ᠤᠷᠠᠳ ᠤᠨ ᠡᠮᠦᠨᠡᠲᠦ ᠬᠤᠰᠢᠭᠤᠨ ᠤ ᠨᠣᠮ ᠤᠨ ᠰᠠᠩ ᠠᠴᠠ ᠰᠤᠷᠭᠠᠭᠤᠯᠢ ᠳᠤ ᠨᠣᠮ ᠬᠠᠨᠳᠢᠪᠯᠠᠬᠤ ᠠᠵᠢᠯᠯᠠᠭ᠎ᠠ ᠦᠷᠨᠢᠭᠦᠯᠪᠡ
ᠨᠡᠶᠢᠲᠡᠯᠡᠭᠰᠡᠨ ᠴᠠᠭ᠄
2022/5/27
      5 ᠰᠠᠷ᠎ᠠ ᠶᠢᠨ 23 ᠤ ᠡᠳᠦᠷ ᠤᠨ ᠦᠳᠡ ᠶᠢᠨ ᠡᠮᠦᠨ᠎ᠡ᠂ ᠤᠷᠠᠳ ᠤᠨ ᠡᠮᠦᠨᠡᠲᠦ ᠬᠤᠰᠢᠭᠤᠨ ᠤ ᠨᠣᠮ ᠤᠨ ᠰᠠᠩ ᠨᠢ ᠬᠤᠰᠢᠭᠤᠨ ᠤ ᠰᠤᠷᠭᠠᠨ ᠬᠥᠮᠦᠵᠢᠯ ᠤᠨ ᠲᠣᠪᠴᠢᠶ᠎ᠠ ᠪᠣᠯᠤᠨ ᠰᠢᠩ ᠰᠢᠨ ᠨᠣᠮ ᠤᠨ ᠳᠡᠯᠭᠡᠭᠦᠷ ᠲᠠᠢ ᠬᠤᠯᠪᠤᠭᠠᠯᠠᠨ ᠭᠤᠷᠪᠠᠳᠤᠭᠠᠷ ᠪᠠᠭ᠎ᠠ ᠰᠤᠷᠭᠠᠭᠤᠯᠢ ᠳᠤ ᠨᠣᠮ ᠪᠢᠴᠢᠭ ᠬᠠᠨᠳᠢᠪᠯᠠᠬᠤ ᠠᠵᠢᠯᠯᠠᠭ᠎ᠠ ᠥᠷᠨᠢᠭᠦᠯᠪᠡ᠃       ᠠᠵᠢᠯᠯᠠᠭ᠎ᠠ ᠶᠢᠨ ᠲᠤᠬᠠᠢ ᠶᠢᠨ ᠲᠠᠯᠠᠪᠤᠷ ᠲᠤ᠂ ᠨᠣᠮ ᠤᠨ ᠰᠠᠩ ᠤᠨ ᠠᠵᠢᠯᠲᠠᠳ ᠪᠣᠯᠣᠨ ᠰᠢᠩ ᠰᠢᠨ ᠨᠣᠮ ᠤᠨ ᠳᠡᠯᠭᠡᠭᠦᠷ ᠤᠨ ᠬᠠᠷᠢᠭᠤᠴᠠᠯᠭᠠᠲᠠᠨ ᠨᠠᠷ ᠲᠣᠰᠠᠬᠠᠶᠢᠯᠠᠨ ᠰᠣᠩᠭᠤᠭᠰᠠᠨ ᠨᠣᠮ ᠪᠢᠴᠢᠭ ᠢᠶᠠᠨ ᠬᠡᠦᠬᠡᠳ ᠤᠳ ᠲᠤ ᠬᠦᠷᠭᠡᠵᠦ᠂ ᠳᠡᠳᠡᠨ ᠳᠤ ᠬᠠᠶᠢᠷ᠎ᠠ ᠬᠠᠯᠠᠮᠵᠢ ᠬᠦᠷᠲᠡᠭᠡᠵᠦ᠂ ᠬᠡᠦᠬᠡᠳ ᠤᠳ ᠡᠳᠡᠭᠡᠷ ᠬᠠᠨᠳᠢᠪᠯᠡᠭ᠌ᠰᠠᠨ ᠨᠣᠮ ᠪᠢᠴᠢᠭ ᠢ ᠰᠠᠶᠢᠲᠤᠷ ᠬᠡᠷᠡᠭᠯᠡᠵᠦ᠂ ᠴᠢᠷᠮᠠᠶᠢᠨ ᠰᠤᠷᠤᠯᠴᠠᠨ ᠡᠷᠡᠭᠦᠯ ᠢᠶᠠᠷ ᠦᠰᠦᠨ ᠪᠤᠶᠢᠵᠢᠵᠤ᠂ ᠶᠣᠰᠣ ᠰᠤᠷᠲᠠᠬᠤᠨ ᠤᠶᠤᠨ ᠤᠬᠠᠭᠠᠨ ᠪᠡᠶ᠎ᠡ ᠮᠠᠬᠠᠪᠤᠳ ᠠᠵᠢᠯ ᠬᠥᠳᠡᠯᠮᠦᠷᠢ ᠪᠦᠬᠦ ᠲᠠᠯ᠎ᠠ ᠪᠠᠷ ᠬᠥᠭᠵᠢᠭᠰᠡᠨ ᠰᠢᠨ᠎ᠡ ᠴᠠᠭ ᠦᠶ᠎ᠡ ᠶᠢᠨ ᠰᠢᠯᠢᠳᠡᠭ ᠪᠠᠭᠠᠴᠤᠳ ᠪᠣᠯᠬᠤ ᠪᠠᠷ ᠴᠢᠷᠮᠠᠶᠢᠬᠤ ᠶᠢ ᠬᠦᠰᠡᠪᠡ᠃ ᠴᠣ ᠰᠢᠨ᠎ᠡ ᠨᠣᠮ ᠪᠢᠴᠢᠭ ᠤᠳ ᠨᠢ ᠪᠠᠭᠰᠢ ᠰᠤᠷᠤᠭᠴᠢᠳ ᠤᠨ ᠪᠠᠭ᠋ᠠᠷᠬᠠᠯ ᠢ ᠶᠡᠬᠡᠪᠡᠷ ᠲᠠᠲᠠᠭᠰᠠᠨ ᠪᠠᠶᠢᠨ᠎ᠠ᠃      ᠣᠶᠢᠯᠠᠭᠠᠭᠰᠠᠨ ᠢᠶᠠᠷ᠂ ᠲᠣᠰ ᠤᠳᠠᠭᠠᠨ ᠤ ᠰᠤᠷᠭᠠᠭᠤᠯᠢ ᠶᠢᠨ ᠬᠦᠷᠢᠶᠡᠨ ᠳᠤ ︽ᠨᠣᠮ ᠪᠢᠴᠢᠭ ᠬᠦᠷᠭᠡᠬᠦ︾ ᠠᠵᠢᠯᠯᠠᠭ᠎ᠠ ᠪᠣᠯ ︽ᠪᠢᠴᠢᠭ ᠤᠨ ᠰᠤᠷᠪᠤᠯᠵᠢᠲᠤ ᠤᠷᠠᠳ᠂ ᠬᠠᠮᠲᠤ ᠪᠠᠷ ᠢᠷᠡᠭᠡᠳᠦᠢ ᠵᠦᠭ ᠤᠷᠤᠭᠰᠢᠯᠠᠶ᠎ᠠ︾ ᠭᠡᠬᠦ ᠪᠥᠬᠦ ᠠᠷᠠᠳ ᠢᠶᠠᠷ ᠢᠶᠠᠨ ᠨᠣᠮ ᠤᠩᠰᠢᠬᠤ ᠰᠢᠷᠢᠰ ᠠᠵᠢᠯᠯᠠᠭ᠎ᠠ ᠶᠢᠨ ᠨᠢᠭᠡ ᠪᠣᠯᠣᠨ᠎ᠠ᠃ ᠠᠵᠢᠯᠯᠠᠭ᠎ᠠ ᠶᠢ ᠥᠷᠨᠢᠭᠦᠯᠦᠭᠰᠡᠨ ᠨᠢ ᠰᠤᠷᠭᠠᠭᠤᠯᠢ ᠶᠢᠨ ᠨᠣᠮ ᠪᠢᠴᠢᠭ ᠤᠨ ᠡᠬᠢ ᠪᠠᠶᠠᠯᠢᠭ ᠢ ᠪᠠᠶᠠᠯᠢᠭᠵᠢᠭᠤᠯᠵᠤ᠂ ᠰᠤᠷᠤᠭᠴᠢᠳ ᠢ ᠨᠣᠮ ᠪᠢᠴᠢᠭ ᠦᠵᠡᠵᠦ᠂ ᠬᠠᠷᠠᠭ᠎ᠠ ᠪᠠᠨ ᠥᠷᠭᠡᠳᠬᠡᠨ᠂ ᠮᠡᠳᠡᠯᠭᠡ ᠪᠠᠨ ᠨᠡᠮᠡᠭᠳᠡᠭᠦᠯᠦᠨ᠂ ︽ᠨᠣᠮ ᠪᠢᠴᠢᠭ ᠤᠩᠰᠢᠬᠤ ᠳᠤᠷᠠᠲᠠᠢ᠂ ᠨᠣᠮ ᠪᠢᠴᠢᠭ ᠢᠯᠡᠭᠦᠦ ᠤᠩᠰᠢᠬᠤ᠂ ᠰᠠᠶᠢᠨ ᠨᠣᠮ ᠪᠢᠴᠢᠭ ᠤᠩᠰᠢᠬᠤ︾ ᠰᠠᠶᠢᠨ ᠰᠠᠶᠢᠬᠠᠨ ᠵᠠᠩ ᠳᠠᠳᠬᠠᠯ ᠲᠠᠢ ᠪᠣᠯᠭᠠᠭᠰᠠᠨ ᠪᠠᠶᠢᠨ᠎ᠠ᠃ ᠲᠣᠰ ᠤᠳᠠᠭᠠᠨ ᠤ ᠠᠵᠢᠯᠯᠠᠭ᠎ᠠ ᠳᠤ ᠨᠡᠶᠢᠲᠡ 300 ᠰᠢᠬᠠᠮ ᠳᠡᠪᠲᠡᠷ᠂ 80 ᠭᠠᠷᠤᠢ ᠵᠦᠢᠯ ᠤᠨ ᠨᠣᠮ ᠪᠢᠴᠢᠭ ᠬᠦᠷᠭᠡᠵᠦ᠂ 7400 ᠲᠥᠭᠦᠷᠢᠭ ᠤᠨ ᠥᠷᠲᠡᠭ ᠳᠤ ᠬᠦᠷᠦᠭᠰᠡᠨ ᠪᠠᠶᠢᠨ᠎ᠠ᠃ 
ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ