ᠮᠣᠩᠭᠤᠯᠴᠤᠳ ᠤᠨ ᠬᠤᠨᠢ ᠢᠮᠠᠭ᠎ᠠ ᠦᠬᠡᠷ ᠲᠤ ᠬᠡᠷᠡᠭᠯᠡᠬᠦ ᠡᠳ᠋ᠯᠡᠯ ᠬᠡᠷᠡᠭᠰᠡᠯ
ᠨᠡᠶᠢᠲᠡᠯᠡᠭᠰᠡᠨ ᠴᠠᠭ᠄
2023/12/20
      ᠬᠤᠨᠢᠨ ᠬᠤᠷᠢᠶ᠎ᠠ - ᠬᠤᠨᠢ ᠬᠤᠷᠢᠬᠤ ᠬᠦᠷᠢᠶ᠎ᠡ᠃      ᠰᠠᠷᠠᠪᠴᠢ - ᠬᠤᠨᠢᠨ ᠬᠤᠷᠢᠶᠠᠨ ᠤ ᠳᠤᠯᠠᠭᠠᠨ ᠫᠧᠩ      ᠲᠥᠯ ᠤᠨ ᠪᠥᠬᠦᠭᠡᠭ - ᠲᠥᠯ ᠬᠤᠷᠢᠬᠤ ᠨᠠᠮᠬᠠᠨ ᠰᠢᠪᠠᠷ ᠭᠡᠷ ᠃ ᠣᠳᠣ ᠪᠦᠷ ᠲᠥᠯ ᠤᠨ ᠫᠧᠩ ᠭᠡᠵᠦ ᠪᠤᠢ᠃      ᠲᠥᠯ ᠤᠨ ᠤᠭᠤᠲᠠ - ᠬᠤᠨᠢ ᠲᠥᠯᠯᠡᠬᠦ ᠦᠶ᠎ᠡ᠂ ᠬᠤᠷᠠᠭ᠎ᠠ ᠶᠢ ᠬᠥᠯᠳᠡᠵᠦ ᠪᠡᠭᠡᠷᠡᠬᠦ ᠠᠴᠠ ᠬᠢᠴᠢᠶᠡᠵᠦ ᠲᠤᠰᠬᠠᠢ ᠬᠢᠭᠰᠡᠨ ᠢᠰᠡᠭᠡᠢ ᠰᠠᠪᠠ᠃ ᠮᠠᠯ ᠢᠶᠠᠨ ᠪᠡᠯᠴᠢᠭᠡᠵᠦ ᠶᠠᠪᠤᠬᠤ ᠳᠠᠭᠠᠨ ᠬᠤᠨᠢᠴᠢᠨ ᠡᠭᠦᠷᠴᠦ ᠶᠠᠪᠤᠳᠠᠭ᠃      ᠲᠥᠯ ᠡᠪᠡᠰᠦᠯᠡᠬᠦ - ᠲᠥᠯ ᠤᠨ ᠪᠥᠬᠦᠭᠡᠭ ᠤᠨ ᠤᠨᠢ ᠨᠢᠷᠤᠭᠤ ᠪᠤᠶᠤ ᠬᠤᠷᠢᠶ᠎ᠠ ᠶᠢᠨ ᠬᠠᠨ᠎ᠠ ᠠᠴᠠ ᠡᠪᠡᠰᠦ ᠶᠢ ᠬᠤᠷᠤᠭᠤ ᠬᠢᠷᠢ ᠵᠢᠵᠢᠭ ᠵᠢᠵᠢᠭ ᠢᠶᠠᠷ ᠪᠣᠭᠤᠵᠤ ᠡᠯᠭᠦᠬᠦ᠃      ᠬᠥᠭᠡᠨ᠎ᠡ - ᠬᠤᠷᠠᠭ᠎ᠠ ᠢᠰᠢᠭᠡ ᠤᠶᠠᠬᠤ ᠬᠡᠷᠡᠭᠰᠡᠯ᠃      ᠬᠤᠨᠢᠨ ᠬᠥᠯᠯᠡᠭᠡ - ᠬᠤᠨᠢ ᠨᠣᠣᠰᠣᠯᠠᠬᠤ ᠳᠤ ᠭᠤᠷᠪᠠᠨ ᠬᠥᠯ ᠢ ᠨᠢ ᠪᠠᠷᠢᠵᠤ ᠤᠶᠠᠳᠠᠭ᠃ ᠡᠨᠡᠬᠦ ᠳᠡᠭᠡᠰᠦ ᠶᠢ ᠬᠥᠯᠯᠡᠭᠡ ᠭᠡᠨ᠎ᠡ᠃
ᠢᠷᠡᠯᠲᠡ᠄ ᠪᠠᠶᠠᠨ ᠨᠠᠭᠤᠷ ᠤᠨ ᠡᠳᠦᠷ ᠤᠨ ᠰᠣᠨᠢᠨ