ᠠᠮᠢᠨ ᠰᠢᠲᠦᠭᠡᠨ — ᠤᠲᠤᠮ ᠤᠨ ᠠᠯᠲᠠᠨ ᠨᠤᠲᠤᠭ
ᠨᠡᠶᠢᠲᠡᠯᠡᠭᠰᠡᠨ ᠴᠠᠭ᠄
2022/12/14
      ᠰᠦᠨᠢᠵᠢᠨ ᠠᠨᠢᠪᠴᠢᠯᠠᠬᠤ ᠤᠲᠤᠳ ᠢ ᠬᠠᠷᠠᠭᠠᠳ ᠨᠦᠢᠷ ᠬᠤᠯᠵᠢᠭᠤᠯᠲᠠᠭ ᠨᠠᠪᠲᠠᠭᠠᠷ ᠪᠤᠷᠤ ᠭᠡᠷ ᠮᠢᠨᠢ ᠲᠠᠨᠲᠠ ᠪᠤᠢ᠂ ᠨᠠᠰᠤᠨ ᠪᠠᠭ᠎ᠠ ᠶᠢᠨ ᠲᠤᠷᠠᠰᠤᠮᠵᠢ ᠮᠢᠨᠢ ᠲᠡᠨᠲᠡ ᠪᠤᠢ᠂ ᠤᠭᠰᠠᠭ᠎ᠠ ᠵᠠᠯᠭᠠᠵᠤ ᠤᠲᠤᠮ ᠲᠠᠮᠵᠢᠬᠤ ᠤᠬᠠᠭᠠᠨ ᠴᠦ ᠲᠡᠨᠲᠡ ᠪᠤᠢ᠃ ᠡᠨᠡ ᠭᠠᠵᠠᠷ ᠢ ᠨᠤᠲᠤᠭ ᠭᠡᠲᠡᠭ᠂ ᠡᠷᠬᠢᠬᠦ ᠲᠦᠷᠦᠯ ᠢᠶᠠᠨ ᠠᠲᠡ ᠭᠡᠵᠤ ᠲᠠᠭᠠᠳᠬᠠᠭᠰᠠᠨ ᠭᠠᠵᠠᠷ ᠡ᠃       ᠨᠤᠲᠤᠭ ᠤᠨ ᠰᠢᠷᠤᠢ ᠠᠯᠲᠠ ᠠᠴᠠ ᠦᠨᠡᠲᠡᠢ ᠭᠡᠵᠤ ᠨᠠᠰᠤᠲᠠᠶᠢᠴᠤᠳ ᠲᠠᠩᠲᠠ ᠶᠠᠷᠢᠲᠠᠭ᠂ ᠠᠯᠲᠠ ᠯᠠ ᠪᠠᠶᠢᠬᠤ ᠶᠤᠰᠤᠲᠠᠢ᠃ ᠡᠷ᠎ᠡ ᠪᠡᠶ᠎ᠡ ᠮᠢᠨᠢ ᠡᠵᠢ ᠠᠴᠠ ᠪᠠᠨ ᠲᠦᠷᠦᠬᠦ ᠳᠤ ᠡᠭᠡ ᠤᠷᠤᠨ ᠤ ᠪᠠᠨ ᠬᠦᠷᠦᠰᠤ ᠰᠢᠷᠤᠢ ᠲᠠᠢ ᠪᠠᠨ ᠡᠭᠡᠨᠡᠭᠲᠡ ᠬᠦᠢ ᠪᠠᠨ ᠬᠤᠯᠪᠤᠭᠰᠠᠨ ᠶᠤᠮ᠃ ᠠᠩᠬᠠᠨ  ᠤ ᠠᠯᠬᠤᠮ ᠢᠶᠠᠨ ᠠᠯᠬᠤᠬᠤ ᠳᠤ ᠨᠤᠲᠤᠭ ᠤᠨ ᠮᠢᠨᠢ ᠰᠢᠷ᠎ᠠ ᠰᠢᠷᠤᠢ ᠬᠦᠮᠦᠨ ᠤ ᠠᠮᠢᠲᠤᠷᠠᠯ ᠤᠨ ᠪᠠᠶᠠᠷ ᠵᠤᠪᠠᠯᠠᠩ ᠢ ᠡᠷᠲᠡ ᠠᠴᠠ ᠲᠠᠨᠢᠭᠤᠯᠬᠤ ᠭᠡᠵᠤ ᠬᠤᠨᠢᠨ ᠤ ᠬᠤᠷᠭᠤᠯ ᠢᠶᠠᠷ ᠢᠶᠠᠨ ᠨᠠᠮᠠᠢᠢ ᠪᠦᠲᠦᠷᠢᠬᠦᠯᠦᠭᠰᠡᠨ ᠶᠤᠮ᠂ ᠬᠤᠨᠲᠠᠭᠠᠨ ᠴᠢᠨᠡᠭᠡᠨ ᠬᠤᠩᠬᠤᠷ ᠢᠶᠠᠷ ᠢᠶᠠᠨ ᠨᠠᠮᠠᠢᠢ ᠶᠢ ᠤᠨᠠᠭᠠᠭᠰᠠᠨ ᠶᠤᠮ᠂ ᠠᠮᠠ ᠲᠦᠬᠦᠷᠡᠩ ᠰᠢᠷᠤᠢ ᠡᠮᠬᠦᠵᠦ᠂ ᠡᠵᠢ ᠪᠠᠨ ᠬᠠᠷᠠᠭᠠᠳ ᠲᠠᠭᠤ ᠲᠠᠯᠪᠢᠨ ᠤᠬᠢᠯᠠᠬᠤ ᠳᠤ ᠪᠦᠲᠦᠨ ᠲᠡᠯᠡᠭᠡᠢ ᠮᠢᠨᠤ ᠰᠢᠭ᠋ ᠯᠠ ᠪᠠᠶᠢᠭᠰᠠᠨ᠃ ᠨᠤᠲᠤᠭ ᠤᠨ ᠮᠢᠨᠢ ᠬᠦᠷᠦᠰᠦ ᠢᠩᠬᠢᠵᠦ ᠯᠠ ᠨᠠᠮᠢᠢ ᠰᠦ ᠶᠢᠨ ᠦᠨᠦᠷ ᠰᠢᠩᠭᠡᠭᠰᠡᠨ ᠮᠤᠲᠤᠨ ᠦᠯᠦᠭᠡᠢ ᠠᠴᠠ ᠲᠤᠰᠤᠨ ᠠᠪᠴᠤ᠂ ᠠᠩᠬᠢᠷ ᠤᠭᠤᠷᠠᠭ ᠰᠡᠩᠭᠢᠨᠡᠭᠰᠡᠨ ᠪᠤᠶᠢᠲᠤᠭ ᠢ ᠮᠢᠨᠢ ᠡᠯᠡᠭᠡᠨ ᠬᠦᠯ ᠳᠤ ᠤᠷᠤᠭᠤᠯᠤᠭᠰᠠᠨ ᠶᠤᠮ᠃       ᠾᠦ᠋ᠩᠨᠦ ᠰᠢᠶᠦ᠋ᠩᠨᠦ ᠶᠢᠨ ᠦᠶ᠎ᠡ ᠠᠴᠠ ᠬᠤᠷᠯᠤ ᠲᠤᠭᠤᠨᠤ ᠲᠠᠢ ᠭᠡᠷ ᠪᠦᠮᠪᠤᠶᠢᠵᠦ ᠪᠠᠶᠢᠭᠰᠠᠨ ᠨᠤᠲᠤᠭ᠂ ᠬᠤᠷ ᠲᠡᠯ ᠲᠠᠢ ᠠᠲᠤᠭᠤ ᠢᠨᠴᠠᠭᠠᠵᠤ ᠪᠠᠶᠢᠭᠰᠠᠨ ᠭᠠᠵᠠᠷ᠂ ᠬᠤᠷᠠᠭᠠᠨ ᠲᠡᠪᠡᠯ ᠲᠠᠢ ᠭᠡᠤᠭᠡᠳ ᠠᠨᠳᠠᠭᠠᠶᠢᠯᠠᠵᠤ ᠪᠠᠶᠢᠭᠰᠠᠨ ᠬᠠᠶᠢᠷᠠᠬᠠᠨ᠃ ᠮᠢᠩᠭ᠎ᠠ ᠮᠢᠩᠭᠠᠨ ᠤ ᠬᠠᠯᠠᠭ᠎ᠠ ᠳᠤ᠂ ᠵᠠᠭᠤ ᠵᠠᠭᠤᠨ ᠤ ᠤᠯᠠᠭ᠎ᠠ ᠳᠤ᠂ ᠮᠦᠩᠭᠡ ᠲᠡᠭᠷᠢ ᠳᠤ ᠪᠠᠨ ᠲᠠᠭᠠᠳᠬᠠᠨ᠂ ᠮᠦᠷᠡᠨ ᠭᠤᠤᠯ ᠢᠶᠠᠨ ᠲᠠᠬᠢᠵᠦ᠂ ᠤᠪᠤᠭ᠎ᠠ ᠬᠠᠶᠢᠷᠠᠬᠠᠨ ᠳᠤ ᠪᠠᠨ ᠰᠦᠰᠦᠭᠯᠡᠨ ᠮᠦᠷᠬᠦᠵᠦ᠂ ᠴᠢᠮᠬᠢ ᠰᠢᠷᠤᠢ ᠶᠢ ᠨᠢ ᠬᠦᠷᠲᠡᠯ᠎ᠠ ᠴᠡᠴᠡᠭᠡᠢ ᠪᠠᠨ ᠰᠢᠭ ᠬᠠᠶᠢᠷᠠᠯᠠᠨ᠂ ᠠᠶᠠᠭᠠᠨ ᠴᠢᠨᠡᠭᠡᠨ ᠨᠦᠭᠡ ᠮᠠᠯᠲᠠᠭᠰᠠᠨ ᠴᠦ ︽ᠡᠭᠡ ᠲᠡᠯᠡᠭᠡᠢ ᠡᠮᠵᠡᠭᠯᠡᠨ᠎ᠡ ᠰᠢᠤ︾ ᠭᠡᠳ ᠦᠷ᠎ᠡ ᠠᠴᠢᠨᠠᠷ ᠢᠶᠠᠨ ᠬᠦᠮᠦᠵᠢᠬᠦᠯᠵᠦ᠂ ᠠᠬᠢᠭᠠᠳ ᠤᠤᠯ ᠶᠤᠰᠤᠭᠠᠷ ᠨᠢ ᠪᠤᠯᠠᠵᠤ ᠲᠠᠯᠪᠢᠲᠠᠭ ᠲᠡᠷᠲᠡᠭᠡ ᠬᠤᠯᠠ ᠶᠢᠨ ᠲᠡᠭᠷᠢᠯᠢᠭ ᠰᠤᠶᠤᠯ ᠢ ᠡᠪᠲᠡᠭᠲᠡᠭᠡ ᠦᠭᠡᠢ ᠤᠩᠭᠤᠨ ᠪᠠᠶᠢᠭᠠᠯᠢ ᠪᠢᠲᠠᠨ ᠳᠤ ᠭᠡᠯᠡᠵᠦ ᠪᠠᠶᠢᠭᠰᠠᠨ ᠶᠤᠮ᠃       ᠡᠭᠡ ᠤᠷᠤᠨ ᠢᠶᠠᠨ ᠭᠡᠰᠡᠨ ᠪᠠᠭᠠᠲᠤᠷ ᠡᠷᠡᠴᠤᠳ ᠤᠯᠠᠭᠠᠨ ᠴᠢᠰᠤ ᠪᠠᠨ ᠠᠲᠡ ᠤᠷᠤᠰᠬᠠᠵᠤ ᠮᠦᠩᠭᠡᠷᠡᠭᠰᠡᠨ ᠶᠤᠮ᠂ ᠡᠩᠬᠦᠷᠡᠢ ᠦᠷ᠎ᠡ ᠪᠠᠨ ᠭᠡᠰᠡᠨ ᠪᠤᠭᠤᠷᠤᠯ ᠡᠵᠢ ᠬᠠᠯᠠᠭᠤᠨ ᠨᠢᠯᠪᠤᠰᠤ ᠪᠠᠨ ᠠᠲᠡ ᠪᠦᠮᠪᠦᠷᠢᠬᠦᠯᠵᠦ ᠴᠢᠯᠠᠭᠤᠵᠢᠭᠰᠠᠨ ᠶᠤᠮ᠃ ᠦᠯᠢᠭᠡᠷ ᠲᠠᠢ ᠲᠤᠮᠤᠭ ᠲᠠᠢ ᠡᠶᠢᠮᠦ ᠯᠠ ᠰᠠᠶᠢᠬᠠᠨ ᠨᠤᠲᠤᠭ ᠤᠨ ᠬᠦᠭᠡ ᠴᠢᠯᠠᠭᠤᠨ ᠳᠤᠨᠢ ᠮᠦᠷ ᠢᠶᠠᠨ ᠦᠯᠡᠲᠡᠭᠡᠵᠦ᠂ ᠠᠶᠠᠰ ᠤᠨ ᠰᠠᠯᠬᠢᠨ ᠳᠤᠨᠢ ᠬᠠᠴᠠᠷ ᠢᠶᠠᠨ ᠢᠯᠪᠢᠬᠦᠯᠵᠦ᠂ ᠬᠦᠯᠦᠭ ᠤᠨ ᠨᠢᠷᠤᠭᠤᠨ ᠳᠤᠨᠢ ᠨᠢ ᠬᠠᠲᠠᠭᠤᠵᠢᠨ ᠪᠦᠭᠡᠵᠢᠵᠦ ᠂ ᠭᠡᠤᠭᠡᠳ ᠠᠴᠠ ᠭᠡᠤᠭᠡᠳ ᠤᠨ ᠠᠪᠤ ᠪᠤᠯᠤᠭᠰᠠᠨ ᠳ᠋ᠠ᠃       ︽ᠦᠶ᠎ᠠ ᠦᠶ᠎ᠠ ᠳᠤ ᠪᠠᠨ ᠠᠮᠠᠷᠠᠭ᠂ ᠦᠨᠢᠶ᠎ᠡ ᠲᠤᠭᠤᠯ ᠳᠤ ᠪᠠᠨ ᠠᠮᠠᠷᠠᠭ︾ ᠭᠡᠲᠡᠭᠴᠢᠯᠡᠨ᠂ ᠦᠶ᠎ᠡ ᠬᠤᠷᠠᠭ ᠤᠨ ᠭᠡᠲᠦᠨ ᠭᠡᠤᠭᠡᠳ ᠤᠴᠠᠷᠠᠵᠤ ᠠᠭᠤᠯᠵᠠᠬᠤ ᠪᠠᠷ ᠨᠢᠰᠤ ᠪᠠᠨ ᠭᠤᠭᠤᠵᠢᠭᠤᠯᠤᠭᠰᠠᠨ ᠨᠢ ᠴᠦ ᠲᠡᠷᠡ᠂ ᠨᠢᠷᠤᠭᠤ ᠪᠠᠨ ᠡᠬᠦᠷᠦᠭᠰᠡᠨ ᠨᠢ ᠴᠦ ᠲᠡᠷᠡ᠂ ᠤᠲᠠᠭᠠᠨ ᠡᠲᠦᠷ ᠬᠦᠮᠦᠨ ᠤ ᠪᠠᠷ᠎ᠠ ᠤᠯᠵᠤ ᠬᠠᠷᠠᠭᠰᠠᠨ ᠦᠭᠡᠢ ᠠᠴᠠ ᠪᠤᠯᠪᠠᠤ︖ ᠭᠡᠰᠡᠭ ᠪᠦᠱᠦᠬᠦᠷᠭᠡᠵᠦ ᠪᠠᠶᠢᠭᠰᠠᠨ ᠠᠴᠠ ᠪᠠᠨ ᠨᠢᠭᠡ ᠮᠡᠲᠡᠬᠦ ᠳᠤ ᠯᠠ ᠴᠢᠨᠤ ᠮᠢᠨᠤ ᠭᠡᠵᠤ ᠢᠯᠠᠭᠠᠬᠤ ᠦᠭᠡᠢ ᠦᠶᠡᠷᠭᠡᠨ ᠲᠤᠭᠯᠠᠵᠤ ᠡᠬᠢᠯᠡᠲᠡᠭ᠃ ᠬᠦᠲᠡᠭᠡ ᠶᠢᠨ ᠭᠡᠤᠭᠡᠳ ᠲᠤ ᠬᠦᠮᠦᠨ ᠤ ᠡᠮᠦᠨ᠎ᠡ ᠭᠠᠷᠭᠠᠴᠢᠮᠠᠷ ᠰᠤᠨᠢᠨ ᠰᠠᠶᠢᠬᠠᠨ ᠨᠠᠭᠠᠲᠤᠮ ᠲᠤᠭᠯᠠᠭᠠᠮ ᠤᠨ ᠵᠦᠢᠯ ᠭᠡᠵᠤ ᠪᠠᠶᠢᠲᠠᠭ ᠦᠭᠡᠢ ᠯᠠ ᠳ᠋ᠠ᠂ ᠬᠦᠷᠰᠢ ᠠᠶᠢᠯ ᠤᠨ ᠭᠡᠤᠭᠡᠳ ᠤᠳ ᠬᠠᠶᠠ ᠢᠷᠡᠬᠦ ᠪᠠᠷ ᠸᠠᠭᠠᠷ ᠱᠠᠭᠠᠵᠠᠩ ᠤᠨ ᠭᠡᠯᠲᠡᠷᠭᠡᠢ ᠴᠤᠭᠯᠠᠭᠤᠯᠵᠤ᠂ ᠠᠶᠢᠯ ᠭᠡᠷ ᠪᠤᠯᠵᠤ ᠲᠤᠭᠯᠠᠬᠤ ᠪᠤᠶᠤ ᠪᠤᠷᠭᠠᠰᠤ ᠬᠤᠰᠤ ᠵᠠᠶᠢᠲᠠᠯᠠᠨ ᠠᠲᠤᠭᠤᠴᠢᠨ ᠠᠪᠤ ᠪᠠᠨ ᠲᠠᠭᠤᠷᠢᠶᠠᠵᠤ ᠲᠤᠭᠯᠠᠲᠠᠭ ᠲᠡᠷᠡ ᠬᠤᠯᠠ ᠶᠢᠨ ᠭᠡᠤᠭᠡᠳ ᠨᠠᠰᠤ ᠲᠤᠷᠠᠳᠬᠠᠯ ᠳᠤ ᠭᠡᠵᠢᠶᠡᠲᠡ ᠤᠶᠢᠷᠠᠬᠠᠨ᠃       ᠵᠤᠯᠠᠢ ᠠᠴᠠ ᠨᠠᠷᠠ ᠰᠢᠷᠠᠭᠰᠠᠨ ᠵᠤᠨ ᠤ ᠰᠠᠶᠢᠬᠠᠨ ᠨᠢᠭᠡᠨ ᠡᠲᠦᠷ᠂ ᠬᠦᠷᠰᠢ ᠠᠶᠢᠯ ᠤᠨ ᠬᠢᠨᠢ ᠭᠡᠷ ᠢᠶᠠᠷ ᠢᠶᠠᠨ ᠮᠠᠨ ᠤ ᠳᠤ ᠰᠢᠨ᠎ᠡ ᠱᠦᠯᠤ ᠤᠤᠭᠤᠵᠤ ᠭᠡᠢ  ᠪᠠᠨ ᠲᠠᠷᠤᠨ᠎ᠠ ᠭᠡᠵᠤ ᠢᠷᠡᠵᠡᠭᠡᠭᠰᠡᠨ ᠪᠢᠯᠡ᠃ ᠶᠡᠭᠡ ᠤᠯᠤᠰ ᠤᠳ ᠬᠤᠨᠢ ᠪᠠᠨ ᠲᠤᠶᠠᠴᠠᠵᠤ ᠭᠡᠲᠡᠰᠤ ᠲᠤᠲᠤᠷ ᠢᠶᠠᠨ ᠲᠤᠲᠤᠮᠲᠠᠨ ᠶᠠᠷᠢᠶ᠎ᠠ ᠬᠦᠭᠡᠷᠦᠨ ᠲᠠᠢ ᠶᠠᠭᠠᠷᠠᠨ᠎ᠠ ᠃ ᠠᠶᠢᠯ ᠤᠨ ᠲᠡᠬᠦᠦ ᠪᠤᠷᠭᠠᠰᠤᠨ ︽ᠮᠤᠷᠢ︾ ᠪᠠᠨ ᠭᠡᠲᠦ ᠰᠢᠷᠦᠬᠦᠨ ᠭᠤᠶᠠᠲᠠᠭᠰᠠᠨ ᠤ ᠬᠢ ᠪᠢᠵᠠ᠂ ᠭᠠᠭᠴᠠ ︽ᠪᠤᠯᠬᠢᠬᠤ︾ ᠶᠢ ᠲᠠᠭᠠᠯ ᠦᠭᠡᠢ ᠬᠠᠶᠠᠭᠲᠠᠵᠤ᠂ ᠡᠪᠤᠲᠦᠭ ᠨᠢ ᠰᠢᠯᠪᠤᠷᠠᠬᠤ ᠪᠠᠷ ᠲᠠᠭᠤ ᠲᠠᠯᠪᠢᠨ ᠤᠬᠢᠯᠠᠭᠰᠠᠨ ᠳᠤ᠂ ᠶᠠᠭᠠᠷᠠᠯᠲᠤᠵᠤ ᠪᠠᠶᠢᠭᠰᠠᠨ ᠶᠡᠭᠡ ᠤᠯᠤᠰ ᠤᠳ ᠬᠦᠶᠦᠯᠲᠦᠨ ᠭᠠᠷᠴᠤ ᠢᠷᠠᠯ᠎ᠠ᠃ ᠠᠪᠤ᠄ ︽ᠭᠡᠨ ᠲᠡᠬᠦᠦ ᠪᠠᠨ ᠲᠦᠯᠬᠢᠨ ᠤᠨᠠᠭᠠᠭᠰᠠᠨ ᠪᠤᠢ︖︾ ᠭᠡᠵᠤ ᠵᠠᠩᠲᠤᠷᠬᠤ ᠳᠤ᠂ ᠪᠢᠲᠡ ᠭᠡᠲᠦᠬᠦᠯᠠ ᠠᠶᠤᠨ ᠲᠠᠭᠵᠢᠵᠤ᠄ ︽ᠦᠪᠡᠷ ᠢᠶᠠᠨ ᠤᠨᠠᠭᠰᠠᠨ︕︾ ᠭᠡᠵᠤ ᠲᠤᠤᠭᠤᠷ ᠬᠠᠷᠠᠨ ᠲᠤᠷᠤᠢ ᠲᠠᠭᠤᠨ ᠢᠶᠠᠷ ᠬᠠᠷᠢᠭᠤᠯᠤᠯ᠎ᠠ᠃ ᠲᠡᠭᠡᠬᠦ ᠳᠤ ᠠᠶᠢᠯ ᠤᠨ ᠮᠦᠮᠦ ᠨᠠᠷᠠᠨ ᠳᠤ ᠬᠠᠯᠠᠭᠰᠠᠨ ᠰᠢᠷᠤᠢ ᠠᠴᠠ ᠨᠢᠭᠡ ᠴᠢᠮᠬᠢᠵᠦ ᠠᠪᠤᠭᠠᠳ ᠭᠦᠤ ᠶᠢᠨ ᠢᠶᠠᠨ ᠰᠢᠷᠬᠠᠨ ᠳᠤᠨᠢ ᠲᠦᠷᠬᠢᠴᠢᠭᠡᠭᠡᠳ᠄ ︽ᠵᠦᠭᠡᠷ ᠡ᠂ ᠵᠦᠭᠡᠷ᠂ ᠨᠤᠲᠤᠭ ᠤᠨ ᠰᠢᠷᠤᠢ ᠡᠮ ᠪᠤᠯᠲᠠᠭ ᠶᠤᠮ ᠡ᠂ ᠮᠢᠨᠤ ᠬᠦᠦ ᠲᠤᠮᠤ ᠡᠷ᠎ᠡ ᠬᠦᠮᠦᠨ ᠪᠤᠯᠴᠢᠬᠠᠭᠰᠠᠨ ᠰᠢᠤ᠂ ᠤᠬᠢᠯᠠᠲᠠᠭ ᠦᠭᠡᠢ ᠶᠤᠮ︾ ᠭᠡᠯ᠎ᠡ ᠁       ᠵᠠᠮ ᠬᠠᠷᠢᠯᠴᠠᠭ᠎ᠠ ᠲᠦᠬᠦᠮ ᠦᠭᠡᠢ᠂ ᠡᠮ ᠲᠠᠩ ᠢᠶᠠᠷ ᠲᠤᠲᠠᠭᠰᠠᠨ ᠤᠨ ᠵᠢᠯ ᠤᠳ ᠨᠤᠲᠤᠭ ᠤᠨ ᠮᠢᠨᠢ ᠰᠢᠷᠤᠢ ᠨᠠᠲᠠ ᠳᠤ ᠮᠦᠩᠭᠡ ᠶᠢᠨ ᠰᠢᠲᠢ ᠰᠢᠩᠭᠡᠭᠰᠡᠨ ᠷᠢᠯᠦ ᠰᠢᠭ᠋ ᠰᠠᠨᠠᠭᠲᠠᠭᠰᠠᠨ᠃ ᠬᠦᠮᠦᠨ ᠮᠠᠯ ᠤᠨ ᠰᠢᠷᠬᠠᠨ ᠳᠤ ᠨᠤᠲᠤᠭ ᠤᠨ ᠰᠢᠷᠤᠢ ᠶᠢ ᠲᠦᠷᠬᠢᠨ ᠴᠢᠰᠤ ᠶᠢ ᠨᠢ ᠲᠤᠭᠲᠠᠭᠠᠲᠠᠭ᠂ ᠶᠡᠷᠦ ᠨᠢ ᠢᠲᠡᠭᠡᠯᠡᠵᠦ ᠬᠤᠪᠢᠯᠠᠲᠠᠭ ᠦᠭᠡᠢ᠂ ᠭᠡᠲᠦ ᠬᠤᠨᠤᠬᠤ ᠪᠠᠷ ᠦ ᠰᠡᠪ ᠦᠭᠡᠢ ᠰᠠᠶᠢᠬᠠᠨ ᠡᠲᠡᠭᠡᠲᠡᠭ ᠨᠢ ᠭᠠᠶᠢᠬᠠᠯᠲᠠᠢ᠃ ᠬᠦᠮᠡᠯᠢ ᠲᠠᠭᠠᠨ᠎ᠠ ᠶᠢᠨ ᠰᠢᠮ᠎ᠠ ᠬᠦᠷᠦᠰᠦᠨ ᠳᠤᠨᠢ ᠰᠢᠩᠭᠡᠵᠦ᠂ ᠭᠤᠭᠤᠳ ᠭᠤᠶᠤᠤ ᠭᠠᠵᠠᠷ ᠰᠠᠢ ᠦᠭᠡᠢ ᠤᠷᠭᠤᠭᠰᠠᠨ ᠤ ᠬᠢ ᠴᠦ ᠪᠤᠯᠪᠠᠤ⁈       ᠨᠤᠲᠤᠭ ᠲᠠᠢ ᠬᠦᠮᠦᠨ ᠪᠠᠶᠠᠨ᠂ ᠲᠡᠶᠢᠮᠦ ᠳᠤ ᠪᠠᠨ ᠨᠤᠲᠤᠭ ᠲᠠᠢ ᠬᠦᠮᠦᠨ ᠭᠡᠶᠢᠮᠦᠷᠢ ᠲᠠᠢ ᠪᠠᠶᠢᠲᠠᠭ᠃       ᠬᠦᠰᠡᠯ ᠤᠨ ᠵᠢᠬᠦᠷ ᠢᠶᠠᠨ ᠲᠡᠪᠲᠡᠷᠢᠬᠦᠯᠵᠦ᠂ ᠬᠦᠮᠦᠨ ᠤ ᠨᠤᠲᠤᠭ ᠲᠤ ᠬᠦᠯ ᠲᠠᠯᠪᠢᠬᠤ ᠳᠤ ᠶᠠᠭᠤ ᠪᠦᠬᠦᠨ ᠰᠤᠨᠢᠨ ᠰᠡᠪᠡᠬᠦᠨ᠂ ᠶᠠᠭᠤ ᠪᠦᠬᠦᠨ ᠡᠴᠢᠨ᠎ᠠ ᠨᠢᠭᠤᠴᠠ ᠪᠠᠶᠢᠭᠰᠠᠨ ᠴᠦ ᠭᠡᠷ ᠤᠷᠤᠨ ᠢᠶᠠᠨ ᠭᠡᠵᠤ ᠶᠠᠷᠢᠭᠠᠳ ᠢᠷᠡᠬᠦ ᠳᠤ ᠨᠤᠲᠤᠭ ᠤᠨ ᠰᠢᠷ᠎ᠠ ᠰᠢᠷᠤᠢ ᠦᠨᠦᠷᠲᠦᠨ ᠬᠠᠮᠠᠷ ᠤᠨ ᠦᠵᠦᠬᠦᠷ ᠱᠠᠷᠬᠢᠷᠠᠲᠠᠭ ᠰᠠᠨ᠃ ᠦᠨᠲᠦᠷ ᠠᠰᠠᠷ ᠰᠡᠬᠦ᠋ᠢᠭᠰᠡᠨ ᠬᠤᠲᠠ ᠳᠤ ᠤᠲᠠᠭᠠᠨ ᠰᠠᠭᠤᠭᠰᠠᠨ ᠪᠤᠭᠤᠷᠤᠯ ᠡᠵᠢ ᠨᠤᠲᠤᠭ ᠤᠨ ᠢᠶᠠᠨ ᠬᠠᠯᠠᠭᠤᠨ ᠬᠦᠷᠦᠰᠤᠨ ᠳᠤ ᠭᠡᠰᠬᠢᠬᠦ ᠪᠠᠷ ᠦᠪᠡᠷ ᠤᠨ ᠡᠷᠭᠡ ᠦᠭᠡᠢ ᠰᠦᠬᠦᠷᠡᠨ ᠰᠠᠭᠤᠵᠤ᠂ ᠲᠠᠰᠤᠯ ᠪᠤᠯᠤᠭᠰᠠᠨ ᠨᠤᠲᠤᠭ ᠤᠨ ᠢᠶᠠᠨ ᠰᠢᠷᠤᠢ ᠶᠢ ᠬᠤᠶᠠᠷ ᠭᠠᠷ ᠢᠶᠠᠷ ᠢᠶᠠᠨ ᠬᠤᠮᠢᠨ ᠠᠪᠤᠭᠠᠳ ᠨᠠᠨᠲᠢᠩᠨᠠᠨ ᠦᠨᠦᠷᠯᠡᠬᠦ ᠳᠤ ᠲᠤᠲᠤᠷ᠎ᠠ ᠨᠢ ᠤᠩᠭᠤᠶᠢᠨ᠂ ᠨᠢᠲᠤ ᠨᠢ ᠭᠡᠷᠡᠯᠲᠦᠵᠦ᠂ ᠲᠦᠮᠡᠨ ᠦᠷᠴᠢᠯᠡᠭᠡᠰᠤ ᠨᠢ ᠲᠡᠨᠢᠢᠭᠰᠡᠨ ᠰᠢᠭ ᠬᠠᠷᠠᠭᠲᠠᠨ᠎ᠠ᠂ ᠡᠪᠡᠳᠴᠢᠨ ᠲᠠᠬᠤᠯ ᠨᠢ ᠴᠦ ᠶᠢᠰᠦᠨ ᠲᠡᠭᠷᠢ  ᠶᠢᠨ ᠴᠠᠭᠠᠨ᠎ᠠ ᠵᠠᠮᠬᠠᠷᠠᠵᠠᠢ ᠁       ᠲᠠᠲᠠᠭᠰᠠᠨ ᠵᠠᠯ᠎ᠠ ᠠᠴᠠ ᠨᠢ ᠲᠠᠷᠠᠭ ᠠᠶᠢᠷᠠᠭ ᠤᠨ ᠦᠨᠦᠷ ᠬᠠᠩᠬᠤᠯᠤᠭᠰᠠᠨ᠂ ᠲᠤᠭᠤᠷᠠᠢ ᠲᠠᠮᠠᠭᠠᠨ ᠠᠴᠠ ᠨᠢ ᠷᠠᠰᠢᠶᠠᠨ ᠪᠤᠯᠠᠭ ᠤᠨᠲᠤᠷᠤᠭᠰᠠᠨ᠂ ᠬᠤᠲᠠᠴᠢ ᠨᠤᠬᠠᠢ ᠶᠢᠨ ᠲᠠᠭᠤᠨ ᠬᠤᠯᠠ ᠶᠢᠨ ᠬᠤᠯᠠ ᠠᠴᠠ ᠰᠤᠨᠤᠰᠲᠠᠭᠰᠠᠨ᠂ ᠬᠤᠷᠸ᠎ᠠ ᠳᠤ ᠲᠠᠬᠢᠭᠠᠳ ᠤᠯᠲᠠᠬᠤ ᠦᠭᠡᠢ ᠮᠢᠨᠤ ᠯᠠ ᠨᠤᠲᠤᠭ ᠭᠤᠶᠤᠬᠠᠨ᠂ ᠨᠠᠮᠠᠢᠢ ᠬᠦᠯ ᠳᠤ ᠤᠷᠤᠭᠤᠯᠤᠭᠰᠠᠨ ᠨᠤᠲᠤᠭ ᠤᠨ ᠮᠢᠨᠢ ᠰᠢᠷᠤᠢ ᠨᠡᠩ ᠴᠦ ᠲᠤᠯᠠᠭᠠᠬᠠᠨ᠃ ᠠᠮᠢ ᠲᠠᠢ ᠮᠢᠨᠢ ᠬᠤᠯᠪᠤᠭ᠎ᠠ ᠲᠠᠢ ᠮᠢᠨᠤ ᠨᠤᠲᠤᠭ ᠠᠰᠢᠲᠠ ᠶᠢᠨ ᠵᠠᠶᠠᠭᠠᠲᠤ ᠰᠠᠶᠢᠬᠠᠨ ᠭᠠᠵᠷ ᠡ᠃          ᠪᠠ᠊ ᠪᠦᠬᠡ ᠶᠢᠨ ︽ᠬᠠᠶᠢᠷ᠎ᠠ ᠪᠠᠷ ᠢᠪᠢᠯᠬᠦ ᠬᠤᠷᠸ᠎ᠠ︾ ᠭᠡᠬᠦ ᠮᠡᠳᠡᠭᠡᠯᠡᠯ ᠤᠨ ᠤᠷᠠᠨ ᠵᠤᠬᠢᠶᠠᠯ ᠤᠨ ᠲᠡᠭᠦᠪᠦᠷᠢ ᠠᠴᠠ ᠪᠠᠭᠤᠯᠭᠠᠪᠠ
ᠢᠷᠡᠯᠲᠡ᠄ ᠤᠷᠠᠳ ᠤᠨ ᠳᠤᠮᠳᠠᠳᠤ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ