ᠬᠠᠷᠠᠪᠠᠷᠰ | | ᠡᠨᠡ ᠵᠢᠯ ᠤᠨ ᠬᠠᠩᠰᠢ ᠶᠢᠨ ᠡᠳᠦᠷ ᠭᠡᠭᠴᠢ ᠶᠣᠰᠣᠲᠠᠢ ᠡᠪᠦᠯ ᠤᠨ ᠰᠢᠨᠵᠢ ᠲᠠᠢ ᠬᠠᠪᠤᠷ ᠤᠨ ᠵᠢᠬᠡᠭᠦᠨ ᠡᠳᠦᠷ ᠪᠠᠶᠢᠪᠠ᠃ | ᠥᠷᠯᠥᠭᠡ ᠶᠢᠨ ᠬᠤᠭᠤᠯᠠᠨ ᠤ ᠲᠠᠷᠠᠭ᠎ᠠ᠂ ᠪᠢ ᠤᠤᠯ ᠤᠨ ᠵᠤᠷᠰᠢᠯ ᠢᠶᠠᠷ ᠢᠶᠠᠨ ᠬᠤᠶᠢᠲᠤ ᠠᠭᠤᠯᠠᠨ ᠵᠦᠭ ᠠᠯᠬᠤᠯᠠᠬᠤ ᠪᠠᠷ ᠶᠠᠪᠤᠬᠤ ᠭᠡᠵᠦ ᠪᠠᠶᠢᠲᠠᠯ᠎ᠠ ᠡᠬᠡᠨᠡᠷ | ᠮᠢᠨᠢ ᠭᠡᠨᠡᠳᠲᠡ ᠶᠠᠭᠤ ᠨᠢᠭᠡ ᠶᠢ ᠰᠠᠨᠠᠨ ᠣᠯᠵᠤ᠄ ︽ᠬᠥᠶ᠋ᠢ᠂ ᠡᠨᠡ ᠡᠳᠦᠷ ᠴᠢᠨᠢ ᠬᠠᠩᠰᠢ ᠶᠢᠨ ᠡᠳᠦᠷ ᠪᠢᠰᠢ ᠤᠤ︖ ᠦᠨᠦᠭᠢ ᠥᠨᠥᠴᠢᠨ ᠪᠤᠯᠠᠰᠢᠨ ᠤ ᠳᠣᠲᠣᠨᠣ | ᠨᠠᠶᠢᠵᠠ ᠳᠠᠭᠠᠨ ᠰᠣᠷᠭᠤᠭ ᠴᠡᠴᠡᠭ ᠭᠦᠷᠭᠡᠭᠦ ᠪᠠᠨ ᠮᠠᠷᠲᠠᠴᠢᠬᠠᠪᠠ ᠤᠤ︖︾ ᠭᠡᠵᠦ ᠮᠢᠨᠤ ᠰᠠᠨᠠᠭᠠᠨ ᠳᠤ ᠨᠡᠶᠢᠴᠡᠭᠦᠯᠦᠨ ᠰᠠᠨᠠᠭᠤᠯᠤᠨ ᠭᠡᠯᠡᠭᠦ ᠳᠤ ᠨᠢ ᠪᠢ ᠡᠭ ᠮᠡᠭ | ᠭᠡᠵᠦ ᠪᠠᠭ᠋ᠠᠨ ᠲᠠᠲᠠᠭᠠᠯᠵᠠᠨ ᠡᠪ ᠦᠭᠡᠶᠢᠬᠡᠨ ᠢᠨᠢᠶᠡᠰᠬᠢᠭᠡᠳ᠄ ︽ᠮᠡᠲᠡᠵᠦ ᠪᠠᠶᠢᠨ᠎ᠠ ᠰᠢᠤ᠂ ᠪᠢ ᠴᠢᠨᠢ ᠠᠷᠠᠢ ᠪᠠᠰᠠ ᠲᠡᠶᠢᠮᠦ ᠯᠠ ᠮᠠᠷᠲᠠᠮᠠᠲᠠᠭᠠᠢ ᠠᠮᠢᠳᠠᠨ | ᠪᠣᠯᠴᠢᠬᠠᠭᠰᠠᠨ ᠪᠢᠰᠢ ᠳ᠋ᠡ᠂ ᠦᠦᠷ ᠤᠨ ᠵᠡᠭᠦᠳᠦ ᠦᠨᠡᠨ ᠪᠠᠶᠢᠳᠠᠭ ᠭᠡᠳᠡᠭᠴᠢᠯᠡᠨ ᠥᠴᠥᠭᠡᠳᠦᠷ ᠰᠥᠨᠢ ᠬᠠᠷᠢᠨ ᠪᠢ ᠨᠢᠭᠡᠨ ᠬᠠᠴᠢᠨ ᠵᠡᠭᠦᠳᠦ ᠵᠡᠭᠦᠳᠦᠯᠡᠵᠦ ᠦᠨᠦᠭᠢ | ᠥᠨᠥᠴᠢᠨ ᠪᠤᠯᠠᠰᠢᠨ ᠤ ᠡᠵᠡᠨ ᠨᠢ ᠠᠩᠭᠢᠷ ᠭᠡᠲᠡᠭ ᠪᠦᠰᠡᠭᠦᠢ ᠨᠠᠳᠠ ᠲᠠᠢ ᠠᠭᠤᠯᠵᠠᠨ ᠰᠠᠯᠤᠯᠲᠠ ᠶᠢᠨ ᠶᠣᠰᠣ ᠭᠦᠢᠴᠡᠳᠬᠡᠨ ᠬᠤᠳᠠ ᠶᠢᠨ ᠲᠡᠭᠦᠷᠭᠡ ᠶᠢᠨ ᠸᠠᠨ ᠰᠧᠦ | ᠶᠤᠸᠠᠨ ᠬᠡᠮᠡᠭᠴᠢ ᠤᠯᠠᠨ ᠨᠡᠶᠢᠲᠡ ᠶᠢᠨ ᠤᠩᠭᠤᠨ ᠤ ᠭᠠᠵᠠᠷ ᠨᠡᠭᠦᠭᠡᠳ ᠶᠠᠪᠤᠴᠢᠬᠠᠭᠰᠠᠨ ᠭᠡᠨ᠎ᠡ︾ ᠭᠡᠵᠦ ᠳᠥᠭᠦᠮᠬᠡᠨ ᠬᠡᠯᠡᠭᠡᠳ ᠦᠨᠦᠭᠢ ᠲᠣᠳᠣᠬᠠᠨ ᠪᠥᠭᠡᠳ | ᠰᠣᠨᠢᠬᠠᠨ ᠵᠡᠭᠦᠳᠦ ᠪᠠᠨ ᠦᠭᠡ ᠲᠠᠭᠤ ᠥᠩᠭᠡ ᠪᠤᠲᠤᠭ ᠨᠡᠮᠡᠷᠢᠯᠡᠨ ᠦᠷᠭᠦᠯᠵᠢᠯᠡᠨ ᠶᠠᠷᠢᠯ᠎ᠠ ᠁ | ᠰᠢᠷ᠎ᠠ ᠪᠦᠷᠦᠢ ᠪᠣᠯᠪᠠ᠂ ᠬᠡᠳᠦᠬᠡᠨ ᠬᠤᠨᠳᠠᠭ᠎ᠠ ᠠᠷᠢᠬᠢᠨ ᠳᠠᠭᠠᠨ ᠬᠠᠯᠠᠰᠴᠢᠬᠠᠭᠠᠳ ᠬᠡᠯᠪᠡᠩ ᠳᠠᠯᠪᠠᠩ ᠭᠡᠯᠲᠦᠷᠢᠭᠰᠡᠭᠡᠷ ᠨᠢᠭᠡ ᠮᠡᠲᠡᠭᠦ ᠳᠤ ᠪᠠᠰᠠ ᠦᠨᠦᠭᠢ | ᠪᠣᠷᠣ ᠣᠷᠣᠢ ᠳᠡᠭᠡᠷ᠎ᠡ ᠪᠠᠨ ᠢᠷᠡᠴᠢᠬᠡᠪᠡ᠃ ᠰᠣᠭᠲᠣᠭᠤ ᠨᠢᠳᠦ ᠪᠠᠨ ᠰᠡᠶᠢᠮᠡᠶᠢᠯᠭᠡᠨ ᠡᠶᠢᠰᠢ ᠲᠡᠶᠢᠰᠢ ᠪᠠᠨ ᠬᠠᠷᠠᠬᠤᠶ᠎ᠠ ᠠᠩᠭᠢᠷ ᠤᠨ ᠪᠤᠯᠠᠰᠢᠨ ᠤ ᠡᠮᠦᠨ᠎ᠡ ᠨᠢᠭᠡᠨ | ᠥᠨᠳᠥᠷᠬᠡᠨ ᠨᠠᠶᠢᠭᠤᠯᠵᠠᠭᠤᠷ ᠪᠡᠶ᠎ᠡ ᠲᠠᠢ᠂ ᠤᠯᠠᠭᠠᠪᠲᠤᠷ ᠴᠠᠭᠠᠨ ᠴᠢᠷᠠᠢ ᠲᠠᠢ᠂ ᠲᠣᠮᠣ ᠠᠯᠠᠭ ᠨᠢᠳᠦ ᠲᠠᠢ ᠰᠢᠨᠡᠬᠡᠨ ᠨᠣᠭᠤᠭᠠᠨ ᠲᠡᠷᠯᠢᠭ ᠡᠮᠦᠰᠦᠭᠰᠡᠨ ᠳᠥᠴᠢᠭᠡᠳ | ᠨᠠᠰᠤᠨ ᠤ ᠡᠮᠡᠭᠲᠡᠢ ᠰᠠᠬᠤᠯᠢᠭ ᠵᠤᠵᠠᠭᠠᠨ ᠠᠷᠴᠠ ᠶᠢᠨ ᠳᠤᠮᠳᠠ ᠢᠨᠢᠶᠡᠮᠰᠦᠭᠯᠡᠨ ᠵᠣᠭᠰᠣᠨ᠎ᠠ᠃ | ᠪᠢ ᠳᠣᠲᠣᠷ᠎ᠠ ᠪᠠᠨ ︽ᠡᠨᠡ ᠪᠠᠷᠤᠭ ᠬᠤᠷᠢᠮ ᠨᠠᠶᠢᠷ ᠲᠤ ᠤᠷᠤᠯᠴᠠᠭᠰᠠᠨ ᠬᠤᠳᠠ ᠶᠢᠨ ᠮᠣᠩᠭᠤᠯ ᠶᠤᠮ ᠤᠤ᠂ ᠮᠠᠯ ᠲᠥᠯ ᠢᠶᠠᠨ ᠡᠷᠢᠵᠦ ᠶᠠᠪᠤᠭ᠎ᠠ | ᠬᠥᠳᠡᠭᠡ ᠶᠢᠨ ᠮᠠᠯᠴᠢᠨ ᠪᠠᠶᠢᠬ᠎ᠠ ᠁︾ ᠭᠡᠵᠦ ᠪᠤᠲᠤᠭᠠᠳ ᠬᠠᠵᠠᠭᠤ ᠪᠠᠷ ᠨᠢ ᠵᠥᠷᠢᠵᠦ ᠭᠠᠷᠲᠠᠯ᠎ᠠ ᠲᠡᠷᠡ ᠡᠮᠡᠭᠲᠡᠢ᠄ ︽ᠬᠥᠶ᠋ᠢ᠂ ᠬᠠ᠊ ᠭᠤᠸᠠᠢ ᠠ᠋᠂ ᠠᠰ | ᠠᠭᠤᠯᠵᠠᠭᠠᠳ ᠪᠠᠰᠠ ᠠᠮᠤᠷ ᠮᠡᠨᠲᠦ ᠶᠢᠨ ᠪᠡᠯᠭᠡ ᠦᠭᠡᠢ ᠲᠠ ᠴᠢᠨᠢ ᠮᠣᠩᠭᠤᠯ ᠬᠥᠮᠥᠨ ᠮᠥᠨ ᠤᠤ︖ ᠪᠢ ᠠᠩᠭᠢᠷ ᠪᠠᠶᠢᠨ᠎ᠠ᠂ ᠪᠢ ᠲᠠᠨ ᠲᠠᠢ ᠰᠠᠯᠬᠤ ᠶᠣᠰᠣ | ᠭᠦᠢᠴᠡᠳᠬᠡᠬᠦ ᠪᠠᠷ ᠢᠷᠡᠪᠡ᠂ ᠲᠠ ᠨᠠᠳᠠ ᠶᠢ ᠠᠯᠪᠢᠨ ᠴᠢᠳᠬᠦᠷ ᠭᠡᠵᠦ ᠠᠶᠤᠵᠤ ᠵᠢᠭᠰᠢᠭᠦ ᠦᠭᠡᠢ ᠪᠣᠯ ᠨᠠᠭᠠᠰᠢ ᠪᠠᠨ ᠢᠷ᠎ᠡ︾ ᠭᠡᠵᠦ ᠢᠨᠢᠶᠡᠮᠰᠦᠭᠯᠡᠨ ᠭᠡᠯᠡᠭᠦ ᠳᠤ ᠨᠢ | ᠥᠩᠭᠡ ᠵᠢᠰᠦ ᠨᠢ ᠶᠠᠭ ᠯᠠ ᠳᠠᠭᠢᠨᠢ ᠮᠡᠲᠦ ᠭᠤᠶᠦ ᠡᠷᠬᠢᠮᠰᠦᠭ ᠬᠠᠷᠠᠭᠳᠠᠨ᠎ᠠ᠃ | ᠪᠢ ᠤᠭᠲᠤ ᠲᠦᠲᠡᠭᠡᠯᠵᠡᠯ ᠦᠭᠡᠢ ᠪᠠᠷ᠄ ︽ᠰᠡᠳᠬᠢᠯ ᠳᠡᠭᠡᠨ ᠭᠡᠮ ᠦᠭᠡᠢ ᠪᠢ ᠶᠠᠭᠤᠨ ᠳᠤ ᠲᠠᠨ ᠠᠴᠠ ᠠᠶᠤᠬᠤ ᠪᠤᠢ᠂ ᠲᠠᠨ ᠳᠤ ᠪᠠᠰᠠ ᠮᠠᠭᠤ ᠰᠠᠨᠠᠭ᠎ᠠ | ᠮᠤᠰᠢᠭᠠᠢ ᠪᠤᠳᠤᠯ ᠦᠭᠡᠢ ᠭᠡᠲᠡᠭ ᠢ ᠪᠢ ᠢᠲᠡᠭᠡᠨ᠎ᠡ᠂ ᠲᠠᠭᠢᠭᠠᠳ ᠬᠡᠯᠡᠪᠡᠯ ᠪᠢᠲᠡ ᠬᠤᠶᠠᠭᠤᠯᠠ ᠴᠢᠨᠢ ᠴᠡᠪᠡᠷ ᠴᠠᠶᠢᠯᠭᠠᠨ ᠪᠥᠭᠡᠳ ᠴᠢᠩ ᠦᠨᠡᠨᠴᠢ ᠨᠥᠬᠦᠷᠯᠡᠯ ᠲᠠᠢ | ᠰᠠᠶᠢᠨ ᠨᠠᠶᠢᠵᠠ ᠰᠢᠤ ᠳ᠋ᠡ᠂ ᠪᠢ ᠲᠠᠨ ᠢ ᠪᠠᠨ ᠪᠠᠶᠠᠷᠯᠠᠨ ᠤᠭᠲᠤᠶ᠎ᠠ᠂ ᠲᠠᠨ ᠲᠠᠢ ᠣᠯᠵᠤ ᠠᠭᠤᠯᠵᠠᠭᠰᠠᠨ ᠳᠠᠭᠠᠨ ᠪᠠᠶᠠᠷᠯᠠᠨ ᠣᠮᠣᠭᠰᠢᠵᠤ ᠪᠠᠶᠢᠨ᠎ᠠ︾ ᠭᠡᠵᠦ | ᠤᠭᠲᠤᠨ ᠣᠴᠢᠭᠠᠳ ᠬᠤᠶᠠᠷ ᠭᠠᠷ ᠢ ᠨᠢ ᠴᠢᠩᠭᠠᠬᠠᠨ ᠠᠳᠬᠤᠪᠠ᠃ ᠲᠡᠭᠦᠨ ᠤ ᠭᠠᠷ ᠨᠢ ᠭᠦᠪ ᠬᠦᠢᠲᠡᠨ ᠬᠠᠮᠤᠭ ᠪᠡᠶ᠎ᠡ ᠠᠴᠠ ᠨᠢ ᠬᠥᠷᠥᠰᠥ ᠰᠢᠷᠣᠢ ᠶᠢᠨ ᠦᠨᠦᠷ | ᠬᠠᠩᠬᠤᠯᠵᠤ ᠪᠠᠶᠢᠯ᠎ᠠ᠃ | ᠲᠡᠷᠡ ᠴᠦ ᠲᠤᠩ ᠰᠡᠳᠬᠢᠯ ᠬᠥᠳᠡᠯᠵᠦ᠄ ︽ᠨᠠᠳᠠ ᠶᠢ ᠨᠠᠶᠢᠵᠠ ᠲᠠᠨᠢᠭᠰᠠᠨ ᠳᠤ ᠴᠢᠨᠢ ᠪᠠᠶᠠᠷᠯᠠᠨ ᠲᠠᠯᠠᠷᠬᠠᠵᠤ ᠪᠠᠶᠢᠨ᠎ᠠ᠂ ᠤᠲᠤ ᠪᠢ ᠤᠯᠠᠨ ᠨᠡᠶᠢᠲᠡ ᠶᠢᠨ | ᠤᠩᠭᠤᠨ ᠳᠤ ᠨᠡᠭᠦᠭᠦ ᠪᠣᠯᠬᠤᠷ ᠲᠠᠨ ᠲᠠᠢ ᠨᠢᠭᠡ ᠠᠭᠤᠯᠵᠠᠭᠠᠳ ᠶᠠᠪᠤᠶ᠎ᠠ ᠭᠡᠰᠡᠨ ᠶᠤᠮ᠂ ᠲᠥᠭᠡᠯᠡᠵᠦ ᠲᠦᠷᠦᠭᠰᠡᠨ ᠪᠡᠶ᠎ᠡ᠂ ᠲᠣᠭᠠᠯᠠᠵᠤ ᠲᠠᠯᠪᠢᠭᠰᠠᠨ ᠨᠠᠰᠤ | ᠭᠡᠳᠡᠭᠴᠢᠯᠡᠨ ᠪᠢ ᠪᠣᠯ ᠲᠡᠷᠭᠡᠨ ᠠᠲᠡᠯ ᠢᠶᠠᠷ ᠲᠤᠷᠭᠤᠨ ᠨᠠᠰᠤᠯᠠᠭᠰᠠᠨ ᠲᠡᠨᠦᠭᠦᠯ ᠰᠦᠨᠡᠰᠦ ᠪᠣᠯᠬᠤᠷ ᠡᠷᠯᠢᠭ ᠤᠨ ᠣᠷᠣᠨ ᠢᠶᠠᠷ ᠠᠷᠪᠠᠨ ᠬᠡᠳᠦᠨ ᠵᠢᠯ ᠲᠡᠨᠦᠭᠦᠴᠢᠯᠡᠵᠦ | ᠶᠠᠪᠤᠯ᠎ᠠ᠃ ᠶᠠᠭᠤ ᠪᠣᠯᠤᠭᠰᠠᠨ ᠴᠦ ᠡᠷᠯᠢᠭ ᠤᠨ ᠬᠠᠭᠠᠨ ᠲᠠᠷᠠᠭ᠎ᠠ ᠵᠢᠯ ᠨᠠᠳᠠ ᠳᠤ ᠲᠦᠷᠦᠯ ᠣᠯᠭᠤᠬᠤ ᠶᠤᠮ ᠭᠡᠨ᠎ᠡ᠂ ᠲᠠᠨ ᠤ ᠬᠦᠷᠭᠡᠭᠰᠡᠨ ᠠᠷᠪᠠᠨ ᠪᠠᠭᠴᠠ | ᠰᠣᠷᠭᠤᠭ ᠴᠡᠴᠡᠭ ᠴᠢᠨᠢ ᠮᠢᠨᠤ ᠤᠶᠢᠳᠬᠠᠷ ᠢ ᠰᠡᠷᠭᠦᠭᠡᠨ ᠡᠯᠡᠢ ᠬᠤᠯᠠᠢ ᠠᠮᠢᠳᠤᠷᠠᠯ ᠳᠤ ᠮᠢᠨᠢ ᠡᠭᠦᠷᠢᠳᠡ ᠶᠢᠨ ᠬᠠᠨᠢ ᠪᠣᠯᠣᠭᠰᠠᠭᠠᠷ ᠠ᠋ ᠁︾ ᠭᠡᠵᠦ ᠦᠭᠡ ᠪᠠᠨ | ᠴᠦ ᠬᠡᠯᠡᠵᠦ ᠭᠠᠷᠬᠤ ᠦᠭᠡᠢ ᠮᠡᠭᠰᠢᠨ ᠤᠭᠢᠯᠠᠨ᠎ᠠ᠃ | ᠪᠢ ᠴᠦ ᠰᠡᠳᠬᠢᠯ ᠤᠶᠠᠷᠠᠵᠤ᠄ ︽ᠳᠡᠩᠳᠡᠭᠦᠦ ᠪᠢᠲᠡᠭᠡᠢ ᠵᠣᠪᠠ ᠠ᠋᠂ ᠦᠬᠦᠵᠦ ᠲᠦᠷᠦᠭᠦ ᠭᠡᠭᠴᠢ ᠲᠦᠮᠡᠨ ᠪᠣᠳᠠᠰ ᠤᠨ ᠵᠢᠮ᠎ᠡ ᠶᠣᠰᠣ ᠪᠣᠯᠬᠤᠷ ᠬᠡᠨ ᠨᠢ ᠴᠦ | ᠭᠡᠳ ᠳᠤᠲᠠᠭᠠᠵᠤ ᠲᠡᠶᠢᠯᠭᠦ ᠦᠭᠡᠢ ᠶᠤᠮ᠂ ᠵᠦᠪᠭᠡᠨ ᠡᠷᠲᠡ ᠣᠷᠣᠢ ᠬᠡᠳᠦᠨ ᠵᠢᠯ ᠤᠨ ᠤᠴᠢᠷ ᠯᠠ ᠪᠢᠵᠡ᠂ ᠲᠠ ᠲᠡᠭᠡᠭᠡᠳ ᠠᠲᠡ ᠪᠠᠨ ᠠᠮᠤᠷᠯᠢᠩᠭᠤᠢ | ᠨᠣᠶᠢᠷᠰᠤᠪᠠᠯ ᠪᠣᠯᠴᠢᠬᠠᠨ᠎ᠠ ᠰᠢᠳᠡ᠂ ᠶᠠᠭᠤᠨ ᠳᠤ ᠨᠢ ᠵᠠᠪᠠᠯ ᠨᠡᠭᠦᠵᠦ ᠶᠠᠪᠤᠬᠤ ᠪᠤᠢ︖︾ ᠭᠡᠵᠦ ᠰᠣᠨᠢᠭᠤᠴᠢᠯᠠᠨ ᠠᠰᠠᠭᠤᠪᠠᠯ ᠲᠡᠷᠡ᠄ ︽ᠬᠡᠯᠡᠪᠡᠯ ᠪᠠᠰᠠ ᠦᠭᠡ | ᠣᠯᠠᠳᠠᠵᠤ ᠦᠯᠢᠭᠡᠷ ᠤᠷᠲᠤ ᠪᠣᠯᠣᠨ᠎ᠠ᠂ ᠮᠠᠯᠵᠢᠯ ᠤᠨ ᠠᠵᠢᠯ ᠢ ᠬᠠᠮᠢᠶᠠᠷᠴᠤ ᠪᠠᠶᠢᠬᠤ ᠰᠤᠮᠤᠨ ᠳᠠᠷᠤᠭ᠎ᠠ ᠬᠦᠦ ᠮᠢᠨᠢ ᠨᠤᠲᠤᠭ ᠣᠷᠣᠨ ᠤ ᠪᠠᠨ ᠬᠥᠭᠵᠢᠯ | ᠲᠠᠪᠰᠢᠯ ᠤᠨ ᠲᠥᠯᠥᠭᠡ ᠡᠨᠡ ᠠᠭᠤᠯᠠᠨ ᠳᠤ ᠤᠯᠠᠨ ᠵᠦᠢᠯ ᠤᠨ ᠮᠣᠳᠣ ᠲᠠᠷᠢᠵᠦ ᠪᠠᠶᠢᠭᠠᠯᠢ ᠶᠢᠨ ᠴᠡᠴᠡᠷᠯᠢᠭ ᠪᠠᠶᠢᠭᠤᠯᠬᠤ ᠶᠤᠮ ᠭᠡᠨ᠎ᠡ᠂ ᠲᠡᠭᠡᠭᠡᠳ ᠯᠠ ᠨᠠᠳᠠ ᠶᠢ | ᠸᠠᠨ ᠰᠧᠦ ᠶᠤᠸᠠᠨ ᠭᠡᠲᠡᠭ ᠨᠡᠶᠢᠲᠡ ᠶᠢᠨ ᠤᠩᠭᠤᠨ ᠤ ᠭᠠᠵᠠᠷ ᠨᠡᠭᠦᠯᠭᠡᠭᠰᠡᠨ ᠨᠢ ᠡᠨᠡ ᠠ᠋᠂ ᠮᠢᠨᠤ ᠬᠦᠦ ᠪᠣᠯ ᠠᠶᠢᠯ ᠤᠯᠠᠨ ᠳᠠᠭᠠᠨ ᠢᠲᠡᠭᠡᠯ ᠬᠦᠨᠳᠦᠲᠡᠢ ᠰᠢᠯᠢᠳᠡᠭ | ᠺᠠᠳ᠋ᠷ᠂ ᠶᠠᠭᠤ ᠬᠢᠵᠦ ᠶᠠᠭᠠᠬᠢᠵᠤ ᠬᠢᠬᠦ ᠪᠠᠨ ᠲᠣᠳᠣᠷᠬᠠᠢ ᠮᠡᠳᠡᠳᠡᠭ ᠤᠬᠠᠭᠠᠨ ᠲᠠᠢ ᠬᠦᠦ ᠪᠣᠯᠬᠤᠷ ᠲᠡᠭᠦᠨ ᠤ ᠲᠥᠯᠥᠭᠡ ᠪᠢ ᠳᠠᠩᠳᠠ ᠣᠮᠣᠭᠰᠢᠵᠤ | ᠶᠠᠪᠤᠳᠠᠭ ᠰᠢᠤ ᠁︾ ᠭᠡᠵᠦ ᠪᠠᠶᠠᠷᠲᠠᠶᠢᠬᠠᠨ ᠭᠡᠯᠡᠭᠦ ᠳᠤ ᠨᠢ ᠪᠢ ᠶᠠᠭᠤ ᠭᠡᠯᠡᠭᠦ ᠪᠠᠨ ᠣᠯᠵᠤ ᠶᠠᠳᠠᠨ ᠠᠯᠮᠠᠶᠢᠷᠠᠨ ᠵᠣᠭᠰᠣᠵᠤ ᠪᠠᠶᠢᠲᠠᠯ᠎ᠠ ᠥᠨᠳᠥᠷ | ᠣᠭᠲᠠᠷᠭᠤᠢ ᠠᠴᠠ ᠨᠢᠭᠡᠨ ᠪᠥᠭᠡᠮ ᠴᠠᠭᠠᠨ ᠡᠭᠦᠯᠡ ᠭᠦᠪᠦᠯᠵᠡᠨ ᠳᠣᠭᠤᠭᠰᠢᠯᠠᠭᠰᠠᠭᠠᠷ ᠶᠠᠮᠠᠷ ᠨᠢᠭᠡᠨ ᠰᠠᠬᠢᠭᠤᠯᠰᠤᠨ ᠢ ᠪᠤᠤ ᠮᠡᠳᠡ᠂ ᠠᠩᠭᠢᠷ ᠢ ᠲᠡᠷᠡ ᠡᠭᠦᠯᠡᠨ | ᠳᠡᠭᠡᠷ᠎ᠡ ᠲᠠᠳᠠᠨ ᠭᠠᠷᠭᠠᠭᠠᠳ ᠠᠯᠭᠤᠷᠬᠠᠨ ᠳᠡᠭᠳᠡᠭᠰᠡᠭᠡᠷ ᠠᠯᠠᠭᠠᠨ ᠴᠢᠨᠡᠭᠡᠨ ᠲᠣᠯᠪᠤ ᠪᠣᠯᠣᠨ ᠵᠠᠮᠬᠠᠷᠠᠵᠠᠢ ᠁ ᠭᠡᠵᠦ ᠤᠴᠢᠷ ᠲᠠᠢ ᠰᠠᠶᠢᠬᠠᠨ ᠵᠡᠭᠦᠳᠦ ᠪᠠᠨ | ᠦᠯᠢᠭᠡᠷ ᠲᠤᠮᠤᠭ ᠰᠢᠭ᠋ ᠶᠠᠷᠢᠬᠤ ᠳᠤ ᠡᠬᠡᠨᠡᠷ ᠮᠢᠨᠢ ᠨᠠᠳᠠ ᠶᠢ ᠡᠯᠡᠭᠯᠡᠨ ᠢᠨᠢᠶᠡᠵᠦ᠄ ︽ᠴᠢ ᠴᠦ ᠭᠡᠵᠦ ᠮᠥᠨ ᠬᠥᠭᠡᠷᠦᠬᠦᠢ ᠶᠤᠮ᠂ ᠵᠢᠷᠠ ᠭᠦᠷᠦᠮᠡᠭᠴᠡ ᠵᠥᠨᠥᠭᠰᠡᠨ | ᠡᠪᠦᠭᠡᠨ ᠪᠣᠯᠴᠢᠬᠠᠵᠠᠢ᠃ ᠨᠢᠭᠡᠨ ᠵᠡᠭᠦᠳᠦ ᠶᠢ ᠴᠦ ᠪᠠᠰᠠ ᠦᠨᠡᠨ ᠶᠠᠭᠤᠮ᠎ᠠ ᠪᠣᠯᠭᠠᠨ ᠢᠲᠡᠭᠡᠭᠦ ᠭᠡᠭᠴᠢ ᠦᠨᠡᠬᠡᠷ ᠴᠦ ᠢᠨᠢᠶᠡᠳᠦᠮ ᠲᠠᠢ ᠮᠤᠩᠬᠠᠭ ᠶᠠᠪᠤᠳᠠᠯ ᠪᠠᠶᠢᠨ᠎ᠠ᠂ | ᠢᠯᠡᠭᠦᠦ ᠶᠠᠭᠤᠮ᠎ᠠ ᠪᠤᠲᠤᠬᠤ ᠬᠡᠷᠡᠭ ᠦᠭᠡᠢ ᠤᠲᠤ ᠪᠠᠷ ᠢᠶᠠᠨ ᠣᠴᠢᠵᠤ ᠦᠨᠦᠭᠢ ᠥᠨᠥᠴᠢᠨ ᠪᠤᠯᠠᠰᠢᠨ ᠳᠠᠭᠠᠨ ᠨᠢᠭᠡ ᠪᠠᠭᠴᠠ ᠰᠣᠷᠭᠤᠭ ᠴᠡᠴᠡᠭ ᠬᠦᠷᠭᠡ ᠁︾ | ᠭᠡᠵᠦ ᠨᠠᠳᠠ ᠶᠢ ᠵᠣᠷᠢᠭᠵᠢᠭᠤᠯᠤᠨ ᠭᠡᠯᠡᠭᠦ ᠳᠤ ᠨᠢ ᠪᠢ ᠴᠦ ᠬᠥᠭᠰᠡᠨ ᠪᠠᠶᠠᠷᠯᠠᠵᠤ ᠨᠢᠭᠡ ᠪᠠᠭᠴᠠ ᠰᠣᠷᠭᠤᠭ ᠴᠡᠴᠡᠭ ᠢᠶᠠᠨ ᠲᠡᠪᠡᠷᠢᠨ ᠡᠷᠭᠢᠴᠡᠭᠦᠯᠦᠯ | ᠳᠤᠷᠠᠳᠬᠠᠯ ᠳᠠᠭᠠᠨ ᠰᠣᠭᠲᠣᠭᠤᠷᠠᠨ ᠲᠦᠷᠭᠡᠯᠡᠨ ᠠᠯᠬᠤᠭᠰᠠᠭᠠᠷ ᠦᠨᠦᠭᠢ ᠪᠣᠷᠣ ᠳᠣᠪᠣᠴᠠᠭ ᠳᠡᠭᠡᠷ᠎ᠡ ᠪᠠᠨ ᠬᠦᠷᠴᠦ ᠢᠷᠡᠭᠡᠳ ᠦᠵᠡᠬᠦᠶ᠎ᠡ ᠦᠨᠦᠭᠢ ᠪᠤᠯᠠᠰᠢ | ᠨᠢᠭᠡᠨᠲᠡ ᠠᠭᠤᠳᠠᠯᠠᠭᠳᠠᠵᠦ ᠠᠪᠰᠠ ᠴᠢᠨᠳᠠᠷ ᠨᠢ ᠠᠯᠢ ᠬᠡᠳᠦᠶᠢᠨ ᠠᠯᠠᠭ᠎ᠠ ᠪᠣᠯᠣᠭᠠᠳ ᠣᠩᠭᠤᠶᠢᠭᠰᠠᠨ ᠨᠦᠭᠡᠨ ᠳᠤ ᠨᠢ ᠡᠳᠦᠢ ᠲᠡᠳᠦᠢ ᠴᠢᠯᠠᠭᠤ ᠬᠠᠶᠠᠭᠳᠠᠵᠤ | ᠴᠢᠯᠠᠭᠤᠨ ᠫᠠᠶᠢᠯᠤᠤ ᠨᠢ ᠴᠦ ᠬᠠᠵᠠᠭᠤ ᠲᠡᠶᠢᠰᠢ ᠪᠠᠨ ᠬᠠᠵᠠᠶᠢᠵᠤ ᠤᠨᠠᠭᠠᠳ ᠬᠡᠳᠦᠬᠡᠨ ᠦᠰᠦᠭ ᠨᠢ ᠲᠣᠳᠣᠬᠠᠨ ᠬᠠᠷᠠᠭᠳᠠᠨ᠎ᠠ᠃ | ︽ᠠ᠋ ᠁ ᠠ᠋ ᠁ ᠡᠨᠡ ᠴᠢᠨᠢ ᠶᠠᠭᠠᠬᠢᠴᠢᠬᠠᠪᠠ︖︾ ᠭᠡᠵᠦ ᠰᠣᠴᠢᠨ ᠭᠠᠶᠢᠬᠠᠵᠤ ᠠᠯᠮᠠᠶᠢᠷᠠᠨ ᠲᠦᠭᠳᠡᠷᠡᠭᠰᠡᠨ ᠢᠶᠠᠨ ᠬᠡᠰᠡᠭ ᠤᠳᠠᠮᠠᠭᠴᠠ ᠡᠭᠡᠭᠡ | ᠯᠠ ᠡᠯᠢᠭᠡ ᠵᠢᠷᠦᠬᠡ ᠶᠢ ᠠᠭᠤᠳᠠᠯᠠᠭᠰᠠᠨ ᠰᠢᠭ᠋ ᠬᠥᠨᠳᠡᠢ ᠬᠤᠭᠤᠰᠤᠨ ᠪᠣᠯᠣᠭᠠᠳ ᠡᠵᠡᠭᠦᠢ ᠬᠡᠭᠡᠷ᠎ᠡ ᠬᠠᠶᠠᠭᠳᠠᠭᠰᠠᠨ ᠥᠨᠥᠴᠢᠨ ᠬᠡᠦᠬᠡᠳ ᠰᠢᠭ ᠭᠤᠲᠤᠷᠠᠪᠠ᠃ | ᠠᠢ ᠳ᠋ᠠ᠂ ᠬᠥᠭᠡᠷᠦᠬᠦᠢ ᠡᠨᠡ ᠪᠤᠯᠠᠰᠢ ᠪᠣᠯ ᠮᠢᠨᠤ ᠠᠷᠪᠠᠨ ᠵᠢᠯ ᠤᠨ ᠳᠣᠲᠣᠨᠣ ᠨᠠᠶᠢᠵᠠ ᠶᠤᠮ᠂ ᠠᠯᠠᠭ ᠬᠤᠷᠸ᠎ᠠ ᠶᠢᠨ ᠪᠠᠶᠠᠷᠯᠠᠯ ᠭᠤᠨᠢᠭᠯᠠᠯ᠂ ᠤᠴᠠᠷᠠᠯ | ᠬᠠᠭᠠᠴᠠᠯ ᠭᠡᠭᠴᠢ ᠡᠶᠢᠮᠦ ᠯᠠ ᠬᠡᠴᠡᠭᠦᠦ ᠤᠤ ᠭᠡᠵᠦ ᠤᠶᠠᠷᠠᠬᠤ ᠰᠡᠳᠬᠢᠯ ᠲᠥᠷᠥᠭᠳᠡᠵᠦ ᠤᠴᠢᠷ ᠲᠠᠢ ᠰᠠᠶᠢᠬᠠᠨ ᠳᠤᠷᠠᠳᠬᠠᠯ ᠳᠠᠭᠠᠨ ᠰᠣᠭᠲᠣᠭᠤᠷᠠᠵᠠᠢ᠃ | 2012 ᠣᠨ ᠤ ᠬᠠᠩᠰᠢ ᠶᠢᠨ ᠡᠮᠦᠨ᠎ᠡ ᠡᠳᠦᠷ ᠪᠠᠶᠢᠵᠤ ᠪᠢᠯᠡ᠂ ᠤᠷᠪᠠᠭᠠᠨ ᠬᠥᠷᠪᠡᠭᠡᠨ ᠲᠠᠢ ᠨᠡᠶᠢᠭᠡᠮ ᠤᠨ ᠡᠭᠡᠳᠡᠷᠡᠭᠡᠨ ᠪᠤᠳᠤᠯᠢᠶᠠᠨᠲᠠᠢ ᠠᠮᠢᠳᠤᠷᠠᠯ ᠤᠨ | ᠲᠠᠯᠠᠢ ᠳᠤ ᠥᠨᠥᠴᠢᠨ ᠳᠠᠷᠪᠠᠭᠤᠯ ᠮᠡᠲᠦ ᠥᠭᠰᠥᠨ ᠤᠷᠤᠭᠤᠳᠠᠭᠰᠠᠭᠠᠷ ᠶᠠᠳᠠᠷᠠᠵᠤ ᠲᠤᠶᠢᠯᠳᠠᠭᠰᠠᠨ ᠪᠢ ᠡᠶᠢᠮᠦ ᠲᠡᠶᠢᠮᠦ ᠰᠢᠯᠲᠠᠭᠠᠨ ᠢᠶᠠᠷ ᠤᠷᠢᠳᠴᠢᠯᠠᠨ | ᠠᠵᠢᠯ ᠠᠴᠠ ᠪᠠᠨ ᠠᠮᠠᠷᠠᠭᠰᠠᠨ ᠠᠴᠠ ᠡᠭᠡᠭᠡ ᠯᠠ ᠰᠦᠷᠦᠭ ᠠᠴᠠ ᠪᠠᠨ ᠰᠠᠯᠤᠭᠰᠠᠨ ᠰᠢᠷᠬ᠎ᠠ ᠲᠠᠢ ᠬᠤᠨ ᠰᠢᠭ᠋ ᠭᠡᠶᠦᠷᠡᠨ ᠠᠯᠬᠤᠭᠰᠠᠭᠠᠷ ᠡᠨᠡ ᠳᠣᠪᠣᠴᠠᠭ ᠳᠡᠭᠡᠷ᠎ᠡ | ᠠᠩᠬ᠎ᠠ ᠤᠳᠠᠭ᠎ᠠ ᠢᠷᠡᠭᠰᠡᠨ ᠢᠶᠠᠨ ᠲᠣᠳᠣᠷᠬᠠᠢ ᠴᠡᠭᠡᠵᠢᠯᠡᠭᠰᠡᠭᠡᠷ ᠁ | ᠦᠳᠡᠰᠢ ᠶᠢᠨ ᠤᠯᠠᠪᠤᠷ ᠲᠤᠯᠤᠩ ᠠᠭᠤᠯᠠ ᠲᠠᠯ᠎ᠠ ᠶᠢ ᠶᠢᠰᠦᠨ ᠥᠩᠭᠡ ᠪᠠᠷ ᠪᠤᠳᠤᠭᠯᠠᠵᠤ ᠬᠠᠪᠤᠷ ᠤᠨ ᠤᠷᠢᠬᠠᠨ ᠰᠠᠯᠭᠢ ᠪᠡᠶ᠎ᠡ ᠴᠣᠭᠴᠠ ᠶᠢ ᠮᠢᠨᠢ | ᠡᠶᠡᠪᠡᠷᠭᠦᠤ ᠪᠠᠷ ᠢᠯᠪᠢᠨ ᠣᠨᠴᠠ ᠲᠠᠭᠠᠯᠠᠮᠵᠢᠲᠠᠢ ᠪᠠᠶᠢᠪᠠ᠃ ᠪᠢ ᠨᠢᠭᠡ ᠭᠤᠳᠣᠯᠢ ᠲᠠᠮᠠᠭᠢ ᠨᠣᠴᠣᠭᠠᠵᠤ ᠣᠷᠴᠢᠨ ᠲᠣᠭᠤᠷᠢᠨ ᠢᠶᠠᠨ ᠠᠵᠢᠭᠯᠠᠨ ᠰᠠᠭᠤᠲᠠᠯ᠎ᠠ | ᠠᠷᠪᠠᠭᠠᠳ ᠯᠠ ᠮᠧᠲᠷ ᠤᠨ ᠡᠮᠦᠨ᠎ᠡ ᠨᠢᠭᠡᠨ ᠵᠢᠵᠢᠭᠬᠡᠨ ᠴᠢᠯᠠᠭᠤᠨ ᠣᠪᠣᠭ᠎ᠠ ᠬᠠᠷᠠᠭᠳᠠᠪᠠ᠂ ᠰᠣᠨᠢᠭᠤᠴᠢ ᠵᠠᠩ ᠢᠶᠠᠷ ᠢᠶᠠᠨ ᠬᠠᠵᠠᠭᠤ ᠳᠤ ᠨᠢ ᠣᠴᠢᠵᠤ ᠦᠵᠡᠬᠦ ᠳᠤ | ᠬᠥᠭᠡᠷᠦᠬᠦᠢ ᠨᠢᠭᠡᠨ ᠥᠨᠥᠴᠢᠨ ᠪᠤᠯᠠᠰᠢ ᠪᠠᠶᠢᠵᠤ ᠳ᠋ᠠ᠂ ᠨᠠᠷᠢᠪᠴᠢᠯᠠᠨ ᠠᠵᠢᠭᠯᠠᠪᠠᠯ ᠥᠨᠳᠡᠭᠡᠨ ᠴᠠᠭᠠᠨ ᠴᠢᠯᠠᠭᠤᠳ ᠢᠶᠠᠷ ᠬᠥᠮᠥᠷᠢᠭᠰᠡᠨ ᠲᠣᠭᠤᠭ᠎ᠠ ᠮᠡᠲᠦ | ᠣᠪᠣᠭᠠᠯᠠᠵᠤ ᠪᠣᠰᠬᠠᠭᠰᠠᠨ ᠪᠤᠯᠠᠰᠢ ᠪᠠᠶᠢᠭᠰᠠᠨ ᠪᠠ ᠡᠮᠦᠨ᠎ᠡ ᠨᠢ ᠵᠢᠵᠢᠭ ᠫᠠᠶᠢᠯᠤᠤ ᠪᠣᠰᠬᠠᠵᠤ ︽1971 ᠣᠨ ᠤ 6 ᠰᠠᠷ᠎ᠠ ᠶᠢᠨ 17 ᠤ ᠡᠳᠦᠷ ᠠᠴᠠ 2012 | ᠣᠨ ᠤ 1 ᠰᠠᠷ᠎ᠠ ᠶᠢᠨ 21 ᠤ ᠡᠳᠦᠷ ᠠᠩᠭᠢᠷ ᠤᠨ ᠪᠤᠯᠠᠰᠢ︾ ᠭᠡᠵᠦ ᠪᠢᠴᠢᠵᠦ ᠪᠠᠶᠢᠪᠠ᠃ ᠲᠡᠭᠦᠨ ᠤ ᠭᠠᠳᠠᠭᠤᠷᠭᠢ ᠳᠥᠷᠪᠡ ᠲᠠᠪᠤᠨ ᠳᠥᠷᠪᠡᠯᠵᠢᠨ ᠮᠧᠲᠷ ᠤᠨ | ᠲᠠᠯᠠᠪᠠᠢ ᠶᠢ ᠨᠢᠳᠤᠷᠭᠠᠨ ᠴᠢᠨᠡᠭᠡᠨ ᠬᠥᠬᠡ ᠴᠢᠯᠠᠭᠤᠳ ᠢᠶᠠᠷ ᠲᠤᠭᠤᠷ ᠤᠨ ᠬᠡᠯᠪᠡᠷᠢᠲᠡᠢ ᠬᠦᠷᠢᠶᠡᠯᠡᠵᠦ ᠤᠩᠭᠤᠨ ᠤ ᠬᠦᠷᠢᠶ᠎ᠡ ᠪᠤᠯᠭᠠᠭᠰᠠᠨ ᠨᠢ ᠬᠡᠦᠬᠡᠳ ᠤᠨ ᠨᠠᠭᠠᠳᠤᠮ | ᠭᠡᠮᠡᠷ ᠶᠠᠯᠢ ᠦᠭᠡᠶᠢᠬᠡᠨ ᠬᠠᠷᠠᠭᠳᠠᠨ᠎ᠠ᠃ | ᠴᠢ ᠴᠦ ᠴᠣᠬᠤᠮ ᠬᠥᠭᠡᠷᠦᠬᠦᠢ ᠳ᠋ᠡ᠂ ᠶᠠᠭᠤᠨ ᠳᠤ ᠡᠶᠢᠮᠦ ᠵᠠᠯᠠᠭᠤ ᠪᠠᠷ ᠢᠶᠠᠨ ᠡᠷᠯᠢᠭ ᠲᠤ ᠮᠣᠷᠳᠠᠭᠰᠠᠨ ᠪᠤᠢ᠂ ᠵᠢᠷᠭᠠᠯ ᠲᠠᠢ ᠦᠬᠦᠬᠦ ᠪᠠᠷ ᠢᠶᠠᠨ | ᠵᠤᠪᠠᠯᠠᠩ ᠲᠠᠢ ᠠᠮᠢᠳᠤᠷᠠᠭᠰᠠᠨ ᠨᠢ ᠬᠤᠯᠠ ᠳᠡᠭᠡᠷ᠎ᠡ ᠰᠢᠤ᠂ ᠲᠡᠶᠢᠮᠦ ᠠᠴᠠ ᠠᠮᠢᠳᠤ ᠶᠠᠪᠤᠪᠠᠯ ᠠᠯᠳᠠᠨ ᠠᠶᠠᠭᠠᠨ ᠠᠴᠠ ᠤᠰᠤ ᠤᠤᠭᠤᠨ᠎ᠠ ᠭᠡᠲᠡᠭ ᠶᠤᠮ ᠠ᠋᠃ | ᠴᠢᠮ᠎ᠠ ᠶᠢ ᠪᠤᠲᠤᠪᠠᠯ ᠪᠢ ᠪᠠᠰᠠ ᠪᠤᠶᠠᠨ ᠲᠠᠢ ᠬᠥᠮᠥᠨ ᠳ᠋ᠡ᠂ ᠬᠡᠳᠦᠢ ᠮᠠᠭᠤ ᠪᠤᠯᠪᠠᠴᠤ ᠠᠲᠡ ᠥᠷᠪᠥᠶᠢᠵᠦ ᠵᠣᠭᠰᠣᠵᠤ ᠪᠠᠶᠢᠬᠤ ᠪᠢᠰᠢ ᠤᠤ ᠁ ᠭᠡᠵᠦ | ᠪᠤᠲᠤᠬᠤᠶᠠ ᠠᠲᠠᠭ᠎ᠠ ᠵᠢᠲᠥᠭᠡ ᠲᠠᠢ ᠠᠮᠢᠳᠤᠷᠠᠯ ᠤᠨ ᠵᠠᠮ ᠲᠡᠭᠡᠷᠡᠭᠢ ᠠᠯᠢᠪᠠ ᠨᠤᠭᠤᠷᠠᠯ ᠪᠦᠳᠦᠷᠢᠯ ᠠᠴᠠ ᠪᠣᠯᠤᠭᠰᠠᠨ ᠰᠡᠭᠦᠷᠡᠰᠦ ᠠᠯᠳᠠᠵᠤ ᠰᠡᠳᠬᠢᠯ ᠡᠮᠲᠡᠷᠡᠮ᠎ᠡ | ᠲᠡᠳᠡᠭᠡᠷ ᠤᠴᠠᠷᠠᠯ ᠤᠳ ᠬᠥᠬᠡᠮᠳᠦᠭ ᠣᠭᠲᠠᠷᠭᠤᠢ ᠶᠢᠨ ᠭᠦᠪᠡᠭᠡ ᠦᠭᠡᠢ ᠬᠠᠶᠠᠭᠠᠨ ᠳᠤ ᠰᠢᠩᠭᠡᠨ ᠠᠭᠤᠰᠴᠤ ᠪᠢᠯᠡ᠃ | ᠠᠩᠬ᠎ᠠ ᠠᠭᠤᠯᠵᠠᠭᠰᠠᠨ ᠡᠨᠡ ᠪᠤᠯᠠᠰᠢ ᠨᠠᠳᠠ ᠳᠤ ᠶᠢᠷᠲᠢᠨᠴᠦ ᠶᠢᠨ ᠰᠠᠶᠢᠬᠠᠨ ᠢ ᠮᠡᠳᠡᠷᠡᠭᠦᠯᠵᠦ᠂ ᠠᠮᠢᠳᠤᠷᠠᠯ ᠤᠨ ᠰᠠᠶᠢᠬᠠᠨ ᠢ ᠠᠮᠲᠠᠯᠠᠭᠤᠯᠤᠨ | ᠠᠮᠢᠳᠤᠷᠠᠬᠤ ᠶᠢᠨ ᠢᠲᠡᠭᠡᠯ ᠢ ᠬᠥᠪᠴᠢᠯᠡᠵᠦ᠂ ᠮᠢᠨᠤ ᠭᠤᠲᠤᠷᠠᠩᠭᠤᠢ ᠮᠤᠬᠤᠷᠲᠠᠩᠭᠤᠢ ᠰᠡᠳᠬᠢᠯ ᠢ ᠨᠠᠮᠢᠷᠠᠭ᠎ᠠ ᠬᠤᠷ᠎ᠠ ᠰᠢᠭ᠋ ᠤᠮᠳᠠᠯᠠᠭᠰᠠᠨ ᠪᠢᠯᠡ᠃ | ᠲᠡᠭᠡᠭᠡᠳ ᠯᠠ ᠪᠢ ︽ᠦᠬᠡᠷ ᠢᠶᠠᠷ ᠲᠤᠰᠠᠯᠠᠵᠤ ᠲᠡᠶᠢᠯᠭᠦ ᠦᠭᠡᠢ ᠪᠤᠯᠪᠠᠴᠤ ᠦᠭᠡ ᠪᠠᠷ ᠢᠶᠠᠨ ᠲᠤᠰᠠᠯᠠᠶ᠎ᠠ ᠳ᠋ᠠ︾ ᠭᠡᠰᠡᠨ ᠨᠢᠭᠡ ᠯᠠ ᠥᠭᠭᠢᠶᠡᠮᠦᠷᠴᠢ | ᠪᠤᠲᠤᠯ ᠢᠶᠠᠷ ᠢᠶᠠᠨ ᠡᠨᠡ ᠨᠠᠶᠢᠵᠠ ᠳᠠᠭᠠᠨ ᠠᠷᠪᠠᠨ ᠵᠢᠯ ᠳᠠᠷᠠᠭᠠᠯᠠᠨ ᠰᠣᠷᠭᠤᠭ ᠴᠡᠴᠡᠭ ᠬᠦᠷᠭᠡᠭᠰᠡᠨ ᠨᠢ ᠡᠨᠡ ᠪᠠᠶᠢᠵᠠᠢ᠃ | ᠭᠡᠨᠡᠳᠲᠡ ︽ᠳ᠋ᠢᠳ ᠁ ᠳ᠋ᠢᠳ ᠁︾ ᠭᠡᠬᠦ ᠲᠠᠭᠤᠨ ᠳᠤ ᠰᠣᠴᠢᠰᠬᠢᠨ ᠠᠵᠢᠭᠯᠠᠪᠠᠯ ᠠᠯᠪᠠᠨ ᠪᠠᠶᠢᠭᠤᠯᠭ᠎ᠠ ᠶᠢᠨ ᠬᠡᠳᠦᠨ ᠵᠠᠭᠤᠨ ᠠᠯᠪᠠᠳᠠᠨ | ᠺᠠᠳ᠋ᠷᠴᠤᠳ ᠮᠣᠳᠣ ᠲᠠᠷᠢᠬᠤ ᠪᠠᠷ ᠢᠷᠡᠵᠡᠭᠡᠵᠦ ᠪᠠᠶᠢᠯ᠎ᠠ᠃ | | | | | | | |