ᠲᠠᠯᠠᠨ ᠨᠠᠰᠤ
ᠨᠡᠶᠢᠲᠡᠯᠡᠭᠰᠡᠨ ᠴᠠᠭ᠄
2022/12/14
ᠲᠠᠯᠠᠨ ᠨᠠᠰᠤ ᠪᠠᠭᠠᠳᠤᠷ ᠲᠠᠪᠠᠯᠭᠠᠨ ᠤ ᠲᠤᠮᠳᠠᠭᠤᠷ ᠲᠤᠪᠳᠤᠯᠵᠤ ᠲᠠᠪᠠᠭ᠎ᠠ ᠨᠢᠷᠤᠭᠤᠳ ᠢ ᠲᠤᠭᠤᠯᠠᠬᠰᠠᠨ ᠲᠠᠯᠠᠨ ᠨᠠᠰᠤ ᠲᠠᠢ ᠲᠠ ᠮᠢᠨᠢ ᠲᠠᠩᠴᠢ ᠭᠤᠶᠤᠬᠠᠨ ᠪᠠᠶᠢᠨ᠎ᠠ ᠳ᠋ᠠ ᠬᠦᠯᠦᠭ ᠤᠨ ᠨᠢᠷᠤᠭᠤᠨ ᠳᠤ ᠲᠦᠷᠦᠭᠡ ᠢᠰᠭᠦᠯᠵᠤ ᠬᠦᠳᠡᠭᠡ ᠲᠠᠯ᠎ᠠ ᠳᠠᠭᠠᠨ ᠰᠦᠷᠦᠭ ᠢᠶᠠᠨ ᠪᠡᠯᠴᠢᠭᠡᠭᠰᠡᠨ ᠬᠦᠪᠤᠩ ᠡᠭᠦᠯᠡ ᠨᠢ ᠲᠡᠭᠷᠢ ᠶᠢᠨ ᠬᠠᠶᠠᠭ᠎ᠠ ᠲᠠᠢ ᠵᠠᠯᠭᠠᠯᠳᠤᠬᠰᠠᠨ ᠬᠦᠰᠡᠯ ᠤᠨ ᠬᠠᠶᠢᠷᠠᠳᠤ ᠦᠪᠦᠷ ᠮᠤᠩᠭᠤᠯ ᠮᠢᠨᠢ ᠰᠠᠶᠢᠨ ᠪᠠᠶᠢᠨ᠎ᠠ ᠤᠤ︖ ᠲᠠᠯ᠎ᠠ ᠶᠢᠨ ᠲᠤᠮᠳᠠ ᠪᠠᠨ ᠲᠠᠪᠤᠨ ᠬᠤᠰᠢᠭᠤ ᠮᠠᠯ ᠲᠠᠢ ᠲᠠᠩᠰᠤᠭ ᠭᠡᠷ ᠲᠡᠭᠡᠨ ᠮᠤᠷᠢᠨ ᠬᠤᠭᠤᠷ ᠤᠨ ᠠᠶᠠᠯᠭᠤ ᠲᠠᠢ ᠲᠠᠯᠠᠨ ᠨᠠᠰᠤ ᠲᠠᠢ ᠠᠬ᠎ᠠ ᠲᠠᠨ ᠳᠠᠭᠠᠨ ᠲᠡᠩᠳᠡᠭᠦᠤ ᠬᠠᠶᠢᠷᠠᠳᠠᠢ ᠶᠤᠮ ᠦᠪᠦᠷ ᠮᠤᠩᠭᠤᠯ ᠮᠢᠨᠢ ᠦᠨᠳᠦᠷ ᠠᠭᠤᠯᠠ ᠶᠢ ᠲᠠᠪᠠᠵᠤ ᠦᠷᠭᠡᠨ ᠮᠦᠷᠡᠨ ᠢ ᠭᠠᠳᠤᠯᠤᠬᠰᠠᠨ ᠦᠨᠡᠨ ᠬᠠᠶᠢᠷᠠᠳᠠᠢ ᠦᠪᠦᠷ ᠮᠤᠩᠭᠤᠯ ᠮᠢᠨᠢ ᠦᠨᠳᠦᠷ ᠤᠷᠳᠤ ᠨᠠᠰᠤᠯᠠᠭᠠᠷᠠᠢ ᠦᠨᠦᠴᠢᠨ ᠪᠤᠳᠤᠭᠤ ᠪᠠᠨ ᠬᠦᠳᠡᠭᠡ ᠳᠤ ᠬᠠᠶᠠᠬᠰᠠᠨ ᠦᠭᠡᠢ ᠦᠷᠭᠡᠨ ᠲᠦᠮᠡᠨ ᠢᠶᠠᠨ ᠴᠡᠭᠡᠵᠢᠨ ᠳᠤ ᠪᠠᠨ ᠪᠠᠭᠳᠠᠭᠠᠬᠰᠠᠨ ᠦᠨᠢᠷ ᠪᠠᠶᠠᠯᠢᠭ ᠦᠪᠦᠷ ᠮᠤᠩᠭᠤᠯ ᠤᠨ ᠢᠶᠠᠨ ᠦᠷᠨᠢᠨ ᠬᠦᠭᠵᠢᠭᠦ ᠶᠢ ᠨᠢ ᠪᠠᠶᠠᠷᠯᠠᠨ ᠪᠡᠯᠭᠡᠯᠡᠶ᠎ᠡ︕ 
ᠢᠷᠡᠯᠲᠡ᠄ ᠤᠷᠠᠳ ᠤᠨ ᠳᠤᠮᠳᠠᠳᠤ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ