ᠬᠠᠲᠤᠨ ᠭᠤᠣᠯ ᠤᠨ ᠯᠢᠨ ᠾᠧ ᠶᠢᠨ ᠬᠡᠰᠡᠭ ᠭᠤᠣᠯ  ᠪᠢᠲᠡᠭᠦᠮᠵᠢᠯᠡᠭᠳᠡᠪᠡ
ᠨᠡᠶᠢᠲᠡᠯᠡᠭᠰᠡᠨ ᠴᠠᠭ᠄
2023/12/20
       ᠣᠶᠢᠷ᠎ᠠ ᠳᠤ᠂ ᠠᠭᠠᠷ ᠤᠨ ᠳᠤᠯᠠᠭᠠᠨ ᠶᠡᠭᠡ ᠪᠠᠷ ᠪᠠᠭᠤᠷᠠᠵᠤ᠂ ᠬᠠᠲᠤᠨ ᠭᠤᠣᠯ ᠤᠨ ᠯᠢᠨ ᠾᠧ ᠶᠢᠨ ᠬᠡᠰᠡᠭ ᠨᠢᠭᠡᠨᠲᠡ ᠭᠤᠣᠯ  ᠪᠢᠲᠡᠭᠦᠮᠵᠢᠯᠡᠭᠳᠡᠪᠡ᠃ ᠥᠩᠭᠡᠷᠡᠭᠰᠡᠨ ᠤ ᠲᠠᠰᠤᠷᠠᠰᠢ ᠦᠭᠡᠢ ᠳᠣᠯᠭᠢᠶᠠᠯᠠᠨ ᠳᠠᠪᠠᠯᠭᠠᠯᠠᠵᠤ ᠪᠠᠶᠢᠭᠰᠠᠨ ᠬᠠᠲᠤᠨ ᠭᠤᠣᠯ ᠣᠲᠣ ᠴᠤ ᠨᠠᠮ ᠵᠢᠮ  ᠪᠣᠯᠣᠭᠰᠠᠨ ᠪᠠᠶᠢᠨ᠎ᠠ᠃  ᠣᠳᠣ ᠶᠢᠨ ᠬᠠᠲᠤᠨ ᠭᠤᠣᠯ ᠨᠢ ᠬᠢᠲᠠᠳ ᠵᠢᠷᠤᠭ ᠤᠨ ᠶᠡᠭᠡ ᠳᠠᠷᠬᠠᠨ ᠤ ᠤᠷᠠᠨ ᠪᠢᠷ  ᠢᠶᠠᠷ ᠵᠢᠷᠤᠭᠰᠠᠨ ᠰᠦᠷᠯᠢᠭ  ᠠᠭᠤᠯᠠ ᠤᠰᠤᠨ ᠤ ᠵᠢᠷᠤᠭ ᠰᠢᠭ᠋ ᠪᠠᠶᠢᠨ᠎ᠠ᠃      ᠵᠢᠷᠤᠭ ᠪᠣᠯ 12 ᠰᠠᠷ᠎ᠠ ᠶᠢᠨ 17 ᠤ ᠡᠳᠦᠷ ᠰᠤᠷᠪᠤᠯᠵᠢᠯᠠᠭᠴᠢ  ᠯᠢᠨ ᠾᠧ ᠶᠢᠨ ᠮᠠ ᠴᠠᠩ ᠳ᠋ᠢ ᠨᠠᠢᠮᠠᠳᠤᠭᠠᠷ ᠳᠤᠭᠤᠶᠢᠯᠠᠩ ᠳᠤ ᠰᠡᠭᠦᠳᠡᠷᠯᠡᠭᠰᠡᠨ ᠭᠤᠣᠯ  ᠪᠢᠲᠡᠭᠦᠮᠵᠢᠯᠡᠭᠳᠡᠭᠰᠡᠨ ᠪᠠᠶᠢᠳᠠᠯ ᠪᠣᠯᠣᠨ᠎ᠠ᠃
1702950877627094142.jpg
ᠢᠷᠡᠯᠲᠡ᠄ ᠪᠠᠶᠠᠨᠨᠠᠭᠤᠷ ᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠵᠠᠰᠠᠭ ᠤᠨ ᠶᠠᠪᠤᠳᠠᠯ ᠤᠨ ᠮᠣᠩᠭᠤᠯ ᠰᠦᠯᠵᠢᠶ᠎ᠡ