ᠮᠢᠩᠭᠠᠨ ᠤ ᠬᠤᠨᠴᠢᠷ
ᠨᠡᠶᠢᠲᠡᠯᠡᠭᠰᠡᠨ ᠴᠠᠭ᠄
2023/12/20
      ᠮᠢᠩᠭᠠᠨ  ᠤ ᠬᠤᠨᠴᠢᠷ ᠪᠣᠯ ᠲᠠᠷᠢᠶᠠᠯᠠᠩ ᠤᠨ ᠪᠦᠲᠦᠭᠡᠭᠳᠡᠬᠦᠨ ᠤ ᠭᠠᠵᠠᠷ ᠵᠦᠢ ᠶᠢᠨ ᠪᠡᠯᠭᠡ ᠲᠡᠮᠳᠡᠭᠲᠦ ᠪᠦᠲᠦᠭᠡᠭᠳᠡᠬᠦᠨ ᠪᠣᠯᠣᠨ᠎ᠠ᠃       ᠮᠢᠩᠭᠠᠨ  ᠤ ᠬᠤᠨᠴᠢᠷ ᠤᠨ ᠡᠰᠢ ᠨᠢ ᠪᠣᠰᠤᠭ᠎ᠠ᠂ ᠣᠯᠠᠨ ᠰᠠᠯᠠᠭ᠎ᠠ  ᠲᠠᠢ᠂ 30cm ᠣᠷᠴᠢᠮ ᠥᠨᠳᠥᠷ᠂ ᠭᠠᠳᠠᠷ ᠬᠥᠷᠥᠰᠥ ᠨᠢ ᠰᠢᠷᠣᠢ ᠶᠢᠨ ᠥᠩᠭᠡ ᠲᠠᠢ᠂ ᠣᠭᠲᠣᠯᠣᠭᠠᠰᠤ ᠶᠢᠨ ᠲᠣᠯᠣᠩ ᠤᠨ ᠬᠡᠰᠡᠭ ᠨᠢ ᠴᠠᠭᠠᠨ ᠬᠠᠰ ᠤᠨ ᠥᠩᠭᠡ ᠲᠠᠢ᠂ ᠮᠣᠳᠣᠯᠢᠭ ᠬᠡᠰᠡᠭ ᠨᠢ ᠴᠠᠶᠢᠪᠤᠷ ᠰᠢᠷ᠎ᠠ ᠥᠩᠭᠡ ᠲᠠᠢ᠂ ᠮᠢᠬᠠᠨ ᠤ ᠴᠢᠨᠠᠷ ᠨᠢ ᠴᠢᠩᠭ᠎ᠠ ᠪᠠᠶᠢᠳᠠᠭ᠃       ᠮᠢᠩᠭᠠᠨ ᠤ ᠬᠤᠨᠴᠢᠷ ᠤᠨ ᠦᠨᠳᠦᠰᠦ ᠶᠢᠨ ᠥᠩᠭᠡ ᠨᠢ ᠵᠢᠭᠠᠬᠠᠨ ᠰᠢᠷ᠎ᠠ ᠪᠤᠶᠤ ᠬᠦᠷᠡᠩ᠂ ᠠᠷᠠᠰᠤ ᠨᠢ ᠰᠢᠷ᠎ᠠ ᠮᠢᠬ᠎ᠠ ᠨᠢ ᠴᠠᠭᠠᠨ᠂ ᠡᠮ ᠤᠨ ᠮᠠᠲ᠋ᠧᠷᠢᠶᠠᠯ ᠨᠢ ᠨᠤᠨᠳᠠᠭ ᠴᠢᠨᠠᠷ ᠢᠶᠠᠷ ᠶᠡᠭᠡ᠂ ᠪᠤᠷᠴᠠᠭ ᠤᠨ ᠰᠢᠩᠬᠡᠭ ᠬᠡᠢ ᠪᠠᠷ ᠭᠦᠢᠴᠡᠳ᠂ ᠠᠮᠲᠠᠯᠠᠬᠤ ᠳᠤ ᠵᠢᠭᠠᠬᠠᠨ ᠰᠢᠬᠢᠷᠯᠢᠭ᠂ ᠳᠡᠯᠢᠭᠦᠦ ᠶᠢ ᠴᠢᠭᠢᠷᠠᠭᠵᠢᠭᠤᠯᠵᠤ᠂  ᠰᠢᠭᠡᠯᠭᠡᠬᠦ᠂ ᠬᠤᠣᠷ ᠢ ᠳᠠᠷᠤᠵᠤ ᠪᠤᠯᠴᠢᠩ ᠢ ᠡᠭᠦᠰᠬᠡᠬᠦ  ᠵᠡᠷᠭᠡ ᠦᠢᠯᠡᠳᠦᠯ ᠲᠠᠢ᠃ ᠮᠢᠩᠭᠠᠨ ᠤ ᠬᠤᠨᠴᠢᠷ ᠤᠨ ᠡᠮᠴᠢᠯᠡᠭᠡᠨ ᠤ ᠦᠷ᠎ᠡ ᠪᠦᠲᠦᠮᠵᠢ ᠮᠡᠳᠡᠭᠳᠡᠮ᠎ᠡ ᠪᠠᠶᠢᠵᠤ᠂ ᠭᠤᠸᠠᠩᠵᠧᠦ᠂ ᠾᠧᠪᠧᠢ᠂ ᠠᠨᠾᠦ᠋ᠢ᠂ ᠴᠧᠩᠳᠦ᠋ ᠵᠡᠷᠭᠡ ᠮᠤᠵᠢ ᠬᠤᠲᠠ ᠳᠤ ᠪᠣᠷᠤᠯᠠᠭᠤᠯᠭ᠎ᠠ ᠰᠠᠶᠢᠲᠠᠢ ᠪᠠᠶᠢᠵᠤ᠂ ᠮᠤᠵᠢ ᠶᠢᠨ ᠭᠠᠳᠠᠨᠠᠬᠢ ᠡᠮ ᠤᠨ ᠮᠠᠲ᠋ᠧᠷᠢᠶᠠᠯ ᠤᠨ ᠺᠣᠮᠫᠠᠨᠢ ᠶᠢᠨ ᠬᠦᠷᠢᠶᠡᠯᠡᠯ ᠢ ᠣᠯᠣᠭᠰᠠᠭᠠᠷ ᠢᠷᠡᠵᠡᠶ᠃ ᠤᠷᠠᠳ ᠤᠨ ᠡᠮᠦᠨᠡᠲᠦ ᠬᠤᠰᠢᠭᠤᠨ ᠤ ᠮᠢᠩᠭᠠᠨ ᠪᠣᠯ ᠵᠠᠷᠢᠮᠳᠤᠭ ᠭᠠᠩ ᠬᠠᠭᠤᠷᠠᠢ ᠡᠬᠡ ᠭᠠᠵᠠᠷ ᠤᠨ ᠴᠢᠨᠠᠷᠲᠠᠢ ᠠᠭᠤᠷ ᠠᠮᠢᠰᠬᠤᠯ ᠤᠨ ᠣᠷᠣᠨ ᠳᠤ ᠬᠠᠷᠢᠶᠠᠯᠠᠭᠳᠠᠵᠤ᠂ ᠭᠠᠩ ᠬᠠᠭᠤᠷᠠᠢ ᠬᠦᠢᠲᠡᠨ ᠰᠡᠷᠢᠭᠦᠨ᠂ ᠡᠳᠦᠷ ᠰᠥᠨᠢ ᠶᠢᠨ ᠳᠤᠯᠠᠭᠠᠨ ᠤ ᠵᠥᠷᠢᠶ᠎ᠡ ᠶᠡᠭᠡ᠂ ᠨᠡᠷᠡᠨ ᠤ ᠲᠤᠰᠤᠯᠲᠠ ᠶᠢᠨ ᠴᠠᠭ  ᠨᠢ ᠣᠷᠳᠣ᠂ ᠣᠨᠴᠠᠭᠠᠶ ᠠᠭᠤᠷ ᠠᠮᠢᠰᠬᠤᠯ ᠤᠨ ᠣᠨᠴᠠᠯᠢᠭ ᠨᠢ ᠬᠤᠨᠴᠢᠷ ᠵᠡᠷᠭᠡ ᠬᠢᠲᠠᠳ ᠡᠮ ᠤᠨ ᠮᠠᠲ᠋ᠧᠷᠢᠶᠠᠯ ᠤᠨ ᠥᠰᠦᠯᠲᠡ ᠳᠤ ᠮᠠᠰᠢ ᠲᠣᠬᠢᠷᠠᠨ᠎ᠠ᠃ 
ᠢᠷᠡᠯᠲᠡ᠄ ᠪᠠᠶᠠᠨᠨᠠᠭᠤᠷ ᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠵᠠᠰᠠᠭ ᠤᠨ ᠶᠠᠪᠤᠳᠠᠯ ᠤᠨ ᠮᠣᠩᠭᠤᠯ ᠰᠦᠯᠵᠢᠶ᠎ᠡ