠢᠭᠰᠡᠨ ᠴᠦ ᠵᠠᠭᠤ ᠭᠠᠷᠦ᠋ᠢᠬᠠᠨ ᠭᠠᠵᠠᠷ ᠤᠨ ᠤᠷᠤᠰᠬᠠᠯ ᠲᠠᠢ ᠪᠠᠶᠢᠲᠠᠭ᠃       ᠤᠷᠤᠰᠬᠠᠯ ᠤᠬᠤᠷ ᠴᠦ ᠤᠨᠲᠤᠷᠤᠯᠭ᠎ᠠ ᠰᠠᠶᠢᠲᠠᠢ᠂ ᠪᠦᠲᠦᠨ ᠵᠢᠯ ᠭᠠᠩ ᠦᠷᠬᠦᠯᠵᠢᠯᠡᠬᠦ ᠳᠤ ᠨᠠᠷᠢᠰᠤᠭᠠᠳ ᠪᠦᠵᠢᠭᠴᠢᠨ ᠭᠡᠤᠭᠡᠨ ᠤ ᠪᠦᠰᠡᠯᠡᠬᠦᠷ ᠰᠢᠭ ᠨᠠᠷᠢᠨ ᠪᠤᠯᠲᠠᠭ ᠴᠦ ᠲᠠᠰᠤᠷᠠᠭ᠎ᠠ ᠦᠭᠡᠢ ᠤᠷᠤᠰᠬᠤ ᠪᠠᠷ ᠢᠶᠠᠨ ᠤᠷᠤᠰᠤᠨ᠎ᠠ᠃ ᠡᠪᠤᠯ ᠭᠤᠤᠯᠯᠠᠬᠤ ᠪᠠᠷ ᠭᠤᠤᠯ ᠤᠨ ᠬᠤᠶᠠᠷ ᠡᠷᠬᠢ ᠪᠠᠨ ᠲᠡᠯᠡᠵᠦ᠂ ᠭᠡᠲᠦᠨ ᠠᠷᠪᠠᠨ ᠮᠧᠳ᠋ᠷ ᠦᠷᠭᠡᠨ ᠬᠦᠯᠲᠡᠲᠡᠭ ᠴᠦ ᠭᠡᠷ ᠤᠨ ᠪᠦᠰᠡᠯᠡᠬᠦᠷ ᠰᠢᠭ ᠬᠠᠷᠠᠵᠠ ᠶᠢᠨ ᠤᠰᠤ ᠨᠢ ᠲᠤᠪ ᠲᠤᠩᠭᠠᠯᠠᠭ ᠢᠶᠠᠷ ᠢᠶᠠᠨ ᠪᠠᠶᠢᠲᠠᠭ᠃ ᠠᠭᠤᠯᠠᠨ ᠲᠡᠭᠡᠷ᠎ᠡ ᠠᠴᠠ ᠬᠠᠷᠠᠬᠤ ᠳᠤ ᠪᠤᠷᠬᠠᠨᠲᠤ ᠶᠢᠨ ᠭᠤᠤᠯ ᠨᠠᠷᠠᠨ ᠤ ᠲᠤᠶᠠᠭᠠᠨ ᠳᠤ ᠬᠢᠯᠠᠯᠵᠠᠨ᠂ ᠲᠡᠨ᠎ᠠ ᠰᠤᠪᠤᠳ ᠤᠷᠤᠰᠴᠤ ᠪᠠᠶᠢᠭ᠎ᠠ ᠴᠦ ᠶᠤᠮᠰᠢᠭ ᠭᠤᠶᠤᠬᠠᠨ ᠬᠠᠷᠠᠭᠲᠠᠨ᠎ᠠ᠃ ᠠᠯᠢᠶ᠎ᠠ ᠪᠠᠭ᠎ᠠ ᠨᠠᠰᠤ ᠪᠠᠨ ᠪᠤᠷᠬᠠᠨᠲᠤ ᠶᠢᠨ ᠭᠤᠤᠯ ᠲᠠᠢ ᠪᠠᠨ ᠬᠠᠨᠢᠰᠠᠨ ᠦᠩᠭᠡᠷᠡᠭᠡᠬᠦ ᠭᠡᠵᠤ ᠵᠤᠯ ᠲᠠᠢ ᠪᠠᠶᠢᠵᠠᠢ ᠳ᠋ᠠ᠃ ᠵᠤᠯᠠᠢ ᠠᠴᠠ ᠲᠤᠰᠤ ᠭᠠᠷᠤᠮ᠎ᠠ ᠵᠤᠨ ᠤ ᠬᠠᠯᠠᠭᠤᠨ ᠳᠤ᠂ ᠵᠤᠬᠢᠰᠲᠠᠢ ᠭᠠᠵᠠᠷ ᠰᠤᠩᠭᠤᠨ ᠲᠤᠬᠤᠢ ᠬᠦᠨ ᠤᠰᠤ ᠶᠢ ᠬᠠᠶᠢᠷ ᠴᠢᠯᠠᠭᠤ ᠪᠠᠷ ᠬᠠᠰᠢᠯᠭ᠎ᠠ ᠪᠠᠷᠢᠨ ᠬᠤᠷᠢᠴᠢᠬᠠᠭᠠᠳ ᠤᠯᠠᠭᠠᠨ ᠨᠢᠴᠦᠬᠦᠨ ᠢᠶᠠᠷ ᠢᠶᠠᠨ ᠤᠮᠪᠠᠵᠤ ᠪᠠᠶᠢᠨ᠎ᠠ ᠭᠡᠵᠤ ᠲᠤᠭᠯᠠᠲᠠᠭ ᠪᠠᠶᠢᠬᠰᠠᠨ᠃ ᠤᠮᠪᠠᠨ᠎ᠠ ᠭᠡᠵᠤ ᠭᠡᠯᠡᠬᠦ ᠪᠠᠷ ᠨᠢ ᠤᠰᠤᠨ ᠲᠤᠲᠤᠷ᠎ᠠ ᠮᠦᠯᠬᠦᠵᠦ ᠪᠠᠶᠢᠨ᠎ᠠ ᠭᠡᠪᠡᠯ ᠨᠡᠩ ᠲᠤᠬᠢᠷᠠᠮᠵᠢᠲᠠᠢ᠃ ᠴᠡᠭᠡᠵᠢᠨ ᠲᠠᠯ᠎ᠠ ᠪᠠᠨ ᠨᠠᠷᠠᠨ ᠳᠤ ᠰᠢᠷᠠᠭᠤᠯᠵᠤ ᠭᠡᠪᠲᠡᠬᠦ ᠳᠤ᠂ ᠪᠤᠷᠬᠠᠨᠲᠤ ᠶᠢᠨ ᠭᠤᠤᠯ ᠤᠨ ᠲᠤᠷᠭᠠᠨ ᠤᠷᠤᠰᠬᠠᠯ ᠡᠵᠢ ᠶᠢᠨ ᠮᠢᠨᠢ ᠬᠠᠶᠢᠷ᠎ᠠ ᠰᠢᠩᠭᠡᠭᠰᠡᠨ ᠵᠦᠭᠡᠯᠡᠨ ᠭᠠᠷ ᠰᠢᠭ᠋ ᠦᠪᠴᠢ ᠪᠡᠶ᠎ᠡ ᠶᠢ ᠮᠢᠨᠢ ᠢᠯᠪᠢᠵᠦ ᠦᠩᠭᠡᠷᠡᠨ᠎ᠡ᠃ ᠬᠠᠮᠠᠷ ᠬᠦᠯᠲᠡᠭᠡᠮ᠎ᠡ ᠡᠪᠤᠯ ᠤᠨ ᠬᠦᠢᠲᠡᠨ ᠳᠤ᠂ ᠰᠢᠯ ᠰᠢᠭ ᠮᠦᠰᠦᠨ ᠲᠡᠭᠡᠷ᠎ᠡ ᠨᠢ ᠭᠤᠯᠭᠤᠵᠤ ᠨᠠᠭᠠᠳᠬᠤ ᠭᠡᠵᠤ ᠪᠡᠰᠠ ᠴᠦ ᠨᠢᠭᠡ ᠴᠠᠭ ᠤᠨ ᠵᠢᠷᠭᠠᠯ ᠭᠡᠵᠤ ᠮᠡᠲᠡ᠃ ᠬᠠᠪᠤᠷ ᠨᠠᠮᠤᠷ ᠪᠤᠯᠬᠤ ᠳᠤ ︿︿ᠭᠤᠤᠯ ᠤᠨ ᠤᠰᠤᠨ ᠳᠤ ᠤᠷᠤᠵᠤ ᠪᠤᠯᠬᠤ ᠦᠭᠡᠢ᠂ ᠰᠢᠷᠪᠤᠰᠤ ᠲᠠᠲᠠᠨ᠎ᠠ﹀﹀ ᠭᠡᠳ ᠠᠪᠤ ᠡᠵᠢ ᠮᠢᠨᠢ ᠪᠢᠲᠠᠨ ᠢ ᠭᠤᠤᠯ ᠤᠨ ᠤᠰᠤᠨ ᠳᠤ ᠨᠠᠭᠠᠲᠤᠭᠤᠯᠲᠠᠭ ᠦᠭᠡᠢ ᠪᠠᠶᠢᠭᠰᠠᠨ᠃ ᠠᠯᠢᠶ᠎ᠡ ᠲᠦᠢᠳᠭᠡᠷ ᠪᠢᠲᠠ ᠭᠡᠲᠦᠬᠦᠯᠡ ᠴᠦ ᠰᠢᠷᠪᠤᠰᠤ ᠲᠠᠲᠠᠬᠤ ᠠᠴᠠ ᠠᠶᠤᠭᠠᠳ ᠵᠤᠷᠢᠭᠯᠠᠨ ᠤᠷᠤᠲᠠᠭ ᠦᠭᠡᠢ᠃ ᠤᠲᠠᠭᠠᠨ ᠤᠨ ᠤ ᠤᠷᠤᠰᠬᠠᠯ ᠳᠤ ᠤᠬᠢᠶᠠᠭᠲᠠᠨ ᠪᠦᠮᠪᠦᠷᠭᠡᠨ ᠪᠤᠯᠤᠭᠰᠠᠨ ᠬᠠᠲᠠ ᠴᠢᠯᠠᠭᠤᠨ ᠲᠡᠭᠡᠷ᠎ᠡ ᠨᠢ ᠬᠢᠰᠬᠢᠭᠡᠳ ᠭᠤᠤᠯ ᠭᠡᠲᠦᠯᠲᠡᠭ ᠰᠠᠨ᠃       ᠠᠶᠢᠯ ᠤᠨ ᠰᠠᠯᠠᠭ᠎ᠠ ᠭᠡᠵᠢᠭᠡᠲᠦ ᠭᠡᠤᠭᠡᠨ ᠲᠠᠢ ᠠᠶᠢᠯ ᠭᠡᠷ ᠪᠤᠯᠴᠢᠬᠠᠭᠠᠳ ᠠᠮᠢ ᠨᠠᠰᠤᠨ ᠤ ᠦᠷᠬᠦᠯᠵᠢᠯᠡᠯ ᠪᠤᠯᠤᠭᠰᠠᠨ ᠦᠷ᠎ᠡ ᠪᠠᠨ ᠲᠠᠭᠠᠭᠤᠯᠤᠭᠠᠳ ᠨᠤᠲᠤᠭ ᠲᠤ ᠪᠠᠨ ᠬᠠᠷᠢᠬᠤ ᠳᠤ᠂ ᠨᠤᠲᠤᠭ ᠤᠨ ᠮᠢᠨᠢ ᠭᠤᠤᠯ ᠤᠤᠯ ᠶᠤᠰᠤᠭᠠᠷ ᠢᠶᠠᠨ ᠤᠷᠤᠰᠬᠤ ᠪᠠᠷ ᠢᠶᠠᠨ ᠤᠷᠤᠰᠤᠨ᠎ᠠ᠃ ᠬᠦᠦ ᠮᠢᠨᠢ ᠪᠤᠷᠬᠠᠨᠲᠤ ᠶᠢᠨ ᠭᠤᠤᠯ  ᠳᠤ ᠤᠰᠤ ᠨᠠᠭᠠᠳᠬᠤ ᠭᠡᠵᠤ ᠤᠷᠤᠯ᠎ᠠ᠃ ᠬᠦᠮᠦᠨ ᠤ ᠠᠮᠢᠲᠤᠷᠠᠯ ᠤᠨ ᠤᠯᠪᠠᠭ᠎ᠠ ᠦᠴᠦᠭᠡᠲᠦᠷ ᠤᠨ ᠦᠨᠦᠲᠦᠷ ᠲᠤ ᠲᠡᠮᠵᠢᠬᠲᠡᠵᠦ ᠪᠠᠶᠢᠭ᠎ᠠ ᠨᠢ ᠡᠨᠡ ᠠᠵᠠᠢ᠃ 
ᠢᠷᠡᠯᠲᠡ᠄ ᠤᠷᠠᠳ ᠤᠨ ᠳᠤᠮᠳᠠᠳᠤ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ