9 ᠰᠠᠷ᠎ᠠ ᠶᠢᠨ 7 ᠤ ᠡᠳᠦᠷ᠂ ᠳᠥᠷᠪᠡᠳᠦᠭᠡᠷ ᠬᠤᠭᠤᠴᠠᠭᠠᠨ ᠤ ᠳᠤᠮᠳᠠᠳᠤ ᠤᠯᠤᠰ— ᠮᠣᠩᠭᠤᠯ ᠤᠯᠤᠰ ᠤᠨ ᠦᠵᠡᠰᠬᠦᠯᠡᠩ ᠤᠨ ᠴᠤᠭᠯᠠᠭᠠᠨ ᠤ ᠪᠣᠬᠢᠷᠲᠤᠯ | ᠦᠭᠡᠢ ᠮᠠᠯ ᠤᠨ ᠠᠰᠢᠭ ᠰᠢᠮ᠎ᠡ ᠲᠠᠷᠢᠶᠠᠯᠠᠩ ᠤᠨ ᠪᠦᠲᠦᠭᠡᠭᠳᠡᠬᠦᠨ ᠤ ᠲᠠᠨᠢᠯᠴᠠᠭᠤᠯᠭ᠎ᠠ ᠶᠢᠨ ᠬᠤᠷᠠᠯ ᠬᠥᠬᠡᠬᠤᠲᠠ ᠳᠤ ᠬᠤᠷᠠᠯᠳᠤᠪᠠ᠃ | ᠥᠪᠡᠷᠲᠡᠭᠡᠨ ᠵᠠᠰᠠᠬᠤ ᠣᠷᠣᠨ ᠤ ᠳᠡᠳ᠋ ᠲᠡᠷᠢᠭᠦᠯᠡᠭᠴᠢ ᠳᠠᠶᠢᠴᠢᠨ ᠬᠤᠷᠠᠯ ᠳᠤ ᠣᠷᠣᠯᠴᠠᠭᠰᠠᠨ ᠪᠥᠭᠡᠳ ᠪᠠᠶᠠᠷ ᠤᠨ ᠦᠭᠡ ᠬᠡᠯᠡᠵᠡᠢ᠃ | ᠳᠠᠶᠢᠴᠢᠨ᠂ ᠳᠤᠮᠳᠠᠳᠤ ᠮᠣᠩᠭᠤᠯ ᠬᠤᠶᠠᠷ ᠤᠯᠤᠰ ᠪᠣᠯ ᠠᠭᠤᠯᠠ ᠤᠰᠤ ᠪᠠᠷ ᠢᠶᠠᠨ ᠵᠠᠯᠭᠠᠯᠳᠤᠭᠰᠠᠨ ᠰᠠᠶᠢᠨ ᠬᠥᠷᠰᠢ ᠮᠥᠨ᠂ ᠪᠠᠰᠠ ᠴᠤ ᠬᠠᠮᠲᠤᠷᠠᠨ | ᠠᠵᠢᠯᠯᠠᠵᠤ ᠬᠠᠮᠲᠤ ᠪᠠᠷ ᠠᠰᠢᠭ ᠬᠦᠷᠲᠡᠬᠦ ᠰᠠᠶᠢᠨ ᠬᠠᠨᠢᠲᠠᠨ ᠮᠥᠨ᠃ ᠥᠪᠥᠷ ᠮᠣᠩᠭᠤᠯ ᠳᠤᠮᠳᠠᠳᠤ ᠮᠣᠩᠭᠤᠯ ᠤᠨ ᠨᠡᠭᠡᠭᠡᠯᠲᠡ ᠬᠢᠵᠦ ᠬᠠᠮᠲᠤᠷᠠᠨ ᠠᠵᠢᠯᠯᠠᠬᠤ | ᠬᠠᠮᠤᠭ ᠤᠨ ᠡᠮᠦᠨ᠎ᠡ ᠡᠩᠨᠡᠭᠡᠨ ᠳᠤ ᠪᠠᠶᠢᠵᠤ᠂ ᠣᠶᠢᠷ᠎ᠠ ᠶᠢᠨ ᠵᠢᠯ ᠳᠤ ᠮᠣᠩᠭᠤᠯ ᠤᠯᠤᠰ ᠯᠤᠭ᠎ᠠ ᠮᠠᠯ ᠤᠨ ᠠᠰᠢᠭ ᠰᠢᠮ᠎ᠡ ᠲᠠᠷᠢᠶᠠᠯᠠᠩ ᠤᠨ ᠪᠦᠲᠦᠭᠡᠭᠳᠡᠬᠦᠨ ᠤ | ᠠᠷᠠᠯᠵᠢᠶ᠎ᠠ ᠪᠠᠨ ᠲᠠᠰᠤᠷᠠᠯᠲᠠ ᠦᠭᠡᠢ ᠥᠷᠭᠡᠳᠬᠡᠨ᠂ ᠮᠠᠯ ᠠᠵᠤ ᠠᠬᠤᠢ ᠲᠠᠷᠢᠶᠠᠯᠠᠩ ᠤᠨ ᠪᠡᠯᠡ ᠣᠷᠤᠭᠤᠯᠤᠯᠲᠠ ᠶᠢᠨ ᠬᠠᠮᠲᠤᠷᠠᠯᠴᠠᠭ᠎ᠠ ᠪᠠᠨ ᠭᠦᠨᠵᠡᠭᠡᠶᠢᠷᠡᠭᠦᠯᠵᠦ᠂ | ᠮᠠᠯ ᠠᠵᠤ ᠠᠬᠤᠢ ᠲᠠᠷᠢᠶᠠᠯᠠᠩ ᠤᠨ ᠮᠡᠷᠭᠡᠵᠢᠯ ᠤᠨ ᠰᠣᠯᠢᠯᠴᠠᠭ᠎ᠠ ᠪᠠᠨ ᠴᠢᠩᠭᠠᠳᠬᠠᠨ᠂ ᠡᠯᠪᠡᠭ ᠪᠠᠶᠠᠯᠢᠭ ᠬᠠᠮᠲᠤᠷᠠᠯᠴᠠᠭᠠᠨ ᠤ ᠦᠷ᠎ᠡ ᠪᠦᠲᠦᠭᠡᠯ ᠣᠯᠪᠠ᠃ ᠬᠤᠶᠠᠷ | ᠲᠠᠯ᠎ᠠ ᠶᠢᠨ ᠬᠥᠷᠰᠢ ᠵᠡᠷᠭᠡᠯᠡᠳᠡᠭᠡ ᠭᠠᠵᠠᠷ ᠣᠷᠣᠨ᠂ ᠠᠵᠢᠯ ᠨᠢᠭᠡᠲᠡᠨ ᠠᠵᠤ ᠠᠬᠤᠶᠢᠯᠠᠯ ᠡᠨᠡ ᠤᠳᠠᠭ᠎ᠠ ᠶᠢᠨ ᠲᠠᠨᠢᠯᠴᠠᠭᠤᠯᠭ᠎ᠠ ᠶᠢᠨ ᠬᠤᠷᠠᠯ ᠢᠶᠠᠷ ᠠᠵᠠ ᠲᠣᠬᠢᠷᠠᠯ | ᠪᠣᠯᠭᠠᠵᠤ᠂ ᠣᠶᠢᠯᠠᠭᠠᠯᠴᠠᠭ᠎ᠠ ᠪᠠᠨ ᠨᠡᠮᠡᠭᠳᠡᠭᠦᠯᠵᠦ᠂ ᠭᠦᠢᠴᠡᠳ ᠵᠣᠯᠭᠠᠭᠤᠯᠵᠤ᠂ ᠭᠦᠨᠵᠡᠭᠡᠢ ᠵᠥᠪᠳᠡᠯᠴᠡᠵᠦ᠂ ᠨᠥᠬᠦᠷᠯᠡᠯ ᠤᠨ ᠦᠷ᠎ᠡ ᠶᠢ ᠬᠠᠮᠲᠤ ᠪᠠᠷ | ᠦᠨᠳᠦᠰᠦᠯᠡᠭᠦᠯᠵᠦ᠂ ᠬᠠᠮᠲᠤᠷᠠᠯᠴᠠᠭᠠᠨ ᠤ ᠦᠷ᠎ᠡ ᠪᠦᠲᠦᠭᠡᠯ ᠣᠯᠬᠤ ᠶᠢ ᠬᠦᠰᠡᠵᠦ ᠪᠠᠶᠢᠨ᠎ᠠ ᠭᠡᠪᠡ᠃ | | | | | |