ᠣᠩᠭᠤᠳ ᠤᠨ ᠴᠠᠬᠢᠭᠤᠷ
ᠨᠡᠶᠢᠲᠡᠯᠡᠭᠰᠡᠨ ᠴᠠᠭ᠄
2023/4/19
ᠪᠠᠯᠵᠢᠨᠢᠮ᠎ᠠ ᠶᠢᠨ ᠤᠯᠠᠭᠠᠨᠲᠤᠶᠠᠭ᠎ᠠ ᠠᠭᠤᠯᠠᠰ ᠰᠢᠭ᠋ ᠬᠦᠨᠳᠦᠬᠡᠨ ᠡᠷᠭᠢᠴᠡᠭᠦᠯᠦᠯ ᠳᠡᠭᠡᠨᠠᠷᠰᠢ ᠶᠢᠨ ᠣᠷᠣᠨ ᠳᠠᠬᠢ ᠠᠪᠤ ᠪᠠᠨ ᠦᠭᠡᠶᠢᠯᠡᠬᠦ ᠳᠤᠢᠯᠴᠢᠲᠦ ᠨᠠᠷᠠᠨ ᠭᠡᠷᠡᠯ ᠢᠶᠠᠨ ᠬᠤᠮᠢᠭᠠᠳᠡᠪᠬᠡᠷᠡᠯᠳᠦᠭᠰᠡᠨ ᠡᠭᠦᠯᠡᠰ ᠪᠣᠷᠤᠭ᠎ᠠ ᠪᠣᠯᠣᠨ ᠠᠰᠬᠠᠷᠠᠳᠠᠭᠡᠷᠡᠮᠡᠭ ᠡᠯᠡᠰᠦ ᠡᠩ ᠳᠡᠭᠡᠨ ᠨᠣᠮᠣᠬᠠᠷᠠᠭᠠᠳᠡᠵᠡᠭᠦᠢ ᠰᠠᠯᠬᠢᠨ ᠴᠦ ᠡᠬᠡᠷ ᠲᠠᠳᠠᠨ ᠮᠡᠭᠰᠢᠳᠡᠭᠡᠷᠭᠢᠯᠳᠦᠬᠦ ᠪᠥᠮᠪᠥᠷᠴᠡᠭ ᠴᠦ ᠡᠯᠢᠭᠡ ᠨᠢ ᠡᠮᠲᠡᠷᠡᠭᠡᠳᠡᠬᠡ ᠭᠠᠵᠠᠷ ᠭᠦᠷᠳᠡᠯ᠎ᠡ ᠮᠡᠯᠮᠡᠢ ᠨᠢ ᠵᠠᠶᠢᠷᠲᠤᠳᠠᠭᠡᠨᠡᠷᠢᠯᠲᠦ ᠠᠪᠤ ᠮᠢᠨᠢᠡᠷᠡᠭᠦᠯ ᠤᠬᠠᠭᠠᠨ ᠰᠠᠷᠠᠭᠤᠯ ᠪᠢᠯᠢᠭ ᠢᠶᠠᠨᠡᠩᠬᠦᠷᠡᠢ ᠬᠡᠦᠬᠡᠳ ᠲᠡᠭᠡᠨ ᠶᠡᠭᠦᠯᠡᠭᠡᠳᠡᠭᠡᠳᠡᠷᠡᠭᠡᠨ ᠪᠤᠳᠤᠯᠢᠶᠠᠨᠲᠤ ᠣᠷᠴᠢᠯᠠᠩ ᠠᠴᠠ ᠬᠤᠯᠠᠳᠠᠨᠦᠨᠡᠨ ᠤ ᠣᠷᠣᠨ ᠢ ᠵᠣᠷᠢᠴᠢᠬᠠᠯ᠎ᠠᠵᠡᠭᠦᠳᠦ ᠵᠡᠷᠭᠡᠯᠭᠡᠨ ᠰᠢᠭ ᠮᠥᠷᠥᠭᠡᠳᠦᠯ ᠳᠡᠭᠡᠨᠵᠦᠩ ᠪᠢᠯᠢᠭ ᠤᠨ ᠡᠷᠬᠡᠰ ᠠᠪᠤ ᠳᠠᠭᠠᠨ ᠲᠡᠮᠡᠦᠯᠭᠦ ᠳᠤᠽᠠᠮᠪᠤᠯᠢᠩ ᠡᠭᠡᠭᠡ ᠯᠠ ᠪᠤᠮᠪᠠ ᠶᠢᠨ ᠣᠷᠣᠨ ᠳᠤ ᠨᠡᠭᠦᠭᠡᠳᠵᠢᠷᠦᠬᠡᠨ ᠤ ᠲᠣᠯᠲᠣ ᠠᠴᠠ ᠮᠢᠨᠢ ᠴᠢᠰᠤ ᠳᠠᠭᠠᠭᠠᠪᠤᠷᠢᠯᠠᠳᠠᠭᠥᠨᠳᠥᠷ ᠣᠭᠲᠠᠷᠭᠤᠢ ᠡᠳᠦᠷ ᠢᠶᠠᠷ ᠪᠦᠷᠬᠦᠶᠢᠭᠡᠳᠦᠶᠡᠲᠦ ᠴᠠᠭᠠᠨ ᠡᠪᠡᠰᠦᠨ ᠳᠤ ᠠᠪᠤ ᠮᠢᠨᠢ ᠪᠦᠳᠦᠷᠢᠳᠡᠭᠱᠠᠯᠪᠠᠭ ᠤᠨ ᠤᠰᠤᠨ ᠳᠤ ᠰᠤᠮᠤᠨ ᠵᠡᠭᠡᠷᠳᠡ ᠨᠢ ᠮᠣᠬᠤᠭᠠᠳᠱᠠᠭ᠎ᠠ ᠴᠢᠨᠡᠭᠡ ᠤᠷᠤᠰᠬᠠᠯ ᠳᠤ ᠪᠢᠳᠡ ᠠᠯᠤᠰᠷᠠᠭᠠᠳᠰᠠᠨᠠᠭ᠎ᠠ ᠠᠯᠳᠠᠨ ᠵᠡᠭᠦᠳᠦ ᠪᠠᠷ ᠢᠶᠠᠨ ᠭᠦᠶᠦᠨ ᠪᠣᠰᠣᠭᠠᠳᠰᠡᠷᠡᠭᠦᠨ ᠢᠶᠠᠷ ᠢᠶᠠᠨ ᠰᠠᠨᠠᠨ ᠰᠠᠨᠠᠨ ᠤᠭᠢᠯᠠᠳᠠᠭ ᠠ᠋ ᠥᠬᠢᠨ ᠴᠢᠨᠢᠰᠢᠯᠤᠭᠤᠨ ᠠᠷᠠᠨᠰᠢᠨ ᠰᠣᠳᠣᠨ ᠠᠪᠢᠶᠠᠰ ᠬᠠᠶᠢᠷᠠᠯᠠᠭᠰᠠᠨᠰᠢᠳᠤᠷᠭᠤ ᠠᠪᠤ ᠮᠢᠨᠢ ᠶᠢᠷᠲᠢᠨᠴᠦ ᠠᠴᠠ ᠠᠩᠭᠢᠵᠢᠷᠠᠬᠤ ᠪᠠᠷᠰᠢᠨᠠᠯᠤᠯ ᠤᠨ ᠲᠠᠯᠠᠢ ᠨᠢᠳᠦᠨ ᠳᠤ ᠮᠢᠨᠢ ᠨᠡᠯᠦᠶᠢᠨ᠎ᠡᠨᠠᠮᠤᠷ ᠨᠠᠮᠤᠷ ᠤᠨ ᠭᠠᠯᠠᠭᠤᠳ ᠨᠠᠭᠤᠷ ᠲᠠᠭᠠᠨ ᠭᠠᠩᠭᠠᠷᠠᠬᠤ ᠳᠤᠨᠠᠪᠴᠢᠨ ᠤ ᠴᠠᠭᠠᠨ ᠭᠤᠨᠢᠭ ᠨᠠᠳᠠ ᠤᠷᠤᠭᠤ ᠢᠪ ᠳᠠᠷᠤᠳᠠᠭᠨᠠᠶᠢᠷ ᠨᠠᠶᠢᠷ ᠤᠨ ᠬᠤᠷᠸ᠎ᠠ ᠨᠢᠭᠦᠯ ᠪᠤᠶᠠᠨ ᠢᠶᠠᠷ ᠰᠣᠯᠪᠢᠴᠠᠬᠤ ᠳᠤᠨᠢᠭᠦᠯᠡᠰᠦᠩᠭᠦᠢ ᠰᠡᠳᠬᠢᠯ ᠴᠢᠨᠢ ᠨᠢᠩᠵᠢᠨ ᠬᠠᠶᠢᠷ᠎ᠠ ᠪᠠᠷ ᠦᠶᠡᠷᠯᠡᠳᠡᠭᠬᠥᠪᠴᠢᠨ ᠳᠡᠯᠡᠬᠡᠢ ᠶᠢᠨ ᠵᠠᠶᠢᠴᠢᠨ ᠳᠤ ᠬᠡᠦᠬᠡᠳ ᠤᠨ ᠢᠶᠠᠨ ᠨᠠᠷᠠᠨ ᠠᠪᠤ ᠮᠢᠨᠢᠬᠥᠬᠡ ᠲᠣᠯᠪᠣᠲᠤ ᠤᠭᠰᠠᠭᠠᠨ ᠤ ᠪᠠᠨ ᠤᠶᠤᠨ ᠤ ᠭᠠᠯ ᠰᠢᠭ᠋ ᠴᠣᠭᠰᠢᠳᠠᠭᠬᠠᠨᠠᠭᠠᠷ ᠮᠣᠩᠭᠤᠯ ᠨᠤᠲᠤᠭ ᠤᠨ ᠢᠶᠠᠨ ᠬᠠᠭᠠᠨ ᠰᠦᠷ ᠲᠠᠢ ᠡᠴᠢᠭᠡ ᠮᠢᠨᠢᠬᠠᠷᠠᠩᠭᠤᠢ ᠳᠤ ᠪᠠᠳᠮᠠᠷᠠᠭᠰᠠᠨ ᠪᠢᠯᠢᠭ ᠤᠨ ᠵᠤᠯᠠ ᠰᠢᠭ᠋ ᠭᠡᠷᠡᠯᠳᠦᠳᠡᠭᠬᠥᠭᠯᠡᠭᠦᠯᠵᠦ ᠴᠢᠪᠬᠠᠳᠠᠭᠰᠠᠨ ᠬᠤᠭᠤᠷ ᠴᠤᠭᠤᠷ ᠤᠨ ᠠᠶᠠᠰ ᠴᠢᠨᠢᠬᠥᠬᠡ ᠲᠡᠭᠷᠢ ᠠᠴᠠ ᠢᠯᠡᠭᠡᠭᠰᠡᠨ ᠡᠩᠬᠡ ᠲᠤᠩᠬ᠎ᠠ ᠶᠢᠨ ᠬᠤᠷᠤᠢ ᠪᠢᠯᠡᠬᠢᠰᠠᠯ ᠬᠦᠰᠡᠯ ᠠᠴᠢᠶᠠᠯᠠᠭᠰᠠᠨ ᠭᠡᠳᠦ ᠶᠢᠨ ᠬᠠᠷᠠᠯᠲᠠ ᠵᠣᠷᠢᠯᠲᠠ ᠴᠢᠨᠢᠬᠥᠮᠥᠨ ᠵᠠᠶᠠᠭᠠᠨ ᠤ ᠬᠢᠵᠠᠭᠠᠷ ᠢ ᠳᠡᠯᠡᠭᠰᠡᠨ ᠬᠡᠷᠡᠯᠳᠦ ᠬᠠᠷᠭᠤᠢ ᠪᠢᠯᠡᠦᠨᠡᠨ ᠤ ᠭᠠᠵᠠᠷ ᠲᠠᠭᠠᠨ ᠡᠭᠦᠷᠢᠳᠡ ᠪᠤᠴᠠᠭᠰᠠᠨ ᠠᠪᠤ ᠮᠢᠨᠢᠦᠰᠦᠳ ᠥᠭᠡᠷ᠎ᠡ ᠬᠠᠶᠢᠷ᠎ᠠ ᠶᠢᠨ ᠨᠢᠭᠡᠨ ᠥᠷᠲᠡᠭᠡᠨ ᠠᠴᠠᠡᠷᠳᠡᠮ ᠤᠨ ᠮᠥᠷ ᠢ ᠮᠥᠰᠬᠢᠵᠦ ᠦᠢᠯᠡᠰ ᠤᠨ ᠱᠠᠲᠤ ᠶᠢ ᠠᠪᠠᠷᠢᠬᠤᠥᠯᠮᠡᠢ ᠶᠢᠨ ᠲᠠᠮᠢᠷ ᠢ ᠮᠢᠨᠢ ᠴᠢᠩᠭᠠᠯᠠᠭᠰᠠᠨ ᠡᠷᠭᠢ ᠱᠤᠷᠠᠭ ᠶᠤᠮᠥᠨᠥᠴᠢᠷᠡᠵᠦ ᠭᠠᠭᠴᠠᠭᠠᠷᠳᠠᠬᠤ ᠠᠮᠢᠳᠤᠷᠠᠯ ᠤᠨ ᠬᠠᠲᠠᠭᠤ ᠲᠣᠭᠯᠠᠭᠠᠮ ᠳᠤᠡᠷ᠎ᠡ ᠰᠢᠨᠳᠠᠰᠤ ᠶᠢ ᠮᠢᠨᠢ ᠡᠷᠴᠢᠯᠡᠭᠰᠡᠨ ᠦᠯᠡᠮᠵᠢ ᠶᠢᠨ ᠴᠢᠨᠠᠷ ᠶᠤᠮᠤᠬᠠᠭᠠᠨ ᠤ ᠪᠠᠯᠠᠢ ᠶᠢ ᠭᠡᠷᠡᠯ ᠢᠶᠠᠷ ᠳᠣᠮᠨᠣᠭᠰᠠᠨ ᠠᠪᠤ ᠮᠢᠨᠢᠦᠦᠷ ᠤᠨ ᠭᠡᠭᠡ ᠶᠢ ᠲᠡᠮᠡᠴᠡᠭᠰᠡᠨ ᠦᠵᠡᠯ ᠪᠤᠳᠤᠯ ᠤᠨ ᠮᠢᠨᠢ ᠵᠢᠭᠦᠷ ᠶᠤᠮᠡᠷᠬᠡ ᠲᠠᠭᠱᠠᠨ ᠣᠷᠣᠨ ᠳᠠᠭᠠᠨ ᠥᠨᠢ ᠲᠠᠶᠢᠳᠬᠤᠷᠠᠭᠰᠠᠨ ᠠᠩᠬᠠᠨ ᠤ ᠪᠠᠭᠰᠢ ᠠᠪᠤ ᠮᠢᠨᠢᠤᠷ᠎ᠠ ᠱᠠᠳ ᠢ ᠮᠢᠨᠢ ᠰᠣᠶᠣᠷᠬᠠᠭᠰᠠᠨ ᠣᠩᠭᠤᠳ ᠤᠨ ᠲᠠᠷᠬᠠᠨ ᠴᠠᠬᠢᠭᠤᠷ ᠶᠤᠮ ᠠ᠋ 
ᠢᠷᠡᠯᠲᠡ᠄ ᠪᠠᠶᠠᠨ ᠨᠠᠭᠤᠷ ᠤᠨ ᠡᠳᠦᠷ ᠤᠨ ᠰᠣᠨᠢᠨ