ᠵᠤᠨ ᠪᠣᠯᠳᠠᠭ ᠶᠤᠮ
ᠨᠡᠶᠢᠲᠡᠯᠡᠭᠰᠡᠨ ᠴᠠᠭ᠄
2023/7/27
 ᠤᠯᠢᠶᠠᠷᠬᠠᠭ ᠬᠡᠦᠬᠡᠨᠴᠦᠳ ᠦᠦᠷ ᠲᠠᠢ ᠤᠷᠤᠯᠳᠤᠨ ᠦᠨᠢᠶᠡᠨ ᠵᠡᠯᠡᠨ ᠳᠤ ᠬᠥᠨᠥᠭ ᠪᠢᠯᠬᠠᠷᠠᠭᠤᠯᠵᠤ ᠠᠭᠤᠯᠠᠰ ᠤᠨ ᠰᠡᠵᠢᠭᠦᠷ ᠤᠰᠤᠨ ᠵᠡᠷᠭᠡᠯᠭᠡᠨ ᠳᠤ ᠬᠥᠪᠪᠦᠭᠴᠢ ᠤᠯᠠᠷᠢᠯ ᠤᠨ ᠵᠤᠨ ᠪᠣᠯᠳᠠᠭ ᠶᠤᠮ  ᠬᠥᠬᠦᠭᠡ ᠰᠢᠪᠠᠭᠤ ᠢᠷᠠᠭᠤ ᠠᠶᠢᠵᠠᠮᠯᠠᠨ ᠳᠣᠩᠭᠤᠳᠴᠤ ᠬᠥᠳᠡᠭᠡ ᠲᠠᠯ᠎ᠠ ᠳᠤ  ᠮᠥᠭᠦ‍ ᠰᠢᠭ ᠮᠣᠩᠭᠤᠯ ᠭᠡᠷ ᠴᠠᠶᠢᠵᠤ ᠬᠥᠲᠥᠯᠥᠭᠡ ᠮᠣᠷᠢ ᠲᠠᠢ ᠨᠠᠭᠠᠴᠤ ᠮᠢᠨᠢ ᠠᠶᠢᠰᠤᠢ ᠯᠡ ᠶᠤᠮᠰᠢᠭ ᠬᠦᠷᠡᠩ ᠵᠢᠷᠦᠬᠡᠨ ᠳᠤ ᠮᠥᠷᠥᠭᠡᠳᠦᠯ ᠰᠡᠶᠢᠯᠵᠦ ᠬᠦᠢ ᠨᠤᠲᠤᠭ ᠲᠤ ᠵᠤᠨ ᠪᠣᠯᠳᠠᠭ ᠶᠤᠮ ᠳᠡᠨᠵᠢ ᠶᠢᠨ ᠴᠡᠴᠡᠭᠡᠰ ᠠᠯᠠᠭᠯᠠᠨ ᠳᠡᠯᠭᠡᠷᠡᠵᠦ ᠳᠡᠭᠡᠭᠦᠷ ᠨᠢ ᠥᠩᠭᠡ ᠶᠢᠨ ᠡᠷᠪᠡᠬᠡᠢ ᠰᠦᠯᠵᠢᠯᠳᠦᠨ ᠳᠡᠭᠡᠪᠦᠷ ᠤᠨ ᠨᠠᠷᠠ ᠠᠷᠭᠠᠮᠵᠢᠶ᠎ᠠ ᠲᠠᠢ ᠶᠤᠮᠰᠢᠭ ᠤᠷᠲᠤᠰᠤᠨ ᠲᠡᠷᠲᠡᠭᠡ ᠴᠡᠩᠬᠡᠷᠯᠡᠬᠦ ᠠᠮᠠᠷᠠᠭ ᠤᠰᠤᠨ ᠤ ᠠᠶᠢᠯ ᠤᠳ ᠢᠶᠠᠷ ᠴᠤ ᠲᠡᠭᠰᠢᠬᠡᠨ ᠰᠠᠭᠠᠲᠠᠵᠤ ᠵᠤᠨ ᠪᠣᠯᠳᠠᠭ ᠶᠤᠮ  ᠬᠠᠮᠢᠭᠠᠰᠢ ᠬᠠᠷᠠᠪᠠᠴᠤ ᠨᠣᠪ ᠨᠣᠭᠤᠭᠠᠨ ᠬᠠᠷᠢᠯᠠᠬᠤ ᠬᠡᠦᠬᠡᠨ ᠤ ᠴᠢᠷᠠᠢ ᠰᠢᠭ᠋ ᠴᠡᠪᠡᠷ ᠢᠴᠢᠮᠡᠲᠡᠭᠡᠢ ᠬᠠᠪᠤᠷᠵᠢᠶᠠᠨ ᠠᠴᠠ ᠵᠤᠰᠠᠯᠠᠩ ᠳᠠᠭᠠᠨ ᠪᠠᠭᠤᠵᠠᠭᠠᠵᠤ ᠬᠠᠨᠠᠲᠤ ᠭᠡᠷ ᠠᠴᠠ ᠲᠤᠯᠭ᠎ᠠ ᠴᠠᠢ ᠳᠠᠷᠭᠢᠯᠤᠨ ᠬᠠᠶᠠᠭ᠎ᠠ ᠰᠢᠭᠤᠵᠤ ᠵᠤᠨ ᠪᠣᠯᠳᠠᠭ ᠬᠥᠬᠡ ᠣᠭᠲᠠᠷᠭᠤᠢ ᠪᠠᠷ ᠡᠭᠦᠯᠡᠰ ᠤᠭᠠᠯᠵᠠᠯᠠᠨ ᠬᠤᠷ᠎ᠠ ᠶᠢᠨ ᠰᠢᠪᠡᠷᠡᠭᠡ ᠪᠠᠷ ᠨᠠᠭᠤᠷ ᠳᠦᠭᠦᠷᠡᠩ ᠮᠡᠯᠲᠡᠯᠵᠡᠨ ᠬᠤᠨᠢ ᠬᠠᠶᠢᠴᠢᠯᠠᠵᠤ ᠢᠰᠡᠭᠡᠢ ᠶᠢᠨ ᠨᠠᠶᠢᠷ ᠦᠷᠭᠦᠯᠵᠢᠯᠡᠨ ᠬᠥᠯᠥᠰᠥᠨ ᠳᠤᠰᠤᠯ ᠢᠶᠠᠷ ᠠᠮᠢᠳᠤᠷᠠᠯ ᠴᠠᠯᠭᠢᠯᠠᠨ ᠬᠥᠭᠡᠰᠦᠷᠡᠬᠦ ᠠᠶᠢᠷᠠᠭ ᠤᠨ ᠰᠡᠩᠭᠢᠨᠡᠭᠡ ᠲᠠᠢ ᠵᠤᠨ ᠪᠣᠯᠳᠠᠭ ᠶᠤᠮ ᠭᠣ᠂ ᠵᠢᠷᠭᠠᠯ 
ᠢᠷᠡᠯᠲᠡ᠄ ᠪᠠᠶᠠᠨ ᠨᠠᠭᠤᠷ ᠤᠨ ᠡᠳᠦᠷ ᠤᠨ ᠰᠣᠨᠢᠨ