ᠪᠡᠯᠭᠡᠲᠦ ᠴᠠᠰᠤ ᠡᠯᠪᠡᠭ ᠵᠢᠯ ᠢ ᠪᠡᠯᠭᠡᠳᠡᠨ᠎ᠡ
ᠨᠡᠶᠢᠲᠡᠯᠡᠭᠰᠡᠨ ᠴᠠᠭ᠄
2023/12/20
      12 ᠰᠠᠷ᠎ᠠ ᠶᠢᠨ 14᠎ ᠤ ᠡᠳᠦᠷ᠂ ᠪᠥᠬᠦ ᠬᠤᠲᠠ ᠶᠢᠨ ᠡᠯ᠎ᠡ ᠭᠠᠵᠠᠷ ᠲᠤ ᠴᠠᠰᠤ ᠯᠠᠪᠰᠠᠯᠠᠵᠤ ᠡᠬᠢᠯᠡᠪᠡ᠃ ᠪᠦᠷᠦᠭ ᠪᠠᠷᠤᠭ ᠪᠦᠷᠦᠭ ᠪᠠᠷᠤᠭ ᠪᠠᠶᠢᠭᠰᠠᠨ ᠠᠴᠠ ᠪᠠᠨ ᠲᠡᠭᠷᠢ ᠲᠤᠯᠤᠮ᠎ᠠ ᠴᠠᠶᠢᠷᠠᠬᠤ ᠬᠦᠷᠲᠡᠯ᠎ᠡ᠂ ᠪᠠᠶᠠᠨᠨᠠᠭᠤᠷ ᠎ ᠢ ᠬᠠᠰ ᠢᠶᠠᠷ ᠵᠠᠰᠠᠭᠰᠠᠨ ᠮᠡᠲᠦ᠂ ᠮᠥᠩᠭᠦᠨ ᠴᠠᠭᠠᠨ ᠥᠩᠭᠡ ᠪᠠᠷ ᠪᠦᠷᠬᠦᠵᠦ᠂ ᠲᠦᠮᠡᠨ ᠪᠣᠳᠠᠰ ᠴᠡᠪᠡᠷ ᠪᠥᠭᠡᠳ ᠨᠠᠮ ᠰᠡᠯᠡᠭᠦᠨ ᠪᠠᠶᠢᠳᠠᠯ ᠲᠠᠢ ᠪᠣᠯᠪᠠ᠃       ᠴᠠᠰᠤᠨ ᠬᠥᠮᠥᠨ ᠣᠪᠣᠭᠠᠯᠠᠵᠤ᠂ ᠴᠠᠰᠤᠨ  ᠪᠠᠶᠢᠯᠳᠤᠭᠠᠨ ᠬᠢᠨ᠎ᠡ ᠁ ᠴᠠᠰᠤᠨ ᠤ ᠡᠮᠦᠨ᠎ᠡ᠂ ᠬᠥᠮᠥᠰ ᠶᠠᠭ ᠯᠠ ᠬᠠᠮᠤᠭ ᠤᠨ ᠠᠯᠢᠶ᠎ᠠ ᠬᠡᠦᠬᠡᠳ ᠰᠢᠭ ᠪᠣᠯᠵᠤ᠂ ᠨᠠᠭᠠᠳᠴᠤ᠂ ᠢᠨᠢᠶᠡᠵᠦ᠂ ᠦᠢᠮᠡᠯᠳᠦᠵᠦ᠂ ᠬᠠᠬᠢᠷ ᠬᠦᠢᠲᠡᠨ ᠡᠪᠦᠯ ᠤᠨ ᠤᠯᠠᠷᠢᠯ ᠢ ᠠᠮᠢᠳᠤᠯᠢᠭ ᠴᠣᠪᠣᠭᠤᠯᠢᠭ ᠪᠣᠯᠭᠠᠨ᠎ᠠ᠃       ᠵᠢᠯ ᠤᠨ ᠡᠴᠦᠰ ᠲᠤ ᠲᠡᠭᠷᠢ ᠭᠠᠵᠠᠷ ᠬᠦᠢᠲᠡᠷᠡᠵᠦ᠂ ᠴᠠᠰᠤ ᠰᠢᠭᠤᠷᠭᠠᠨ ᠳᠤ ᠡᠯᠪᠡᠭ ᠬᠤᠷᠢᠶᠠᠯᠲᠠ ᠲᠠᠢ ᠵᠢᠯ ᠪᠣᠯᠬᠤ ᠶᠢ ᠪᠡᠯᠭᠡᠳᠡᠨ᠎ᠡ᠃ ᠲᠦᠮᠡᠨ ᠪᠣᠳᠠᠰ ᠨᠠᠮ ᠵᠢᠮ ᠤᠨ ᠳᠤᠮᠳᠠ ᠬᠦᠴᠦᠨ ᠢᠶᠠᠨ ᠬᠤᠷᠠᠮᠳᠤᠭᠤᠯᠵᠤ᠂ ᠴᠣ ᠰᠢᠨ᠎ᠡ ᠡᠬᠢᠯᠡᠯᠲᠡ ᠶᠢ ᠬᠦᠯᠢᠶᠡᠨ᠎ᠡ᠃       ᠰᠤᠷᠪᠤᠯᠵᠢᠯᠠᠭᠴᠢ᠄ ᠴᠢ ᠬᠤᠩ ᠶᠠᠨ       ᠪᠠᠶᠠᠨᠨᠠᠭᠤᠷ ᠤᠨ ᠡᠳᠦᠷ ᠤᠨ ᠰᠣᠨᠢᠨ ᠤ ᠭᠡᠷ᠎ᠡ  ᠲᠣᠭᠲᠠᠭᠰᠠᠨ ᠰᠡᠭᠦᠳᠡᠷᠯᠡᠭᠴᠢ᠄ ᠵᠠᠩ ᠸᠧᠢ    ᠯᠢᠦᠢ ᠸᠧᠢ ᠫᠢᠩ  /ᠵᠢᠷᠤᠭ
1702603871367092488.jpg
ᠢᠷᠡᠯᠲᠡ᠄ ᠪᠠᠶᠠᠨᠨᠠᠭᠤᠷ ᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠵᠠᠰᠠᠭ ᠤᠨ ᠶᠠᠪᠤᠳᠠᠯ ᠤᠨ ᠮᠣᠩᠭᠤᠯ ᠰᠦᠯᠵᠢᠶ᠎ᠡ