ᠰᠠᠶ᠋ᠢᠬᠠᠨ ᠨᠡᠶᠢᠲᠡᠯᠡᠪᠡ︕ ᠤᠯᠤᠰ ᠤᠨ ᠡᠪᠡᠳᠴᠢᠨ ᠡᠮᠭᠡᠭ ᠢ ᠰᠡᠷᠭᠡᠶᠢᠯᠡᠨ ᠡᠵᠡᠮᠳᠡᠬᠦ ᠲᠣᠪᠴᠢᠶ᠎ᠠ ᠪᠠᠴᠢᠮ ᠰᠠᠨᠠᠭᠤᠯᠤᠮᠵᠢ ᠦᠭᠴᠡᠢ︕
ᠨᠡᠶᠢᠲᠡᠯᠡᠭᠰᠡᠨ ᠴᠠᠭ᠄
2023/12/20
      ᠣᠯᠠᠨ  ᠨᠡᠶᠢᠲᠡ ᠶᠢᠨ  ᠰᠢᠨᠵᠢᠯᠡᠬᠦ  ᠤᠬᠠᠭᠠᠨᠴᠢ ᠪᠠᠷ  ᠬᠦᠢᠳᠡᠨ  ᠤᠷᠤᠰᠬᠠᠯ ᠢ  ᠠᠷᠭᠠᠴᠠᠬᠤ ᠶᠢ   ᠵᠢᠯᠣᠭᠤᠳᠴᠤ᠂ ᠥᠪᠡᠷ ᠢ ᠪᠠᠨ ᠬᠠᠮᠠᠭᠠᠯᠠᠬᠤ ᠤᠬᠠᠮᠰᠠᠷ ᠢ ᠳᠡᠭᠡᠭᠰᠢᠯᠡᠭᠦᠯᠵᠦ᠂ ᠬᠦᠢᠳᠡᠨ ᠤᠷᠤᠰᠬᠠᠯᠳᠦ ᠴᠠᠭ ᠠᠭᠤᠷ ᠤᠨ ᠪᠣᠶ  ᠪᠣᠯᠭᠠᠵᠤ  ᠮᠡᠳᠡᠬᠦ ᠡᠷᠡᠭᠦᠯ ᠮᠡᠨᠳᠦ ᠶᠢᠨ ᠬᠤᠬᠢᠷᠠᠯ ᠢ ᠪᠠᠭᠤᠷᠠᠭᠤᠯᠬᠤ ᠶᠢᠨ ᠲᠥᠯᠥᠭᠡ᠂ ᠤᠯᠤᠰ ᠤᠨ  ᠡᠪᠡᠳᠴᠢᠨ  ᠡᠮᠭᠡᠭ ᠢ  ᠰᠡᠷᠭᠡᠶᠢᠯᠡᠨ  ᠡᠵᠡᠮᠳᠡᠬᠦ ᠲᠣᠪᠴᠢᠶ᠎ᠠ ᠠᠴᠠ ᠳᠤᠮᠳᠠᠳᠤ ᠤᠯᠤᠰ ᠤᠨ ᠡᠪᠡᠳᠴᠢᠨ ᠡᠮᠭᠡᠭ ᠢ  ᠰᠡᠷᠭᠡᠶᠢᠯᠡᠨ  ᠡᠵᠡᠮᠳᠡᠬᠦ  ᠲᠥᠪ ᠤᠨ  ᠣᠷᠴᠢᠨ  ᠲᠣᠭᠤᠷᠢᠨ ᠤ ᠭᠠᠵᠠᠷ ᠵᠡᠷᠭᠡ ᠨᠢᠭᠡᠴᠡ ᠶᠢᠨ ᠲᠤᠰᠬᠠᠶ ᠮᠡᠷᠭᠡᠵᠢᠯᠲᠡᠨ ᠢ ᠵᠣᠬᠢᠶᠠᠨ ᠪᠠᠶᠢᠭᠤᠯᠵᠤ ᠰᠢᠨᠵᠢᠯᠡᠬᠦ  ᠤᠬᠠᠭᠠᠨ ᠤ  ᠰᠤᠳᠤᠯᠭᠠᠨ᠂  ᠠᠶᠤᠯ  ᠲᠦᠭᠰᠢᠭᠦᠷᠢ  ᠶᠢᠨ  ᠦᠨᠡᠯᠡᠨ  ᠵᠢᠱᠢᠯᠲᠡ  ᠬᠢᠭᠰᠡᠨ  ᠰᠠᠭᠤᠷᠢᠨ  ᠳᠡᠭᠡᠷ᠎ᠡ ᠂  ᠬᠦᠢᠳᠡᠨ  ᠤᠷᠤᠰᠬᠠᠯ  ᠤᠨ   ᠣᠨᠴᠠᠯᠢᠭ  ᠢ  ᠦᠨᠳᠦᠰᠦᠯᠡᠨ  ︽ᠬᠦᠢᠳᠡᠨ ᠤᠷᠤᠰᠬᠠᠯ ᠤᠨ ᠣᠯᠠᠨ ᠨᠡᠶᠢᠲᠡ ᠶᠢᠨ  ᠡᠷᠡᠭᠦᠯ  ᠮᠡᠨᠳᠦ ᠶᠢᠨ  ᠬᠠᠮᠠᠭᠠᠯᠠᠯᠲᠠ ᠶᠢᠨ  ᠵᠦᠭᠯᠡᠭᠦᠷ︾ ᠢ  ᠲᠣᠭᠲᠠᠭᠠᠵᠤ᠂ ᠠᠳᠠᠯᠢ ᠪᠤᠰᠤ ᠭᠤᠤᠯᠳᠠᠯᠭ᠎ᠠ ᠲᠠᠢ ᠬᠥᠮᠦᠰ ᠲᠤ ᠰᠡᠷᠭᠡᠶᠢᠯᠡᠨ  ᠬᠠᠮᠠᠭᠠᠯᠠᠬᠤ  ᠰᠠᠨᠠᠭᠤᠯᠭ᠎ᠠ  ᠳᠤᠷᠠᠳᠴᠤ᠂  ᠣᠯᠠᠨ  ᠨᠡᠶᠢᠲᠡ ᠶᠢᠨ ᠡᠷᠡᠭᠦᠯ ᠮᠡᠨᠳᠦ ᠶᠢ ᠬᠠᠮᠤᠭ ᠤᠨ ᠶᠡᠭᠡ ᠬᠡᠮᠵᠢᠶ᠎ᠡ ᠪᠠᠷ ᠬᠠᠮᠠᠭᠠᠯᠠᠬᠤ ᠪᠠᠷ ᠪᠤᠢ᠃              ︽ᠵᠦᠭᠯᠡᠭᠦᠷ︾ ᠨᠢ ᠬᠦᠢᠳᠡᠨ ᠤᠷᠤᠰᠬᠠᠯ ᠤᠨ ᠦᠨᠳᠦᠰᠦᠨ  ᠤᠬᠠᠭᠳᠠᠬᠤᠨ᠂  ᠡᠷᠡᠭᠦᠯ  ᠮᠡᠨᠳᠦ ᠶᠢᠨ  ᠲᠦᠭᠰᠢᠭᠦᠷᠢ᠂ ᠭᠤᠤᠯᠳᠠᠯᠭ᠎ᠠ ᠲᠠᠢ ᠰᠡᠷᠭᠡᠶᠢᠯᠡᠨ ᠬᠠᠮᠠᠭᠠᠯᠠᠬᠤ ᠬᠥᠮᠦᠰ᠂ ᠬᠦᠢᠳᠡᠨ ᠤᠷᠤᠰᠬᠠᠯᠳᠦ ᠴᠠᠭ ᠠᠭᠤᠷ ᠤᠨ ᠤᠷᠢᠳᠴᠢᠯᠠᠨ ᠰᠡᠷᠡᠮᠵᠢᠯᠡᠭᠦᠯᠬᠦ ᠮᠡᠳᠡᠭᠡ ᠵᠠᠩᠭᠢ᠂ ᠬᠦᠢᠳᠡᠨ ᠤᠷᠤᠰᠬᠠᠯ ᠢ ᠤᠷᠢᠳᠴᠢᠯᠠᠨ ᠰᠡᠷᠡᠮᠵᠢᠯᠡᠭᠦᠯᠬᠦ ᠲᠠᠰ ᠬᠤᠪᠢᠶᠠᠭᠰᠠᠨ ᠰᠡᠷᠭᠡᠶᠢᠯᠡᠨ ᠬᠠᠮᠠᠭᠠᠯᠠᠬᠤ  ᠠᠷᠭ᠎ᠠ ᠬᠡᠮᠵᠢᠶ᠎ᠡ ᠶᠢᠨ ᠵᠦᠭᠯᠡᠭᠦᠷ ᠵᠡᠷᠭᠡ ᠲᠠᠪᠤᠨ ᠬᠡᠰᠡᠭ ᠢᠶᠠᠷ ᠪᠦᠷᠢᠯᠳᠦᠵᠡᠶ᠃ ᠦᠨᠳᠦᠰᠦᠨ  ᠤᠬᠠᠭᠳᠠᠬᠤᠨ  ᠪᠠ  ᠡᠷᠡᠭᠦᠯ  ᠮᠡᠨᠳᠦ ᠶᠢᠨ ᠲᠦᠭᠰᠢᠭᠦᠷᠢ ᠭᠡᠬᠦ ᠬᠤᠶᠠᠷ ᠬᠡᠰᠡᠭ ᠲᠤ ᠬᠦᠢᠳᠡᠨ ᠤᠷᠤᠰᠬᠠᠯ ᠤᠨ  ᠲᠣᠮᠢᠶᠠᠯᠠᠯ  ᠵᠢᠴᠢ  ᠬᠦᠢᠳᠡᠨ  ᠤᠷᠤᠰᠬᠠᠯ ᠤᠨ  ᠬᠥᠮᠦᠨ ᠤ ᠪᠡᠶ᠎ᠡ ᠶᠢᠨ ᠠᠮᠢᠰᠬᠤᠯ᠂ ᠵᠢᠷᠦᠬᠡ ᠴᠢᠰᠤᠨ ᠰᠤᠳᠠᠯ᠂ ᠰᠢᠭᠡᠰᠦ ᠵᠡᠷᠭᠡ ᠣᠯᠠᠨ  ᠰᠢᠰᠲ᠋ᠧᠮ ᠤᠨ  ᠡᠷᠡᠭᠦᠯ  ᠮᠡᠨᠳᠦ ᠳᠤ  ᠦᠵᠡᠭᠦᠯᠬᠦ ᠨᠥᠯᠥᠭᠡ ᠶᠢ ᠭᠤᠤᠯᠳᠠᠯᠭ᠎ᠠ ᠲᠠᠢ ᠲᠠᠨᠢᠯᠴᠠᠭᠤᠯᠪᠠ᠃ ᠭᠤᠤᠯᠳᠠᠯᠭ᠎ᠠ ᠲᠠᠢ ᠰᠡᠷᠭᠡᠶᠢᠯᠡᠨ  ᠬᠠᠮᠠᠭᠠᠯᠠᠬᠤ  ᠬᠥᠮᠦᠰ  ᠲᠤᠬᠠᠢ  ᠵᠢᠭᠠᠵᠤ ᠭᠠᠷᠭᠠᠬᠤ ᠳᠠᠭᠠᠨ᠂ ᠬᠦᠢᠳᠡᠨ ᠤᠷᠤᠰᠬᠠᠯ ᠢᠷᠡᠬᠦ ᠦᠶ᠎ᠡ ᠳᠤ ᠠᠩᠬᠠᠷᠬᠤ ᠴᠢᠬᠤᠯᠠᠲᠠᠶ ᠭᠤᠤᠯᠳᠠᠯᠭ᠎ᠠ ᠲᠠᠢ ᠬᠥᠮᠦᠰ  ᠲᠤ ᠬᠦᠢᠳᠡᠨ ᠳᠤ ᠰᠡᠷᠭᠡᠭ ᠬᠦᠮᠦᠰ᠂ ᠤᠳᠠᠭᠠᠨ ᠴᠢᠨᠠᠷᠲᠠᠶ ᠰᠠᠭᠤᠷᠢ ᠴᠢᠨᠠᠷᠲᠠᠶ ᠡᠪᠡᠳᠴᠢᠨ ᠲᠠᠢ ᠬᠥᠮᠦᠰ ᠪᠠ  ᠭᠡᠭᠡᠷ᠎ᠡ  ᠭᠠᠳᠠᠨ᠎ᠡ  ᠠᠵᠢᠯᠯᠠᠳᠠᠭ ᠬᠥᠮᠦᠰ ᠢ ᠪᠠᠭᠲᠠᠭᠠᠨ᠎ᠡ᠃ ᠬᠦᠢᠳᠡᠨ ᠤᠷᠤᠰᠬᠠᠯᠳᠦ ᠴᠠᠭ ᠠᠭᠤᠷ ᠤᠨ ᠤᠷᠢᠳᠴᠢᠯᠠᠨ ᠰᠡᠷᠡᠮᠵᠢᠯᠡᠭᠦᠯᠬᠦ ᠮᠡᠳᠡᠭᠡ ᠵᠠᠩᠭᠢ ᠨᠢ ᠣᠯᠠᠨ ᠨᠡᠶᠢᠲᠡ ᠶᠢ ᠬᠥᠲᠥᠯᠥᠨ ᠵᠢᠯᠣᠭᠤᠳᠴᠤ ᠬᠦᠢᠲᠡᠨ ᠤᠷᠤᠰᠬᠠᠯ ᠤᠨ ᠤᠷᠢᠳᠴᠢᠯᠠᠨ ᠮᠡᠳᠡᠭᠡ ᠵᠠᠩᠭᠢ ᠶᠢ ᠰᠢᠨᠵᠢᠯᠡᠬᠦ ᠤᠬᠠᠭᠠᠨᠴᠢ ᠪᠠᠷ ᠲᠠᠨᠢᠭᠤᠯᠬᠤ ᠬᠡᠷᠡᠭᠲᠡᠶ ᠭᠡᠪᠠ᠃  ᠬᠦᠢᠳᠡᠨ  ᠤᠷᠤᠰᠬᠠᠯ ᠢ  ᠤᠷᠢᠳᠴᠢᠯᠠᠨ  ᠰᠡᠷᠡᠮᠵᠢᠯᠡᠭᠦᠯᠬᠦ ᠲᠠᠰ  ᠬᠤᠪᠢᠶᠠᠭᠰᠠᠨ  ᠰᠡᠷᠭᠡᠶᠢᠯᠡᠨ ᠬᠠᠮᠠᠭᠠᠯᠠᠬᠤ ᠠᠷᠭ᠎ᠠ ᠬᠡᠮᠵᠢᠶ᠎ᠡ ᠶᠢᠨ ᠵᠦᠭᠯᠡᠭᠦᠷ ᠨᠢ ᠲᠣᠰ ᠲᠣᠰ  ᠭᠤᠤᠯᠳᠠᠯᠭ᠎ᠠ ᠲᠠᠢ  ᠬᠥᠮᠦᠰ ᠲᠤ  ᠴᠢᠭᠯᠡᠭᠦᠯᠦᠨ  ᠬᠠᠨᠳᠤᠯᠭᠠᠲᠤ ᠴᠢᠨᠠᠷᠲᠠᠶ ᠰᠡᠷᠭᠡᠶᠢᠯᠡᠨ ᠬᠠᠮᠠᠭᠠᠯᠠᠬᠤ ᠠᠷᠭ᠎ᠠ ᠬᠡᠮᠵᠢᠶ᠎ᠡ ᠶᠢ ᠳᠤᠷᠠᠳᠤᠨ ᠭᠠᠷᠭᠠᠬᠰᠠᠨ ᠪᠠᠶᠢᠨ᠎ᠠ᠃
ᠢᠷᠡᠯᠲᠡ᠄ ᠠᠷᠠᠳ ᠤᠨ ᠰᠦᠯᠵᠢᠶ᠎ᠡ