ᠤᠷᠠᠳ ᠮᠤᠩᠭᠤᠯᠴᠤᠳ ᠤᠨ ᠤᠳᠤᠮ ᠭᠠᠷᠤᠯ ᠬᠢᠭᠡᠳ ᠬᠠᠪᠤᠳᠤ ᠬᠠᠰᠠᠷ ᠤᠨ ᠬᠠᠷᠢᠶᠠᠳᠤ ᠭᠠᠵᠠᠷ ᠨᠤᠳᠤᠭ
ᠨᠡᠶᠢᠲᠡᠯᠡᠭᠰᠡᠨ ᠴᠠᠭ᠄
2023/3/7
      ᠤᠷᠠᠳ ᠭᠡᠳᠡᠭ ᠦᠭᠡ ᠪᠣᠯ ᠤᠷᠠᠨ ᠤ ᠤᠯᠠᠨ ᠲᠤᠭ᠎ᠠ᠃ ᠲᠤᠬᠠᠢ ᠶᠢᠨ ᠦᠶ᠎ᠡ ᠳᠤ ᠨᠡᠬᠦᠳᠡᠯ ᠤᠨ ᠨᠡᠶᠢᠭᠡᠮᠯᠢᠭ ᠤᠨ ᠦᠢᠯᠡᠳᠪᠦᠷᠢᠯᠡᠯ ᠠᠮᠢᠳᠤᠷᠠᠯ ᠤᠨ ᠪᠠ ᠪᠠᠳᠤᠯᠠᠨ ᠬᠠᠮᠠᠭᠠᠯᠠᠯᠲᠠ ᠶᠢᠨ ᠪᠠᠭᠠᠵᠢ ᠬᠡᠷᠡᠭᠰᠡᠯ᠂ ᠵᠠᠷ ᠵᠡᠪᠰᠡᠭ ᠦᠢᠯᠡᠳᠴᠦ ᠤᠷᠠᠯᠠᠬᠤ ᠶᠠᠪᠤᠳᠠᠯ ᠪᠠᠷᠤᠭ ᠡᠷ᠎ᠡ ᠬᠦᠮᠦᠨ ᠪᠤᠯᠭᠠᠨ ᠤ ᠡᠭᠦᠷᠭᠡ ᠪᠠᠶᠢᠭᠰᠠᠨ ᠪᠠᠶᠢᠵᠠᠢ᠃ ᠰᠡᠬᠦᠯ ᠳᠤ ᠪᠠᠨ ᠮᠤᠩᠭᠤᠯ ᠤᠨ ᠨᠡᠶᠢᠭᠡᠮ ᠤᠨ ᠠᠵᠢᠯ ᠤᠨ ᠬᠤᠪᠢᠶᠠᠷᠢᠯᠠᠯᠲᠠ ᠨᠢᠭᠳᠠᠵᠢᠬᠤ ᠶᠢ ᠲᠠᠭᠠᠯᠳᠤᠨ ᠭᠡᠷ ᠲᠡᠷᠭᠡ᠂ ᠪᠠᠭᠠᠵᠢ ᠬᠡᠷᠡᠭᠰᠡᠯ᠂ ᠵᠠᠷ ᠵᠡᠪᠰᠡᠭ ᠵᠡᠷᠭᠡ ᠶᠢ ᠬᠢᠬᠦ ᠲᠤᠰᠬᠠᠢ ᠤᠷᠠᠴᠤᠤᠯ ᠤᠨ ᠡᠩᠨᠡᠭᠡ ᠪᠦᠷᠢᠯᠳᠦᠭᠰᠡᠨ ᠪᠠᠶᠢᠨ᠎ᠠ᠃ 1206 ᠤᠨ ᠳᠤ ᠶᠡᠭᠡ ᠮᠤᠩᠭᠤᠯ ᠤᠯᠤᠰ ᠪᠠᠶᠢᠭᠤᠯᠤᠭᠳᠠᠭᠰᠠᠨ ᠤ ᠲᠠᠷᠠᠭ᠎ᠠ ᠬᠠᠷ᠎ᠠ ᠬᠤᠷᠤᠮ ᠵᠡᠷᠭᠡ ᠭᠠᠵᠠᠷ ᠲᠤ ᠲᠤᠰᠬᠠᠢ ᠤᠷᠠᠴᠤᠤᠯ ᠤᠨ ᠡᠩᠨᠡᠭᠡ ᠪᠠᠶᠢᠭᠤᠯᠤᠮᠵᠢ ᠶᠢ ᠵᠤᠬᠢᠶᠠᠨ ᠰᠠᠷᠳᠠᠭᠤᠯ ᠭᠠᠷᠤᠯ ᠲᠠᠢ ᠲᠠᠷᠬᠠᠳ ᠢ ᠤᠷᠢᠨ ᠪᠠᠭᠰᠢ ᠪᠠᠷᠢᠵᠤ᠂ ᠭᠡᠷ ᠲᠡᠷᠭᠡ᠂ ᠪᠠᠭᠠᠵᠢ ᠬᠡᠷᠡᠭᠰᠡᠯ᠂ ᠵᠠᠷ ᠵᠡᠪᠰᠡᠭ ᠬᠢᠵᠤ ᠪᠠᠶᠢᠵᠠᠢ᠃ ᠡᠳᠡᠭᠡᠷ ᠤᠷᠠᠴᠤᠤᠯ ᠨᠢ ᠶᠠᠪᠤᠭᠠᠨ ᠳᠤ ᠪᠠᠨ ᠤᠷᠠᠳ ᠠᠶᠢᠮᠠᠭ ᠪᠤᠯᠵᠠᠢ᠃       ᠤᠷᠠᠳᠴᠤᠳ ᠪᠣᠯ ᠬᠠᠪᠤᠳᠤ ᠬᠠᠰᠠᠷ ᠤᠨ ᠬᠤᠶᠢᠴᠢᠰ ᠶᠤᠮ᠃       ᠬᠠᠪᠤᠳᠤ ᠬᠠᠰᠠᠷ ︵1164 — 1227︶ ᠪᠣᠯ ᠶᠢᠰᠦᠭᠡᠢ ᠪᠠᠭᠠᠳᠤᠷ᠂ ᠦᠭᠡᠯᠦᠨ ᠦᠵᠢᠨ ᠤ ᠬᠤᠶᠠᠳᠤᠭᠠᠷ ᠬᠦᠪᠡᠬᠦᠨ ᠨᠢ ᠶᠤᠮ᠃ ᠲᠡᠷᠡ ᠬᠠᠷᠠᠬᠠᠨ ᠪᠠᠭ᠎ᠠ ᠨᠠᠰᠤᠨ ᠳᠤ ᠪᠠᠨ ᠡᠴᠢᠭᠡ ᠠᠴᠠ ᠪᠠᠨ ᠰᠠᠯᠤᠭᠰᠠᠨ ᠴᠦ ᠰᠤᠷᠭᠠᠯ ᠰᠤᠪᠢᠯ ᠲᠠᠢ ᠡᠬᠡ ᠶᠢᠨ ᠢᠶᠠᠨ ᠬᠦᠮᠦᠵᠢᠯ ᠲᠤᠤᠷ᠎ᠠ ᠪᠠᠭ᠎ᠠ ᠨᠠᠰᠤᠨ ᠳᠤ ᠪᠠᠨ ᠲᠠᠶᠢᠴᠢᠭᠤᠳ ᠮᠡᠷᠭᠢᠳ ᠤᠨ ᠲᠠᠷᠤᠯᠠᠯ ᠲᠠᠯᠬᠢᠯ ᠲᠠᠢ ᠨᠤᠭᠤᠷᠠᠰᠢ ᠦᠭᠡᠢ ᠲᠡᠮᠡᠴᠡᠵᠤ ᠢᠷᠡᠭᠰᠡᠨ ᠪᠦᠭᠡᠳ ᠦᠭᠡᠶᠢᠷᠡᠯ ᠤᠨ ᠬᠠᠯᠠ ᠪᠠᠷ ᠨᠦᠬᠦᠳ ᠲᠤ ᠪᠠᠨ ᠦᠷᠦ ᠵᠦᠭᠡᠯᠡᠨ ᠬᠦᠮᠦᠨ ᠪᠤᠯᠵᠤ᠂ ᠦᠯ ᠬᠤᠭᠤᠰᠤᠨ ᠳᠤ ᠢᠳᠡᠬᠦ ᠪᠠᠨ ᠦᠭᠴᠦ᠂ ᠡᠮᠦᠰᠬᠦ ᠨᠢᠮᠬᠡᠨ ᠳᠤ ᠲᠡᠪᠡᠯ ᠢᠶᠠᠨ ᠲᠠᠶᠢᠯᠵᠤ ᠦᠭᠬᠦᠨ ᠨᠦᠬᠦᠷ ᠠᠬ᠎ᠠ ᠲᠡᠬᠦᠦ ᠪᠤᠯᠤᠯᠴᠠᠨ ᠪᠦᠯᠬᠦᠮᠳᠡᠵᠤ ᠴᠢᠳᠠᠳᠠᠭ ᠪᠤᠯᠵᠤ᠂ ᠰᠦᠷᠡᠬᠡᠢ ᠲᠤᠭᠰᠢᠨ᠂ ᠡᠷᠡᠯᠭᠡᠭ ᠪᠠᠭᠠᠳᠤᠷᠯᠢᠭ᠂ ᠵᠦᠭᠡᠯᠡᠨ ᠠᠴᠠ ᠠᠶᠤᠬᠤ ᠠᠴᠠ ᠪᠢᠰᠢ᠂ ᠬᠠᠳᠠᠭᠤ ᠠᠴᠠ ᠰᠦᠷᠳᠡᠳᠡᠭ ᠦᠭᠡᠢ ᠤᠮᠤᠭᠯᠠᠩ ᠵᠠᠩ ᠎ ᠲᠠᠢ ᠲᠤᠭᠰᠢᠨ ᠮᠦᠷᠲᠡᠭᠡᠨ ᠠᠭᠤᠵᠢᠮ ᠰᠡᠳᠬᠢᠯ ᠲᠠᠢ ᠬᠦᠮᠦᠨ ᠪᠤᠯᠵᠤ ᠴᠢᠳᠠᠪᠠ᠃ ᠡᠶᠢᠨ ᠬᠦ᠋ ᠲᠡᠷᠡ ᠠᠬ᠎ᠠ ᠲᠡᠮᠦᠵᠢᠨ ᠢ ᠪᠠᠨ ᠲᠠᠭᠠᠵᠤ ᠮᠤᠩᠭᠤᠯ ᠬᠠᠭᠠᠨᠳᠤ ᠤᠯᠤᠰ ᠢ ᠪᠠᠶᠢᠭᠤᠯᠬᠤ ᠳᠤ ︽ᠲᠠᠯ᠎ᠠ ᠮᠦᠷᠦᠨ ᠤ ᠬᠦᠴᠦᠨ︾᠎ ᠨᠢ ᠪᠤᠯᠵᠤ ᠪᠠᠯᠠᠷᠠᠰᠢ ᠦᠭᠡᠢ ᠭᠠᠪᠢᠶ᠎ᠠ ᠵᠢᠳᠬᠦᠯ ᠪᠠᠶᠢᠭᠤᠯᠪᠠ᠃ ᠲᠡᠤᠬᠡᠨ ᠳᠤ ᠴᠦ ︽ᠬᠠᠰᠠᠷ ᠤᠨ ᠬᠠᠪᠤ ᠪᠠᠷ᠂ ᠪᠡᠯᠭᠦᠲᠡᠢ ᠶᠢᠨ ᠪᠦᠬᠡ ᠪᠠᠷ︾ ᠬᠡᠳᠡᠭ ᠦᠬᠡ ᠪᠠᠶᠢᠳᠠᠭ ᠶᠤᠮ᠃ ᠴᠢᠩᠬᠢᠰ ᠬᠠᠭᠠᠨ 1206 ᠤᠨ ᠳᠤ ᠲᠠᠷᠬᠠᠢ ᠪᠤᠳᠠᠷᠬᠠᠢ ᠮᠤᠩᠭᠤᠯ ᠠᠶᠢᠮᠠᠭ ᠢ ᠨᠢᠭᠡᠳᠭᠡᠵᠤ᠂ ᠶᠡᠭᠡ ᠮᠤᠩᠭᠤᠯ ᠤᠯᠤᠰ ᠢ ᠪᠠᠶᠢᠭᠤᠯᠤᠭᠰᠠᠨ ᠤ ᠲᠠᠷᠠᠭ᠎ᠠ ᠠᠯᠳᠠᠨ ᠤᠷᠤᠭ ᠤᠨ ᠢᠵᠠᠭᠤᠷᠲᠠᠳ ᠤᠨ ᠬᠤᠷᠠᠯᠲᠠᠢ ᠲᠡᠭᠡᠷ᠎ᠡ ᠬᠡᠤᠬᠡᠳ ᠲᠤ ᠪᠠᠨ ᠠᠯᠳᠠᠢ ᠠᠭᠤᠯᠠ ᠤᠷᠴᠢᠮ ᠤᠨ ᠭᠠᠵᠠᠷ ᠢ ᠬᠤᠪᠢᠳᠠᠵᠤ᠂ ᠲᠡᠬᠦᠦ ᠨᠠᠷ ᠲᠤ ᠪᠠᠨ ᠬᠠᠷᠭᠤᠨ ᠵᠢᠳᠤᠨ ᠠᠭᠤᠯᠠ ᠤᠷᠴᠢᠮ ᠤᠨ ᠭᠠᠵᠠᠷ ᠢᠶᠠᠷ ᠲᠦᠪ ᠪᠤᠯᠭᠠᠵᠤ᠂ ᠪᠠᠷᠠᠭᠤᠨ ᠲᠠᠯ᠎ᠠ ᠪᠠᠷ ᠢᠶᠠᠨ ᠪᠡᠯᠬᠦᠳᠡᠢ ᠶᠢᠨ᠂ ᠵᠡᠬᠦᠨ ᠲᠠᠯ᠎ᠠ ᠪᠠᠷ ᠢᠶᠠᠨ ᠲᠡᠮᠦᠬᠡ ᠤᠳᠴᠢᠬᠢᠨ ᠤ᠂ ᠡᠮᠦᠨ᠎ᠡ ᠲᠠᠯ᠎ᠠ ᠪᠠᠷ ᠢᠶᠠᠨ ᠬᠠᠴᠢᠭᠤᠨ ᠤ ᠬᠦᠦ ᠡᠯᠴᠢᠭᠡᠲᠡᠢ ᠶᠢᠨ ᠬᠤᠪᠢ ᠨᠤᠳᠤᠭ ᠲᠠᠢ ᠲᠤᠰ ᠲᠤᠰ ᠵᠠᠬ᠎ᠠ ᠨᠡᠶᠢᠯᠠᠵᠤ᠂ ᠬᠤᠶᠢᠰᠢ ᠪᠠᠨ ᠪᠠᠶᠢᠭᠠᠯ ᠨᠠᠭᠤᠷ ᠤᠨ ᠡᠮᠦᠨᠡᠬᠦᠷᠬᠢ ᠦᠷᠭᠡᠨ ᠠᠭᠤᠳᠠᠮ ᠨᠤᠳᠤᠭ ᠲᠡᠪᠢᠰᠭᠡᠷ ᠢ ᠵᠡᠬᠦᠨᠰᠢ ᠪᠠᠷᠠᠭᠤᠨᠰᠢ 870  ᠺᠢᠯᠣᠮᠧᠲᠷ᠂ ᠡᠮᠦᠨ᠎ᠡ ᠬᠤᠶᠢᠰᠢ ᠪᠣᠯ 1200  ᠺᠢᠯᠣᠮᠧᠲᠷ ᠤᠨ ᠦᠩ ᠰᠢᠮᠡᠯᠢᠭ ᠪᠡᠯᠴᠢᠭᠡᠷ ᠨᠤᠳᠤᠭ ᠢ ᠪᠠᠭᠳᠠᠭᠠᠵᠤ ᠪᠠᠶᠢᠪᠠ᠂ ᠬᠠᠰᠠᠷ ᠤᠨ ᠤᠷᠳᠤᠨ ᠦᠷᠬᠦᠭᠡ ᠨᠢ ᠡᠷᠬᠦᠨ᠎ᠡ ᠭᠤᠤᠯ ᠤᠨ ᠡᠮᠦᠨ᠎ᠡ ᠬᠦᠪᠡᠭᠡᠨ ᠳᠤ ᠪᠠᠶᠢᠪᠠ᠃       ᠴᠢᠩᠭᠢᠰ ᠬᠠᠭᠠᠨ ᠬᠠᠰᠠᠷ ᠲᠤ ᠳ᠋ᠠ ᠸᠠᠩ ᠴᠤᠯᠠ ᠬᠠᠶᠢᠷᠠᠯᠠᠵᠤ᠂ ᠠᠷᠪᠠᠨ ᠭᠤᠷᠪᠠᠨ ᠤᠳᠤᠭ᠂ ᠠᠷᠪᠠᠨ ᠲᠦᠮᠡᠨ ᠠᠷᠠᠳ ᠢ ᠦᠭᠴᠦ ᠵᠠᠬᠢᠷᠤᠭᠤᠯᠤᠭᠰᠠᠨ ᠪᠠᠶᠢᠨ᠎ᠠ᠃ ᠡᠶᠢᠮᠦ ᠶᠡᠭᠡ ᠨᠤᠳᠤᠭ ᠬᠤᠪᠢᠳᠠᠨ ᠤᠯᠤᠭᠰᠠᠨ ᠨᠢ ᠲᠡᠬᠦᠨ ᠤ ᠭᠠᠪᠢᠶ᠎ᠠ ᠵᠢᠳᠬᠦᠯ᠂ ᠲᠦᠷᠦ ᠤᠯᠤᠰ ᠲᠤ ᠪᠠᠨ ᠦᠨᠡᠨᠴᠢ ᠰᠢᠳᠤᠷᠭᠤ ᠵᠢᠳᠬᠦᠭᠰᠡᠨ ᠤ ᠬᠢᠨᠢ ᠬᠠᠷᠭᠤ ᠪᠠᠶᠢᠬᠤ ᠨᠢ ᠯᠠᠪᠲᠠᠢ᠃ ᠬᠠᠪᠤᠳᠤ ᠬᠠᠰᠠᠷ ᠤᠨ ᠬᠤᠶᠢᠴᠢᠰ ᠶᠠᠪᠤᠬᠤ ᠲᠤᠳᠤᠮ ᠤᠯᠠᠰᠢᠷᠠᠵᠤ᠂ ᠴᠢᠩ ᠤᠯᠤᠰ ᠤᠨ ᠰᠡᠬᠦᠯᠴᠢ ᠪᠤᠯᠤᠭᠠᠳ ᠢᠷᠡᠬᠦ ᠦᠶᠡᠰ ᠲᠤ ᠬᠤᠷᠴᠢᠨ᠂ ᠲᠦᠷᠪᠡᠨ ᠬᠡᠤᠬᠡᠳ᠂ ᠵᠠᠯᠠᠶᠢᠳ᠂ ᠭᠤᠷᠯᠤᠰ᠂ ᠤᠷᠠᠳ᠂ ᠮᠤᠤᠮᠢᠩᠭᠠᠨ᠂ ᠬᠤᠱᠤᠳ᠂ ᠠᠯᠠᠱᠠ ᠵᠡᠷᠭᠡ ᠠᠶᠢᠮᠠᠭ ᠤᠳ ᠢ ᠨᠤᠶᠠᠷᠬᠠᠬᠤ ᠪᠤᠯᠤᠭᠰᠠᠨ ᠪᠠᠶᠢᠨ᠎ᠠ᠃ ᠤᠳᠤ ᠴᠦ ᠬᠡᠰᠡᠨ ᠬᠠᠰᠠᠷ ᠬᠢᠬᠡᠳ ᠲᠡᠬᠦᠨ ᠤ ᠦᠷ᠎ᠠ ᠠᠴᠢᠨᠠᠷ ᠲᠤ ᠬᠠᠷᠢᠶᠠᠯᠠᠭᠳᠠᠵᠤ ᠪᠠᠶᠢᠭᠰᠠᠨ ᠮᠤᠩᠭᠤᠯ ᠤᠪᠤᠭ ᠠᠶᠢᠮᠠᠭ ᠨᠢ ᠲᠤᠮᠳᠠᠳᠤ ᠤᠯᠤᠰ ᠎ ᠲᠠᠬᠢ ᠮᠤᠩᠭᠤᠯ ᠦᠨᠳᠦᠰᠦᠲᠡᠨ ᠤ ᠪᠦᠬᠦ ᠬᠦᠮᠦᠨ ᠠᠮᠠ ᠶᠢᠨ ᠭᠤᠷᠪᠠᠨ ᠤ ᠬᠤᠶᠠᠷ ᠢ ᠡᠵᠡᠯᠡᠵᠤ ᠪᠠᠶᠢᠨ᠎ᠠ᠃ ᠬᠠᠪᠤᠳᠤ ᠬᠠᠰᠠᠷ ᠨᠢ ᠴᠢᠩᠭᠢᠰ ᠬᠠᠭᠠᠨ ᠪᠠ ᠲᠡᠬᠦᠨ ᠤ ᠪᠠᠶᠢᠭᠤᠯᠤᠭᠰᠠᠨ ᠶᠡᠭᠡ ᠮᠤᠩᠭᠤᠯ ᠤᠯᠤᠰ ᠲᠤ ᠦᠨᠡᠨᠴᠢ ᠰᠢᠳᠤᠷᠭᠤ ᠦᠢᠯᠡᠴᠢᠯᠡᠭᠰᠡᠨ ᠤ ᠤᠴᠢᠷ᠂ ᠪᠦᠬᠦ ᠮᠤᠩᠭᠤᠯ ᠠᠶᠢᠮᠠᠭ ᠤᠨ ᠢᠳᠡᠭᠡᠯ ᠪᠢᠰᠢᠷᠡᠯ ᠢ ᠤᠯᠵᠤ ᠦᠪᠡᠷ ᠤᠨ ᠬᠢᠨᠢ ᠤᠯᠠᠨ ᠬᠠᠷᠢᠶ᠎ᠠ ᠠᠶᠢᠮᠠᠭ ᠬᠠᠰᠠᠷ ᠢ ︽ᠲᠠᠶᠢᠯ ᠪᠤᠭᠳᠠ︾ ᠬᠡᠮᠡᠨ ᠦᠶ᠎ᠡ ᠦᠶ᠎ᠡ ᠪᠠᠷ ᠢᠶᠠᠨ ᠰᠦᠰᠦᠭᠯᠡᠨ᠂ ᠤᠳᠤ ᠪᠤᠯᠳᠠᠯ᠎ᠠ ᠤᠷᠳᠤ ᠦᠷᠬᠦᠭᠡ ᠶᠢ ᠎ ᠨᠢ ᠦᠷᠬᠦᠭᠡ ᠶᠢ ᠨᠢ ᠬᠠᠮᠠᠭᠠᠯᠠᠵᠤ᠂ ᠤᠩᠭᠤᠨ ᠲᠠᠬᠢᠯᠭ᠎ᠠ ᠶᠢ ᠨᠢ ᠦᠷᠬᠦᠯᠵᠢᠯᠡᠬᠦᠯᠵᠤ᠂ ᠬᠦᠷᠦᠭ ᠵᠢᠷᠤᠭ ᠢ ᠨᠢ ᠪᠦᠳᠦᠭᠡᠭᠡᠳ ᠰᠠᠩ ᠲᠠᠯᠪᠢᠨ ᠲᠡᠭᠡᠳᠦᠯᠡᠨ ᠲᠠᠬᠢᠭᠰᠠᠭᠠᠷ ᠪᠠᠶᠢᠨ᠎ᠠ᠃       ᠶᠠᠭ ᠡᠶᠢᠮᠦ ᠠᠴᠠ ᠠᠷᠪᠠᠨ ᠬᠤᠶᠠᠳᠤᠭᠠᠷ ᠵᠠᠭᠤᠨ ᠤ ᠰᠡᠭᠦᠯᠴᠢ᠂ ᠠᠷᠪᠠᠨ ᠭᠤᠷᠪᠠᠳᠤᠭᠠᠷ ᠵᠠᠭᠤᠨ ᠤ ᠡᠬᠢᠨ ᠤ ᠦᠶ᠎ᠡ ᠳᠠᠬᠢ ᠲᠡᠤᠬᠡᠳᠦ ᠬᠦᠮᠦᠨ ᠬᠠᠰᠠᠷ ᠪᠣᠯ ᠰᠢᠯᠭᠠᠷᠠᠭᠰᠠᠨ ᠴᠡᠷᠢᠭ ᠤᠨ ᠡᠷᠳᠡᠮᠳᠡᠨ᠂ ᠤᠯᠤᠰ ᠲᠦᠷᠦᠴᠢᠨ ᠪᠤᠯᠬᠤ ᠪᠦᠭᠡᠳ ᠮᠥᠨ ᠴᠦ ᠨᠢᠭᠡᠨ ᠭᠠᠷᠮᠠᠭᠠᠢ ᠭᠠᠳᠠᠭᠠᠳᠤ ᠬᠠᠷᠢᠯᠴᠠᠭᠠᠨ ᠤ ᠬᠦᠮᠦᠨ ᠶᠤᠮ᠃ ᠮᠦᠩᠬᠡᠴᠢᠯᠠᠭᠤ ᠶᠢᠨ ︽ᠬᠦᠮᠦᠵᠢᠯ ᠤᠨ ᠬᠦᠬᠡ ᠪᠡᠯᠡᠭ︾᠎ ᠠᠴᠠ ᠪᠠᠭᠤᠯᠭᠠᠪᠠ 
ᠢᠷᠡᠯᠲᠡ᠄ ᠳ᠋ᠧᠩᠺᠧᠦ ᠰᠢᠶᠠᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ