ᠲᠣᠰᠬᠤᠨ ᠤ ᠨᠠᠮ ᠤᠨ ᠡᠭᠦᠷ ᠤᠨ ᠱᠦᠵᠢ ᠨᠠᠶᠢᠵᠠ ᠶᠢᠨ ᠲᠣᠭᠤᠷᠢᠭ ᠲᠤ ᠪᠠᠨ 3 ᠭᠡᠷᠡᠯ ᠵᠢᠷᠤᠭ ᠰᠠᠴᠤᠭᠠᠳ 7 ᠬᠥᠮᠥᠨ ᠰᠢᠢᠳᠬᠡᠭᠳᠡᠵᠡᠢ
ᠨᠡᠶᠢᠲᠡᠯᠡᠭᠰᠡᠨ ᠴᠠᠭ᠄
2023/5/6
      ︽ᠡᠶᠢᠮᠦ  ᠤᠷᠲᠤ  ᠬᠤᠭᠤᠴᠠᠭ᠎ᠠ  ᠥᠩᠭᠡᠷᠡᠭᠰᠡᠨ  ᠪᠣᠯᠪᠠᠴᠤ  ᠪᠠᠰᠠ  ᠯᠠ  ᠰᠢᠢᠳᠪᠦᠷᠢᠯᠡᠬᠦ  ᠠᠴᠠ ᠵᠠᠶᠢᠯᠠᠵᠤ  ᠴᠢᠳᠠᠬᠤ ᠦᠭᠡᠢ‌‍ᠭᠡᠵᠦ ᠪᠣᠳᠣᠵᠤ ᠣᠯᠣᠭᠰᠠᠨ ᠦᠭᠡᠢ ᠁︾ ᠬᠤᠪᠧᠢ ᠮᠤᠵᠢ  ᠶᠢᠨ  ᠵᠦ  ᠱᠠᠨ  ᠰᠢᠶᠠᠨ ᠤ  ᠯᠧᠦ  ᠲᠠᠢ  ᠰᠢᠶᠠᠩ ᠤᠨ  ᠨᠢᠭᠡᠨ ᠭᠠᠴᠠᠭᠠᠨ ᠤ  ᠨᠠᠮ ᠤᠨ  ᠡᠭᠦᠷ  ᠤᠨ  ᠱᠦᠵᠢ᠂  ᠭᠠᠴᠠᠭᠠᠨ ᠤ  ᠠᠷᠠᠳ ᠤᠨ  ᠵᠥᠪᠯᠡᠯ ᠤᠨ  ᠡᠷᠬᠢᠯᠡᠭᠴᠢ  ᠵᠢᠶᠠᠩ  ᠣᠪᠣᠭᠲᠤ᠂ ᠥᠪᠡᠷ ᠤᠨ ᠳᠥᠷᠪᠡᠨ ᠵᠢᠯ ᠤᠨ ᠡᠮᠦᠨᠡᠬᠢ ᠲᠣᠭᠲᠠᠭᠠᠯ ᠠᠴᠠ ᠵᠥᠷᠢᠴᠡᠭᠰᠡᠨ ᠵᠢᠭᠤᠯᠴᠢᠯᠠᠯ ᠤᠨ ᠠᠰᠠᠭᠤᠳᠠᠯ ᠨᠢ ᠣᠯᠠᠨ ᠲᠦᠮᠡᠨ ᠤ ᠬᠢᠨᠠᠯᠲᠠ ᠶᠢᠨ ᠬᠠᠷᠠᠭᠠᠨ ᠠᠴᠠ ᠮᠤᠯᠲᠤᠷᠠᠵᠤ ᠴᠢᠳᠠᠭᠰᠠᠨ ᠦᠭᠡᠢ᠂ ᠨᠡᠩ ᠴᠤ ᠰᠠᠬᠢᠯᠭ᠎ᠠ ᠪᠠᠲᠤ ᠪᠠᠶᠢᠴᠠᠭᠠᠬᠤ ᠬᠢᠨᠠᠨ ᠪᠠᠶᠢᠴᠠᠭᠠᠬᠤ ᠪᠠᠶᠢᠭᠤᠯᠭ᠎ᠠ ᠶᠢᠨ ᠲᠥᠪ ᠴᠢᠩᠭ᠎ᠠ ᠬᠢᠨᠠᠯᠲᠠ ᠠᠴᠠ ᠵᠠᠶᠢᠯᠠᠵᠤ  ᠴᠢᠳᠠᠭᠰᠠᠨ  ᠦᠭᠡᠢ  ᠭᠡᠳᠡᠭ  ᠢ  ᠶᠠᠭᠠᠬᠢᠭᠰᠠᠨ  ᠴᠤ  ᠪᠣᠳᠣᠵᠤ ᠣᠯᠣᠭᠰᠠᠨ ᠦᠭᠡᠢ᠃              ᠲᠦᠷᠦᠭᠦᠬᠡᠨ᠂ ᠵᠦ ᠱᠠᠨ ᠰᠢᠶᠠᠨ ᠤ ᠰᠠᠬᠢᠯᠭ᠎ᠠ ᠪᠠᠲᠤ ᠪᠠᠶᠢᠴᠠᠭᠠᠬᠤ ᠬᠤᠷᠢᠶ᠎ᠠ ᠬᠢᠨᠠᠨ  ᠪᠠᠶᠢᠴᠠᠭᠠᠬᠤ  ᠵᠥᠪᠯᠡᠯ  ᠣᠯᠠᠨ ᠲᠦᠮᠡᠨ ᠤ  ᠢᠯᠡᠴᠢᠯᠡᠨ  ᠮᠡᠳᠡᠭᠦᠯᠦᠯᠲᠡ ᠶᠢ  ᠣᠯᠵᠤ᠂  ᠲᠤᠰ  ᠮᠡᠳᠡᠭᠦᠯᠦᠯᠲᠡ ᠳᠤ  ᠵᠢᠶᠠᠩ  ᠣᠪᠣᠭᠲᠤ  ᠵᠡᠷᠭᠡ  ᠬᠥᠮᠥᠰ ᠤᠨ ᠬᠤᠪᠢ ᠶᠢᠨ ᠡᠵᠡᠩᠨᠡᠯᠲᠡ ᠶᠢᠨ ᠡᠷᠦᠬᠡ ᠶᠢᠨ ᠲᠠᠭᠠᠭᠠᠮᠠᠯ ᠢᠶᠠᠷ ᠵᠠᠷᠤᠳᠠᠯ ᠲᠦᠯᠦᠬᠦᠯᠵᠦ  ᠪᠠᠶᠢᠭᠠᠳ  ᠦᠵᠡᠮᠵᠢ ᠶᠢᠨ  ᠣᠷᠣᠨ ᠳᠤ ᠵᠢᠭᠤᠯᠴᠢᠯᠠᠭᠰᠠᠨ ᠠᠰᠠᠭᠤᠳᠠᠯ ᠢ ᠲᠤᠰᠬᠠᠪᠠ᠃ ᠠᠰᠠᠭᠤᠳᠠᠯ ᠤᠨ ᠰᠦᠪᠡᠭᠴᠢ ᠶᠢ  ᠣᠯᠣᠭᠰᠠᠨ ᠤ  ᠳᠠᠷᠠᠭ᠎ᠠ᠂  ᠲᠣᠰ  ᠰᠢᠶᠠᠨ ᠤ ᠰᠠᠬᠢᠯᠭ᠎ᠠ ᠪᠠᠲᠤ ᠪᠠᠶᠢᠴᠠᠭᠠᠬᠤ ᠬᠤᠷᠢᠶ᠎ᠠ  ᠬᠢᠨᠠᠨ  ᠪᠠᠶᠢᠴᠠᠭᠠᠬᠤ  ᠵᠥᠪᠯᠡᠯ  ᠲᠡᠷᠡ  ᠳᠠᠷᠤᠢ  ᠳᠤᠨᠢ  ᠪᠠᠶᠢᠴᠠᠭᠠᠬᠤ  ᠳᠤᠭᠤᠶᠢᠯᠠᠩ ᠪᠠᠶᠢᠭᠤᠯᠵᠤ᠂ ᠠᠰᠠᠭᠤᠳᠠᠯ ᠤᠨ ᠰᠦᠪᠡᠭᠴᠢ ᠶᠢ ᠬᠠᠷᠭᠤᠭᠤᠯᠤᠨ ᠲᠣᠳᠣᠯᠠᠪᠠ᠃             ᠪᠠᠶᠢᠴᠠᠭᠠᠯᠲᠠ ᠶᠢᠨ ᠳᠤᠭᠤᠶᠢᠯᠠᠩ ᠠᠴᠠ ᠲᠤᠬᠠᠢ ᠶᠢᠨ ᠭᠠᠵᠠᠷ ᠲᠤ ᠬᠦᠷᠴᠦ ᠰᠤᠷᠪᠤᠯᠵᠢᠯᠠᠬᠤ ᠳᠤ᠂ ᠵᠢᠶᠠᠩ  ᠣᠪᠣᠭᠲᠤ ᠶᠢᠨ ᠨᠠᠶᠢᠵᠠ ᠶᠢᠨ ᠲᠣᠭᠤᠷᠢᠭ ᠲᠤ  ᠪᠠᠨ ᠶᠠᠪᠤᠭᠤᠯᠤᠭᠰᠠᠨ  ᠭᠤᠷᠪᠠᠨ  ᠵᠢᠭᠤᠯᠴᠢᠯᠠᠯ ᠤᠨ  ᠭᠡᠷᠡᠯ  ᠵᠢᠷᠤᠭ  ᠢ  ᠣᠯᠠᠨ  ᠲᠦᠮᠡᠨ ᠳᠤᠰᠬᠠᠵᠤ ᠬᠠᠩᠭᠠᠭᠰᠠᠨ ᠪᠠᠶᠢᠨ᠎ᠠ᠂ ᠨᠠᠷᠢᠨ ᠨᠢᠮᠪᠠᠢ ᠬᠠᠷᠢᠴᠠᠭᠤᠯᠤᠨ ᠵᠠᠳᠠᠯᠤᠭᠰᠠᠨ ᠤ  ᠳ᠋ᠦᠩ ᠳᠤ  ᠦᠵᠡᠮᠵᠢ  ᠶᠢᠨ  ᠣᠷᠣᠨ ᠤ ᠭᠡᠷᠡᠯ ᠵᠢᠷᠤᠭ ᠢ ᠰᠡᠭᠦᠳᠡᠷᠯᠡᠭᠰᠡᠨ ᠴᠠᠭ ᠨᠢ ᠵᠢᠶᠠᠩ ᠣᠪᠣᠭᠲᠤ ᠶᠢᠨ ᠭᠠᠳᠠᠨ᠎ᠠ  ᠭᠠᠵᠠᠷ  ᠲᠣᠭᠤᠷᠢᠨ  ᠦᠵᠡᠵᠦ  ᠰᠤᠷᠤᠯᠴᠠᠭᠰᠠᠨ ᠴᠠᠭ ᠲᠠᠢ ᠳᠡᠭᠡᠳᠦ ᠬᠡᠮᠵᠢᠶ᠎ᠡ ᠪᠠᠷ ᠨᠡᠶᠢᠴᠡᠵᠦ ᠪᠠᠶᠢᠬᠤ ᠶᠢ ᠣᠯᠵᠤ ᠮᠠᠲᠠᠵᠠᠢ᠂ ᠢᠩᠭᠢᠭᠡᠳ ᠵᠢᠶᠠᠩ ᠣᠪᠣᠭᠲᠤ ᠵᠡᠷᠭᠡ  ᠬᠥᠮᠥᠰ ᠤᠨ ᠲᠣᠭᠲᠠᠭᠠᠯ ᠠᠴᠠ ᠵᠥᠷᠢᠴᠡᠨ ᠵᠢᠭᠤᠯᠴᠢᠯᠠᠭᠰᠠᠨ ᠠᠰᠠᠭᠤᠳᠠᠯ ᠳᠤ ᠬᠤᠯᠪᠣᠭᠳᠠᠵᠤ ᠮᠡᠳᠡᠨ᠎ᠡ ᠭᠡᠵᠦ  ᠠᠩᠬ᠎ᠠ  ᠠᠯᠬᠤᠮ  ᠰᠤᠳᠤᠯᠤᠨ ᠮᠠᠭᠠᠳᠯᠠᠭᠰᠠᠨ ᠪᠠᠶᠢᠨ᠎ᠠ᠃ ᠲᠤᠰ ᠤᠳᠠᠭᠠᠨ ᠤ ᠰᠤᠷᠤᠯᠴᠠᠯᠭ᠎ᠠ ᠳᠤ ᠵᠢᠶᠠᠩ ᠣᠪᠣᠭᠲᠤ ᠵᠢᠴᠢ ᠲᠤᠰ  ᠭᠠᠴᠠᠭᠠᠨ ᠤ  ᠭᠠᠴᠠᠭᠠᠨ ᠤ ᠠᠷᠠᠳ ᠤᠨ ᠵᠥᠪᠯᠡᠯ ᠤᠨ ᠪᠤᠰᠤᠳ 6 ᠬᠥᠮᠥᠨ ᠣᠷᠣᠯᠴᠠᠵᠠᠢ᠂ ᠡᠭᠦᠨ ᠤ ᠵᠣᠷᠢᠯᠭ᠎ᠠ ᠨᠢ ᠦᠨᠦᠷᠲᠦ ᠮᠥᠭᠦ ᠲᠠᠷᠢᠬᠤ ᠮᠡᠷᠭᠡᠵᠢᠯ ᠢ ᠰᠢᠨᠵᠢᠯᠡᠨ ᠰᠤᠷᠤᠯᠴᠠᠬᠤ ᠶᠢᠨ ᠲᠥᠯᠥᠭᠡ ᠶᠤᠮ᠃              ᠬᠤᠪᠢ ᠶᠢᠨ  ᠡᠵᠡᠩᠨᠡᠯᠲᠡ ᠶᠢᠨ  ᠡᠷᠦᠬᠡ ᠶᠢᠨ  ᠲᠠᠭᠠᠭᠠᠮᠠᠯ  ᠶᠠᠭᠤᠨ ᠤ  ᠤᠴᠢᠷ ᠠᠴᠠ   ᠰᠢᠨᠵᠢᠯᠡᠨ   ᠪᠠᠶᠢᠴᠠᠭᠠᠵᠤ ᠰᠤᠷᠤᠯᠴᠠᠬᠤ ᠵᠠᠪᠰᠢᠶᠠᠨ ᠢᠶᠠᠷ ᠲᠣᠰᠬᠤᠨ ᠤ ᠺᠠᠳ᠋ᠷ ᠢ  ᠦᠵᠡᠮᠵᠢ ᠶᠢᠨ  ᠣᠷᠣᠨ ᠢᠶᠠᠷ  ᠵᠤᠭᠠᠴᠠᠭᠤᠯᠬᠤ ᠪᠠᠷ  ᠤᠷᠢᠭᠰᠠᠨ  ᠪᠤᠢ᠂ ᠡᠭᠦᠨ ᠤ ᠠᠷᠤ ᠳᠤ ᠨᠡᠩ ᠶᠡᠭᠡ ᠠᠰᠢᠭ ᠲᠤᠰᠠ ᠶᠢᠨ ᠶᠠᠪᠤᠯᠴᠠᠭ᠎ᠠ ᠪᠠᠶᠢᠨ᠎ᠠ ᠤᠤ︖ ᠪᠠᠶᠢᠴᠠᠭᠠᠯᠲᠠ ᠶᠢᠨ ᠳᠤᠭᠤᠶᠢᠯᠠᠩ ᠤᠨ  ᠬᠢᠨ ᠵᠢᠶᠠᠩ ᠣᠪᠣᠭᠲᠤ ᠨᠠᠷ ᠢ ᠡᠷᠢᠵᠦ ᠣᠴᠢᠭᠠᠳ ᠬᠠᠷᠢᠭᠤᠯᠲᠠ ᠶᠢ ᠨᠢ ᠡᠷᠢᠵᠦ᠂  ᠲᠡᠳᠡᠨ ᠳᠤ  ᠲᠥᠪ  ᠴᠢᠩᠭ᠎ᠠ ᠪᠠᠷ  ᠠᠰᠠᠭᠤᠯᠲᠠ ᠲᠠᠯᠪᠢᠵᠠᠢ᠃              ᠵᠢᠶᠠᠩ ᠣᠪᠣᠭᠲᠤ ᠤᠴᠢᠷ ᠶᠠᠪᠤᠳᠠᠯ ᠢ ᠨᠢᠭᠤᠵᠤ ᠳᠡᠶᠢᠯᠬᠦ ᠦᠭᠡᠢ ᠪᠣᠯᠤᠭᠰᠠᠨ ᠢ ᠦᠵᠡᠭᠡᠳ ᠦᠨᠡᠨ ᠢᠶᠠᠨ ᠬᠡᠯᠡᠪᠡ᠃ ᠤᠤᠯ ᠨᠢ᠂ 2018 ᠣᠨ ᠳᠤ᠂ ᠲᠣᠰ ᠲᠣᠰᠬᠤᠨ ᠤ ᠦᠨᠦᠷᠲᠦ ᠮᠥᠭᠦ ᠳᠠᠷᠢᠬᠤ ᠬᠤᠷᠰᠢᠶ᠎ᠠ ᠶᠢᠨ ᠲᠠᠭᠠᠭᠠᠮᠠᠯ ᠶᠢᠦ  ᠣᠪᠣᠭᠲᠤ ᠦᠨᠦᠷᠲᠦ ᠮᠥᠭᠦ ᠳᠠᠷᠢᠬᠤ ᠮᠡᠷᠭᠡᠵᠢᠯ ᠢ ᠰᠤᠷᠤᠯᠴᠠᠬᠤ ᠨᠡᠷ᠎ᠡ ᠪᠠᠷ  ᠲᠣᠰᠬᠤᠨ ᠤ  ᠺᠠᠳ᠋ᠷᠴᠤᠳ ᠢ  ᠤᠷᠢᠵᠤ᠂  ᠦᠨᠦᠷᠲᠦ  ᠮᠥᠭᠦ ᠳᠠᠷᠢᠬᠤ ᠮᠡᠷᠭᠡᠵᠢᠯ ᠢ ᠲᠣᠭᠤᠷᠢᠨ ᠦᠵᠡᠭᠦᠯᠵᠦ ᠰᠤᠷᠤᠯᠴᠠᠭᠤᠯᠤᠭᠰᠠᠨ ᠤ ᠳᠠᠷᠠᠭ᠎ᠠ᠂ ᠣᠶᠢᠷ᠎ᠠ  ᠬᠠᠪᠢ ᠳᠠᠭᠠᠨ  4A  ᠲᠠᠰ ‍ᠤᠨ‌ᠦᠵᠡᠮᠵᠢ ᠶᠢᠨ ᠣᠷᠣᠨ ᠢᠶᠠᠷ ᠳᠠᠶᠢᠯᠠᠨ ᠵᠤᠭᠠᠴᠠᠭᠤᠯᠵᠤ᠂ ᠬᠠᠮᠢᠶ᠎ᠠ ᠪᠦᠬᠦᠢ ᠵᠠᠷᠤᠳᠠᠯ ᠢ ᠴᠥᠮ ᠶᠢᠦ ᠣᠪᠣᠭᠲᠤ ᠭᠠᠷᠭᠠᠵᠠᠢ᠃              ᠡᠴᠦᠰ ᠲᠡᠭᠡᠨ ᠵᠢᠶᠠᠩ ᠣᠪᠣᠭᠲᠤ ᠪᠠᠰᠠ ᠰᠠᠬᠢᠯᠭ᠎ᠠ  ᠪᠠᠲᠤ  ᠶᠢ  ᠵᠥᠷᠢᠴᠡᠭᠰᠡᠨ  ᠪᠤᠰᠤᠳ  ᠠᠰᠠᠭᠤᠳᠠᠯ  ᠲᠠᠢ ᠠᠴᠠ ᠪᠣᠯᠵᠤ᠂ ᠵᠦ ᠱᠠᠨ ᠰᠢᠶᠠᠨ ᠤ ᠰᠠᠬᠢᠯᠭ᠎ᠠ ᠪᠠᠲᠤ ᠪᠠᠶᠢᠴᠠᠭᠠᠬᠤ ᠬᠤᠷᠢᠶ᠎ᠠ ᠬᠢᠨᠠᠨ ᠪᠠᠶᠢᠴᠠᠭᠠᠬᠤ ᠵᠥᠪᠯᠡᠯ ᠠᠴᠠ ᠲᠡᠭᠦᠨ ᠳᠤ ᠨᠠᠮ ‍ᠤᠨ‌‍ᠲ᠋ᠣᠲᠣᠭᠠᠳᠤ ᠳᠤ ᠴᠢᠩᠭ᠎ᠠ ᠳᠣᠩᠭᠤᠳᠬᠤ ᠰᠢᠢᠳᠬᠡᠯ  ᠥᠭᠴᠦ᠂  ᠬᠤᠯᠪᠣᠭᠳᠠᠯ  ᠪᠦᠬᠦᠢ  ᠪᠤᠰᠤᠳ  6  ᠬᠥᠮᠥᠨ ᠳᠤ  ᠴᠥᠮ ᠬᠠᠷᠠᠭᠠᠯᠵᠠᠭᠰᠠᠨ ᠰᠢᠢᠳᠬᠡᠯ ᠥᠭᠴᠡᠢ᠃ ᠬᠡᠷᠡᠭ ᠲᠤ ᠢᠯᠡᠷᠡᠭᠰᠡᠨ ᠠᠰᠠᠭᠤᠳᠠᠯ ᠳᠤ ᠴᠢᠭᠯᠡᠭᠦᠯᠦᠨ᠂  ᠲᠤᠰ  ᠰᠢᠶᠠᠨ ᠤ  ᠰᠠᠬᠢᠯᠭ᠎ᠠ ᠪᠠᠲᠤ ᠪᠠᠶᠢᠴᠠᠭᠠᠬᠤ ᠬᠤᠷᠢᠶ᠎ᠠ ᠬᠢᠨᠠᠨ ᠪᠠᠶᠢᠴᠠᠭᠠᠬᠤ ᠵᠥᠪᠯᠡᠯ ᠠᠴᠠ ᠬᠢᠨᠠᠨ ᠪᠠᠶᠢᠴᠠᠭᠠᠬᠤ ᠰᠠᠨᠠᠭᠤᠯᠭ᠎ᠠ ᠶᠢᠨ ᠪᠢᠴᠢᠭ ᠪᠠ ᠠᠵᠢᠯ ‍ᠤᠨ‌‍ᠰᠠᠨᠠᠭᠤᠯᠭ᠎ᠠ ᠶᠢᠨ ᠪᠢᠴᠢᠭ ᠪᠠᠭᠤᠯᠭᠠᠵᠤ᠂ ᠲᠤᠰ ᠰᠢᠶᠠᠩ  ᠤᠨ ᠬᠡᠷᠡᠭ ᠢᠶᠠᠷ ᠲᠣᠯᠢ ᠪᠣᠯᠭᠠᠨ᠂ ᠳᠦᠷᠢᠮ ᠲᠣᠭᠲᠠᠭᠠᠯ ᠲᠣᠭᠲᠠᠭᠠᠵᠤ᠂ ᠠᠯᠳᠠᠰᠢ ᠭᠠᠷᠬᠤ ᠶᠢ ᠬᠤᠷᠢᠭᠯᠠᠬᠤ ᠪᠠᠷ ᠱᠠᠭᠠᠷᠳᠠᠪᠠ᠃
ᠢᠷᠡᠯᠲᠡ᠄ ᠠᠷᠠᠳ ᠤᠨ ᠰᠦᠯᠵᠢᠶ᠎ᠡ