ᠥᠩᠭᠡ ᠡᠯᠪᠡᠭ ᠵᠤᠨ
ᠨᠡᠶᠢᠲᠡᠯᠡᠭᠰᠡᠨ ᠴᠠᠭ᠄
2023/7/27
 ᠨᠠᠷᠠᠨ ᠵᠦᠭ ᠠᠴᠠ ᠠᠮᠢᠵᠢᠷᠠᠯ ᠤᠨ ᠭᠡᠷᠡᠯ ᠰᠠᠴᠤᠷᠠᠭᠠᠳ ᠨᠠᠪᠴᠢ ᠴᠡᠴᠡᠭᠡᠰ ᠨᠠᠮᠠᠭ᠎ᠠ ᠪᠠᠨ ᠲᠠᠭᠠᠨ ᠴᠡᠮᠴᠡᠭᠡᠨᠡᠬᠦ ᠨᠠᠢᠮᠠᠨ ᠬᠡᠯᠡ ᠪᠠᠷ ᠵᠢᠷᠭᠢᠯᠴᠡᠬᠦ ᠵᠦᠢᠯ ᠤᠨ ᠰᠢᠪᠠᠭᠤᠳ ᠨᠠᠮᠢᠷᠠᠭ᠎ᠠ ᠬᠤᠷ᠎ᠠ ᠲᠠᠢ ᠵᠤᠨ ᠢ ᠤᠷᠢᠨ ᠨᠠᠪᠴᠢᠰ ᠰᠡᠭᠰᠦᠷᠦᠨ᠎ᠡ ᠳᠡᠯᠭᠡᠷ ᠲᠠᠯ᠎ᠠ ᠶᠢᠨ ᠴᠡᠯᠡᠭᠡᠷ ᠥᠷᠥᠴᠡᠨ ᠠᠴᠠ ᠳᠡᠯᠡᠬᠡᠢ ᠶᠢ ᠰᠡᠷᠡᠭᠡᠵᠦ ᠰᠦᠷᠦᠭ ᠮᠠᠶᠢᠯᠠᠯᠳᠤᠭᠠᠳ ᠳᠡᠭᠵᠢᠯ ᠤᠷᠢᠭᠰᠠᠨ ᠨᠤᠲᠤᠭ ᠤᠨ ᠮᠢᠨᠢ ᠵᠤᠨ ᠳᠡᠯᠭᠡᠷᠡᠬᠦ ᠴᠡᠴᠡᠭᠡᠰ ᠤᠨ ᠦᠨᠦᠷ ᠲᠤ ᠰᠣᠭᠲᠣᠭᠤᠷᠠᠨ᠎ᠠ  ᠥᠷᠭᠡᠨ ᠰᠢᠯᠢ ᠶᠢᠨ ᠴᠡᠩᠬᠡᠷ ᠤᠨᠢᠶᠠᠷ ᠥᠨᠳᠥᠷ ᠲᠡᠭᠷᠢ ᠲᠠᠢ ᠵᠠᠯᠭᠠᠨ ᠬᠥᠬᠡᠷᠡᠭᠡᠳ ᠡᠪᠦᠭᠡᠳ ᠤᠨ ᠨᠤᠲᠤᠭ ᠤᠨ ᠰᠦᠯᠳᠡ ᠶᠢ ᠡᠷᠭᠦᠵᠦ ᠥᠩ ᠲᠠᠢ ᠴᠤ ᠵᠤᠨ ᠡᠯᠪᠡᠭ ᠴᠤ ᠵᠤᠨ ᠤᠨᠠᠭ᠎ᠠ ᠳᠠᠭ᠎ᠠ ᠶᠢᠨ ᠬᠦᠴᠦ ᠨᠢ ᠴᠢᠩᠭᠠᠷᠠᠭᠠᠳ ᠨᠣᠣᠷᠠᠯᠳᠤᠨ ᠨᠣᠴᠣᠯᠳᠤᠨ ᠳᠡᠭᠵᠢᠷᠡᠭᠡ ᠢᠨᠴᠠᠭᠠᠨ᠎ᠠ ᠤᠷᠤᠯᠳᠤᠭᠠᠨ ᠤ ᠬᠦᠯᠦᠭ ᠢᠶᠠᠨ ᠡᠵᠡᠨ ᠨᠢ ᠰᠣᠶᠢᠭᠠᠳ ᠤᠯᠤᠰ ᠤᠨ ᠨᠠᠭᠠᠳᠤᠮ ᠳᠤ ᠣᠷᠬᠢ ᠪᠠᠷ ᠪᠡᠯᠡᠳᠬᠡᠨ᠎ᠡ ᠨᠤᠭᠤᠰᠤ ᠭᠠᠯᠠᠭᠤ ᠨᠢ ᠨᠠᠭᠤᠷ ᠲᠠᠭᠠᠨ ᠨᠦᠷᠭᠢᠯᠡᠨ ᠨᠤᠲᠤᠭ ᠤᠰᠤᠨ ᠤ ᠥᠩᠭᠡ ᠦᠵᠡᠮᠵᠢ ᠶᠢ ᠨᠡᠮᠡᠨ᠎ᠡ ︽ᠨᠤᠭᠤᠨᠵᠢᠶᠠᠭ᠎ᠠ︾ ᠬᠡᠦᠬᠡᠨ ᠲᠥᠷᠬᠦᠮ ᠢᠶᠠᠨ ᠰᠠᠨᠠᠭᠠᠳ  ᠨᠣᠭᠲᠣᠨ ᠠᠴᠠ ᠪᠠᠨ ᠠᠯᠳᠠᠷᠠᠭᠰᠠᠨ ᠪᠣᠳᠣᠯ ᠨᠢ ᠳᠡᠷᠪᠡᠨ᠎ᠡ  ᠥᠩᠭᠡ ᠵᠤᠨ ᠤ ᠨᠠᠷᠭᠢᠶᠠᠨᠲᠤ ᠤᠯᠠᠷᠢᠯ ᠳᠤ ᠦᠷᠭᠦᠵᠦ ᠴᠠᠬᠢᠯᠠᠬᠤ ᠵᠡᠭᠡᠷ᠎ᠡ ᠣᠮᠣᠭᠯᠠᠭᠠᠳ ᠥᠯᠥᠭᠡᠢ ᠨᠤᠲᠤᠭ ᠤᠨ ᠪᠠᠶᠠᠨ ᠪᠠᠶᠢᠭᠠᠯᠢ ᠥᠷᠥᠴᠡᠨ ᠤ ᠰᠢᠯᠦᠭ ᠲᠤ ᠳᠡᠯᠭᠡᠷᠡᠬᠦ ᠰᠠᠶᠢᠬᠠᠨ ᠪᠣᠷᠵᠢᠭᠢᠨ ᠬᠥᠭᠵᠢᠯᠲᠦ 
ᠢᠷᠡᠯᠲᠡ᠄ ᠪᠠᠶᠠᠨ ᠨᠠᠭᠤᠷ ᠤᠨ ᠡᠳᠦᠷ ᠤᠨ ᠰᠣᠨᠢᠨ