ᠪᠠᠶᠠᠨᠮᠠᠨᠳᠤᠬᠤ ᠶᠢᠨ ᠠᠪᠤᠷᠭᠤ ᠭᠦᠷᠪᠡᠯ ᠤᠨ ᠴᠢᠯᠠᠭᠤᠵᠢᠮᠠᠯ ᠤᠨ ᠭᠠᠵᠠᠷ ᠰᠢᠨᠵᠢᠯᠡᠭᠡᠨ ᠤ ᠦᠯᠡᠳᠡᠭᠳᠡᠯ ᠳᠤ ᠰᠢᠨ᠎ᠡ ᠪᠠᠷ ᠢᠯᠡᠷᠡᠭᠦᠯᠦᠭᠰᠡᠨ ᠠᠪᠤᠷᠭᠤ ᠭᠦᠷᠪᠡᠯ ᠤᠨ ᠴᠢᠯᠠᠭᠤᠵᠢᠮᠠᠯ ᠤᠨ ᠬᠡᠮᠬᠡᠳᠡᠭ ᠢᠯᠡᠷᠡᠭᠦᠯᠪᠡ
ᠨᠡᠶᠢᠲᠡᠯᠡᠭᠰᠡᠨ ᠴᠠᠭ᠄
2022/9/23
      ᠣᠶᠢᠷ᠎ᠠ ᠳᠤ᠂ ᠳᠤᠮᠳᠠᠳᠤ ᠤᠯᠤᠰ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠡᠷᠲᠡᠨ ᠤ ᠰᠡᠭᠡᠷᠲᠡᠨ ᠪᠠ ᠡᠷᠲᠡᠨ ᠤ ᠬᠥᠮᠥᠨ ᠲᠥᠷᠥᠯᠬᠢᠲᠡᠨ ᠤ ᠰᠤᠳᠤᠯᠭᠠᠨ ᠤ ᠭᠠᠵᠠᠷ ᠤᠨ ᠲᠤᠰᠬᠠᠢ ᠮᠡᠷᠭᠡᠵᠢᠯᠲᠡᠨ ᠤᠷᠠᠳ ᠤᠨ ᠬᠤᠶᠢᠲᠤ ᠬᠤᠰᠢᠭᠤᠨ ᠤ ᠪᠠᠶᠠᠨᠮᠠᠨᠳᠤᠬᠤ ᠶᠢᠨ ᠠᠪᠤᠷᠭᠤ ᠭᠦᠷᠪᠡᠯ ᠤᠨ ᠴᠢᠯᠠᠭᠤᠵᠢᠮᠠᠯ ᠤᠨ ᠭᠠᠵᠠᠷ ᠰᠢᠨᠵᠢᠯᠡᠭᠡᠨ ᠤ ᠦᠯᠡᠳᠡᠭᠳᠡᠯ ᠳᠤ ᠡᠷᠲᠡᠨ ᠤ ᠠᠮᠢᠳᠤ ᠪᠣᠳᠠᠰ ᠤᠨ ᠭᠠᠵᠠᠷ ᠰᠢᠨᠵᠢᠯᠡᠭᠡᠨ ᠤ ᠪᠠᠶᠢᠴᠠᠭᠠᠯᠲᠠ ᠬᠢᠵᠦ ᠪᠠᠶᠢᠨ᠎ᠠ᠃      ᠲᠣᠰ ᠤᠳᠠᠭᠠᠨ ᠤ ᠪᠠᠶᠢᠴᠠᠭᠠᠯᠲᠠ ᠳᠤ ᠶᠡᠭᠡ ᠬᠡᠮᠵᠢᠶᠡᠨ ᠤ ᠠᠪᠤᠷᠭᠤ ᠭᠦᠷᠪᠡᠯ ᠤᠨ ᠴᠢᠯᠠᠭᠤᠵᠢᠮᠠᠯ ᠤᠨ ᠬᠡᠮᠬᠡᠳᠡᠭ ᠢ ᠢᠯᠡᠷᠡᠭᠦᠯᠵᠡᠢ᠂ ᠠᠷᠤᠭ ᠶᠠᠰᠤᠨ ᠤ ᠬᠡᠯᠪᠡᠷᠢ ᠳᠦᠷᠰᠦ ᠶᠢ ᠦᠨᠳᠦᠰᠦᠯᠡᠨ ᠠᠩᠬᠠᠨ ᠤ ᠡᠪᠡᠷᠲᠦ ᠭᠦᠷᠪᠡᠯ ᠤᠨ ᠴᠢᠯᠠᠭᠤᠵᠢᠮᠠᠯ ᠤᠨ ᠬᠡᠮᠬᠡᠳᠡᠭ ᠢ ᠠᠩᠬ᠎ᠠ ᠠᠯᠬᠤᠮ ᠮᠠᠭᠠᠳᠯᠠᠵᠠᠢ᠃ ᠠᠩᠬᠠᠨ ᠤ ᠡᠪᠡᠷᠲᠦ ᠠᠪᠤᠷᠭᠤ ᠭᠦᠷᠪᠡᠯ ᠪᠣᠯ ᠠᠽᠢᠶ᠎ᠠ ᠲᠢᠪ ᠲᠤ ᠠᠮᠢᠳᠤᠷᠠᠵᠤ ᠪᠠᠶᠢᠭ᠎ᠠ ᠴᠠᠷᠳᠠ ᠶᠢᠨ ᠭᠠᠯᠪᠠ ᠶᠢᠨ ᠡᠪᠡᠰᠦᠨ ᠢᠳᠡᠰᠢᠲᠦ ᠠᠪᠤᠷᠭᠤ ᠭᠦᠷᠪᠡᠯ᠂ ᠪᠡᠶ᠎ᠡ ᠶᠢᠨ ᠬᠦᠨᠳᠦ ᠨᠢ 40 ᠺᠢᠯᠣᠭ᠍ᠷᠠᠮ ᠠᠴᠠ 180 ᠺᠢᠯᠣᠭ᠍ᠷᠠᠮ᠂ ᠪᠡᠶ᠎ᠡ ᠶᠢᠨ ᠣᠷᠳᠣ ᠨᠢ 3 ᠮᠧᠲᠷ ᠪᠠᠶᠢᠳᠠᠭ᠃
1658711835636047400.jpg
ᠢᠷᠡᠯᠲᠡ᠄ ᠪᠠᠶᠠᠨᠨᠠᠭᠤᠷ ᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠵᠠᠰᠠᠭ ᠤᠨ ᠶᠠᠪᠤᠳᠠᠯ ᠤᠨ ᠮᠣᠩᠭᠤᠯ ᠰᠦᠯᠵᠢᠶ᠎ᠡ