ᠬᠠᠤᠯᠢ ᠪᠤᠰᠤ ᠪᠠᠷ ᠬᠦᠯᠦᠷ᠎ᠡ ᠶᠢᠨ ᠬᠦᠷᠦᠰᠦ ᠶᠢ ᠤᠬᠤᠭᠠᠳ ᠡᠷᠡᠬᠦᠦ ᠶᠢᠨ ᠬᠡᠷᠡᠭ ᠲᠤ ᠬᠦᠷᠪᠡ
ᠨᠡᠶᠢᠲᠡᠯᠡᠭᠰᠡᠨ ᠴᠠᠭ᠄
2023/5/6
      2023 ᠤᠨ ᠤ  3  ᠰᠠᠷ᠎ᠠ ᠶᠢᠨ 1  ᠤ  ᠡᠳᠦᠷ᠂  ᠤᠯᠠᠭᠠᠨᠬᠠᠳᠠ  ᠬᠤᠳᠠ ᠶᠢᠨ  ᠲᠤᠳᠤᠭᠠᠳᠤ ᠶᠢ  ᠬᠠᠮᠠᠭᠠᠯᠠᠬᠤ ᠲᠤᠪᠴᠢᠶ᠎ᠠ ᠶᠢᠨ ᠠᠮᠢ ᠠᠬᠤᠢ ᠤᠷᠴᠢᠨ ᠲᠤᠭᠤᠷᠢᠨ  ᠢᠳᠡᠭᠡᠨ  ᠪᠠ  ᠡᠮ ᠤᠨ  ᠵᠦᠢᠯ ᠤᠨ  ᠶᠠᠯᠠᠳᠤ  ᠠᠵᠢᠯᠯᠠᠭ᠎ᠠ ᠶᠢ  ᠮᠦᠷᠳᠡᠨ ᠪᠠᠶᠢᠴᠠᠭᠠᠬᠤ ᠰᠠᠯᠪᠣᠷᠢ ᠠᠩᠬᠢ ᠠᠴᠠ ᠤᠩᠨᠢᠭᠤᠳ ᠬᠤᠰᠢᠭᠤᠨ  ᠤ ᠲᠤᠳᠤᠭᠠᠳᠤ ᠶᠢ ᠬᠠᠮᠠᠭᠠᠯᠠᠬᠤ ᠲᠤᠪᠴᠢᠶ᠎ᠠ ᠶᠢᠨ  ᠠᠮᠢ  ᠠᠬᠤᠢ ᠤᠷᠴᠢᠨ  ᠲᠤᠭᠤᠷᠢᠨ  ᠢᠳᠡᠭᠡᠨ  ᠪᠠ  ᠡᠮ ᠤᠨ  ᠵᠦᠢᠯ ᠤᠨ  ᠶᠠᠯᠠᠳᠤ  ᠠᠵᠢᠯᠯᠠᠭ᠎ᠠ ᠶᠢ  ᠮᠦᠷᠳᠡᠨ   ᠪᠠᠶᠢᠴᠠᠭᠠᠬᠤ   ᠠᠩᠬᠢ ᠳᠤ ᠤᠯᠠᠭᠠᠨᠬᠠᠳᠠ ᠬᠤᠳᠠ ᠶᠢᠨ ᠤᠩᠨᠢᠭᠤᠳ ᠬᠤᠰᠢᠭᠤᠨ ᠤ ᠪᠠᠶᠠᠨᠳᠤᠬᠤᠢ ᠰᠤᠮᠤᠨ ᠤ  ᠨᠢᠭᠡᠨ  ᠲᠤᠰᠬᠤᠨ ᠳᠤ  ᠨᠢᠭᠡ  ᠬᠦᠮᠦᠨ ᠭᠠᠵᠠᠷ ᠰᠢᠷᠤᠢ ᠶᠢ ᠵᠠᠰᠠᠬᠤ ᠶᠠᠪᠤᠴᠠ ᠳᠠᠭᠠᠨ ᠬᠦᠯᠦᠷ᠎ᠡ ᠶᠢᠨ ᠬᠦᠷᠦᠰᠦ ᠶᠢ  ᠤᠬᠤᠵᠦ  ᠭᠠᠳᠠᠭᠰᠢ  ᠪᠤᠷᠤᠯᠠᠠᠭᠤᠯᠵᠦ  ᠪᠠᠶᠢᠭ᠎ᠠ ᠶᠢ ᠢᠯᠡᠴᠢᠯᠡᠨ ᠮᠡᠳᠡᠭᠦᠯᠦᠭᠰᠡᠨ ᠰᠦᠪᠡᠭᠴᠢ ᠶᠢ ᠪᠠᠭᠤᠯᠭᠠᠵᠠᠢ᠃              ᠤᠩᠨᠢᠭᠤᠳ ᠬᠤᠰᠢᠭᠤᠨ ᠤ ᠲᠤᠳᠤᠭᠠᠳᠤ ᠶᠢ ᠬᠠᠮᠠᠭᠠᠯᠠᠬᠤ ᠲᠤᠪᠴᠢᠶ᠎ᠠ ᠵᠢᠨ‌ᠠᠮᠢ ᠠᠬᠤᠢ ᠤᠷᠴᠢᠨ ᠲᠤᠭᠤᠷᠢᠨ ᠢᠳᠡᠭᠡᠨ ᠪᠠ ᠡᠮ ᠤᠨ ᠵᠦᠢᠯ ᠤᠨ ᠶᠠᠯᠠᠳᠤ ᠠᠵᠢᠯᠯᠠᠭ᠎ᠠ ᠶᠢ ᠮᠦᠷᠳᠡᠨ ᠪᠠᠶᠢᠴᠠᠭᠠᠬᠤ ᠠᠩᠬᠢ ᠨᠢ  ᠰᠦᠪᠡᠭᠴᠢ  ᠲᠤᠰᠤᠭᠰᠠᠨ  ᠤ  ᠲᠠᠷᠠᠭ᠎ᠠ᠂ ᠲᠠᠷᠤᠢ ᠲᠦᠷᠭᠡᠨ ᠴᠠᠭᠳᠠᠭ᠎ᠠ ᠶᠢᠨ ᠠᠩᠬᠢ ᠵᠤᠬᠢᠶᠠᠨ  ᠪᠠᠶᠢᠭᠤᠯᠤᠨ  ᠬᠡᠷᠡᠭ  ᠭᠠᠷᠤᠭᠰᠠᠨ  ᠲᠤᠬᠠᠢ ᠶᠢᠨ  ᠭᠠᠵᠠᠷ  ᠲᠤ  ᠬᠦᠷᠴᠦ ᠬᠦᠯᠦᠷ᠎ᠡ ᠶᠢᠨ ᠬᠦᠷᠦᠰᠦ ᠲᠡᠭᠡᠭᠡᠪᠦᠷᠢᠯᠡᠵᠦ ᠪᠠᠶᠢᠭ᠎ᠠ ᠢᠦᠢ ᠤᠪᠤᠭᠳᠤ ᠵᠡᠷᠭᠡ  ᠬᠦᠮᠦᠰ ᠢ  ᠵᠤᠭᠰᠤᠭᠠᠨ᠂  ᠼᠦᠢ  ᠤᠪᠤᠭᠳᠤ ᠶᠢᠨ ᠬᠦᠷᠦᠰᠦ ᠬᠦᠷᠪᠡᠭᠦᠯᠬᠦ ᠲᠡᠷᠭᠡ ᠪᠤᠯᠤᠨ ᠢᠦᠢ ᠤᠪᠤᠭᠳᠤ ᠶᠢᠨ ᠰᠢᠷᠤᠢ ᠬᠤᠰᠤᠭᠤᠷ ᠲᠡᠷᠭᠡ ᠶᠢ ᠨᠡᠩᠵᠢᠨ  ᠢᠯᠡᠷᠡᠬᠦᠯᠵᠦ᠂  ᠪᠠᠰᠠ ᠬᠦᠯᠦᠷ᠎ᠡ  ᠶᠢᠨ ᠬᠦᠷᠦᠰᠦ ᠤᠬᠤᠵᠦ ᠪᠠᠶᠢᠭ᠎ᠠ ᠪᠤᠳᠠᠳᠠᠢ ᠭᠠᠵᠠᠷ ᠢ ᠨᠢ  ᠢᠯᠡᠷᠡᠬᠦᠯᠵᠠᠢ᠃  ᠪᠠᠶᠢᠴᠠᠭᠠᠯᠳᠠ ᠶᠢ  ᠦᠨᠳᠦᠰᠦᠯᠡᠪᠡᠯ᠂ 2022 ᠤᠨ ᠤ 12 ᠰᠠᠷ᠎ᠠ ᠳᠤ ᠪᠠᠶᠠᠨᠳᠤᠬᠤᠢ ᠰᠤᠮᠤᠨ ᠤ ᠨᠢᠭᠡᠨ ᠭᠠᠴᠠᠭᠠᠨ ᠤ ᠢᠦᠢ ᠤᠪᠤᠭᠳᠤ ᠨᠢ ᠲᠤᠰ  ᠲᠤᠰᠬᠤᠨ  ᠤ ᠪᠠᠨ16 ᠠᠷᠠᠳ ᠲᠠᠢ ᠠᠮᠠᠨ ᠬᠡᠯᠡᠯᠴᠡᠭᠡᠷ ᠲᠤᠭᠳᠠᠵᠠᠢ᠂ ᠬᠡᠯᠡᠯᠴᠡᠭᠡᠷ ᠤᠨ  ᠠᠭᠤᠯᠭ᠎ᠠ  ᠨᠢ᠄  ︽ᠢᠦᠢ  ᠤᠪᠤᠭᠳᠤ  ᠠᠷᠠᠳ ᠤᠨ ᠲᠠᠷᠢᠶᠠᠨ ᠭᠠᠵᠠᠷ ᠢ ᠵᠠᠰᠠᠨ ᠦᠭᠬᠦᠨ᠎ᠡ᠂ ᠵᠠᠰᠠᠬᠤ ᠶᠠᠪᠤᠴᠠ ᠲᠤᠮᠳᠠ ᠲᠠᠷᠢᠶᠠᠨ ᠭᠠᠵᠠᠷ ᠲᠤᠤᠷᠠᠬᠢ  ᠬᠦᠯᠦᠷ᠎ᠡ ᠶᠢᠨ  ᠬᠦᠷᠦᠰᠦ  ᠶᠢ ᠤᠬᠤᠵᠦ ᠪᠤᠯᠬᠤ ᠶᠢ 16 ᠠᠷᠠᠳ ᠪᠦᠷ ᠵᠦᠪᠰᠢᠶᠡᠷᠡᠨ᠎ᠡ᠂ ᠢᠦᠢ  ᠤᠪᠤᠭᠳᠤ  ᠠᠴᠠ  ᠠᠷᠠᠳ  ᠲᠤ  ᠵᠤᠬᠢᠬᠤ  ᠬᠡᠮᠵᠢᠶᠡᠨ  ᠤ ᠬᠦᠷᠦᠰᠦ ᠲᠡᠭᠡᠭᠡᠪᠦᠷᠢᠯᠡᠭᠰᠡᠨ ᠵᠤᠭᠤᠰ ᠦᠭᠬᠦᠨ᠎ᠡ᠂ ᠨᠦᠬᠡ ᠭᠠᠷᠤᠭᠰᠠᠨ ᠤᠷᠤᠨ ᠳᠤ ᠨᠢ ᠢᠦᠢ ᠤᠪᠤᠭᠳᠤ ᠰᠢᠷᠦᠢ ᠪᠠᠷ ᠪᠦᠭᠯᠡᠵᠦ ᠦᠭᠬᠦᠨ᠎ᠡ︾᠃ 2022 ᠤᠨ ᠤ 12 ᠰᠠᠷ᠎ᠠ ᠶᠢᠨ 25 ᠤ  ᠡᠳᠦᠷ  ᠠᠴᠠ  ᠡᠬᠢᠯᠡᠨ᠂  ᠢᠦᠢ  ᠤᠪᠤᠭᠳᠤ  ᠨᠢᠭᠡ  ᠪᠦᠯᠦᠭ ᠬᠦᠮᠦᠰ ᠢ ᠬᠦᠯᠦᠰᠦᠯᠡᠨ ᠪᠠᠶᠠᠨᠳᠤᠬᠤᠢ ᠰᠤᠮᠤᠨ ᠤ ᠨᠢᠭᠡ ᠭᠠᠴᠠᠭ᠎ᠠ ᠶᠢᠨ  ᠲᠠᠷᠢᠶᠠᠨ  ᠭᠠᠵᠠᠷ  ᠲᠤᠳᠤᠷ᠎ᠠ  ᠠᠴᠠ  ᠬᠦᠯᠦᠷ᠎ᠡ ᠶᠢᠨ ᠬᠦᠷᠦᠰᠦ ᠤᠬᠤᠵᠦ ᠲᠡᠭᠡᠭᠡᠪᠦᠷᠢᠯᠡᠵᠠᠢ᠃              ᠢᠦᠢ ᠤᠪᠤᠭᠳᠤ ᠶᠠᠮᠠᠷᠴᠦ ᠪᠠᠶᠢᠭᠤᠯᠭ᠎ᠠ ᠶᠢᠨ ᠵᠦᠪᠰᠢᠶᠡᠷᠡᠯ ᠢ ᠲᠠᠮᠵᠢᠭᠰᠠᠨ ᠦᠭᠡᠢ ᠪᠠᠷ ᠠᠷᠠᠳ ᠤᠨ ᠲᠠᠷᠢᠶᠠᠨ ᠭᠠᠵᠠᠷ ᠲᠤᠳᠤᠷ᠎ᠠ ᠠᠴᠠ ᠤᠯᠠᠨ ᠤᠳᠠᠭ᠎ᠠ ᠬᠦᠯᠦᠷ᠎ᠡ ᠶᠢᠨ ᠬᠦᠷᠦᠰᠦ ᠤᠬᠤᠵᠦ ᠾᠧᠪᠧᠢ ᠮᠤᠵᠢ  ᠶᠢᠨ ᠴᠧᠩᠳᠧ ᠬᠤᠳᠠ᠂ ᠤᠯᠠᠭᠠᠨᠬᠠᠳᠠ ᠬᠤᠳᠠ ᠶᠢᠨ ᠠᠤᠬᠠᠨ ᠬᠤᠰᠢᠭᠤ ᠵᠡᠷᠭᠡ ᠭᠠᠵᠠᠷ ᠢᠶᠠᠷ ᠪᠤᠷᠤᠯᠠᠭᠤᠯᠵᠦ᠂ ᠬᠠᠤᠯᠢ ᠪᠤᠰᠤ ᠪᠠᠷ ᠤᠯᠤᠭᠰᠠᠨ ᠤᠯᠵᠠᠪᠤᠷᠢ ᠨᠢ  ᠬᠤᠷᠢᠨ‌‍ᠬᠡᠳᠦᠨ ᠲᠦᠮᠡᠨ  ᠲᠦᠭᠦᠷᠢᠭ  ᠲᠤ  ᠬᠦᠷᠦᠭᠰᠡᠨ  ᠪᠠᠶᠢᠨ᠎ᠡ᠃  ︽ᠪᠦᠬᠦᠳᠡ  ᠨᠠᠶᠢᠷᠠᠮᠳᠠᠬᠤ  ᠲᠤᠮᠳᠠᠳᠤ  ᠠᠷᠠᠳ  ᠤᠯᠤᠰ ᠤᠨ ᠡᠷᠡᠬᠦᠦ ᠶᠢᠨ ᠬᠠᠤᠯᠢ︾ ᠶᠢᠨ343 ᠳ᠋ᠤᠭᠠᠷ ᠵᠤᠷᠪᠤᠰ  ᠢ ᠦᠨᠳᠦᠰᠦᠯᠡᠪᠡᠯ᠂ ᠢᠦᠢ ᠤᠪᠤᠭᠳᠤ ᠶᠢᠨ ᠡᠨᠡᠬᠦ ᠠᠵᠢᠯᠯᠠᠭ᠎ᠠ ᠨᠢ ᠬᠠᠤᠯᠢ ᠪᠤᠰᠤ ᠪᠠᠷ ᠠᠭᠤᠷᠬᠠᠢ ᠮᠠᠯᠳᠠᠭᠰᠠᠨ ᠶᠠᠯ᠎ᠠ ᠶᠢ ᠵᠦᠷᠢᠴᠡᠵᠠᠢ᠃ 2023 ᠤᠨ ᠤ 3  ᠰᠠᠷ᠎ᠠ ᠶᠢᠨ3  ᠤ  ᠡᠳᠦᠷ᠂  ᠤᠩᠨᠢᠭᠤᠳ ᠬᠤᠰᠢᠭᠤᠨ ᠤ ᠲᠤᠳᠤᠭᠠᠳᠤ ᠶᠢ ᠬᠠᠮᠠᠭᠠᠯᠠᠬᠤ ᠲᠤᠪᠴᠢᠶ᠎ᠠ ᠠᠴᠠ ᠢᠦᠢ ᠤᠪᠤᠭᠳᠤ ᠳᠤ ᠡᠷᠡᠬᠦᠦ ᠶᠢᠨ ᠬᠡᠷᠡᠭ ᠤᠨ ᠠᠯᠪᠠᠳᠠᠯᠭ᠎ᠠ ᠶᠢᠨ ᠠᠷᠭ᠎ᠠ ᠬᠡᠮᠵᠢᠶ᠎ᠠ ᠠᠪᠴᠦ᠂ ᠤᠳᠤ ᠲᠤᠰ ᠬᠡᠷᠡᠭ ᠢ ᠤᠯᠠᠮ ᠨᠢᠭᠡ ᠠᠯᠬᠤᠮ ᠪᠠᠶᠢᠴᠠᠭᠠᠵᠦ ᠪᠠᠶᠢᠨ᠎ᠡ᠃
ᠢᠷᠡᠯᠲᠡ᠄ ᠠᠷᠠᠳ ᠤᠨ ᠰᠦᠯᠵᠢᠶ᠎ᠡ