ᠵᠢᠩᠭᠢᠨᠢ ᠭᠡᠷᠡᠭᠴᠡᠭᠡ ᠲᠠᠢ 21 ᠲᠤᠰᠬᠠᠢ ᠮᠡᠷᠭᠡᠵᠢᠯ ᠢ ᠨᠡᠮᠡᠯ᠎ᠡ
ᠨᠡᠶᠢᠲᠡᠯᠡᠭᠰᠡᠨ ᠴᠠᠭ᠄
2023/5/6
      ᠶᠡᠭᠡ ᠳᠡᠬᠡᠳᠦ ᠰᠤᠷᠭᠠᠭᠤᠯᠢ ᠶᠢᠨ ᠪᠦᠷᠢᠨ ᠮᠡᠷᠬᠡᠵᠢᠯ ᠤᠨ ᠠᠩᠭᠢ ᠳᠤ ᠰᠣᠷᠬᠤ ᠰᠢᠨ᠎ᠡ ᠮᠡᠷᠬᠡᠵᠢᠯ ᠨᠡᠮᠡᠭᠳᠡᠵᠦ᠂  ᠨᠡᠶᠢᠲᠡ21 ᠳᠦᠷᠦᠯ ᠢ ᠰᠣᠷᠬᠤ ᠪᠤᠯᠤᠮᠵᠢ  ᠲᠠᠢ ᠪᠤᠯᠤᠯ᠎ᠠ᠃ ᠡᠭᠦᠨ ᠳᠤ ᠮᠥᠩᠭᠦᠨ  ᠭᠦᠢᠯᠭᠡᠭᠡᠨ ᠤ  ᠨᠢᠬᠳᠠᠯᠠᠨ  ᠪᠤᠳᠤᠬᠤ  ᠮᠡᠷᠭᠡᠵᠢᠯ᠂ ᠣᠯᠠᠨ ᠤᠯᠤᠰ ᠤᠨ ᠬᠠᠤᠯᠢ᠂ ᠬᠠᠤᠯᠢ ᠴᠠᠭᠠᠵᠠ ᠶᠢᠨ ᠬᠢᠨᠠᠨ ᠲᠣᠭᠲᠠᠭᠠᠬᠤ ᠤᠬᠠᠭᠠᠨ᠂ ᠠᠵᠢᠯᠴᠢᠨ ᠤ  ᠡᠪᠯᠡᠯ ᠤᠨ  ᠰᠤᠳᠤᠯᠤᠯ᠂ ᠭᠡᠷ ᠪᠦᠯᠢ ᠶᠢᠨ ᠬᠥᠮᠦᠵᠢᠯ᠂ ᠵᠤᠵᠢᠭ ᠬᠡᠦᠬᠡᠳ ᠤᠨ ᠬᠥᠮᠦᠵᠢᠯ᠂ ᠲᠣᠭᠠᠴᠢᠯᠠᠭᠰᠠᠨ  ᠰᠣᠶᠣᠯ  ᠢᠷᠭᠡᠨᠰᠢᠯ᠂  ᠡᠬᠢ  ᠪᠠᠶᠠᠯᠢᠭ ᠤᠨ ᠤᠬᠠᠭᠠᠨ᠂ ᠳᠡᠯᠡᠬᠡᠢ ᠶᠢᠨ  ᠪᠥᠮᠪᠥᠷᠴᠡᠭ ᠤᠨ  ᠰᠢᠰᠲ᠋ᠧᠮ ᠤᠨ  ᠰᠢᠨᠵᠢᠯᠡᠭᠡ  ᠰᠤᠳᠤᠯᠤᠯ᠂  ᠲᠤᠭ᠎ᠠ  ᠪᠠᠷᠢᠮᠲᠠ ᠶᠢᠨ  ᠰᠢᠨᠵᠢᠯᠡᠭᠡ ᠰᠤᠳᠤᠯᠤᠯ᠂ ᠠᠮᠢᠳᠤ ᠪᠣᠳᠠᠰ ᠤᠨ ᠪᠦᠷᠢᠳᠬᠡᠯ ᠤᠨ ᠰᠤᠳᠤᠯᠤᠯ᠂ ᠠᠮᠢᠳᠤ ᠪᠣᠳᠠᠰ ᠤᠨ ᠮᠠᠲ᠋ᠧᠷᠢᠶᠠᠯ᠂ ᠴᠠᠬᠢᠯᠭᠠᠨ  ᠬᠦᠳᠡᠯᠭᠡᠭᠦᠷ ‍ᠣᠨ‌ᠠᠴᠢᠶᠠᠯᠠᠪᠤᠷᠢ ᠶᠢᠨ ᠢᠨᠵᠧᠨᠧᠷᠢᠩ᠂   ᠨᠢᠰᠦᠭᠦᠷ ᠢ   ᠠᠵᠢᠯᠯᠠᠭᠤᠯᠵᠤ   ᠬᠠᠮᠠᠭᠠᠯᠠᠬᠤ  ᠢᠨᠵᠧᠨᠧᠷᠢᠩ᠂   ᠠᠶᠤᠯ   ᠦᠭᠡᠢ ᠦᠢᠯᠡᠳᠪᠦᠷᠢᠯᠡᠯ ᠤᠨ ᠬᠢᠨᠠᠯᠲᠠ ᠬᠠᠮᠢᠶᠠᠷᠤᠯᠲᠠ᠂ ᠢᠷᠡᠭᠡᠳᠦᠢ ᠶᠢᠨ ᠮᠠᠰᠢᠨ ᠬᠥᠮᠥᠨ᠂  ᠤᠯᠤᠰ ᠤᠨ  ᠴᠡᠴᠡᠷᠯᠢᠭ ᠤᠨ  ᠪᠦᠲᠦᠭᠡᠨ‌‍ᠪᠠᠶᠢᠭᠤᠯᠤᠯᠲᠠ ᠪᠠ  ᠬᠠᠮᠢᠶᠠᠷᠤᠯᠲᠠ᠂  ᠡᠮᠴᠢᠯᠡᠬᠡᠨ ᠤ  ᠤᠬᠠᠭᠠᠨ᠂  ᠬᠥᠳᠡᠭᠡ  ᠲᠣᠰᠬᠤᠨ ᠤ  ᠵᠠᠰᠠᠨ  ᠴᠡᠭᠴᠡᠯᠡᠯᠳᠡ᠂  ᠠᠭᠠᠷ ᠠᠶᠠᠯᠠᠯ ᠤᠨ ᠠᠶᠦᠯᠬᠦᠢ ᠶᠢᠨ ᠰᠡᠷᠭᠡᠶᠢᠯᠡᠯᠳᠡ ᠬᠠᠮᠢᠶᠠᠷᠤᠯᠲᠠ ᠪᠠ ᠬᠠᠷᠰᠢ ᠰᠠᠭᠠᠳ ᠦᠭᠡᠢ ᠬᠠᠮᠢᠶᠠᠷᠤᠯᠳᠠ ᠵᠡᠷᠬᠡ ᠪᠤᠢ᠃
ᠢᠷᠡᠯᠲᠡ᠄ ᠠᠷᠠᠳ ᠤᠨ ᠰᠦᠯᠵᠢᠶ᠎ᠡ