︽ᠪᠤᠶᠠᠨᠲᠤ ᠣᠷᠣᠨ ᠪᠣᠷᠣᠳᠣᠬᠤᠢ ︾ ᠨᠢ  ᠨᠡᠷ᠎ᠡ ᠨᠢᠳᠡᠷ ᠲᠡᠭᠡᠨ ᠨᠡᠶᠢᠴᠡᠨ᠎ᠡ
ᠨᠡᠶᠢᠲᠡᠯᠡᠭᠰᠡᠨ ᠴᠠᠭ᠄
2022/9/23
                                 ᠵᠠᠩ ᡁᠢ ᠭᠦᠸᠧ       ᠪᠠᠶᠠᠨᠨᠠᠭᠤᠷ ᠤᠨ ᠡᠳᠦᠷ ᠤᠨ ᠰᠣᠨᠢᠨ ᠤ ᠬᠤᠷᠢᠶ᠎ᠠ ᠶᠢᠨ ᠤᠬᠠᠭᠠᠯᠠᠨ ᠵᠣᠬᠢᠶᠠᠭᠰᠠᠨ ︽ᠪᠣᠷᠣᠳᠣᠬᠤᠢ ᠪᠣᠯ ᠤᠤᠯ ᠠᠴᠠ ᠪᠠᠨ  ᠪᠤᠶᠠᠨᠲᠤ ᠣᠷᠣᠨ ᠂ ᠲᠡᠭᠷᠢ ᠶᠢᠨ ᠬᠡᠰᠢᠭᠲᠦ ᠪᠣᠷᠣᠲᠣᠬᠤᠢ · ᠬᠤᠷᠢᠨ ᠲᠦᠷᠪᠡᠨ ᠴᠠᠭ ᠤᠯᠠᠷᠢᠯ︾ ᠭᠡᠬᠦ ᠰᠢᠷᠢᠰ ᠪᠠᠷᠢᠮᠲᠠᠲᠤ ᠺᠢᠨᠣ᠋ ᠶᠢᠨ ᠠᠩᠬᠠᠨ ᠤ ᠪᠦᠯᠦᠭ ︽ᠵᠤᠨ ᠤ ᠠᠭᠤᠷ  ᠣᠷᠣᠬᠤ︾ ᠶᠢ ᠲᠣᠭᠲᠠᠭᠰᠠᠨ ᠬᠤᠭᠤᠴᠠᠭᠠᠨ ᠳᠤ ᠨᠡᠶᠢᠲᠡᠯᠡᠵᠦ᠂ ᠬᠥᠮᠥᠰ ᠲᠤ ᠴᠣ᠋ ᠰᠢᠨ᠎ᠡ ᠲᠥᠷᠥᠭᠳᠡᠯ ᠣᠯᠭᠤᠪᠠ᠂ ᠡᠨᠡ ᠪᠣᠯ ᠪᠣᠷᠣᠳᠣᠬᠤᠢ ᠶᠢᠨ ᠰᠣᠶᠣᠯ ᠢ ᠤᠬᠠᠭᠤᠯᠤᠭᠰᠠᠨ ᠪᠠᠰᠠ ᠨᠢᠭᠡᠨ ᠰᠢᠨ᠎ᠡ ᠠᠷᠭ᠎ᠠ ᠬᠡᠮᠵᠢᠶ᠎ᠡ ᠪᠣᠯᠣᠨ᠎ᠠ᠃ ᠲᠠᠷᠢᠵᠦ ᠲᠡᠵᠢᠭᠡᠬᠦ ᠦᠢᠯᠡᠰ ᠤᠨ ᠬᠥᠭᠵᠢᠯᠲᠡ ᠶᠢᠨ ᠱᠠᠭᠠᠷᠳᠠᠯᠭ᠎ᠠ ᠶᠢ ᠦᠨᠳᠦᠰᠦᠯᠡᠵᠦ᠂ ᠪᠣᠷᠣᠳᠣᠬᠤᠢ ᠶᠢᠨ ᠠᠷᠠᠳ ᠲᠦᠮᠡᠨ ᠠᠭᠤᠷ ᠠᠮᠢᠰᠬᠤᠯ ᠠᠮᠢᠳᠤᠷᠠᠯ ᠤᠨ ᠭᠡᠮ ᠤᠨ ᠲᠤᠬᠠᠢ ᠰᠤᠳᠤᠯᠭᠠᠨ ᠳᠤ ᠮᠠᠰᠢ ᠭᠦᠨ ᠵᠤᠵᠠᠭᠠᠨ ᠬᠤᠷᠠᠮᠳᠤᠭᠤᠯᠤᠯ ᠲᠠᠢ ᠪᠠᠶᠢᠵᠤ᠂ ᠲᠦᠷᠪᠡᠨ ᠤᠯᠠᠷᠢᠯ ᠤᠨ ᠠᠳᠠᠯᠢ ᠪᠤᠰᠤ ᠴᠠᠭ ᠤᠯᠠᠷᠢᠯ ᠤᠨ ᠤᠰᠤ ᠬᠥᠷᠥᠰᠥᠨ ᠤ ᠣᠨᠴᠠᠯᠢᠭ ᠵᠢᠴᠢ ᠲᠠᠷᠢᠵᠦ ᠲᠡᠵᠢᠭᠡᠬᠦ ᠠᠷᠭ᠎ᠠ ᠪᠣᠳᠣᠯᠭ᠎ᠠ ᠶᠢ ᠰᠡᠳᠬᠢᠯ ᠳᠤ ᠬᠠᠳᠠᠩᠰᠢᠭᠤᠯᠵᠤ᠂ ᠬᠥᠮᠥᠰ ᠢ ᠪᠢᠰᠢᠷᠡᠭᠦᠯᠦᠨ᠎ᠡ᠃ ᠶᠡᠷᠦ ᠶᠢᠨ ᠦᠭᠡᠨ ᠳᠤ ︽ᠭᠤᠷᠪᠠᠨ ᠡᠳᠦᠷ ᠤᠨ ᠳᠣᠲᠣᠷ᠎ᠠ ᠮᠠᠶᠢᠮᠠᠢ ᠶᠢᠨ ᠬᠥᠮᠥᠨ ᠢ ᠰᠤᠷᠪᠠᠯ᠂ ᠨᠢᠭᠡ ᠨᠠᠰᠤᠨ ᠳᠠᠭᠠᠨ ᠲᠠᠷᠢᠶᠠᠴᠢᠨ ᠬᠥᠮᠥᠨ ᠢ ᠰᠤᠷᠴᠤ ᠴᠢᠳᠠᠬᠤ ᠦᠭᠡᠢ︾ ᠭᠡᠵᠦ ᠬᠡᠯᠡᠳᠡᠭ᠃ ᠣᠳᠣᠬᠠᠨ ᠳᠤ᠂ ᠪᠣᠬᠢᠷᠳᠤᠯ ᠦᠭᠡᠢ ᠲᠠᠷᠢᠶᠠᠯᠠᠩ ᠮᠠᠯ ᠤᠨ ᠠᠰᠢᠭ ᠰᠢᠮ᠎ᠡ ᠶᠢᠨ ᠪᠦᠲᠦᠭᠡᠭᠳᠡᠬᠦᠨ ᠢ ᠨᠠᠷᠢᠯᠢᠭ ᠡᠳ᠋ᠰᠢᠭᠦᠯᠬᠦ ᠰᠠᠭᠤᠷᠢᠨ ᠭᠠᠵᠠᠷ ᠤᠨ ᠪᠦᠲᠦᠭᠡᠨ ᠪᠠᠶᠢᠭᠤᠯᠤᠯᠲᠠ ᠨᠢ ᠪᠢᠳᠡᠨ ᠳᠤ ᠨᠠᠩ ᠥᠨᠳᠥᠷ ᠱᠠᠭᠠᠷᠳᠠᠯᠭ᠎ᠠ ᠲᠠᠯᠪᠢᠵᠤ ᠪᠠᠶᠢᠨ᠎ᠠ᠃ ᠪᠠᠶᠠᠨᠨᠠᠭᠤᠷ ᠤᠨ ᠡᠳᠦᠷ ᠤᠨ ᠰᠣᠨᠢᠨ ᠤ ᠬᠤᠷᠢᠶ᠎ᠠ ᠶᠢᠨ ᠨᠡᠶᠢᠲᠡᠯᠡᠭᠰᠡᠨ ︽ᠪᠣᠷᠣᠳᠣᠬᠤᠢ ᠪᠣᠯ ᠤᠤᠯ ᠠᠴᠠ ᠪᠠᠨ ᠪᠤᠶᠠᠨᠲᠤ ᠣᠷᠣᠨ᠂ ᠲᠡᠭᠷᠢ ᠶᠢᠨ ᠬᠡᠰᠢᠭᠲᠦ ᠪᠣᠷᠣᠲᠣᠬᠤᠢ · ᠬᠤᠷᠢᠨ ᠲᠦᠷᠪᠡᠨ ᠴᠠᠭ ᠤᠯᠠᠷᠢᠯ︾ ᠭᠡᠬᠦ ᠰᠢᠷᠢᠰ ᠪᠠᠷᠢᠮᠲᠠᠲᠤ ᠺᠢᠨᠣ᠋ ᠨᠢ ᠶᠠᠭ ᠡᠨᠡᠬᠦ ᠰᠢᠨ᠎ᠡ ᠬᠡᠷᠡᠭᠴᠡᠭᠡ ᠳᠤ ᠵᠣᠬᠢᠴᠠᠬᠤ ᠠᠷᠭ᠎ᠠ ᠬᠡᠮᠵᠢᠶ᠎ᠡ ᠪᠣᠯᠬᠤᠷ ᠲᠤᠶᠢᠯ ᠤᠨ ᠴᠢᠬᠤᠯᠠ ᠲᠠᠢ ᠪᠥᠭᠡᠳ ᠴᠠᠭ ᠲᠠᠭᠠᠨ ᠲᠣᠬᠢᠷᠠᠵᠠᠢ᠃ ᠪᠢᠳᠡ ᠭᠠᠭᠴᠠ ᠬᠦ ᠰᠤᠳᠤᠯᠬᠤ᠂ ᠤᠬᠠᠭᠤᠯᠬᠤ᠂ ᠰᠢᠢᠳᠪᠦᠷᠢᠲᠦ ᠪᠣᠳᠣᠯᠭ᠎ᠠ ᠲᠣᠭᠲᠠᠭᠠᠬᠤ᠂ ᠬᠡᠷᠡᠭᠵᠢᠭᠦᠯᠬᠦ ᠵᠡᠷᠭᠡ ᠡᠯ᠎ᠡ ᠲᠠᠯ᠎ᠠ ᠪᠠᠷ ᠰᠡᠳᠬᠢᠯ ᠨᠢᠭᠡᠳᠦᠨ ᠬᠦᠴᠦ ᠪᠠᠨ ᠬᠠᠮᠲᠤᠳᠬᠠᠵᠤ᠂ ᠬᠠᠮᠲᠤ ᠪᠠᠷ ᠴᠣᠭᠴᠠᠯᠠᠨ ᠪᠠᠶᠢᠭᠤᠯᠪᠠᠯ᠂ ᠨᠢᠭᠡᠨᠲᠡ ᠲᠣᠭᠲᠠᠭᠠᠭᠰᠠᠨ ᠲᠡᠮᠡᠴᠡᠯ ᠤᠨ ᠬᠠᠷᠠᠯᠲᠠ ᠪᠠᠨ ᠰᠠᠶ᠋ᠢ ᠭᠠᠷᠮᠠᠭᠠᠢ ᠪᠠᠷ ᠪᠡᠶᠡᠯᠡᠭᠦᠯᠵᠦ ᠴᠢᠳᠠᠨ᠎ᠠ᠂  ᠨᠢᠳᠦ ᠢᠷᠮᠡᠬᠦ ᠶᠢᠨ ᠵᠠᠭᠤᠷ᠎ᠠ ᠵᠤᠨ ᠤ ᠠᠭᠤᠷ ᠬᠦᠷᠴᠦ ᠢᠷᠡᠨ᠎ᠡ᠃ ᠵᠢᠯ ᠪᠦᠷᠢ ᠶᠢᠨ ᠡᠨᠡ ᠦᠶ᠎ᠡ ᠪᠣᠯᠬᠤ ᠳᠤ᠂ ᠪᠣᠷᠣᠳᠣᠬᠤᠢ ᠶᠢᠨ ᠣᠷᠣᠨ ᠳᠤ ᠨᠡᠷᠡᠨ ᠤ ᠭᠡᠷᠡᠯ ᠲᠤᠩᠭᠠᠯᠠᠭᠰᠢᠵᠤ᠂ ᠪᠤᠭᠤᠳᠠᠢ ᠶᠢᠨ ᠴᠢᠬᠢ ᠬᠥᠬᠡᠷᠡᠨ ᠨᠣᠭᠤᠭᠠᠷᠠᠵᠤ᠂ ᠲᠦᠮᠡᠨ ᠮᠣᠳᠣ ᠴᠡᠯᠡᠶᠢᠵᠦ᠂ ᠴᠡᠴᠡᠭᠯᠡᠨ ᠬᠥᠭᠵᠢᠭᠰᠡᠨ ᠪᠠᠶᠢᠳᠠᠯ ᠢᠯᠡᠷᠡᠵᠦ᠂ ᠲᠠᠷᠢᠮᠠᠯ ᠤᠨ ᠵᠦᠢᠯ ᠤᠨ ᠲᠦᠷᠭᠡᠨ ᠤᠷᠭᠤᠯᠲᠠ ᠶᠢᠨ ᠰᠠᠶᠢᠨ ᠰᠠᠶᠢᠬᠠᠨ ᠦᠶ᠎ᠡ ᠳᠤ᠂ ᠲᠠᠷᠢᠶᠠᠴᠢᠳ ᠤᠨ ᠴᠢᠷᠠᠢ ᠳᠤ ᠦᠨᠡᠨ ᠬᠦ ᠭᠡᠷᠡᠯ ᠰᠠᠴᠤᠷᠠᠩᠭᠤᠢ ᠢᠨᠢᠶᠡᠮᠰᠦᠭᠯᠡᠯ ᠢᠯᠡᠷᠡᠨ᠎ᠡ᠃
ᠢᠷᠡᠯᠲᠡ᠄ ᠪᠠᠶᠠᠨᠨᠠᠭᠤᠷ ᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠵᠠᠰᠠᠭ ᠤᠨ ᠶᠠᠪᠤᠳᠠᠯ ᠤᠨ ᠮᠣᠩᠭᠤᠯ ᠰᠦᠯᠵᠢᠶ᠎ᠡ