ᠪᠣᠷᠣᠳᠣᠬᠤᠢ ᠶᠢᠨ ᠡᠳ᠋ ᠡᠯᠪᠡᠭ ᠠᠷᠠᠳ ᠪᠠᠶᠠᠯᠢᠭ ᠢ ᠨᠡᠩ ᠰᠢᠭᠤᠳ ᠦᠵᠡᠭᠦᠯᠪᠡ
ᠨᠡᠶᠢᠲᠡᠯᠡᠭᠰᠡᠨ ᠴᠠᠭ᠄
2022/9/23
                       ᠥᠪᠥᠷ ᠮᠣᠩᠭᠤᠯ ᠤᠨ ᠶᠢᠨ ᠼᠣᠣ ᠶᠤᠸᠠᠨ ᠠᠮᠢ ᠠᠬᠤᠢ ᠶᠢᠨ ᠰᠢᠨᠵᠢᠯᠡᠬᠦ ᠤᠬᠠᠭᠠᠨ ᠮᠡᠷᠭᠡᠵᠢᠯ ᠤᠨ ᠪᠦᠯᠦᠭᠯᠡᠯ ᠤᠨ                                   ᠬᠢᠵᠠᠭᠠᠷᠲᠤ ᠺᠣᠮᠫᠠᠨᠢ ᠶᠢᠨ ᠬᠡᠷᠡᠭ ᠮᠡᠳᠡᠭᠴᠢᠳ ᠤᠨ ᠳᠠᠷᠤᠭ᠎ᠠ                                         ᠯᠢᠦ ᠹᠧᠨ ᠽᠧ       ᠬᠤᠷᠢᠨ ᠲᠦᠷᠪᠡᠨ ᠴᠠᠭ ᠤᠯᠠᠷᠢᠯ ᠪᠣᠯ ᠮᠠᠨ ᠤ ᠤᠯᠤᠰ ᠤᠨ ᠬᠤᠪᠣᠷ ᠨᠠᠨᠳᠢᠨ ᠲᠠᠷᠢᠶᠠᠯᠠᠩ ᠤᠨ ᠰᠢᠨᠵᠢᠯᠡᠬᠦ ᠤᠬᠠᠭᠠᠨ ᠤ ᠥᠪ ᠪᠣᠯᠬᠤ ᠪᠥᠭᠡᠳ ᠨᠡᠩ ᠴᠤ ᠮᠠᠨ ᠤ ᠤᠯᠤᠰ ᠤᠨ ︽ᠴᠠᠭ︾ ᠢ ᠲᠠᠨᠢᠵᠤ᠂ ︽ᠴᠠᠭ︾ ᠢ ᠬᠡᠷᠡᠭᠯᠡᠭᠰᠡᠨ ᠤ ᠤᠶᠤᠨ ᠪᠢᠯᠢᠭ ᠤᠨ ᠤᠬᠢ ᠪᠦᠲᠦᠭᠡᠯ ᠪᠣᠯᠬᠤ ᠶᠢ ᠨᠡᠩ ᠰᠢᠭᠤᠳ ᠣᠯᠵᠤ ᠬᠠᠷᠠᠨ᠎ᠠ᠃ ᠪᠣᠷᠣᠳᠣᠬᠤᠢ ᠣᠷᠣᠨ ᠤ ᠲᠠᠷᠢᠶᠠᠯᠠᠩ ᠮᠠᠯ ᠠᠵᠤ ᠠᠬᠤᠢ ᠶᠢᠨ ᠬᠥᠭᠵᠢᠯᠲᠡ ᠥᠨᠢ ᠤᠳᠠᠭᠠᠨ ᠲᠡᠦᠬᠡ ᠲᠠᠢ᠂ ︽ᠨᠠᠢᠮᠠᠨ ᠵᠠᠭᠤᠨ ᠭᠠᠵᠠᠷ ᠤᠨ ᠪᠣᠷᠣᠳᠣᠬᠤᠢ ᠠᠮᠤ ᠪᠤᠳᠠᠭᠠᠨ ᠤ ᠰᠠᠩ︾ ᠨᠢ ᠤᠯᠤᠰ ᠤᠨ ᠳᠣᠲᠣᠭᠠᠳᠤ ᠭᠠᠳᠠᠭᠠᠳᠤ ᠳᠤ ᠠᠯᠳᠠᠷᠲᠠᠢ ᠶᠤᠮ᠂ ᠲᠣᠰ ᠤᠳᠠᠭᠠᠨ ᠤ ︽ᠪᠣᠷᠣᠳᠣᠬᠤᠢ ᠪᠣᠯ ᠶᠡᠷᠦ ᠠᠴᠠ  ᠪᠤᠶᠠᠨᠲᠤ ᠣᠷᠣᠨ︱  ᠲᠡᠭᠷᠢ ᠶᠢᠨ ᠬᠡᠰᠢᠭᠲᠦ ᠪᠣᠷᠣᠳᠣᠬᠤᠢ · ᠬᠤᠷᠢᠨ ᠳᠥᠷᠪᠡᠨ ᠴᠠᠭ ᠤᠯᠠᠷᠢᠯ︾ ᠭᠡᠬᠦ ᠰᠢᠷᠢᠰ ᠪᠠᠷᠢᠮᠲᠠᠲᠤ ᠺᠢᠨᠣ᠋ ᠪᠠᠷ ᠳᠡᠮᠵᠢᠨ᠂ ᠪᠣᠷᠣᠳᠣᠬᠤᠢ ᠣᠷᠣᠨ ᠤ ᠡᠳ᠋ ᠡᠯᠪᠡᠭ ᠠᠷᠠᠳ ᠪᠠᠶᠠᠯᠢᠭ ᠪᠠᠶᠢᠬᠤ ᠶᠢ ᠨᠠᠳᠠ ᠳᠤ ᠨᠠᠩ ᠰᠢᠭᠤᠳ ᠬᠠᠷᠠᠭᠤᠯᠪᠠ᠃
ᠢᠷᠡᠯᠲᠡ᠄ ᠪᠠᠶᠠᠨᠨᠠᠭᠤᠷ ᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠵᠠᠰᠠᠭ ᠤᠨ ᠶᠠᠪᠤᠳᠠᠯ ᠤᠨ ᠮᠣᠩᠭᠤᠯ ᠰᠦᠯᠵᠢᠶ᠎ᠡ