ᠡᠳᠡᠭᠡᠷ ᠥᠲᠥᠨ ᠨᠣᠯᠤᠤᠷ ᠬᠤᠪᠴᠠᠰᠤ ᠨᠢ ᠬᠢᠷᠢ ᠲᠡᠩᠴᠡᠬᠦ ᠦᠭᠡᠢ︕
ᠨᠡᠶᠢᠲᠡᠯᠡᠭᠰᠡᠨ ᠴᠠᠭ᠄
2023/12/20
      ᠣᠶᠢᠷ᠎ᠠ ᠳᠤ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠶᠡᠷᠦᠩᠬᠡᠶ ᠲᠣᠪᠴᠢᠶ᠎ᠠ 185 ᠪᠦᠯᠦᠭ ᠤᠳᠠᠭᠠᠨ ᠤ ᠥᠲᠥᠨ ᠨᠣᠯᠤᠤᠷ ᠬᠤᠪᠴᠠᠰᠤ ᠬᠤᠨᠠᠷ ᠤᠨ ᠦᠢᠯᠡᠳᠬᠦᠨ ᠤ ᠶᠠᠰᠤ ᠴᠢᠨᠠᠷ  ᠤᠨ  ᠲᠤᠬᠠᠢ  ᠤᠯᠤᠰ ᠠᠴᠠ  ᠬᠢᠨᠠᠯᠲᠠ  ᠲᠠᠯᠪᠢᠵᠤ ᠰᠤᠭᠤᠴᠢᠨ ᠪᠠᠶᠢᠴᠠᠭᠠᠭᠰᠠᠨ ᠳᠤ 26 ᠪᠦᠯᠦᠭ ᠤᠳᠠᠭ᠎ᠠ ᠶᠢᠨ ᠥᠲᠥᠨ ᠨᠣᠯᠤᠤᠷ ᠬᠤᠪᠴᠠᠰᠤ ᠨᠢ ᠬᠢᠷᠢ  ᠲᠡᠩᠴᠡᠭᠰᠡᠨ  ᠥᠬᠡᠶ‌‍ᠭᠡᠵᠦ ᠵᠠᠷᠯᠠᠨ ᠮᠡᠳᠡᠭᠳᠡᠪᠡ᠃  ᠮᠡᠳᠡᠭᠳᠡᠯ ᠢ  ᠦᠨᠳᠦᠰᠦᠯᠡᠪᠡᠯ᠂  ᠲᠣᠰ  ᠤᠳᠠᠭ᠎ᠠ  ᠨᠡᠶᠢᠲᠡ  185  ᠪᠦᠯᠦᠭ  ᠤᠳᠠᠭ᠎ᠠ ᠶᠢᠨ ᠦᠢᠯᠡᠳᠬᠦᠨ ᠢ ᠰᠣᠩᠭᠤᠨ ᠪᠠᠶᠢᠴᠠᠭᠠᠬᠰᠠᠨ ᠪᠦᠭᠡᠳ ᠵᠧᠵᠢᠶᠠᠩ᠂ ᠱᠠᠩᠬᠠᠶ᠂ ᠵᠢᠶᠠᠩᠰᠦ ᠵᠡᠷᠭᠡ  6  ᠮᠤᠵᠢ  ᠣᠷᠣᠨ ᠤ  178 ᠦᠢᠯᠡᠳᠪᠦᠷᠢᠯᠡᠯ ᠤᠨ  ᠨᠢᠭᠡᠴᠡ  ᠬᠤᠯᠪᠣᠭᠳᠠᠵᠦ᠂  ᠰᠣᠩᠭᠤᠨ  ᠪᠠᠶᠢᠴᠠᠭᠠᠬᠤ  ᠪᠠᠷ  ᠲᠠᠮᠵᠢᠨ  26  ᠪᠦᠯᠦᠭ  ᠤᠳᠠᠭ᠎ᠠ ᠶᠢᠨ ᠦᠢᠯᠡᠳᠬᠦᠨ ᠬᠢᠷᠢ ᠲᠡᠩᠴᠡᠬᠦ ᠥᠬᠡᠶ ᠪᠠᠶᠢᠬᠤ ᠶᠢ ᠣᠯᠵᠤ ᠮᠡᠳᠡᠵᠡᠶ  ᠬᠡᠪᠡ᠃  ᠡᠭᠦᠨ ᠳᠤ  :  ᠨᠢᠭᠡ  ᠪᠦᠯᠦᠭ  ᠤᠳᠠᠭ᠎ᠠ ᠶᠢᠨ ᠦᠢᠯᠡᠳᠬᠦᠨ ᠨᠢ ᠬᠤᠳᠠᠯ  ᠬᠠᠭᠤᠷᠮᠠᠭ ᠦᠢᠯᠡᠳᠬᠦᠨ  ᠢᠶᠠᠷ  ᠰᠡᠵᠢᠭᠯᠡᠭᠳᠡᠵᠦ᠂  ᠨᠢᠭᠡᠨᠲᠡ  ᠬᠠᠷᠢᠶ᠎ᠠ  ᠭᠠᠵᠠᠷ ᠤᠨ  ᠬᠢᠨᠢ  ᠵᠠᠬ᠎ᠠ ᠳᠡᠯᠭᠡᠭᠦᠷ ᠤᠨ  ᠬᠢᠨᠠᠯᠲᠠ  ᠬᠠᠮᠢᠶᠠᠷᠤᠯᠲᠠ ᠶᠢᠨ  ᠰᠠᠯᠠᠭ᠎ᠠ  ᠮᠥᠴᠢᠷ ᠲᠤ  ᠲᠤᠰᠢᠶᠠᠨ  ᠰᠢᠢᠳᠪᠦᠷᠢᠯᠡᠭᠦᠯᠪᠡ︔  19   ᠪᠦᠯᠦᠭ ᠤᠳᠠᠭ᠎ᠠ ᠶᠢᠨ ᠦᠢᠯᠡᠳᠬᠦᠨ ᠤ ᠰᠢᠷᠬᠡᠭ ᠤᠨ  ᠠᠭᠤᠯᠤᠭᠳᠠᠴᠠ ᠨᠢ  ᠬᠢᠷᠢ  ᠲᠡᠩᠴᠡᠬᠦ  ᠦᠭᠡᠶ᠂  6  ᠪᠦᠯᠦᠭ  ᠤᠳᠠᠭ᠎ᠠ ᠶᠢᠨ ᠦᠢᠯᠡᠳᠬᠦᠨ ᠤ ᠥᠳᠥᠨ ᠨᠣᠯᠤᠤᠷ ᠤᠨ ᠠᠭᠤᠯᠤᠭᠳᠠᠴᠠ ᠨᠢ ᠬᠢᠷᠢ ᠲᠡᠩᠴᠡᠬᠦ ᠦᠭᠡᠶ ᠪᠠᠶᠢᠨ᠎ᠠ᠃
ᠢᠷᠡᠯᠲᠡ᠄ ᠠᠷᠠᠳ ᠤᠨ ᠰᠦᠯᠵᠢᠶ᠎ᠡ