ᠮᠣᠩᠭᠤᠯᠴᠤᠳ ᠤᠨ ᠬᠤᠨᠢ ᠢᠮᠠᠭ᠎ᠠ ᠦᠬᠡᠷ ᠲᠤ ᠬᠡᠷᠡᠭᠯᠡᠬᠦ ᠡᠳ᠋ᠯᠡᠯ ᠬᠡᠷᠡᠭᠰᠡᠯ ︵ᠬᠤᠶᠠᠷ︶
ᠨᠡᠶᠢᠲᠡᠯᠡᠭᠰᠡᠨ ᠴᠠᠭ᠄
2023/12/20
      ᠬᠤᠨᠢᠨ ᠬᠠᠶᠢᠴᠢ - ᠬᠤᠨᠢ ᠨᠣᠣᠰᠣᠯᠠᠬᠤ ᠳᠤ ᠬᠡᠷᠡᠭᠯᠡᠳᠡᠭ ᠪᠠᠭᠠᠵᠢ᠃      ᠬᠤᠨᠢᠨ ᠬᠤᠯᠪᠣᠭᠤᠷ - ᠬᠤᠨᠢ ᠰᠠᠭᠠᠬᠤ ᠳᠤ ᠬᠤᠶᠠᠷ ᠬᠤᠶᠠᠷ ᠢᠶᠠᠷ ᠨᠢ ᠲᠣᠯᠣᠭᠠᠢ ᠶᠢ ᠨᠢ ᠵᠥᠷᠢᠭᠦᠯᠦᠨ ᠬᠡᠯᠬᠢᠶᠡᠯᠡᠬᠦ ᠳᠡᠭᠡᠰᠦ᠃      ᠰᠠᠮ -  ᠢᠮᠠᠭᠠᠨ ᠤ ᠨᠣᠣᠯᠣᠭᠤᠷ ᠢ ᠮᠠᠭᠠᠵᠢᠨ ᠰᠠᠮᠨᠠᠵᠤ ᠠᠪᠬᠤ ᠲᠡᠮᠦᠷ ᠬᠡᠷᠡᠭᠰᠡᠯ᠃      ᠱᠦᠭᠦᠷ - ᠦᠯᠡᠳᠡᠭᠰᠡᠨ ᠨᠣᠣᠯᠣᠭᠤᠷ ᠢ ᠱᠦᠭᠦᠷᠳᠡᠨ ᠠᠪᠬᠤ ᠪᠠᠭ᠎ᠠ ᠰᠠᠮ ᠢ ᠵᠢᠭᠠᠵᠤ ᠪᠤᠢ᠃      ᠭᠠᠳᠠᠰᠤ - ᠰᠠᠮᠨᠠᠬᠤ ᠢᠮᠠᠭ᠎ᠠ ᠪᠠᠨ ᠬᠦᠯᠢᠭᠰᠡᠨ ᠤ ᠳᠠᠷᠠᠭ᠎ᠠ ᠭᠠᠵᠠᠷ ᠲᠤ ᠱᠠᠭᠠᠭᠰᠠᠨ ᠲᠡᠮᠦᠷ ᠭᠠᠳᠠᠰᠤᠨ ᠠᠴᠠ ᠤᠶᠠᠵᠤ ᠴᠢᠩᠭᠠᠭᠠᠵᠤ ᠪᠠᠶᠢᠭᠠᠳ ᠰᠠᠮᠨᠠᠳᠠᠭ᠃      ᠰᠣᠷᠯᠠᠬᠤ - ᠢᠮᠠᠭᠠᠨ ᠤ ᠨᠣᠣᠯᠣᠭᠤᠷ ᠢ ᠠᠮᠠᠷᠬᠠᠨ ᠰᠠᠮᠨᠠᠬᠤ ᠶᠢᠨ ᠲᠥᠯᠥᠭᠡ ᠤᠷᠢᠳ ᠢᠶᠠᠷ ᠰᠣᠷ ᠢ ᠨᠢ ᠦᠵᠦᠭᠦᠷ ᠢᠶᠠᠷ ᠨᠢ ᠬᠢᠷᠠᠭᠠᠨ ᠬᠠᠶᠢᠴᠢᠯᠠᠬᠤ ᠶᠢ ᠰᠣᠷᠯᠠᠬᠤ ᠭᠡᠳᠡᠭ᠃      ᠰᠠᠭᠠᠯᠢ ᠶᠢᠨ ᠰᠠᠭᠤᠯᠠᠭ᠎ᠠ -  ᠦᠨᠢᠶ᠎ᠡ ᠮᠠᠯ ᠰᠠᠭᠠᠬᠤ ᠳᠤ ᠵᠣᠷᠢᠭᠤᠯᠤᠭᠰᠠᠨ ᠪᠢᠴᠢᠬᠠᠨ ᠮᠣᠳᠣᠨ ᠰᠠᠪᠠ᠃ ᠪᠠᠰᠠ ᠪᠣᠷᠳᠣᠭᠤ ᠭᠡᠳᠡᠭ᠃      ᠪᠦᠰᠡᠯᠡᠭᠦᠷ - ᠰᠠᠭᠤᠯᠠᠭ᠎ᠠ ᠶᠢᠨ ᠮᠣᠳᠣ ᠶᠢ ᠲᠣᠭᠲᠠᠭᠠᠨ ᠪᠠᠬᠢᠯᠡᠭᠰᠡᠨ ᠲᠡᠮᠦᠷ ᠪᠤᠶᠤ ᠭᠠᠤᠯᠢᠨ ᠴᠠᠭᠠᠷᠢᠭ᠃ ᠬᠤᠶᠠᠷ ᠪᠤᠶᠤ ᠭᠤᠷᠪᠠ ᠪᠠᠶᠢᠳᠠᠭ᠃
ᠢᠷᠡᠯᠲᠡ᠄ ᠪᠠᠶᠠᠨ ᠨᠠᠭᠤᠷ ᠤᠨ ᠡᠳᠦᠷ ᠤᠨ ᠰᠣᠨᠢᠨ