ᠬᠤᠳᠠ ᠶᠢᠨ ᠨᠠᠮ ᠤᠨ ᠬᠤᠷᠢᠶᠠᠨ ᠤ ᠲᠠᠪᠤᠳᠤᠭᠠᠷ ᠬᠤᠭᠤᠴᠠᠭᠠᠨ ᠤ ᠲᠠᠪᠤᠳᠤᠭᠠᠷ ᠪᠥᠬᠦᠳᠡ ᠬᠤᠷᠠᠯ ᠠᠴᠠ ︽ᠠᠷᠪᠠᠨ ᠵᠢᠷᠭᠤᠭᠠᠨ ᠦᠰᠦᠭ︾ ᠤᠨ ᠤᠰᠤ ᠶᠢ | ᠵᠠᠰᠠᠬᠤ ᠰᠡᠳᠬᠢᠴᠡ ᠪᠠ ︽ᠲᠦᠷᠪᠡᠨ ᠵᠦᠢᠯ ᠤᠨ ᠤᠰᠤ ᠶᠢ ᠲᠤᠭᠳᠠᠭᠠᠬᠤ︾ ᠵᠠᠷᠴᠢᠮ ᠢ ᠭᠦᠨᠵᠡᠭᠡᠢ ᠨᠠᠶᠢᠳᠠᠪᠤᠷᠢᠵᠢᠭᠤᠯᠤᠨ ᠂ ᠤᠰᠤ ᠠᠷᠪᠢᠯᠠᠬᠤ ᠂ | ᠤᠰᠤ ᠵᠠᠰᠠᠬᠤ᠂ ᠤᠰᠤ ᠬᠠᠮᠢᠶᠠᠷᠬᠤ᠂ ᠤᠰᠤ ᠬᠡᠷᠡᠭᠯᠡᠬᠦ᠂ ᠤᠰᠤ ᠶᠢ ᠬᠥᠭᠵᠢᠭᠦᠯᠬᠦ ᠲᠠᠪᠤᠨ ᠠᠵᠢᠯ ᠢ ᠰᠠᠶᠢᠲᠤᠷ ᠬᠢᠵᠦ᠂ ᠶᠡᠭᠡ ᠤᠰᠤ ᠪᠠᠷ ᠨᠡᠯᠦᠩᠬᠡᠢ ᠤᠰᠤᠯᠠᠬᠤ | ᠵᠡᠷᠭᠡ ᠠᠰᠠᠭᠤᠳᠠᠯ ᠢ ᠰᠢᠢᠳᠪᠤᠷᠢᠯᠡᠵᠤ᠂ ᠲᠠᠷᠢᠶᠠᠯᠠᠩ ᠤᠨ ᠤᠰᠤ ᠠᠷᠪᠢᠯᠠᠬᠤ ᠠᠴᠠ ᠦᠷ᠎ᠡ ᠠᠰᠢᠭ ᠣᠯᠬᠤ ᠶᠢ ᠲᠤᠷᠠᠳᠪᠠ᠃ ᠮᠠᠨ ᠤ ᠬᠤᠲᠠ ᠭᠠᠵᠠᠷ ᠣᠷᠣᠨ ᠤ | ᠪᠠᠶᠢᠳᠠᠯ ᠳᠠᠭᠠᠨ ᠲᠣᠬᠢᠷᠠᠭᠤᠯᠤᠨ᠂ ᠬᠠᠲᠤᠨ ᠭᠤᠣᠯ ᠤᠨ ᠤᠰᠤ ᠪᠠᠷ ᠥᠨᠳᠥᠷ ᠦᠷ᠎ᠡ ᠠᠰᠢᠭ ᠲᠠᠢ ᠤᠰᠤ ᠠᠷᠪᠢᠯᠠᠬᠤ ᠤᠰᠤᠯᠠᠯᠲᠠ ᠶᠢ ᠢᠳᠡᠪᠬᠢᠲᠡᠢ ᠪᠠᠷ ᠲᠦᠯᠬᠢᠨ | ᠠᠬᠢᠭᠤᠯᠵᠤ᠂ ᠤᠰᠤᠨ ᠤ ᠡᠬᠢ ᠪᠠᠶᠠᠯᠢᠭ ᠢ ᠠᠰᠢᠭᠯᠠᠬᠤ ᠦᠷ᠎ᠡ ᠪᠦᠲᠦᠮᠵᠢ ᠶᠢ ᠲᠠᠰᠤᠷᠠᠯᠲᠠ ᠦᠭᠡᠢ ᠨᠡᠮᠡᠭᠳᠡᠭᠦᠯᠦᠨ᠂ ᠲᠠᠷᠢᠶᠠᠯᠠᠩ ᠤᠨ ᠶᠠᠰᠤ ᠴᠢᠨᠠᠷ ᠢ | ᠳᠡᠭᠡᠭᠰᠢᠯᠡᠭᠦᠯᠦᠨ ᠦᠷ᠎ᠡ ᠠᠰᠢᠭ ᠢ ᠨᠡᠮᠡᠭᠳᠡᠭᠦᠯᠬᠦ ᠶᠢ ᠲᠦᠯᠬᠢᠨ ᠠᠭᠢᠭᠤᠯᠵᠤ ᠪᠠᠶᠢᠨ᠎ᠠ᠃ | ᠦᠶᠤᠸᠠᠨ ᠰᠢᠶᠠᠨ ᠤ ᠲᠤᠷᠤᠭ ᠪᠠᠯᠭᠠᠰᠤᠨ ᠤ ᠾᠧ ᠫᠢᠩ ᠲᠣᠰᠬᠤᠨ ᠡᠨᠡ ᠵᠢᠯ ᠬᠤᠷᠰᠢᠶᠠᠵᠢᠯ ᠤᠷᠢᠨ ᠤᠷᠤᠭᠤᠯᠤᠭᠠᠳ 1500 ᠮᠦ ᠲᠥᠪᠡᠳ ᠬᠠᠰᠢ | ᠲᠠᠷᠢᠵᠠᠢ᠃ ᠬᠦᠷᠢᠶᠡᠯᠡᠩ ᠲᠣᠭᠤᠷᠢᠭ ᠲᠤ ᠤᠰᠤ ᠪᠣᠷᠳᠣᠭᠤᠷ ᠢ ᠨᠢᠭᠡ ᠴᠣᠭᠴᠠᠵᠢᠭᠤᠯᠤᠨ ᠬᠠᠲᠤᠨ ᠭᠤᠣᠯ ᠤᠨ ᠤᠰᠤ ᠪᠠᠷ ᠳᠤᠰᠤᠯᠭᠠᠨ ᠤᠰᠤᠯᠠᠬᠤ | ᠲᠥᠬᠦᠭᠡᠷᠦᠮᠵᠢ ᠶᠢ ᠭᠡᠷᠡᠭᠯᠡᠭᠦ ᠪᠠᠷ ᠲᠠᠮᠵᠢᠨ᠂ ᠲᠥᠪᠡᠳ ᠬᠠᠰᠢ ᠶᠢᠨ ᠦᠨᠳᠦᠰᠦ ᠶᠢᠨ ᠰᠢᠰᠲ᠋ᠧᠮ ᠤᠨ ᠲᠠᠷᠬᠠᠯᠲᠠ ᠶᠢᠨ ᠳᠠᠪᠬᠤᠷᠭ᠎ᠠ ᠶᠢᠨ ᠬᠥᠷᠥᠰᠥ ᠰᠢᠷᠣᠢ ᠶᠢ | ᠬᠠᠮᠤᠭ ᠤᠨ ᠲᠣᠬᠢᠷᠠᠮᠵᠢᠲᠠᠢ ᠴᠢᠭᠢᠭᠲᠦᠴᠡ ᠪᠠ ᠰᠢᠮ᠎ᠡ ᠲᠡᠵᠢᠭᠡᠯ ᠤᠨ ᠪᠠᠶᠢᠳᠠᠯ ᠲᠠᠢ ᠪᠠᠶᠢᠯᠭᠠᠵᠤ᠂ ᠤᠰᠤ ᠪᠣᠷᠳᠣᠭᠤᠷ ᠢ ᠨᠠᠷᠢᠯᠢᠭ ᠣᠨᠣᠴᠠᠲᠠᠢ ᠪᠠᠷ ᠬᠦᠷᠭᠡᠵᠦ᠂ | ᠤᠰᠤᠯᠠᠬᠤ ᠴᠠᠭ ᠢ 50% ᠪᠠᠷ ᠪᠣᠭᠤᠨᠢᠰᠬᠠᠵᠤ᠂ ᠮᠤ᠋ ᠪᠦᠷᠢ ᠶᠢᠨ ᠤᠨᠠᠯᠲᠠ ᠶᠢ 2—4 ᠲᠣᠨ ᠨᠡᠮᠡᠭᠳᠡᠭᠦᠯᠪᠡ᠃ | ᠭᠤᠸᠠᠩ ᠰᠢᠨ ᠲᠠᠷᠢᠶᠠᠯᠠᠩ ᠮᠠᠯ ᠠᠵᠤ ᠠᠬᠤᠢ ᠶᠢᠨ ᠮᠠᠰᠢᠨ ᠮᠧᠬᠠᠨᠢᠭ ᠤᠨ ᠲᠠᠷᠢᠶᠠᠴᠢᠳ ᠤᠨ ᠲᠤᠰᠬᠠᠢ ᠬᠤᠷᠰᠢᠶᠠᠵᠢᠯ ᠤᠨ ᠲᠠᠷᠢᠮᠠᠯ ᠤᠨ ᠡᠷᠦᠭᠡ ᠯᠢ ᠬᠤᠩ | ᠰᠤᠷᠪᠤᠯᠵᠢᠯᠠᠭᠴᠢ ᠳᠤ ᠡᠨᠡ ᠵᠢᠯ ᠬᠠᠳᠤᠨ ᠭᠤᠣᠯ ᠤᠨ ᠤᠰᠤ ᠪᠠᠷ ᠳᠤᠰᠤᠯᠭᠠᠨ ᠤᠰᠤᠯᠠᠬᠤ ᠮᠠᠰᠢᠨ ᠨᠠᠢᠮᠠ ᠶᠢ ᠬᠤᠳᠠᠯᠳᠤᠨ ᠠᠪᠤᠭᠠᠳ ᠤᠰᠤᠨ ᠤ ᠡᠬᠢ | ᠪᠠᠶᠠᠯᠢᠭ ᠤᠨ ᠠᠰᠢᠭᠯᠠᠯᠲᠠ ᠶᠢ ᠶᠡᠭᠡ ᠪᠠᠷ ᠳᠡᠭᠡᠭᠰᠢᠯᠡᠭᠦᠯᠵᠦ᠂ ᠤᠰᠤ ᠠᠷᠪᠢᠯᠠᠬᠤ ᠶᠢ 80% ᠳᠤ ᠬᠦᠷᠭᠡᠵᠡᠢ ᠭᠡᠪᠡ᠃ | ᠡᠨᠡ ᠵᠢᠯ᠂ ᠲᠤᠷᠤᠭ ᠪᠠᠯᠭᠠᠰᠤ ︽ᠬᠠᠲᠤᠨ ᠭᠤᠣᠯ ᠤᠨ ᠤᠰᠤ ᠪᠠᠷ ᠳᠤᠰᠤᠯᠭᠠᠨ ᠤᠰᠤᠯᠠᠬᠤ︾ ᠢᠨᠵᠧᠨᠧᠷᠢᠩ ᠢ ᠢᠳᠡᠪᠬᠢᠲᠡᠢ ᠳᠡᠯᠭᠡᠷᠡᠭᠦᠯᠵᠦ᠂ ᠨᠡᠶᠢᠲᠡ | 5300 ᠮᠦ ᠲᠠᠷᠢᠶᠠᠨ ᠳᠤ ᠲᠣᠭᠲᠠᠮᠠᠯ ᠬᠡᠯᠪᠡᠷᠢ ᠶᠢᠨ ᠤᠰᠤᠯᠠᠯᠲᠠ᠂ 8500 ᠮᠦ ᠲᠠᠷᠢᠶᠠᠨ ᠳᠤ ᠬᠥᠳᠡᠯᠦᠩᠭᠦᠢ ᠭᠡᠯᠪᠡᠷᠢ ᠶᠢᠨ ᠤᠰᠤᠯᠠᠯᠳᠠ ᠶᠢ ᠭᠡᠷᠡᠭᠵᠢᠭᠦᠯᠦᠨ᠂ | ᠤᠰᠤᠨ ᠤ ᠡᠬᠢ ᠪᠠᠶᠠᠯᠢᠭ ᠤᠨ ᠠᠰᠢᠭᠯᠠᠯᠲᠠ ᠶᠢᠨ ᠨᠣᠷᠮ᠎ᠠ ᠶᠢ ᠶᠡᠭᠡ ᠪᠠᠷ ᠳᠡᠭᠡᠭᠰᠢᠯᠡᠭᠦᠯᠵᠦ᠂ ᠥᠪᠡᠷ ᠤᠨ ᠥᠷᠲᠡᠭ ᠢ ᠠᠷᠪᠢᠯᠠᠨ ᠦᠷ᠎ᠡ ᠠᠰᠢᠭ ᠢ ᠨᠡᠮᠡᠭᠳᠡᠭᠦᠯᠬᠦ ᠶᠢ | ᠪᠡᠶᠡᠯᠡᠭᠦᠯᠪᠡ᠃ | ᠦᠶᠤᠸᠠᠨ ᠰᠢᠶᠠᠨ ᠤ ᠲᠤᠷᠤᠭ ᠪᠠᠯᠭᠠᠰᠤᠨ ᠤ ᠶᠡᠷᠦᠩᠬᠡᠶᠢᠯᠡᠭᠰᠡᠨ ᠪᠠᠲᠤᠯᠠᠭ᠎ᠠ ᠪᠠ ᠮᠡᠷᠭᠡᠵᠢᠯ ᠳᠡᠯᠭᠡᠷᠡᠭᠦᠯᠬᠦ ᠲᠥᠪ ᠤᠨ ᠡᠷᠬᠢᠯᠡᠭᠴᠢ ᠯᠢ ᠴᠦᠨ ᠶᠠᠨ | ᠰᠤᠷᠪᠤᠯᠵᠢᠯᠠᠭᠴᠢ ᠳᠤ ᠲᠠᠷᠠᠭᠠᠴᠢ ᠶᠢᠨ ᠠᠯᠬᠤᠮ ᠳᠤ ᠦᠷᠭᠦᠯᠵᠢᠯᠡᠨ ᠬᠠᠵᠠᠭᠤ ᠬᠠᠪᠢ ᠶᠢᠨ ᠲᠣᠰᠬᠤᠨ ᠳᠤ ᠬᠠᠲᠤᠨ ᠭᠤᠣᠯ ᠤᠨ ᠤᠰᠤ ᠪᠠᠷ ᠳᠤᠰᠤᠯᠭᠠᠨ | ᠤᠰᠤᠯᠠᠬᠤ᠂ ᠤᠰᠤ ᠪᠣᠷᠳᠣᠭᠤᠷ ᠢ ᠨᠢᠭᠡ ᠴᠣᠭᠴᠠᠵᠢᠭᠤᠯᠤᠨ ᠬᠡᠷᠡᠭᠯᠡᠬᠦ ᠶᠢ ᠳᠡᠯᠭᠡᠷᠡᠭᠦᠯᠵᠦ᠂ ᠡᠷᠬᠢᠨ ᠲᠣᠭᠤᠷᠢᠨ ᠤ ᠠᠵᠤ ᠦᠢᠯᠡᠰ ᠤᠨ ᠲᠠᠷᠢᠮᠠᠯ ᠤᠨ ᠪᠦᠲᠦᠴᠡ ᠶᠢ | ᠤᠯᠠᠮ ᠨᠢᠭᠡ ᠠᠯᠬᠤᠮ ᠰᠢᠯᠢᠳᠡᠭᠵᠢᠭᠦᠯᠦᠨ ᠲᠣᠬᠢᠷᠠᠭᠤᠯᠤᠨ᠎ᠠ ᠭᠡᠪᠡ᠃ | ᠮᠠᠨ ᠤ ᠬᠤᠲᠠ ︽ᠬᠠᠲᠤᠨ ᠭᠤᠣᠯ ᠤᠨ ᠤᠰᠤ ᠪᠠᠷ ᠳᠤᠰᠤᠯᠭᠠᠨ ᠤᠰᠤᠯᠠᠬᠤ︾ ᠢᠨᠵᠧᠨᠧᠷᠢᠩ ᠢ ᠶᠡᠭᠡ ᠬᠡᠪᠴᠢᠶ᠎ᠡ ᠪᠠᠷ ᠳᠡᠯᠭᠡᠷᠡᠭᠦᠯᠦᠨ ᠬᠡᠷᠡᠭᠵᠢᠭᠦᠯᠵᠦ᠂ | ᠤᠤᠯ ᠤᠨ ᠰᠤᠪᠠᠭ ᠪᠠ ᠨᠠᠭᠤᠷ ᠴᠥᠭᠦᠷᠥᠮ ᠢ ᠠᠰᠢᠭᠯᠠᠨ᠂ ᠬᠠᠲᠤᠨ ᠭᠤᠣᠯ ᠤᠨ ᠤᠰᠤ ᠶᠢ ᠤᠰᠤ ᠬᠠᠳᠠᠭᠠᠯᠠᠬᠤ ᠴᠥᠭᠦᠷᠥᠮ ᠳᠤ ᠣᠷᠣᠭᠤᠯᠵᠤ ᠲᠤᠩᠭᠠᠨ᠂ ᠳᠠᠬᠢᠨ | ᠬᠥᠭᠡᠷᠭᠡ ᠶᠢᠨ ᠥᠷᠲᠡᠭᠡ ᠪᠠᠷ ᠳᠠᠮᠵᠢᠨ ᠤᠰᠤ ᠲᠠᠲᠠᠵᠤ ᠬᠤᠭᠤᠯᠠᠢ ᠪᠠᠷ ᠲᠠᠮᠵᠢᠭᠤᠯᠤᠨ᠂ ᠤᠰᠤ ᠶᠢ ᠲᠠᠷᠢᠶᠠᠨ ᠭᠠᠵᠠᠷ ᠲᠠᠬᠢ ᠳᠤᠰᠤᠯᠭᠠᠨ ᠤᠰᠤᠯᠠᠬᠤ | ᠲᠦᠭᠦᠭᠡᠷᠤᠮᠵᠢ ᠳᠤ ᠭᠦᠷᠭᠡᠨ᠂ ᠲᠠᠷᠢᠶ᠎ᠠ ᠪᠠᠨ ᠤᠰᠤᠯᠠᠵᠤ᠂ ᠤᠰᠤ ᠪᠣᠷᠳᠣᠭᠤᠷ ᠢ ᠨᠢᠭᠡ ᠴᠣᠭᠴᠠᠵᠢᠭᠤᠯᠬᠤ ᠶᠢ ᠪᠡᠶᠡᠯᠡᠭᠦᠯᠵᠦ᠂ ᠲᠠᠷᠢᠶᠠᠯᠠᠩ ᠤᠨ ᠤᠰᠤ ᠠᠷᠪᠢᠯᠠᠬᠤ᠂ | ᠥᠪᠡᠷ ᠤᠨ ᠦᠷᠳᠡᠭ ᠢ ᠪᠠᠭᠤᠷᠠᠭᠤᠯᠬᠤ᠂ ᠦᠷ᠎ᠡ ᠠᠰᠢᠭ ᠢ ᠲᠡᠭᠡᠭᠰᠢᠯᠡᠭᠦᠯᠭᠦ᠂ ᠣᠷᠣᠯᠭ᠎ᠠ ᠶᠢ ᠨᠡᠮᠡᠭᠳᠡᠭᠦᠯᠬᠦ ᠰᠠᠶᠢᠨ ᠦᠷ᠎ᠡ ᠪᠦᠲᠦᠮᠵᠢ ᠣᠯᠪᠠ᠃ ᠣᠳᠣᠬᠠᠨ ᠳᠤ᠂ | ᠪᠥᠬᠦ ᠬᠤᠲᠠ ᠥᠨᠳᠥᠷ ᠪᠠᠷᠢᠮᠵᠢᠶᠠᠲᠤ ᠲᠠᠷᠢᠶᠠᠨ ᠭᠠᠵᠠᠷ ᠤᠨ ᠪᠦᠲᠦᠭᠡᠨ ᠪᠠᠶᠢᠭᠤᠯᠤᠯᠲᠠ ᠶᠢᠨ ᠲᠥᠷᠥᠯ ᠵᠦᠢᠯ ᠢᠶᠠᠷ ᠰᠠᠭᠤᠷᠢ ᠪᠤᠯᠭᠠᠨ᠂ ᠬᠠᠲᠤᠨ ᠭᠤᠣᠯ ᠤᠨ ᠤᠰᠤ | ᠪᠠᠷ ᠳᠤᠰᠤᠯᠭᠠᠨ ᠤᠰᠤᠯᠠᠬᠤ ᠴᠥᠭᠦᠷᠥᠮ ᠢ 46 ᠪᠠᠶᠢᠭᠤᠯᠵᠤ᠂ ᠤᠰᠤ ᠪᠣᠷᠳᠣᠭᠤᠷ ᠢ ᠨᠢᠭᠡ ᠴᠣᠭᠴᠠᠵᠢᠭᠤᠯᠤᠨ ᠤᠰᠤᠯᠠᠬᠤ ᠲᠠᠯᠠᠪᠠᠶ ᠶᠢ 29.7 ᠲᠦᠮᠡᠨ ᠮᠦ | ᠪᠤᠯᠭᠠᠨ᠂ ᠰᠢᠯᠵᠢᠮᠡᠯ ᠬᠡᠯᠪᠡᠷᠢ ᠪᠠᠷ ᠬᠠᠲᠤᠨ ᠭᠤᠣᠯ ᠤᠨ ᠤᠰᠤ ᠶᠢ ᠰᠢᠭᠤᠳ ᠱᠦᠭᠦᠵᠦ ᠳᠤᠰᠤᠯᠭᠠᠨ ᠤᠰᠤᠯᠠᠬᠤ ᠮᠡᠷᠭᠡᠵᠢᠯ ᠢ ᠶᠡᠭᠡᠪᠡᠷ ᠲᠡᠯᠭᠡᠷᠡᠭᠦᠯᠦᠨ᠂ ᠰᠢᠯᠵᠢᠮᠡᠯ | ᠬᠡᠯᠪᠡᠷᠢ ᠶᠢᠨ ᠬᠠᠲᠤᠨ ᠭᠤᠣᠯ ᠤᠨ ᠤᠰᠤ ᠶᠢ ᠰᠢᠭᠤᠳ ᠱᠦᠭᠦᠵᠦ ᠳᠤᠰᠤᠯᠭᠠᠨ ᠤᠰᠤᠯᠠᠬᠤ ᠲᠥᠬᠦᠭᠡᠷᠦᠮᠵᠢ ᠶᠢ 768 ᠰᠠᠭᠤᠷᠢ ᠲᠣᠬᠢᠷᠠᠭᠤᠯᠵᠤ᠂ ᠪᠦᠷᠭᠦᠴᠡ ᠶᠢᠨ | ᠲᠠᠯᠠᠪᠠᠶ ᠨᠢ 56.6 ᠲᠦᠮᠡᠨ ᠮᠦ ᠪᠠᠶᠢᠵᠤ᠂ ᠬᠠᠲᠤᠨ ᠭᠤᠣᠯ ᠤᠨ ᠤᠰᠤ ᠪᠠᠷ ᠳᠤᠰᠤᠯᠭᠠᠨ ᠤᠰᠤᠯᠠᠬᠤ ᠲᠠᠯᠠᠪᠠᠢ ᠨᠢ ᠨᠡᠶᠢᠳᠡ 86.3 ᠲᠦᠮᠡᠨ ᠮᠦ ᠳᠤ ᠬᠥᠷᠪᠡ᠃ | |