ᠲᠦᠮᠡᠨ ᠲᠥᠭᠦᠷᠢᠭ ᠤᠨ ᠰᠦᠢᠳᠬᠡᠯ — ᠪᠣᠯᠭᠤᠮᠵᠢᠯᠠ
ᠨᠡᠶᠢᠲᠡᠯᠡᠭᠰᠡᠨ ᠴᠠᠭ᠄
2023/5/6
      ᠪᠠᠶᠢᠴᠠᠭᠠᠭᠰᠠᠨ ᠢᠶᠠᠷ᠂ ᠣᠳᠣᠬᠠᠨ ᠳᠤ ᠰᠤᠷᠭᠠᠭᠤᠯᠢ ᠶᠢᠨ ᠭᠠᠳᠠᠨᠠᠬᠢ  ᠡᠯᠳᠡᠪ  ᠵᠦᠢᠯ ᠤᠨ  ᠪᠣᠯᠪᠠᠰᠤᠷᠠᠯ ᠤᠨ  ᠠᠩᠭᠢ ᠮᠥᠨ ᠭᠠᠵᠠᠷ ᠠᠪᠴᠤ᠂ ᠨᠢᠬᠡᠯᠠ ᠳᠣᠣᠷ᠎ᠠ ᠲᠦᠮᠡ ᠭᠠᠷᠤᠢ ᠲᠥᠭᠦᠷᠢᠭ ᠤᠨ ᠰᠦᠢᠳᠬᠡᠯ ᠬᠤᠷᠢᠶᠠᠬᠤ ᠦᠵᠡᠭᠳᠡᠯ ᠮᠠᠰᠢ  ᠲᠦᠭᠡᠮᠡᠯ ᠣᠷᠣᠰᠢᠵᠤ ᠪᠠᠶᠢᠨ᠎ᠠ᠃                              ︽ᠠᠯᠪᠠᠨ ᠵᠢᠷᠤᠮ ᠤᠨ ᠰᠤᠷᠭᠠᠨ  ᠬᠥᠮᠥᠵᠢᠯ ᠤᠨ  ᠱᠠᠲᠤᠨ ᠤ  ᠰᠤᠷᠤᠭᠴᠢᠳ ᠤᠨ  ᠳᠠᠰᠬᠠᠯ ᠤᠨ  ᠳᠠᠷᠤᠭᠠᠰᠤ  ᠪᠠ ᠬᠢᠴᠢᠶᠡᠯ ᠤᠨ ᠭᠠᠳᠠᠨᠠᠬᠢ ᠪᠣᠯᠪᠠᠰᠤᠷᠠᠯ ᠤᠨ ᠳᠠᠷᠤᠭᠠᠰᠤ ᠶᠢ ᠬᠥᠩᠭᠡᠯᠡᠬᠦ︾ ᠲᠥᠷᠥ ᠶᠢᠨ  ᠪᠣᠳᠣᠯᠭ᠎ᠠ ᠶᠢ  ᠬᠡᠷᠡᠭᠵᠢᠭᠦᠯᠦᠭᠰᠡᠨ ᠡᠴᠡ‌ᠨᠠᠰᠢ᠂ ᠰᠢᠨᠵᠢᠯᠡᠬᠦ ᠤᠬᠠᠭᠠᠨ ᠤ ᠲᠥᠷᠥᠯ ᠤᠨ ᠪᠤᠯᠪᠠᠰᠣᠷᠠᠯ ᠠᠭᠠᠵᠢᠮ ᠢᠶᠠᠷ ᠴᠥᠭᠡᠷᠡᠭᠰᠡᠨ ᠪᠣᠯᠪᠠᠴᠤ ᠰᠣᠶᠣᠯ ᠣᠷᠠᠯᠢᠭ ᠪᠡᠶ᠎ᠡ ᠵᠢᠨ‌‍ᠲ᠋ᠠᠮᠢᠷ ᠤᠨ ᠪᠣᠯᠪᠠᠰᠤᠷᠠᠯ ᠭᠠᠵᠠᠷ ᠠᠪᠴᠤ ᠡᠬᠢᠯᠡᠭᠰᠡᠨ ᠪᠠᠶᠢᠨ᠎ᠠ᠂ ᠡᠭᠦᠨ ᠳᠤ ᠡᠵᠡᠩᠨᠡᠨ ᠪᠣᠷᠣᠯᠠᠭᠤᠯᠬᠤ ᠠᠷᠭ᠎ᠠ ᠬᠡᠮᠵᠢᠶ᠎ᠡ ᠨᠢ ᠣᠯᠠᠨ‌‍ᠶᠠᠩᠵᠤ ᠪᠠᠶᠢᠳᠠᠭ᠃ ᠨᠢᠭᠡ ᠳᠤ᠂ ᠦᠨ᠎ᠡ ᠬᠠᠩᠰᠢ ᠪᠠᠷ ᠦᠵᠡᠯᠴᠡᠨ᠎ᠡ᠂ ᠬᠢᠴᠢᠶᠡᠯ ᠤᠨ ᠴᠠᠭ ᠤᠨ  ᠨᠢᠭᠡᠴᠢ  ᠦᠨ᠎ᠡ  ᠨᠢ  ᠮᠠᠰᠢ‌ᠥᠨᠳᠥᠷ ᠪᠠᠶᠢᠳᠠᠭ᠂ ᠭᠡᠪᠡᠴᠦ ᠬᠤᠳᠠᠯᠳᠤᠨ ᠠᠪᠬᠤ ᠬᠢᠴᠢᠶᠡᠯ ᠨᠢ ᠬᠡᠳᠦᠢ ᠠᠷᠪᠢᠨ ᠪᠣᠯ ᠲᠡᠳᠦᠢ ᠬᠢᠮᠳᠠ ᠪᠣᠯᠳᠠᠭ ᠪᠠᠶᠢᠨ᠎ᠠ᠃                              ᠡᠲᠡᠭᠡᠷ ᠪᠣᠯᠪᠠᠰᠤᠷᠠᠯ ᠤᠨ ᠪᠠᠶᠢᠭᠤᠯᠤᠮᠵᠢ ᠳᠤ ᠬᠡᠦᠬᠡᠳ ᠢᠶᠠᠨ ᠥᠭᠴᠦ ᠬᠥᠮᠥᠵᠢᠯ ᠪᠣᠯᠪᠠᠰᠤᠷᠠᠯ ᠳᠤ  ᠣᠷᠣᠯᠴᠠᠭᠤᠯᠪᠠᠯ ᠵᠠᠷᠢᠮ ᠭᠡᠷ ᠤᠨ ᠠᠬᠠᠮᠠᠳ ᠲᠤ ᠠᠮᠠᠷ ᠰᠢᠭ᠋ ᠪᠣᠯᠪᠠᠴᠤ ᠦᠨᠡᠨ ᠳᠡᠭᠡᠨ ᠣᠯᠠᠩᠬᠢ  ᠭᠡᠷ ᠤᠨ  ᠠᠬᠠᠮᠠᠳ ᠲᠤ  ᠳᠠᠷᠤᠭᠠᠰᠤ  ᠪᠣᠯᠵᠤ ᠪᠠᠶᠢᠨ᠎ᠠ᠃ 3 ᠰᠠᠷ᠎ᠠ ᠪᠤᠶᠤ 60 ᠴᠠᠭ ᠠᠴᠠ ᠢᠯᠡᠭᠦᠦ ᠪᠣᠯᠪᠠᠰᠤᠷᠠᠯ ᠤᠨ ᠰᠦᠢᠳᠬᠡᠯ ᠢ ᠨᠢᠬᠡᠯᠠ  ᠳᠣᠣᠷ᠎ᠠ  ᠬᠤᠷᠢᠶᠠᠵᠤ  ᠪᠣᠯᠬᠤ ᠦᠭᠡᠢ ᠪᠥᠭᠡᠳ ᠨᠢᠬᠡ ᠤᠳᠠᠭ᠎ᠠ 5000 ᠲᠥᠭᠦᠷᠢᠭ ᠠᠴᠠ ᠳᠡᠭᠡᠭᠰᠢ ᠵᠠᠷᠣᠳᠠᠯ ᠬᠤᠷᠢᠶᠠᠵᠤ ᠪᠤᠯᠬᠤ  ᠦᠬᠡᠢ  ᠭᠡᠵᠤ  ᠬᠠᠮᠢᠶ᠎ᠠ ᠪᠦᠬᠦᠢ ᠰᠠᠯᠠᠭ᠎ᠠ ᠮᠥᠴᠢᠷ ᠠᠴᠠ ᠲᠣᠳᠣᠷᠬᠠᠢ ᠲᠣᠭᠲᠠᠭᠠᠭᠰᠠᠨ ᠪᠠᠶᠢᠳᠠᠭ᠃                              ᠣᠳᠣᠬᠠᠨ ᠳᠤ᠂  ᠡᠯ᠎ᠡ  ᠭᠠᠵᠠᠷ ᠤᠨ  ᠬᠢᠨ  ᠰᠤᠷᠭᠠᠭᠤᠯᠢ ᠶᠢᠨ  ᠭᠠᠳᠠᠨᠠᠬᠢ  ᠪᠣᠯᠪᠠᠰᠤᠷᠠᠯ ᠤᠨ   ᠪᠠᠶᠢᠭᠤᠯᠤᠮᠵᠢ ᠵᠢᠨ‌‍ᠪᠠᠷᠢᠮᠵᠢᠶ᠎ᠠ ᠶᠢ ᠵᠠᠯᠭ᠎ᠠ ᠪᠠᠷ  ᠨᠡᠶᠢᠲᠡᠯᠡᠵᠦ᠂  ᠬᠢᠨᠠᠵᠤ  ᠬᠠᠮᠢᠶᠠᠷᠬᠤ  ᠡᠷᠴᠢᠮ ᠢᠶᠠᠨ  ᠴᠢᠩᠭᠠᠳᠬᠠᠭᠰᠠᠨ  ᠪᠠᠶᠢᠨ᠎ᠠ᠃  ᠡᠭᠦᠨ ᠡᠴᠡ‌ᠭᠠᠳᠠᠨ᠎ᠠ᠂ ᠰᠤᠷᠭᠠᠭᠤᠯᠢ ᠶᠢᠨ ᠳᠣᠲᠣᠭᠠᠳᠤ ᠳᠤ ᠨᠠᠶᠢᠳᠠᠨ ᠬᠠᠮᠢᠶᠠᠷᠤᠭᠤᠯᠬᠤ ᠬᠡᠯᠪᠡᠷᠢ ᠶᠢ ᠪᠠᠶᠠᠯᠢᠭᠵᠢᠭᠤᠯᠵᠤ᠂ ᠨᠣᠮ ᠤᠨ  ᠰᠠᠩ᠂ᠲᠠᠮᠢᠷ ᠤᠨ ᠲᠠᠯᠠᠪᠤᠷ ᠵᠡᠷᠭᠡ ᠶᠢ ᠵᠦᠢ ᠵᠣᠬᠢᠰᠲᠠᠢ ᠪᠠᠷ ᠨᠡᠬᠡᠬᠡᠨ ᠠᠰᠢᠭᠯᠠᠵᠤ  ︽ᠠᠯᠪᠠᠨ  ᠵᠢᠷᠤᠮ ᠤᠨ  ᠰᠤᠷᠭᠠᠨ  ᠬᠥᠮᠥᠵᠢᠯ ‍ᠦᠨ‌‍ᠱᠠᠲᠤᠨ ᠤ ᠰᠤᠷᠤᠭᠴᠢᠳ ᠤᠨ ᠳᠠᠰᠬᠠᠯ ᠤᠨ ᠳᠠᠷᠤᠭᠠᠰᠤ  ᠪᠠ  ᠬᠢᠴᠢᠶᠡᠯ ᠤᠨ  ᠭᠠᠳᠠᠨᠠᠬᠢ  ᠪᠣᠯᠪᠠᠰᠤᠷᠠᠯ ᠤᠨ  ᠳᠠᠷᠤᠭᠠᠰᠤ︾ ᠶᠢ ᠦᠨᠡᠨᠬᠦ ᠬᠥᠩᠭᠡᠯᠡᠵᠦ ᠳᠡᠶᠢᠯᠪᠡᠯ ᠰᠠᠶ᠋ᠢ ᠰᠤᠷᠭᠠᠭᠤᠯᠢ  ᠶᠢᠨ  ᠭᠠᠳᠠᠨᠠᠬᠢ  ᠪᠤᠯᠪᠠᠰᠣᠷᠠᠯ ᠤᠨ  ᠪᠠᠶᠢᠭᠤᠯᠤᠮᠵᠢ  ᠶᠢᠨ  ᠰᠠᠮᠠᠭᠤᠷᠠᠯ ᠢ ᠦᠨᠳᠦᠰᠦᠨ ᠠᠴᠠ ᠨᠢ ᠬᠤᠷᠢᠭᠯᠠᠵᠤ ᠴᠢᠳᠠᠨ᠎ᠠ᠃
ᠢᠷᠡᠯᠲᠡ᠄ ᠠᠷᠠᠳ ᠤᠨ ᠰᠦᠯᠵᠢᠶ᠎ᠡ