ᠰᠢ ᠠᠨ - ᠪᠠᠶᠠᠨᠨᠠᠭᠤᠷ - ᠬᠠᠶᠢᠯᠠᠷ ᠤᠨ ᠠᠭᠠᠷ ᠤᠨ ᠠᠶᠠᠯᠠᠯ ᠤᠨ ᠱᠤᠭᠤᠮ ᠤᠨ ᠠᠩᠬᠠᠨ ᠤ ᠠᠶᠠᠯᠠᠯ
ᠨᠡᠶᠢᠲᠡᠯᠡᠭᠰᠡᠨ ᠴᠠᠭ᠄
2023/4/19
      3 ᠰᠠᠷ᠎ᠠ ᠶᠢᠨ 26 ᠎ ᠤ ᠦᠳᠡ ᠶᠢᠨ ᠡᠮᠦᠨ᠎ᠡ᠂ ᠰᠢ ᠠᠨ ᠠᠴᠠ ᠪᠠᠶᠠᠨᠨᠠᠭᠤᠷ ᠬᠦᠷᠬᠦ ᠠᠶᠠᠨᠴᠢᠳ ᠤᠨ ᠨᠢᠰᠬᠡᠯ ᠪᠠᠶᠠᠨᠨᠠᠭᠤᠷ ᠨᠢᠰᠬᠡᠯ ᠤᠨ ᠪᠠᠭᠤᠳᠠᠯ ᠳᠤ ᠪᠠᠭᠤᠪᠠ᠃ ᠬᠠᠭᠠᠰ ᠴᠠᠭ ᠤᠨ ᠳᠠᠷᠠᠭ᠎ᠠ᠂ ᠡᠨᠡ ᠡᠭᠡᠯᠵᠢ ᠶᠢᠨ ᠨᠢᠰᠬᠡᠯ ᠬᠠᠶᠢᠯᠠᠷ ᠵᠦᠭ ᠨᠢᠰᠦᠨ᠎ᠡ᠃ ᠲᠤᠬᠠᠢ ᠶᠢᠨ ᠡᠳᠦᠷ᠂ ᠰᠢ ᠠᠨ  ᠪᠠᠶᠠᠨᠨᠠᠭᠤᠷ  ᠬᠠᠶᠢᠯᠠᠷ ᠤᠨ ᠠᠭᠠᠷ ᠤᠨ ᠠᠶᠠᠯᠠᠯ ᠤᠨ ᠱᠤᠭᠤᠮ ᠠᠩᠬᠠᠨ ᠤ ᠠᠶᠠᠯᠠᠯ ᠢᠶᠠᠨ ᠡᠬᠢᠯᠡᠭᠦᠯᠪᠡ᠃      ᠬᠠᠶᠢᠯᠠᠷ ᠲᠤ ᠣᠴᠢᠬᠤ ᠪᠠᠷ ᠪᠡᠯᠡᠳᠬᠡᠵᠦ ᠪᠠᠶᠢᠭᠰᠠᠨ ᠠᠶᠠᠨᠴᠢᠨ ᠸᠠᠩ ᠠᠪᠤᠭᠠᠢ ᠠᠴᠢᠶ᠎ᠠ ᠪᠠᠨ ᠴᠢᠷᠦᠨ ᠪᠠᠶᠠᠨᠨᠠᠭᠤᠷ ᠨᠢᠰᠬᠡᠯ ᠤᠨ ᠪᠠᠭᠤᠳᠠᠯ ᠳᠤ ᠡᠷᠲᠡᠬᠡᠨ ᠬᠦᠷᠴᠦ᠂ ᠨᠢᠰᠬᠡᠯ ᠳᠤ ᠭᠠᠷᠬᠤ ᠫᠠᠶᠢᠰᠠ ᠪᠠᠨ ᠠᠪᠤᠪᠠ᠃ ︽ᠥᠩᠭᠡᠷᠡᠭᠰᠡᠨ ᠳᠤ ᠬᠠᠶᠢᠯᠠᠷ ᠲᠤ ᠣᠴᠢᠬᠤ ᠳᠤ ᠴᠥᠮ ᠬᠥᠬᠡᠬᠤᠲᠠ ᠎ ᠠᠴᠠ ᠨᠢᠰᠬᠡᠯ ᠰᠣᠯᠢᠬᠤ ᠪᠤᠶᠤ ᠬᠥᠬᠡᠬᠤᠲᠠ ᠳᠤ ᠨᠢᠰᠬᠡᠯ ᠳᠤ ᠰᠠᠭᠤᠵᠤ ᠪᠠᠶᠢᠵᠠᠢ᠂ ᠡᠨᠡ ᠡᠭᠡᠯᠵᠢ ᠎ ᠶᠢᠨ ᠨᠢᠰᠬᠡᠯ ᠪᠠᠶᠢᠪᠠᠯ ᠨᠡᠩ ᠳᠥᠭᠦᠮ ᠪᠣᠯᠣᠨ᠎ᠠ᠂ ᠨᠢᠰᠬᠡᠯ ᠰᠣᠯᠢᠬᠤ ᠬᠡᠷᠡᠭ ᠦᠭᠡᠢ ᠪᠣᠯᠵᠠᠢ︾  ᠭᠡᠵᠦ ᠸᠠᠩ ᠠᠪᠤᠭᠠᠢ ᠪᠠᠶᠠᠷᠲᠠᠢ ᠪᠠᠷ ᠬᠡᠯᠡᠪᠡ᠃      ᠣᠶᠢᠯᠠᠭᠠᠭᠰᠠᠨ ᠢᠶᠠᠷ᠂ ᠪᠠᠶᠠᠨᠨᠠᠭᠤᠷ ᠤᠨ ᠨᠢᠰᠬᠡᠯ ᠤᠨ ᠪᠠᠭᠤᠳᠠᠯ ᠤᠨ ᠵᠤᠨ ᠨᠠᠮᠤᠷ ᠤᠨ ᠠᠶᠠᠯᠠᠯ ᠤᠨ ᠤᠯᠠᠷᠢᠯ ᠳᠤ ᠰᠢ ᠠᠨ  ᠪᠠᠶᠠᠨᠨᠠᠭᠤᠷ ᠬᠠᠶᠢᠯᠠᠷ ᠤᠨ ᠠᠭᠠᠷ ᠤᠨ ᠠᠶᠠᠯᠠᠯ ᠤᠨ ᠱᠤᠭᠤᠮ ᠢ ᠰᠢᠨ᠎ᠡ ᠪᠠᠷ ᠨᠡᠮᠡᠵᠦ᠂ ᠭᠠᠷᠠᠭ ᠪᠦᠷᠢ ᠶᠢᠨ ᠨᠢᠭᠡ᠂ ᠭᠤᠷᠪᠠ᠂ ᠲᠠᠪᠤ᠂ ᠡᠳᠦᠷ ᠲᠤ ᠬᠡᠷᠡᠭᠵᠢᠭᠦᠯᠬᠦ ᠪᠠᠷ ᠲᠥᠯᠥᠪᠯᠡᠵᠦ ᠪᠣᠶ᠃ ᠲᠤᠰ ᠠᠭᠠᠷ ᠤᠨ ᠠᠶᠠᠯᠠᠯ ᠤᠨ ᠱᠤᠭᠤᠮ ᠪᠠᠶᠠᠨᠨᠠᠭᠤᠷ ᠠᠴᠠ ᠬᠠᠶᠢᠯᠠᠷ ᠬᠦᠷᠬᠦ ᠳᠤ 2.5 ᠴᠠᠭ ᠯᠠ ᠬᠡᠷᠡᠭᠰᠡᠨ᠎ᠡ᠃ 
ᠢᠷᠡᠯᠲᠡ᠄ ᠪᠠᠶᠠᠨᠨᠠᠭᠤᠷ ᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠵᠠᠰᠠᠭ ᠤᠨ ᠶᠠᠪᠤᠳᠠᠯ ᠤᠨ ᠮᠣᠩᠭᠤᠯ ᠰᠦᠯᠵᠢᠶ᠎ᠡ