ᠠᠮᠢᠳᠤᠷᠠᠯ ᠤᠨ ᠲᠡᠮ
ᠨᠡᠶᠢᠲᠡᠯᠡᠭᠰᠡᠨ ᠴᠠᠭ᠄
2023/4/13
     ᠬᠠᠯᠠᠭᠤᠨ ᠤᠰᠤᠨ ᠤ ᠰᠠᠪᠠ ᠶᠢᠨ ᠬᠠᠭ ᠢ ᠠᠷᠢᠯᠭᠠᠬᠤ ᠳᠤ  ᠼᠤᠤ ᠬᠢᠵᠦ ᠬᠡᠳᠦᠨ ᠤᠳᠠᠭ᠎ᠠ ᠵᠠᠶᠢᠯᠤᠭᠰᠠᠨ ᠤ ᠲᠠᠷᠠᠭ᠎ᠠ ᠬᠠᠭᠠᠰ ᠴᠠᠭ ᠲᠠᠯᠪᠢᠵᠤ ᠪᠠᠶᠢᠭᠠᠳ ᠲᠠᠭᠢᠨ ᠴᠡᠪᠡᠷ ᠤᠰᠤ ᠪᠠᠷ ᠵᠠᠶᠢᠯᠪᠠᠯ ᠬᠠᠭ ᠨᠢ ᠠᠷᠢᠯᠤᠨ᠎ᠠ᠃       ᠱᠠᠬᠠᠢ ᠶᠢᠨ ᠠᠪᠳᠠᠷ᠎ᠠ ᠳᠣᠲᠣᠷ᠎ᠠ ᠮᠣᠳᠣᠨ ᠨᠡᠭᠦᠷᠡᠰᠦ ᠶᠢ ᠬᠢᠵᠦ ᠬᠠᠳᠠᠭᠠᠯᠠᠪᠠᠯ ᠦᠮᠡᠬᠡᠢ ᠦᠨᠦᠷ ᠢ ᠠᠷᠢᠯᠭᠠᠵᠤ ᠴᠢᠭᠢᠭᠳᠡᠭᠦ ᠠᠴᠠ ᠰᠡᠷᠭᠡᠶᠢᠯᠡᠨ᠎ᠡ᠃ ᠵᠦᠷᠵᠢ ᠶᠢᠨ ᠬᠠᠯᠢᠰᠤ ᠶᠢ ᠤᠬᠢᠶᠠᠵᠤ ᠴᠡᠪᠡᠷᠯᠡᠭᠡᠳ ᠬᠥᠯᠳᠡᠭᠡᠭᠦᠷ ᠲᠤ ᠲᠠᠷᠬᠠᠭᠠᠵᠤ ᠲᠠᠯᠪᠢᠪᠠᠯ᠂ ᠭᠤᠷᠪᠠᠨ ᠬᠤᠨᠤᠭ ᠤᠨ ᠲᠠᠷᠠᠭ᠎ᠠ ᠬᠥᠯᠳᠡᠭᠡᠭᠦᠷ ᠤᠨ ᠠᠯᠢᠪᠠ ᠮᠠᠭᠤᠬᠠᠢ ᠦᠨᠦᠷ ᠠᠷᠢᠯᠵᠤ᠂ ᠠᠩᠬᠢᠯᠤᠮ᠎ᠠ ᠰᠠᠶᠢᠬᠠᠨ ᠦᠨᠦᠷ ᠭᠠᠷᠳᠠᠭ᠃       ᠨᠦᠢᠷ ᠬᠤᠯᠵᠢᠳᠠᠭ ᠬᠥᠮᠥᠨ ᠤᠨᠲᠠᠬᠤ ᠠᠴᠠ ᠡᠮᠦᠨ᠎ᠡ ᠨᠢᠭᠡ ᠴᠣᠮᠣ ᠪᠤᠴᠠᠯᠭᠠᠵᠤ ᠬᠥᠷᠥᠭᠡᠭᠰᠡᠨ ᠤᠰᠤᠨ ᠳᠤ ᠨᠢᠭᠡ ᠬᠠᠯᠪᠠᠭ᠎ᠠ  ᠼᠤᠤ ᠬᠢᠵᠦ ᠤᠤᠭᠤᠪᠠᠯ ᠨᠦᠢᠷ ᠢ ᠰᠠᠶᠢᠵᠢᠷᠠᠭᠤᠯᠤᠨ᠎ᠠ᠃       ᠬᠠᠳᠠᠭᠠᠬᠰᠠᠨ ᠵᠦᠷᠵᠢ ᠶᠢᠨ ᠬᠠᠯᠢᠰᠤ ᠶᠢ ᠰᠢᠲᠠᠭᠠᠪᠠᠯ ᠭᠡᠷ ᠤᠨ ᠳᠣᠲᠣᠷᠠᠬᠢ ᠦᠮᠡᠬᠡᠢ ᠦᠨᠦᠷ ᠢ ᠠᠷᠢᠯᠭᠠᠬᠤ ᠪᠠ ᠪᠠᠲᠠᠭᠠᠨ᠎ᠠ ᠶᠢ ᠴᠤ ᠦᠯᠳᠡᠵᠤ ᠬᠥᠭᠡᠭᠡᠨ᠎ᠡ᠃       ᠭᠢᠳᠤᠭ᠎ᠠ ᠪᠢᠯᠡᠭᠦᠳᠡᠬᠦ ᠳᠡᠭᠡᠨ ᠭᠢᠳᠤᠭ᠎ᠠ ᠪᠠᠨ ᠳᠠᠪᠤᠰᠤ ᠲᠠᠢ ᠤᠰᠤᠨ ᠳᠤ ᠳᠡᠪᠲᠦᠭᠡᠵᠦ ᠪᠠᠶᠢᠭᠠᠳ ᠪᠢᠯᠡᠭᠦᠳᠡᠪᠡᠯ ᠭᠢᠯᠪᠠᠷᠬᠠᠨ ᠬᠤᠷᠴᠠ ᠪᠤᠯᠬᠤ ᠪᠥᠭᠡᠳ ᠲᠡᠰᠪᠦᠷᠢᠲᠡᠢ ᠪᠠᠶᠢᠳᠠᠭ᠃       ᠬᠤᠭᠤᠯᠠᠨ ᠭᠡᠷ ᠤᠨ ᠱᠠᠯᠠᠨ ᠤ ᠲᠤᠰᠤᠨ ᠭᠬᠢᠷ ᠢ  ᠼᠤᠤ ᠬᠢᠭᠰᠡᠨ ᠵᠦᠯᠭᠦᠭᠦᠷ ᠢᠶᠠᠷ ᠵᠦᠯᠭᠦᠪᠡᠯ ᠭᠢᠯᠪᠡᠷᠬᠠᠨ ᠵᠦᠯᠭᠦᠭᠳᠡᠳᠡᠭ᠃       ᠠᠷᠠᠰᠤᠨ ᠱᠠᠬᠠᠢ ᠶᠢᠨ ᠲᠣᠰᠣ ᠶᠢ ᠬᠡᠷᠡᠭᠯᠡᠬᠦ ᠦᠭᠡᠢ ᠤᠳᠠᠪᠠᠯ ᠬᠠᠲᠠᠭᠤᠷᠠᠳᠠᠭ᠂ ᠬᠡᠳᠦᠨ ᠲᠤᠰᠤᠯ ᠦᠨᠢᠶᠡᠨ ᠰᠦ ᠳᠤᠰᠤᠭᠠᠪᠠᠯ ᠱᠠᠬᠠᠢ ᠶᠢᠨ ᠲᠣᠰᠣ ᠴᠢᠨᠢ ᠵᠥᠭᠡᠯᠡᠷᠡᠵᠦ ᠰᠢᠨ᠎ᠡ ᠲᠣᠰᠣ ᠲᠠᠢ ᠠᠳᠠᠯᠢ ᠪᠤᠯᠳᠠᠭ᠃       ᠳᠠᠪᠤᠰᠤᠯᠠᠭᠰᠠᠨ ᠨᠣᠭᠤᠭ᠎ᠠ ᠪᠤᠶᠤ ᠵᠢᠭᠠᠰᠤ ᠬᠢᠭᠰᠡᠨ ᠰᠠᠪᠠ ᠶᠢ   ᠼᠤᠤ ᠲᠠᠢ ᠬᠠᠯᠠᠭᠤᠨ ᠤᠰᠤ ᠪᠠᠷ ᠤᠬᠢᠶᠠᠪᠠᠯ ᠦᠨᠦᠷ ᠨᠢ ᠠᠷᠢᠯᠳᠠᠭ᠃       ᠵᠢᠭᠠᠰᠤᠨ ᠤ ᠬᠠᠶᠢᠷᠰᠤ ᠶᠢ ᠬᠤᠰᠤᠵᠤ ᠠᠷᠢᠯᠭᠠᠬᠤ ᠳᠠᠭᠠᠨ ᠵᠢᠭᠠᠰᠤ ᠪᠠᠨ   ᠼᠤᠤ ᠲᠠᠢ ᠤᠰᠤᠨ ᠳᠤ ᠪᠠᠭ᠋ᠠᠨ ᠳᠡᠪᠲᠦᠭᠡᠭᠡᠳ ᠬᠤᠰᠤᠪᠠᠯ ᠬᠠᠶᠢᠷᠰᠤ ᠨᠢ ᠭᠢᠯᠪᠠᠷ ᠠᠷᠢᠯᠤᠨ᠎ᠠ᠃ 
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡᠨ ᠤ ᠰᠦᠯᠵᠢᠶ᠎ᠡ