ᠬᠠᠩᠰᠢ ᠣᠶᠢᠷᠠᠳᠬᠤ ᠪᠠᠷ ᠬᠠᠮᠠᠷ ᠱᠠᠷᠬᠢᠷᠠᠨ᠎ᠠ
ᠨᠡᠶᠢᠲᠡᠯᠡᠭᠰᠡᠨ ᠴᠠᠭ᠄
2023/4/19
ᠪᠣᠷᠵᠢᠭᠢᠨ ᠰᠡᠴᠡᠨ ᠦᠷ᠎ᠡ ᠴᠢᠨᠢ ᠪᠢ ᠲᠠᠨ ᠢ ᠦᠭᠡᠶᠢᠯᠡᠵᠦᠬᠡᠴᠢᠨᠡᠭᠡᠨ ᠵᠣᠪᠠᠯ᠎ᠠ ᠳ᠋ᠠ ᠡᠵᠢ ᠮᠢᠨᠢ ᠠ᠋ᠥᠩᠭᠡᠷᠡᠭᠰᠡᠨ ᠲᠡᠷᠡ ᠨᠢᠭᠡ ᠣᠨ ᠵᠢᠯᠶᠡᠷᠦᠨᠢ ᠨᠢ ᠳᠣᠲᠣᠷ᠎ᠠ ᠠᠴᠠ ᠭᠠᠷᠳᠠᠭ ᠦᠭᠡᠢᠡᠪᠡᠳᠴᠢᠨ ᠤ ᠲᠠᠷᠴᠢᠯᠠᠭᠠᠯ ᠲᠠᠨ ᠢ ᠵᠣᠪᠠᠭᠠᠵᠤᠡᠷᠯᠢᠭ ᠬᠠᠷᠭᠢᠰ ᠠᠪᠤᠭᠠᠳ ᠶᠠᠪᠤᠭᠰᠠᠨ ᠲᠡᠷᠡ ᠨᠢᠭᠡ ᠮᠥᠴᠡ ᠠ᠋ᠡᠳᠦᠷ ᠢᠶᠠᠷ ᠬᠠᠷᠠᠩᠭᠤᠢ ᠪᠣᠯᠵᠤᠡᠮᠦᠨ᠎ᠡ ᠴᠢᠨᠢ ᠭᠡᠳᠦ ᠮᠠᠨᠠᠷᠠᠭᠰᠠᠨ ᠢᠡᠳᠡᠭᠡᠷ ᠦᠰᠦᠭ ᠴᠠᠭᠠᠰᠤᠨ ᠳᠤ ᠳᠤᠷᠠᠶᠢᠬᠤ ᠳᠤᠡᠩᠭᠡᠷ ᠬᠡᠳᠦᠢ ᠳᠡᠪᠲᠦᠭᠰᠡᠨ ᠢᠲᠠ ᠮᠢᠨᠢ ᠮᠡᠳᠡᠨ᠎ᠡ ᠦᠦ ᠳ᠋ᠠ ᠡᠵᠢ ᠮᠢᠨᠢ ᠠ᠋ᠡᠭᠡᠷᠡᠮ᠎ᠡ ᠲᠠᠯ᠎ᠠ ᠮᠠᠨᠠᠨ ᠳᠤ ᠪᠦᠷᠬᠦᠭᠳᠡᠭᠰᠡᠨ ᠰᠢᠭᠡᠷᠡᠭᠦᠯ ᠴᠣᠭᠴᠠᠰ ᠲᠥᠯᠵᠢᠯ ᠢᠶᠠᠨ ᠠᠯᠳᠠᠭᠰᠠᠨ ᠰᠢᠭ᠋ᠡᠮᠦᠨ᠎ᠡ ᠪᠠᠶᠢᠭ᠎ᠠ ᠪᠦᠭᠦᠨ ᠬᠠᠪ ᠬᠠᠷᠠᠩᠭᠤᠢ ᠪᠣᠯᠵᠤᠥᠴᠥᠭᠡᠳᠦᠷ ᠤᠨ ᠰᠠᠶᠢᠬᠠᠨ ᠡᠵᠢ ᠮᠢᠨᠢᠥᠷᠥ ᠵᠢᠷᠦᠬᠡ ᠶᠢ ᠮᠢᠨᠢ ᠡᠮᠵᠡᠭᠯᠡᠭᠦᠯᠵᠦᠦᠷ᠎ᠡ ᠨᠠᠮ᠎ᠠ ᠶᠢ ᠪᠠᠨ ᠡᠭᠦᠷᠢᠳᠡ ᠣᠷᠭᠢᠭᠰᠠᠨ ᠢ ᠶᠠᠭᠠᠬᠢᠨ᠎ᠠᠥᠨᠥᠴᠢᠨ ᠭᠠᠯᠠᠭᠤ ᠰᠢᠭ᠋ ᠬᠤᠴᠣᠷᠤᠭᠰᠠᠨ ᠦᠷ᠎ᠡ ᠴᠢᠨᠢ ᠪᠢᠥᠩᠭᠡᠷᠡᠬᠦ ᠭᠤᠷᠪᠠᠨ ᠵᠢᠯ ᠢ ᠲᠦᠨᠡᠷ ᠬᠠᠷᠠᠩᠭᠤᠢ ᠪᠠᠷ ᠦᠳᠡᠵᠦᠵᠢᠷᠦᠬᠡᠨ ᠠᠴᠠ ᠭᠠᠷᠤᠭᠰᠠᠨ ᠨᠢᠯᠪᠤᠰᠤ ᠪᠠᠨ ᠵᠠᠯᠭᠢᠵᠤᠵᠢᠷᠤᠭ ᠰᠡᠭᠦᠳᠡᠷ ᠢ ᠴᠢᠨᠢ ᠥᠷᠥᠴᠡᠨ ᠳᠡᠭᠡᠨ ᠲᠡᠪᠡᠷᠢᠵᠦᠵᠡᠭᠦᠳᠦᠯᠡᠵᠦ ᠬᠤᠨᠣᠬᠤ ᠠᠴᠠ ᠥᠭᠡᠷ᠎ᠡ ᠶᠠᠮᠠᠷ ᠠᠷᠭ᠎ᠠ ᠪᠠᠶᠢᠨ᠎ᠠ ᠳ᠋ᠠ ᠡᠵᠢ ᠮᠢᠨᠢ ᠠ᠋ᠠᠯᠬᠤᠭᠰᠠᠨ ᠮᠥᠷ ᠢ ᠴᠢᠨᠢ ᠤᠭᠤᠲᠠ ᠪᠠᠷ ᠪᠦᠲᠡᠭᠡᠵᠦᠰᠠᠯᠬᠢᠨ ᠳᠤ ᠪᠠᠯᠠᠷᠠᠬᠤ ᠠᠴᠠ ᠠᠶᠤᠵᠤᠠᠯᠳᠠᠨ ᠰᠤᠷᠭᠠᠯ ᠢ ᠴᠡᠭᠡᠵᠢᠨ ᠳᠡᠭᠡᠨ ᠬᠠᠳᠠᠩᠰᠢᠭᠤᠯᠵᠤᠰᠡᠮ ᠰᠡᠮᠡᠭᠡᠨ ᠨᠢᠯᠪᠤᠰᠤ ᠪᠠᠨ ᠪᠥᠮᠪᠥᠷᠢᠭᠦᠯᠦᠭᠰᠡᠭᠡᠷ ᠠ᠋ᠠᠭᠰᠢᠷᠠᠭ᠎ᠠ ᠪᠤᠭᠤᠷᠤᠯ ᠡᠵᠢ ᠮᠢᠨᠢ ᠲᠠᠨᠠᠶᠠᠨ ᠲᠠᠪᠤ ᠪᠠᠨ ᠡᠭᠦᠷᠦᠭᠡᠳ ᠠᠶᠠᠷᠯᠠᠭᠰᠠᠨ ᠴᠦᠠᠩᠭ᠎ᠠ ᠦᠷ᠎ᠡ ᠴᠢᠨᠢ ᠪᠢᠳᠡᠨᠡᠷ ᠮᠥᠨᠴᠦᠡᠷᠯᠢᠭ ᠭᠠᠶᠢᠬᠠᠯ ᠳᠤ ᠬᠤᠷᠣᠰᠴᠤ ᠶᠠᠪᠤᠨ᠎ᠠᠪᠤᠷᠤᠭᠤ ᠵᠥᠪ ᠲᠠᠢ ᠬᠥᠮᠥᠨ ᠤ ᠬᠤᠷᠸ᠎ᠠ ᠠᠴᠠᠪᠤᠷᠬᠠᠨ ᠤ ᠣᠷᠣᠨ ᠳᠤ ᠣᠴᠢᠭᠰᠠᠨ ᠴᠦᠡᠵᠢ ᠭᠡᠰᠡᠨ ᠳᠠᠭᠤᠳᠠᠯᠭ᠎ᠠ ᠮᠠᠨᠢ ᠬᠡᠵᠢᠶ᠎ᠡ ᠡᠭᠦᠷᠢᠳᠡ ᠬᠤᠪᠢᠷᠠᠬᠤ ᠦᠭᠡᠢᠪᠣᠷᠣ ᠠᠮᠢᠳᠤᠷᠠᠯ ᠤᠨ ᠵᠢᠯᠣᠭᠤ ᠶᠢᠦᠷ᠎ᠡ ᠳᠡᠭᠡᠨ ᠣᠯᠭᠤᠵᠤ ᠥᠭᠭᠦᠭᠡᠳᠪᠤᠭᠤᠷᠤᠯ ᠪᠤᠯᠳᠠᠯ᠎ᠠ ᠪᠠᠨ ᠲᠡᠮᠡᠦᠯᠦᠭᠰᠡᠭᠡᠷ ᠪᠠᠶᠢᠵᠤᠮᠥᠩᠬᠡ ᠪᠤᠰᠤ ᠶᠢ ᠦᠵᠡᠭᠦᠯᠦᠯ᠎ᠡ ᠬᠥᠭᠡᠷᠦᠬᠦᠢ ᠡᠵᠢ ᠮᠢᠨᠢᠡᠷᠭᠢᠭᠦ ᠲᠦᠷᠦᠯ ᠭᠡᠵᠦ ᠪᠠᠶᠢᠳᠠᠭ ᠪᠣᠯ ᠦᠷ᠎ᠡ ᠴᠢᠨᠢ ᠪᠣᠯᠵᠤ ᠵᠠᠶᠠᠭᠠᠨ᠎ᠠᠡᠨᠡᠷᠢᠯ ᠤᠨ ᠭᠦᠨ ᠠᠴᠢ ᠶᠢ ᠴᠢᠨᠢ ᠡᠭᠦᠷᠴᠦ ᠪᠠᠶᠢᠭᠠᠳ ᠬᠠᠷᠢᠭᠤᠯᠤᠨ᠎ᠠᠬᠠᠶᠢᠷᠠᠲᠤ ᠡᠵᠢ ᠮᠢᠨᠢ ᠠ᠋ ᠁ 
ᠢᠷᠡᠯᠲᠡ᠄ ᠪᠠᠶᠠᠨ ᠨᠠᠭᠤᠷ ᠤᠨ ᠡᠳᠦᠷ ᠤᠨ ᠰᠣᠨᠢᠨ