ᠨᠢᠭᠡᠨ ᠡᠷᠡᠭᠲᠡᠢ ᠤᠷᠲᠤ ᠴᠠᠭᠠᠨ ᠬᠡᠷᠡᠮ ᠳᠡᠭᠡᠷ᠎ᠡ ᠦᠰᠦᠭ ᠰᠡᠶᠢᠯᠦᠭᠡᠳ ᠬᠤᠷᠢᠭᠳᠠᠪᠠ
ᠨᠡᠶᠢᠲᠡᠯᠡᠭᠰᠡᠨ ᠴᠠᠭ᠄
2023/5/6
      ᠪᠡᠭᠡᠵᠢᠩ ᠤᠨ ︽ᠶᠠᠨᠴᠢᠩ ᠤᠨ  ᠴᠠᠭᠳᠠᠭᠠᠨ ᠤ  ᠲᠠᠯ᠎ᠠ︾  ᠸᠢᠴᠠᠲ ᠤᠨ  ᠨᠡᠶᠢᠲᠡ  ᠶᠢᠨ  ᠳ᠋ᠤᠭᠠᠷ ᠤᠨ  ᠮᠡᠳᠡᠭᠡ  ᠶᠢ ᠦᠨᠳᠦᠰᠦᠯᠡᠪᠡᠯ᠂ ᠣᠯᠠᠨ ᠲᠦᠮᠡᠨ ᠤ ᠢᠯᠡᠴᠢᠯᠡᠨ ᠮᠡᠳᠡᠭᠦᠯᠦᠭᠰᠡᠨ ︽ᠵᠠᠷᠢᠮ ᠵᠢᠭᠤᠯᠴᠢᠯᠠᠭᠴᠢ ᠤᠷᠲᠤ  ᠴᠠᠭᠠᠨ  ᠬᠡᠷᠡᠮ  ᠳᠡᠭᠡᠷ᠎ᠡ ᠦᠰᠦᠭ ᠰᠡᠶᠢᠯᠵᠦ ᠪᠠᠶᠢᠨ᠎ᠠ︾ ᠭᠡᠰᠡᠨ ᠪᠠᠶᠢᠳᠠᠯ ᠳᠤ ᠴᠢᠭᠯᠡᠭᠦᠯᠦᠨ᠂ ᠶᠠᠨᠴᠢᠩ ᠤᠨ ᠴᠠᠭᠳᠠᠭᠠᠨ ᠤ ᠲᠠᠯ᠎ᠠ ᠶᠢᠨ ᠬᠢᠨ ᠪᠠᠶᠢᠴᠠᠭᠠᠯᠲᠠ ᠬᠢᠬᠦ ᠪᠠᠷ ᠳᠡᠮᠵᠢᠨ᠂ ᠬᠠᠤᠯᠢ ᠶᠢ ᠵᠥᠷᠢᠴᠡᠭᠰᠡᠨ ᠬᠥᠮᠥᠨ  ᠮᠧᠩ  ᠣᠪᠣᠭᠲᠤ  ︵ᠡᠷᠡᠭᠲᠡᠢ᠂  35  ᠨᠠᠰᠤᠲᠠᠢ︶ ᠶᠢ  ᠪᠠᠶᠢᠴᠠᠭᠠᠵᠤ ᠭᠠᠷᠭᠠᠵᠠᠢ᠂ ᠲᠤᠰ ᠬᠥᠮᠥᠨ 3 ᠰᠠᠷ᠎ᠠ ᠶᠢᠨ 21 ᠤ ᠡᠳᠦᠷ ᠪᠠ ᠳ᠋ᠠ ᠯᠢᠩ ᠤᠨ ᠦᠵᠡᠮᠵᠢ ᠶᠢᠨ ᠣᠷᠣᠨ ᠢᠶᠠᠷ ᠵᠤᠭᠠᠴᠠᠬᠤ ᠳᠠᠭᠠᠨ ᠤᠷᠲᠤ ᠬᠡᠷᠡᠮ ᠤᠨ ᠬᠡᠷᠡᠮ ᠳᠡᠭᠡᠷ᠎ᠡ ᠦᠰᠦᠭ  ᠰᠡᠶᠢᠯᠦᠭᠰᠡᠨ  ᠬᠠᠤᠯᠢ  ᠶᠢ  ᠵᠥᠷᠢᠴᠡᠭᠰᠡᠨ  ᠪᠣᠳᠠᠲᠤ  ᠬᠡᠷᠡᠭ ᠢᠶᠠᠨ  ᠥᠴᠢᠭᠯᠡᠨ ᠮᠡᠳᠡᠷᠡᠭᠰᠡᠨ ᠪᠠᠶᠢᠨ᠎ᠠ᠃  ︽ᠪᠥᠬᠦᠳᠡ  ᠨᠠᠶᠢᠷᠠᠮᠳᠠᠬᠤ  ᠳᠤᠮᠳᠠᠳᠤ  ᠠᠷᠠᠳ  ᠤᠯᠤᠰ ᠤᠨ  ᠠᠮᠤᠷ  ᠢ  ᠬᠠᠮᠠᠭᠠᠯᠠᠬᠤ  ᠠᠵᠢᠯ ᠤᠨ ᠬᠠᠮᠢᠶᠠᠷᠤᠯᠲᠠ ᠶᠢᠨ  ᠰᠢᠢᠳᠬᠡᠯ ᠤᠨ  ᠬᠠᠤᠯᠢ︾ ᠶᠢᠨ  ᠬᠤᠯᠪᠣᠭᠳᠠᠯ  ᠪᠦᠬᠦᠢ  ᠲᠣᠭᠲᠠᠭᠠᠯ  ᠢ  ᠦᠨᠳᠦᠰᠦᠯᠡᠨ᠂  ᠶᠠᠨᠴᠢᠩ  ᠤᠨ ᠴᠠᠭᠳᠠᠭᠠᠨ ᠤ ᠲᠠᠯ᠎ᠠ ᠶᠢᠨ ᠬᠢᠨ  ᠮᠧᠩ  ᠣᠪᠣᠭᠲᠤ  ᠶᠢ  ᠵᠠᠰᠠᠭ  ᠵᠠᠬᠢᠷᠭᠠᠨ ᠢᠶᠠᠷ  ᠲᠦᠷ  ᠬᠤᠷᠢᠵᠤ᠂  ᠪᠠᠰᠠ  ᠵᠣᠭᠤᠰ ᠢᠶᠠᠷ ᠲᠣᠷᠭᠠᠬᠤ ᠪᠠᠷ ᠰᠢᠢᠳᠬᠡᠵᠡᠢ᠃
ᠢᠷᠡᠯᠲᠡ᠄ ᠠᠷᠠᠳ ᠤᠨ ᠰᠦᠯᠵᠢᠶ᠎ᠡ