ᠡᠯ᠎ᠡ ᠬᠤᠰᠢᠭᠤ ᠰᠢᠶᠠᠨ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ᠂ ᠪᠠᠶᠠᠨᠨᠠᠭᠤᠷ ᠤᠨ ᠠᠵᠤ ᠠᠬᠤᠢ ᠮᠡᠷᠭᠡᠵᠢᠯ ᠤᠨ ᠨᠡᠭᠡᠭᠡᠯᠲᠡ ᠶᠢᠨ ᠲᠣᠭᠤᠷᠢᠭ ᠤᠨ | ᠬᠠᠮᠢᠶᠠᠷᠤᠯᠲᠠ ᠶᠢᠨ ᠵᠥᠪᠯᠡᠯ᠂ ᠭᠠᠭᠴᠠᠮᠣᠳᠣ ᠪᠣᠭᠤᠮᠲᠠ ᠶᠢᠨ ᠬᠠᠮᠢᠶᠠᠷᠤᠯᠲᠠ ᠶᠢᠨ ᠵᠥᠪᠯᠡᠯ᠂ ᠪᠠᠶᠠᠨᠨᠠᠭᠤᠷ ᠤᠨ ᠤᠯᠤᠰ ᠤᠨ ᠲᠠᠷᠢᠶᠠᠯᠠᠩ ᠤᠨ ᠳᠡᠭᠡᠳᠦ ᠰᠢᠨ᠎ᠡ | ᠮᠡᠷᠭᠡᠵᠢᠯ ᠤᠨ ᠵᠢᠱᠢᠶ᠎ᠡ ᠦᠵᠡᠭᠦᠯᠬᠦ ᠲᠣᠭᠤᠷᠢᠭ ᠤᠨ ᠬᠠᠮᠢᠶᠠᠷᠤᠯᠲᠠ ︵ᠪᠡᠯᠡᠳᠬᠡᠭᠰᠡᠨ︶ ᠶᠢᠨ ᠺᠣᠮᠢᠰ ᠤᠨ ᠠᠯᠪᠠᠨ ᠭᠡᠷ᠂ ᠬᠤᠳᠠ ᠶᠢᠨ ᠰᠢᠭᠤᠳ ᠬᠠᠷᠢᠶ᠎ᠠ ᠡᠯ᠎ᠡ | ᠰᠠᠯᠠᠭ᠎ᠠ ᠮᠥᠴᠢᠷ᠂ ᠬᠤᠳᠠ ᠳᠤ ᠰᠠᠭᠤᠭ᠎ᠠ ᠡᠯ᠎ᠡ ᠨᠢᠭᠡᠴᠡ᠂ ᠡᠯ᠎ᠡ ᠰᠢᠭᠤᠳ ᠬᠠᠷᠢᠶ᠎ᠠ ᠠᠵᠤ ᠠᠬᠤᠶᠢᠯᠠᠯ ᠠᠵᠢᠯ ᠦᠢᠯᠡᠰ ᠤᠨ ᠨᠢᠭᠡᠴᠡ ᠳᠤ᠄ | ᠨᠡᠶᠢᠭᠡᠮ ᠤᠨ ᠵᠠᠰᠠᠯᠲᠠ ᠶᠢᠨ ᠰᠢᠰᠲ᠋ᠧᠮ ᠪᠣᠯᠣᠨ ᠵᠠᠰᠠᠯᠲᠠ ᠶᠢᠨ ᠴᠢᠳᠠᠪᠤᠷᠢ ᠶᠢᠨ ᠣᠳᠣᠬᠢᠴᠢᠯᠠᠯᠲᠠ ᠶᠢ ᠠᠬᠢᠭᠤᠯᠬᠤ ᠲᠤᠬᠠᠢ ᠲᠥᠷᠥ ᠶᠢᠨ ᠶᠠᠪᠤᠳᠠᠯ ᠤᠨ | ᠬᠤᠷᠢᠶᠠᠨ ᠤ ᠰᠢᠢᠳᠪᠦᠷᠢᠲᠦ ᠪᠣᠳᠣᠯᠭ᠎ᠠ ᠶᠢᠨ ᠪᠠᠶᠢᠷᠢᠯᠠᠭᠤᠯᠤᠯᠲᠠ ᠵᠢᠴᠢ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ ᠪᠣᠯᠣᠨ ᠵᠠᠰᠠᠭ ᠤᠨ ᠣᠷᠳᠣᠨ ᠤ | ᠠᠵᠢᠯ ᠤᠨ ᠱᠠᠭᠠᠷᠳᠠᠯᠭ᠎ᠠ ᠶᠢ ᠭᠦᠨᠵᠡᠭᠡᠢ ᠲᠤᠤᠱᠯᠠᠭᠤᠯᠤᠨ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠠᠷᠠᠳ ᠲᠤ ᠳᠥᠭᠦᠮ ᠦᠵᠡᠭᠦᠯᠬᠦ 12345 ᠬᠠᠯᠠᠭᠤᠨ | ᠤᠲᠠᠰᠤ ︵ᠳᠣᠷᠣᠭᠰᠢ 12345 ᠭᠡᠵᠦ ᠲᠣᠪᠴᠢᠯᠠᠨ᠎ᠠ︶ ᠪᠣᠯᠣᠨ 110 ᠲᠦᠭᠰᠢᠭᠦᠷᠢ ᠮᠡᠳᠡᠭᠦᠯᠬᠦ ᠦᠢᠯᠡᠴᠢᠯᠡᠭᠡᠨ ᠤ ᠲᠠᠪᠴᠠᠩ ︵ᠳᠣᠷᠣᠭᠰᠢ 110 ᠭᠡᠵᠦ | ᠲᠣᠪᠴᠢᠯᠠᠨ᠎ᠠ︶ ᠤᠨ ᠬᠠᠮᠵᠢᠯᠴᠠᠨ ᠦᠢᠯᠡᠴᠢᠯᠡᠬᠦ ᠴᠢᠳᠠᠪᠤᠷᠢ ᠶᠢ ᠤᠯᠠᠮ ᠨᠢᠭᠡ ᠠᠯᠬᠤᠮ ᠳᠡᠭᠡᠭᠰᠢᠯᠡᠭᠦᠯᠵᠦ᠂ ᠮᠠᠨ ᠤ ᠬᠤᠲᠠ ᠶᠢᠨ ᠨᠡᠶᠢᠭᠡᠮ ᠤᠨ ᠵᠠᠰᠠᠯᠲᠠ ᠶᠢᠨ | ᠬᠤᠯᠪᠤᠭᠠᠯᠠᠨ ᠬᠥᠳᠡᠯᠦᠯᠴᠡᠬᠦ ᠰᠢᠰᠲ᠋ᠧᠮ ᠢ ᠪᠦᠷᠢᠨᠰᠢᠭᠦᠯᠦᠨ ᠲᠡᠭᠦᠯᠳᠡᠷᠵᠢᠭᠦᠯᠵᠦ᠂ ᠴᠠᠭᠳᠠᠭᠠᠨ ᠤ ᠶᠠᠪᠤᠳᠠᠯ ᠤᠨ ᠪᠤᠰᠤ ᠴᠠᠭᠳᠠᠭᠠᠨ ᠤ ᠪᠠᠶᠢᠳᠠᠯ ᠢ ᠰᠢᠨᠵᠢᠯᠡᠬᠦ | ᠤᠬᠠᠭᠠᠨᠴᠢ ᠵᠦᠢ ᠵᠣᠬᠢᠰᠲᠠᠢ ᠠᠷᠠᠳ ᠣᠯᠠᠨ ᠳᠤ ᠦᠢᠯᠡᠴᠢᠯᠡᠬᠦ᠂ ᠬᠤᠳᠠᠯᠳᠤᠭ᠎ᠠ ᠡᠵᠡᠩᠨᠡᠬᠦ ᠣᠷᠴᠢᠨ ᠲᠣᠭᠤᠷᠢᠨ ᠢ ᠰᠢᠯᠢᠳᠡᠭᠵᠢᠭᠦᠯᠬᠦ᠂ ᠬᠦᠨᠳᠦ ᠶᠡᠭᠡ ᠠᠶᠤᠯ | ᠲᠦᠭᠰᠢᠭᠦᠷᠢ ᠶᠢ ᠰᠡᠷᠭᠡᠶᠢᠯᠡᠨ ᠡᠵᠡᠮᠳᠡᠬᠦ᠂ ᠠᠮᠤᠷ ᠲᠦᠪᠰᠢᠨ ᠲᠣᠭᠲᠠᠭᠤᠨ ᠢ ᠬᠠᠮᠠᠭᠠᠯᠠᠬᠤ ᠴᠢᠳᠠᠪᠤᠷᠢ ᠶᠢᠨ ᠲᠦᠪᠰᠢᠨ ᠢ ᠪᠦᠬᠦ ᠲᠠᠯ᠎ᠠ ᠪᠠᠷ | ᠳᠡᠭᠡᠭᠰᠢᠯᠡᠭᠦᠯᠵᠦ᠂ ︽ᠲᠥᠷᠥ ᠶᠢᠨ ᠶᠠᠪᠤᠳᠠᠯ ᠤᠨ ᠬᠤᠷᠢᠶ᠎ᠠ ᠶᠢᠨ ᠠᠯᠪᠠᠨ ᠲᠢᠩᠬᠢᠮ ᠤᠨ 12345 ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠠᠷᠠᠳ ᠲᠤ | ᠲᠥᠬᠦᠮ ᠦᠵᠡᠭᠦᠯᠬᠦ ᠬᠠᠯᠠᠮᠰᠢᠯ ᠤᠲᠠᠰᠤ ᠬᠢᠭᠡᠳ 110 ᠲᠦᠭᠰᠢᠭᠦᠷᠢ ᠮᠡᠳᠡᠭᠦᠯᠬᠦ ᠦᠢᠯᠡᠴᠢᠯᠡᠭᠡᠨ ᠤ ᠲᠠᠪᠴᠠᠩ ᠢ ᠥᠨᠳᠥᠷ ᠦᠷ᠎ᠡ ᠪᠦᠲᠦᠮᠵᠢᠲᠡᠶ ᠪᠠᠷ | ᠵᠣᠯᠭᠠᠭᠤᠯᠵᠤ ᠬᠤᠯᠪᠤᠭᠠᠯᠠᠨ ᠬᠥᠳᠡᠯᠦᠯᠴᠡᠬᠦ ᠶᠢ ᠠᠬᠢᠭᠤᠯᠬᠤ ᠲᠤᠬᠠᠢ ᠰᠠᠨᠠᠯ︾ ︵ᠲᠥᠷᠥ ᠠᠯᠪᠠᠨ ᠲᠠᠷᠬᠠᠭᠠᠭᠰᠠᠨ ﹇2022﹈ 12 ᠳ᠋ᠤᠭᠠᠷ ᠲᠣᠭᠠᠲᠤ︶᠂ | ︽ᠥᠪᠡᠷᠲᠡᠭᠡᠨ ᠵᠠᠰᠠᠬᠤ ᠣᠷᠣᠨ ᠤ 12345 ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠠᠷᠠᠳ ᠲᠤ ᠲᠥᠬᠦᠮ ᠦᠵᠡᠭᠦᠯᠬᠦ ᠬᠠᠯᠠᠮᠰᠢᠯ ᠤᠲᠠᠰᠤ ᠬᠢᠭᠡᠳ 110 | ᠲᠦᠭᠰᠢᠭᠦᠷᠢ ᠮᠡᠳᠡᠭᠦᠯᠬᠦ ᠦᠢᠯᠡᠴᠢᠯᠡᠭᠡᠨ ᠤ ᠲᠠᠪᠴᠠᠩ ᠢ ᠥᠨᠳᠥᠷ ᠦᠷ᠎ᠡ ᠪᠦᠲᠦᠮᠵᠢᠲᠡᠶ ᠪᠠᠷ ᠵᠣᠯᠭᠠᠭᠤᠯᠵᠤ ᠬᠤᠯᠪᠤᠭᠠᠯᠠᠨ ᠬᠥᠳᠡᠯᠦᠯᠴᠡᠬᠦ ᠶᠢ ᠠᠬᠢᠭᠤᠯᠬᠤ | ᠬᠡᠷᠡᠭᠵᠢᠭᠦᠯᠬᠦ ᠲᠥᠰᠥᠯ ᠢ ᠳᠠᠷᠤᠮᠠᠯᠯᠠᠨ ᠶᠠᠪᠤᠭᠤᠯᠬᠤ ᠲᠤᠬᠠᠢ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠤ ᠠᠯᠪᠠᠨ | ᠲᠢᠩᠬᠢᠮ ᠤᠨ ᠮᠡᠳᠡᠭᠳᠡᠯ︾ ︵ᠥᠪᠥᠷ ᠵᠠᠰᠠᠭ ᠠᠯᠪᠠᠨ ᠲᠠᠷᠬᠠᠭᠠᠭᠰᠠᠨ ﹇2022﹈ 89 ᠳ᠋ᠦᠭᠡᠷ ᠲᠣᠭᠠᠲᠤ︶ ᠤᠨ ᠱᠠᠭᠠᠷᠳᠠᠯᠭ᠎ᠠ ᠶᠢ ᠦᠨᠳᠦᠰᠦᠯᠡᠨ᠂ ᠬᠤᠶᠠᠷ | ᠹᠷᠣᠨᠲ ᠤᠨ ᠭᠦᠨᠵᠡᠭᠡᠢ ᠠᠭᠤᠰᠤᠯᠴᠠᠭᠰᠠᠨ᠂ ᠰᠠᠯᠠᠭ᠎ᠠ ᠮᠥᠴᠢᠷ ᠤᠨ ᠥᠨᠳᠥᠷ ᠪᠦᠲᠦᠮᠵᠢᠲᠡᠶ ᠪᠠᠷ ᠬᠠᠮᠵᠢᠯᠴᠠᠨ ᠡᠭᠦᠷᠭᠡ ᠲᠤᠰᠢᠶᠠᠯ ᠢᠶᠠᠨ ᠭᠦᠢᠴᠡᠳᠬᠡᠬᠦ ᠠᠵᠢᠯ ᠤᠨ | ᠪᠠᠶᠢᠷᠢᠰᠢᠯ ᠢ ᠪᠥᠬᠦ ᠬᠦᠴᠦᠨ ᠢᠶᠠᠷ ᠢᠶᠠᠨ ᠪᠡᠶᠡᠯᠡᠭᠦᠯᠵᠦ᠂ ᠮᠠᠨ ᠤ ᠬᠤᠲᠠ ᠶᠢᠨ ᠪᠣᠳᠠᠲᠠᠢ ᠲᠠᠢ ᠪᠠᠨ ᠤᠶᠠᠯᠳᠤᠭᠤᠯᠤᠨ᠂ ᠡᠳᠦᠭᠡ ᠬᠤᠯᠪᠣᠭᠳᠠᠯ ᠪᠦᠬᠦᠢ ᠤᠴᠢᠷ | ᠶᠠᠪᠤᠳᠠᠯ ᠢ ᠳᠣᠣᠷᠠᠬᠢ ᠮᠡᠲᠦ ᠮᠡᠳᠡᠭᠳᠡᠶ᠎ᠡ᠄ | ᠨᠢᠭᠡ᠂ ᠶᠡᠷᠦᠩᠬᠡᠢ ᠱᠠᠭᠠᠷᠳᠠᠯᠭ᠎ᠠ | ︵ᠨᠢᠭᠡ︶ ᠵᠢᠯᠤᠭᠤᠳᠬᠤ ᠦᠵᠡᠯ ᠰᠠᠨᠠᠭ᠎ᠠ᠃ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠪᠦᠬᠦᠢ ᠨᠡᠶᠢᠭᠡᠮ | ᠵᠢᠷᠤᠮ ᠤᠨ ᠦᠵᠡᠯ ᠰᠠᠨᠠᠭ᠎ᠠ ᠪᠠᠷ ᠵᠢᠯᠣᠭᠤᠳᠤᠯᠭ᠎ᠠ ᠪᠣᠯᠭᠠᠵᠤ᠂ ᠨᠠᠮ ᠤᠨ ᠬᠤᠷᠢᠳᠤᠭᠠᠷ ᠶᠡᠭᠡ ᠬᠤᠷᠠᠯ ᠤᠨ ᠵᠣᠷᠢᠭ ᠰᠠᠨᠠᠭ᠎ᠠ ᠶᠢ ᠨᠠᠷᠢᠨ ᠬᠢᠨᠠᠮᠠᠭᠠᠢ ᠲᠤᠤᠱᠯᠠᠭᠤᠯᠵᠤ᠂ | ᠠᠷᠠᠳ ᠲᠦᠮᠡᠨ ᠢᠶᠠᠷ ᠭᠤᠣᠯ ᠪᠣᠯᠭᠠᠬᠤ ᠬᠥᠭᠵᠢᠯᠲᠡ ᠶᠢᠨ ᠦᠵᠡᠯ ᠰᠠᠨᠠᠭ᠎ᠠ ᠶᠢ ᠪᠠᠲᠤ ᠪᠠᠬᠢ ᠪᠤᠶ ᠪᠣᠯᠭᠠᠵᠤ᠂ ᠵᠠᠰᠠᠭ ᠤᠨ ᠣᠷᠳᠣᠨ ᠤ ᠡᠭᠦᠷᠭᠡ ᠴᠢᠳᠠᠪᠬᠢ ᠶᠢ | ᠲᠦᠷᠭᠡᠨ ᠬᠤᠪᠢᠷᠠᠭᠤᠯᠵᠤ᠂ 12345 ᠪᠣᠯᠣᠨ 110 ᠲᠤᠬᠠᠶᠢᠯᠠᠭᠰᠠᠨ ᠠᠵᠢᠯ ᠤᠨ ᠬᠠᠮᠵᠢᠯᠴᠠᠭ᠎ᠠ ᠶᠢ ᠭᠦᠨᠵᠡᠭᠡᠶᠢᠷᠡᠭᠦᠯᠬᠦ ᠪᠠᠷ ᠲᠠᠲᠠᠬᠤ ᠬᠦᠴᠦᠨ ᠪᠣᠯᠭᠠᠵᠤ᠂ | ᠲᠠᠪᠴᠠᠩ ᠤᠨ ᠲᠤᠭ᠎ᠠ ᠪᠠᠷᠢᠮᠲᠠ ᠶᠢᠨ ᠣᠶᠤᠨᠴᠢ ᠬᠡᠷᠡᠭᠯᠡᠭᠡ ᠪᠠᠷ ᠲᠤᠯᠭᠠᠭᠤᠷᠢᠯᠠᠯ ᠪᠣᠯᠭᠠᠵᠤ᠂ ᠰᠠᠯᠭᠠᠨ ᠲᠣᠬᠢᠷᠠᠭᠤᠯᠬᠤ ᠬᠠᠮᠲᠤᠷᠠᠨ ᠬᠥᠳᠡᠯᠦᠯᠴᠡᠬᠦ ᠤᠴᠢᠷ | ᠶᠠᠪᠤᠳᠠᠯ ᠢ ᠥᠨᠳᠥᠷ ᠪᠦᠲᠦᠮᠵᠢᠲᠡᠶ ᠪᠠᠷ ᠰᠢᠢᠳᠪᠦᠷᠢᠯᠡᠬᠦ ᠪᠠᠷ ᠭᠤᠣᠯᠳᠠᠯᠭ᠎ᠠ ᠪᠣᠯᠭᠠᠨ᠂ ︽ᠵᠠᠰᠠᠭ ᠤᠨ ᠣᠷᠳᠣᠨ ᠢᠶᠠᠷ ᠤᠳᠤᠷᠢᠳᠤᠮᠵᠢ ᠪᠣᠯᠭᠠᠭᠰᠠᠨ᠂ ᠲᠤᠰᠢᠶᠠᠯ | ᠬᠠᠷᠢᠭᠤᠴᠠᠯᠭ᠎ᠠ ᠨᠢ ᠲᠣᠳᠣᠷᠬᠠᠢ᠂ ᠳᠠᠪᠠᠭᠤᠯᠢᠭ ᠲᠠᠯ᠎ᠠ ᠪᠠᠷ ᠢᠶᠠᠨ ᠬᠠᠷᠢᠯᠴᠠᠨ ᠨᠥᠬᠦᠪᠦᠷᠢᠯᠡᠭᠰᠡᠨ᠂ ᠰᠢᠨᠵᠢᠯᠡᠬᠦ ᠤᠬᠠᠭᠠᠨ ᠮᠡᠷᠭᠡᠵᠢᠯ ᠢᠶᠠᠷ ᠲᠤᠯᠭᠠᠭᠤᠷᠢᠯᠠᠭᠰᠠᠨ᠂ | ᠤᠯᠠᠨ ᠲᠦᠮᠡᠨ ᠳᠤ ᠦᠢᠯᠡᠴᠢᠯᠡᠭᠰᠡᠨ︾ 12345 ᠬᠢᠭᠡᠳ 110 ᠶᠢ ᠵᠣᠯᠭᠠᠭᠤᠯᠤᠨ ᠬᠠᠮᠲᠤᠷᠠᠨ ᠬᠥᠳᠡᠯᠦᠯᠴᠡᠬᠦ ᠲᠣᠭᠲᠠᠴᠠ ᠶᠢ ᠲᠦᠷᠭᠡᠪᠴᠢᠯᠡᠨ ᠪᠠᠶᠢᠭᠤᠯᠵᠤ᠂ | ᠠᠷᠠᠳ ᠤᠯᠠᠨ ᠳᠤ ᠨᠡᠩ ᠲᠤᠰᠬᠠᠢ ᠮᠡᠷᠭᠡᠵᠢᠯ ᠤᠨ᠂ ᠳᠥᠭᠦᠮ ᠳᠥᠲᠡ᠂ ᠥᠨᠳᠥᠷ ᠪᠦᠲᠦᠮᠵᠢᠲᠡᠶ ᠬᠠᠯᠠᠭᠤᠨ ᠱᠤᠭᠤᠮ ᠤᠨ ᠦᠢᠯᠡᠴᠢᠯᠡᠭᠡ ᠬᠠᠩᠭᠠᠵᠤ᠂ ᠵᠠᠰᠠᠭ ᠤᠨ | ᠣᠷᠳᠣᠨ ᠤ ᠦᠢᠯᠡᠴᠢᠯᠡᠭᠡᠨ ᠤ ᠶᠠᠰᠤ ᠴᠢᠨᠠᠷ ᠪᠠ ᠬᠢᠷᠢ ᠬᠡᠮᠵᠢᠶ᠎ᠡ ᠶᠢ ᠤᠯᠠᠮ ᠨᠢᠭᠡ ᠠᠯᠬᠤᠮ ᠳᠡᠭᠡᠭᠰᠢᠯᠡᠭᠦᠯᠵᠦ᠂ ᠠᠷᠠᠳ ᠤᠯᠠᠨ ᠤ ᠬᠦᠷᠲᠡᠮᠵᠢ ᠶᠢᠨ ᠲᠥᠷᠥᠭᠳᠡᠯ᠂ | ᠵᠣᠯ ᠵᠢᠷᠭᠠᠯᠲᠤ ᠲᠥᠷᠥᠭᠳᠡᠯ᠂ ᠠᠮᠤᠷ ᠲᠦᠪᠰᠢᠨ ᠤ ᠲᠥᠷᠥᠭᠳᠡᠯ ᠢ ᠲᠠᠰᠤᠷᠠᠯᠳᠠ ᠦᠭᠡᠢ ᠨᠡᠮᠡᠭᠳᠡᠭᠦᠯᠦᠨ᠎ᠡ᠃ | ︵ᠬᠤᠶᠠᠷ︶ ᠠᠵᠢᠯ ᠤᠨ ᠬᠠᠷᠠᠯᠲᠠ᠃ 12345 ᠪᠣᠯᠣᠨ 110 ᠠᠵᠢᠯ ᠤᠨ ᠡᠭᠦᠷᠭᠡ ᠬᠠᠷᠢᠭᠤᠴᠠᠯᠭ᠎ᠠ ᠶᠢᠨ ᠵᠠᠭᠠᠭ ᠬᠢᠵᠠᠭᠠᠷ ᠢ ᠤᠯᠠᠮ ᠨᠢᠭᠡ ᠠᠯᠬᠤᠮ | ᠲᠣᠳᠣᠷᠬᠠᠶᠢᠯᠠᠵᠤ᠂ ᠲᠤᠰ ᠲᠤᠰ ᠤᠨ ᠡᠭᠦᠷᠭᠡ ᠴᠢᠳᠠᠪᠤᠷᠢ᠂ ᠰᠢᠰᠲ᠋ᠧᠮ ᠤᠨ ᠳᠠᠪᠠᠭᠤᠯᠢᠭ ᠢᠶᠠᠨ ᠭᠦᠢᠴᠡᠳ ᠪᠠᠳᠠᠷᠠᠭᠤᠯᠵᠤ᠂ ᠪᠠᠴᠢᠮ ᠪᠤᠰᠤ ᠲᠥᠷᠥᠯ ᠤᠨ ᠵᠠᠰᠠᠭ ᠤᠨ | ᠶᠠᠪᠤᠳᠠᠯ ᠤᠨ ᠦᠢᠯᠡᠴᠢᠯᠡᠭᠡᠨ ᠤ ᠱᠠᠭᠠᠷᠳᠠᠯᠭ᠎ᠠ ᠪᠠ ᠴᠠᠭᠳᠠᠭᠠᠨ ᠤ ᠶᠠᠪᠤᠳᠠᠯ ᠤᠨ ᠲᠥᠷᠥᠯ ᠤᠨ ᠵᠦᠢᠯᠡᠰ ᠢ ᠰᠢᠰᠲ᠋ᠧᠮᠵᠢᠭᠦᠯᠦᠨ ᠬᠠᠮᠢᠶᠠᠷᠴᠤ᠂ ᠪᠠᠴᠢᠮ ᠲᠦᠷᠦᠯ ᠤᠨ | ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠭᠤᠮᠣᠳᠠᠯ ᠱᠠᠭᠠᠷᠳᠠᠯᠭ᠎ᠠ ᠶᠢ ᠬᠤᠯᠪᠣᠯᠳᠤᠭᠤᠯᠤᠨ ᠰᠢᠢᠳᠪᠦᠷᠢᠯᠡᠬᠦ ᠶᠢ ᠲᠦᠯᠬᠢᠨ ᠠᠬᠢᠭᠤᠯᠵᠤ᠂ ᠤᠯᠠᠨ ᠲᠦᠮᠡᠨ ᠤ ᠨᠡᠩ | ᠲᠤᠰᠬᠠᠢ ᠮᠡᠷᠭᠡᠵᠢᠯ ᠤᠨ ᠲᠦᠷᠭᠡᠨ ᠦᠢᠯᠡᠴᠢᠯᠡᠭᠡ ᠬᠦᠷᠳᠡᠬᠦ ᠶᠢ ᠦᠨᠡᠨ ᠬᠦ ᠪᠠᠲᠤᠯᠠᠵᠤ᠂ ᠵᠠᠰᠠᠭ ᠤᠨ ᠣᠷᠳᠣᠨ ᠤ ᠬᠠᠮᠢᠶᠠᠷᠤᠯᠲᠠ ᠪᠠ ᠦᠢᠯᠡᠴᠢᠯᠡᠭᠡ ᠳᠤ | ᠬᠤᠯᠪᠣᠭᠳᠠᠭᠰᠠᠨ ᠪᠠᠴᠢᠮ ᠪᠤᠰᠤ ᠭᠤᠮᠣᠳᠠᠯ ᠱᠠᠭᠠᠷᠳᠠᠯᠭ᠎ᠠ ᠶᠢ 12345 ᠨᠢᠭᠡᠳᠦᠯᠲᠡᠢ ᠲᠥᠯᠥᠪᠯᠡᠨ ᠰᠢᠢᠳᠪᠦᠷᠢᠯᠡᠵᠦ᠂ ᠰᠠᠯᠠᠭ᠎ᠠ ᠮᠥᠴᠢᠷ ᠤᠨ ᠥᠨᠳᠥᠷ | ᠪᠦᠲᠦᠮᠵᠢᠲᠡᠶ ᠪᠠᠷ ᠬᠠᠮᠵᠢᠯᠴᠠᠨ ᠲᠤᠰᠢᠶᠠᠯ ᠬᠠᠷᠢᠭᠤᠴᠠᠯᠭ᠎ᠠ ᠪᠠᠨ ᠭᠦᠢᠴᠡᠳᠬᠡᠬᠦ ᠶᠢ ᠲᠦᠯᠬᠢᠨ ᠠᠬᠢᠭᠤᠯᠵᠤ᠂ ᠬᠠᠤᠯᠢ ᠶᠢ ᠵᠥᠷᠢᠴᠡᠭᠰᠡᠨ ᠶᠠᠯᠠᠲᠤ ᠠᠵᠢᠯᠯᠠᠭ᠎ᠠ ᠳᠤ | ᠬᠠᠤᠯᠢ ᠶᠣᠰᠣᠭᠠᠷ ᠴᠣᠬᠢᠯᠲᠠ ᠥᠭᠴᠦ᠂ ᠪᠠᠴᠢᠮ ᠲᠦᠭᠰᠢᠭᠦᠷᠢᠲᠡᠢ ᠴᠠᠭᠳᠠᠭᠠᠨ ᠤ ᠪᠠᠶᠢᠳᠠᠯ ᠢ ᠴᠠᠭ ᠲᠤᠬᠠᠢ ᠳᠤᠨᠢ ᠰᠢᠢᠳᠪᠦᠷᠢᠯᠡᠵᠦ᠂ ᠨᠡᠶᠢᠭᠡᠮ ᠤᠨ ᠠᠮᠤᠷ | ᠲᠦᠪᠰᠢᠨ ᠤ ᠡᠮᠬᠢ ᠵᠢᠷᠤᠮ ᠢ ᠨᠡᠩ ᠰᠠᠶᠢᠲᠤᠷ ᠬᠠᠮᠠᠭᠠᠯᠠᠬᠤ ᠠᠵᠢᠯ ᠤᠨ ᠪᠠᠶᠢᠷᠢᠰᠢᠯ ᠢ ᠪᠤᠢ ᠪᠣᠯᠭᠠᠨ᠎ᠠ᠃ | ᠬᠤᠶᠠᠷ᠂ ᠠᠵᠢᠯ ᠤᠨ ᠡᠭᠦᠷᠭᠡ | ︵ᠨᠢᠭᠡ︶ ᠡᠭᠦᠷᠭᠡ ᠬᠠᠷᠢᠭᠤᠴᠠᠯᠭ᠎ᠠ ᠶᠢᠨ ᠠᠵᠢᠯ ᠤᠨ ᠬᠤᠪᠢᠶᠠᠷᠢᠯᠠᠯ ᠢ ᠲᠣᠳᠣᠷᠬᠠᠶᠢᠯᠠᠨ᠎ᠠ᠃ 12345 ᠠᠵᠤ ᠠᠬᠤᠶᠢᠯᠠᠯ ᠪᠣᠯᠣᠨ ᠣᠯᠠᠨ ᠲᠦᠮᠡᠨ ᠤ | ᠵᠠᠰᠠᠭ ᠤᠨ ᠣᠷᠳᠣᠨ ᠤ ᠬᠠᠮᠢᠶᠠᠷᠤᠯᠲᠠ ᠪᠣᠯᠣᠨ ᠦᠢᠯᠡᠴᠢᠯᠡᠭᠡᠨ ᠤ ᠲᠤᠬᠠᠢ ᠪᠠᠴᠢᠮ ᠪᠤᠰᠤ ᠱᠠᠭᠠᠷᠳᠠᠯᠭ᠎ᠠ ᠶᠢ ᠪᠦᠬᠦᠯᠢ ᠡᠳᠦᠷ ᠤᠨ 24 ᠴᠠᠭ ᠢᠶᠠᠷ ᠬᠦᠯᠢᠶᠡᠨ | ᠠᠪᠴᠤ ᠰᠢᠢᠳᠪᠦᠷᠢᠯᠡᠨ᠎ᠡ︔ 110 ᠲᠦᠭᠰᠢᠭᠦᠷᠢ ᠮᠡᠳᠡᠭᠦᠯᠬᠦ ᠦᠢᠯᠡᠴᠢᠯᠡᠭᠡᠨ ᠤ ᠲᠠᠪᠴᠠᠩ ᠨᠢ ᠪᠦᠬᠦᠯᠢ ᠡᠳᠦᠷ ᠤᠨ 24 ᠴᠠᠭ ᠤᠨ ᠳᠣᠲᠣᠷ᠎ᠠ ᠤᠯᠠᠨ ᠨᠡᠶᠢᠲᠡ ᠶᠢᠨ | ᠲᠦᠭᠰᠢᠭᠦᠷᠢ ᠮᠡᠳᠡᠭᠦᠯᠬᠦ᠂ ᠪᠠᠴᠢᠮ ᠲᠤᠰᠠᠯᠠᠮᠵᠢ ᠭᠤᠶᠤᠴᠢᠯᠠᠬᠤ ᠪᠠ ᠴᠠᠭᠳᠠᠭᠠᠨ ᠤ ᠶᠠᠪᠤᠳᠠᠯ ᠤᠨ ᠭᠤᠮᠣᠳᠠᠯ ᠱᠠᠭᠠᠷᠳᠠᠯᠭ᠎ᠠ ᠶᠢ ᠬᠦᠯᠢᠶᠡᠨ ᠠᠪᠴᠤ ᠰᠢᠢᠳᠪᠦᠷᠢᠯᠡᠬᠦ ᠶᠢ | ᠬᠠᠷᠢᠭᠤᠴᠠᠵᠤ᠂ ᠬᠠᠤᠯᠢ ᠠᠴᠠ ᠵᠥᠷᠢᠴᠡᠭᠰᠡᠨ ᠶᠠᠯᠠᠲᠤ ᠠᠵᠢᠯᠯᠠᠭ᠎ᠠ ᠳᠤ ᠬᠠᠤᠯᠢ ᠶᠣᠰᠣᠭᠠᠷ ᠴᠣᠬᠢᠯᠲᠠ ᠥᠭᠴᠦ᠂ ᠪᠠᠴᠢᠮ ᠲᠦᠭᠰᠢᠭᠦᠷᠢᠲᠡᠢ ᠴᠠᠭᠳᠠᠭᠠᠨ ᠤ ᠪᠠᠶᠢᠳᠠᠯ ᠢ | ᠰᠢᠢᠳᠪᠦᠷᠢᠯᠡᠨ᠂ ᠨᠡᠶᠢᠭᠡᠮ ᠤᠨ ᠠᠮᠤᠷ ᠲᠦᠪᠰᠢᠨ ᠡᠮᠬᠢ ᠵᠢᠷᠤᠮ ᠢ ᠬᠠᠮᠠᠭᠠᠯᠠᠵᠤ᠂ ᠠᠷᠠᠳ ᠤᠯᠠᠨ ᠳᠤ ᠦᠢᠯᠡᠴᠢᠯᠡᠨ᠎ᠡ᠃ 12345 ᠪᠠ 110 ᠬᠠᠤᠯᠢ ᠪᠠᠷ | ᠲᠣᠭᠲᠠᠭᠠᠭᠰᠠᠨ ᠲᠤᠰᠢᠶᠠᠯ ᠬᠠᠷᠢᠭᠤᠴᠠᠯᠭ᠎ᠠ ᠲᠠᠢ ᠤᠶᠠᠯᠳᠤᠭᠤᠯᠤᠨ᠂ ᠡᠭᠦᠷᠭᠡ ᠶᠢᠨ ᠠᠵᠢᠯ ᠤᠨ ᠬᠤᠪᠢᠶᠠᠷᠢᠯᠠᠯ ᠢ ᠲᠣᠳᠣᠷᠬᠠᠢ ᠪᠣᠯᠭᠠᠵᠤ᠂ ᠲᠤᠰᠢᠶᠠᠯ | ᠬᠠᠷᠢᠭᠤᠴᠠᠯᠭ᠎ᠠ ᠶᠢᠨ ᠵᠠᠭᠠᠭ ᠬᠢᠵᠠᠭᠠᠷ ᠢ ᠲᠣᠳᠣᠷᠬᠠᠢ ᠪᠣᠯᠭᠠᠵᠤ᠂ ᠠᠮᠤᠷ ᠲᠦᠪᠰᠢᠨ ᠲᠣᠭᠲᠠᠭᠤᠨ ᠪᠠᠶᠢᠳᠠᠯ ᠢ ᠬᠠᠮᠠᠭᠠᠯᠠᠬᠤ᠂ ᠠᠵᠤ ᠠᠬᠤᠢ ᠶᠢᠨ ᠬᠥᠭᠵᠢᠯᠲᠡ ᠶᠢ | ᠪᠠᠲᠤᠯᠠᠬᠤ᠂ ᠠᠷᠠᠳ ᠤᠯᠠᠨ ᠳᠤ ᠦᠢᠯᠡᠴᠢᠯᠡᠬᠦ ᠵᠡᠷᠭᠡ ᠠᠵᠢᠯ ᠢ ᠬᠠᠮᠲᠤ ᠪᠠᠷ ᠰᠠᠶᠢᠲᠤᠷ ᠬᠢᠨ᠎ᠡ᠃ | 12345 ᠭᠥᠯᠢᠶᠡᠨ ᠠᠪᠴᠤ ᠰᠢᠢᠳᠪᠦᠷᠢᠯᠡᠬᠦ ᠬᠡᠪᠴᠢᠶ᠎ᠡ᠄ ᠠᠵᠤ ᠠᠬᠤᠶᠢᠯᠠᠯ ᠪᠠ ᠣᠯᠠᠨ ᠲᠦᠮᠡᠨ ᠤ ᠠᠵᠤ ᠠᠬᠤᠢ ᠶᠢᠨ ᠲᠣᠬᠢᠷᠠᠭᠤᠯᠤᠯᠲᠠ᠂ ᠵᠠᠬ᠎ᠠ | ᠳᠡᠯᠭᠡᠭᠦᠷ ᠤᠨ ᠬᠢᠨᠠᠯᠲᠠ ᠬᠠᠮᠢᠶᠠᠷᠤᠯᠲᠠ᠂ ᠨᠡᠶᠢᠭᠡᠮ ᠤᠨ ᠬᠠᠮᠢᠶᠠᠷᠤᠯᠲᠠ᠂ ᠣᠯᠠᠨ ᠨᠡᠶᠢᠲᠡ ᠶᠢᠨ ᠦᠢᠯᠡᠴᠢᠯᠡᠭᠡ᠂ ᠠᠮᠢ ᠠᠬᠤᠢ ᠶᠢᠨ ᠣᠷᠴᠢᠨ ᠨᠥᠬᠦᠴᠡᠯ ᠤᠨ | ᠬᠠᠮᠠᠭᠠᠯᠠᠯᠲᠠ ᠵᠡᠷᠭᠡ ᠬᠦᠷᠢᠶᠡᠨ ᠳᠠᠬᠢ ᠵᠥᠪᠯᠡᠯᠭᠡ᠂ ᠪᠠᠴᠢᠮ ᠪᠤᠰᠤ ᠲᠤᠰᠠᠯᠠᠮᠵᠢ ᠭᠤᠶᠤᠴᠢᠯᠠᠬᠤ᠂ ᠵᠠᠭᠠᠯᠳᠤᠬᠤ᠂ ᠢᠯᠡᠴᠢᠯᠡᠨ ᠮᠡᠳᠡᠭᠦᠯᠬᠦ ᠪᠠ ᠰᠠᠨᠠᠯ ᠰᠠᠨᠠᠭᠤᠯᠭ᠎ᠠ | ᠵᠡᠷᠭᠡ᠃ ᠵᠠᠭᠠᠯᠳᠤᠬᠤ᠂ ᠬᠥᠨᠳᠡᠯᠡᠨ ᠠᠴᠠ ᠲᠠᠰᠤᠯᠬᠤ᠂ ᠰᠠᠬᠢᠯᠭ᠎ᠠ ᠪᠠᠲᠤ ᠪᠠᠶᠢᠴᠠᠭᠠᠬᠤ ᠬᠢᠨᠠᠨ ᠪᠠᠶᠢᠴᠠᠭᠠᠬᠤ᠂ ᠵᠠᠰᠠᠭ ᠵᠠᠬᠢᠷᠭᠠᠨ ᠢᠶᠠᠷ ᠳᠠᠬᠢᠨ ᠵᠥᠪᠯᠡᠬᠦ᠂ ᠵᠠᠰᠠᠭ ᠤᠨ | ᠣᠷᠳᠣᠨ ᠤ ᠮᠡᠳᠡᠭᠡ ᠵᠠᠩᠭᠢ ᠶᠢ ᠢᠯᠡ ᠪᠣᠯᠭᠠᠬᠤ ᠵᠡᠷᠭᠡ ᠵᠢᠷᠤᠮ ᠢᠶᠠᠷ ᠳᠠᠮᠵᠢᠭᠤᠯᠤᠨ ᠰᠢᠢᠳᠪᠦᠷᠢᠯᠡᠬᠦ ᠶᠣᠰᠣᠲᠠᠢ ᠵᠦᠢᠯᠡᠰ᠂ ᠨᠢᠭᠡᠨᠲᠡ ᠵᠠᠬᠢᠳᠠᠯ ᠰᠣᠷᠪᠤᠯᠵᠢᠯᠠᠭ᠎ᠠ ᠶᠢᠨ | ᠠᠷᠭ᠎ᠠ ᠵᠠᠮ ᠳᠤ ᠣᠷᠣᠭᠰᠠᠨ ᠵᠦᠢᠯᠡᠰ ᠵᠢᠴᠢ ᠤᠯᠤᠰ ᠤᠨ ᠨᠢᠭᠤᠴᠠ᠂ ᠬᠤᠳᠠᠯᠳᠤᠭᠠᠨ ᠤ ᠨᠢᠭᠤᠴᠠ᠂ ᠬᠤᠪᠢ ᠬᠥᠮᠥᠨ ᠤ ᠨᠢᠭᠤᠴᠠ ᠪᠠ ᠨᠡᠶᠢᠭᠡᠮ ᠨᠡᠶᠢᠲᠡ ᠶᠢᠨ | ᠡᠮᠬᠢ ᠵᠢᠷᠤᠮ ᠪᠠ ᠬᠡᠪ ᠵᠠᠩᠰᠢᠯ ᠢ ᠵᠥᠷᠢᠴᠡᠭᠰᠡᠨ ᠵᠦᠢᠯᠡᠰ ᠵᠡᠷᠭᠡ ᠶᠢ ᠬᠦᠯᠢᠶᠡᠨ ᠠᠪᠴᠤ ᠰᠢᠢᠳᠪᠦᠷᠢᠯᠡᠬᠦ ᠬᠡᠪᠴᠢᠶᠡᠨ ᠳᠤ ᠣᠷᠣᠭᠤᠯᠬᠤ ᠦᠭᠡᠢ᠃ | 110 ᠬᠦ᠋ᠯᠢᠶᠡᠨ ᠠᠪᠴᠤ ᠰᠢᠢᠳᠪᠦᠷᠢᠯᠡᠬᠦ ᠬᠡᠪᠴᠢᠶ᠎ᠡ᠄ ᠡᠷᠡᠭᠦᠦ ᠶᠢᠨ ᠬᠡᠷᠡᠭ ᠤᠨ ᠲᠦᠷᠦᠯ ᠤᠨ ᠴᠠᠭᠳᠠᠭ᠎ᠠ ᠶᠢᠨ ᠪᠠᠶᠢᠳᠠᠯ᠂ ᠠᠮᠤᠷ ᠢ ᠬᠠᠮᠠᠭᠠᠯᠠᠬᠤ | ᠲᠦᠷᠦᠯ ᠤᠨ ᠴᠠᠭᠳᠠᠭ᠎ᠠ ᠶᠢᠨ ᠪᠠᠶᠢᠳᠠᠯ᠂ ᠵᠠᠮ ᠬᠠᠷᠢᠯᠴᠠᠭᠠᠨ ᠤ ᠲᠦᠷᠦᠯ ᠤᠨ ᠴᠠᠭᠳᠠᠭ᠎ᠠ ᠶᠢᠨ ᠪᠠᠶᠢᠳᠠᠯ᠂ ᠬᠥᠮᠥᠨ ᠤ ᠪᠡᠶ᠎ᠡ ᠮᠠᠬᠠᠪᠤᠳ ᠪᠠ ᠡᠳ᠋ ᠬᠥᠷᠥᠩᠭᠡ ᠶᠢᠨ | ᠠᠮᠤᠷ ᠲᠦᠪᠰᠢᠨ ᠪᠤᠶᠤ ᠨᠡᠶᠢᠭᠡᠮ ᠤᠨ ᠠᠮᠤᠷ ᠲᠦᠪᠰᠢᠨ ᠤ ᠡᠮᠬᠢ ᠵᠢᠷᠤᠮ ᠳᠤ ᠠᠶᠤᠯ ᠬᠥᠨᠥᠭᠡᠯ ᠤᠴᠠᠷᠠᠭᠤᠯᠤᠭᠰᠠᠨ ᠬᠠᠮᠲᠤᠯᠢᠭ ᠤᠨ ᠴᠢᠨᠠᠷᠲᠠᠢ ᠬᠡᠷᠡᠭ ᠵᠢᠴᠢ | ᠬᠠᠤᠯᠢ ᠶᠢ ᠵᠥᠷᠢᠴᠡᠭᠰᠡᠨ ᠶᠠᠯᠠᠲᠤ ᠠᠵᠢᠯᠯᠠᠭ᠎ᠠ ᠳᠤ ᠬᠤᠯᠪᠣᠭᠳᠠᠬᠤ ᠳᠣᠲᠣᠭᠠᠳᠤ ᠶᠢ ᠬᠠᠮᠠᠭᠠᠯᠠᠬᠤ ᠪᠠᠶᠢᠭᠤᠯᠭ᠎ᠠ ᠪᠠᠷ ᠰᠢᠢᠳᠪᠦᠷᠢᠯᠡᠭᠦᠯᠬᠦ ᠴᠢᠬᠤᠯᠠᠲᠠᠢ ᠪᠤᠰᠤᠳ | ᠴᠠᠭᠳᠠᠭ᠎ᠠ ᠶᠢᠨ ᠮᠡᠳᠡᠭᠡ︔ ᠤᠯᠠᠨ ᠨᠡᠶᠢᠲᠡ ᠶᠢᠨ ᠲᠥᠬᠦᠭᠡᠷᠦᠮᠵᠢ ᠶᠢᠨ ᠲᠦᠭᠰᠢᠭᠦᠷᠢᠲᠦ ᠪᠠᠶᠢᠳᠠᠯ᠂ ᠭᠠᠢ ᠭᠠᠮᠰᠢᠭ ᠤᠨ ᠡ᠊ᠨᠳᠡᠯ ᠵᠢᠴᠢ ᠬᠥᠮᠥᠨ ᠤ ᠪᠡᠶ᠎ᠡ ᠮᠠᠬᠠᠪᠤᠳ | ᠪᠠ ᠡᠳ᠋ ᠬᠥᠷᠥᠩᠭᠡ ᠶᠢᠨ ᠠᠮᠤᠷ ᠲᠦᠪᠰᠢᠨ᠂ ᠤᠯᠠᠨ ᠨᠡᠶᠢᠲᠡ ᠶᠢᠨ ᠠᠮᠤᠷ ᠲᠦᠪᠰᠢᠨ ᠳᠤ ᠠᠶᠤᠯ ᠬᠥᠨᠥᠭᠡᠯ ᠤᠴᠠᠷᠠᠭᠤᠯᠬᠤ ᠵᠡᠷᠭᠡ ᠳᠣᠲᠣᠭᠠᠳᠤ ᠶᠢ ᠬᠠᠮᠠᠭᠠᠯᠠᠬᠤ | ᠪᠠᠶᠢᠭᠤᠯᠭ᠎ᠠ ᠠᠴᠠ ᠣᠷᠣᠯᠴᠠᠵᠤ ᠰᠢᠢᠳᠪᠦᠷᠢᠯᠡᠬᠦ ᠴᠢᠬᠤᠯᠠᠲᠠᠢ ᠪᠤᠰᠤᠳ ᠪᠠᠴᠢᠮ ᠲᠤᠰᠠᠯᠠᠮᠵᠢ ᠭᠤᠶᠤᠴᠢᠯᠠᠬᠤ︔ ᠳᠣᠲᠣᠭᠠᠳᠤ ᠶᠢ ᠬᠠᠮᠠᠭᠠᠯᠠᠬᠤ ᠪᠠᠶᠢᠭᠤᠯᠭ᠎ᠠ ᠵᠢᠴᠢ | ᠠᠷᠠᠳ ᠤᠨ ᠴᠠᠭᠳᠠᠭ᠎ᠠ ᠶᠢᠨ ᠶᠠᠭ ᠡᠭᠦᠰᠴᠦ ᠪᠠᠶᠢᠭ᠎ᠠ ᠬᠠᠤᠯᠢ ᠰᠠᠬᠢᠯᠭ᠎ᠠ ᠶᠢ ᠵᠥᠷᠢᠴᠡᠭᠰᠡᠨ ᠪᠤᠶᠤ ᠬᠠᠷᠢᠭᠤᠴᠠᠯᠭ᠎ᠠ ᠪᠠᠨ ᠠᠯᠳᠠᠭᠰᠠᠨ ᠠᠵᠢᠯᠯᠠᠭ᠎ᠠ ᠶᠢᠨ ᠲᠤᠬᠠᠢ | ᠵᠠᠭᠠᠯᠳᠤᠯᠭ᠎ᠠ᠃ | ︵ᠬᠤᠶᠠᠷ︶ ᠵᠣᠯᠭᠠᠭᠤᠯᠵᠤ ᠬᠠᠮᠲᠤᠷᠠᠨ ᠬᠥᠳᠡᠯᠦᠯᠴᠡᠬᠦ ᠲᠣᠭᠲᠠᠴᠠ ᠶᠢ ᠪᠠᠶᠢᠭᠤᠯᠤᠨ ᠪᠦᠷᠢᠨᠰᠢᠭᠦᠯᠦᠨ᠎ᠡ᠃ 12345 ᠬᠢᠭᠡᠳ 110 ᠨᠡᠶᠢᠭᠡᠮ ᠤᠨ | ᠪᠠᠶᠢᠳᠠᠯ ᠠᠷᠠᠳ ᠤᠨ ᠰᠠᠨᠠᠭ᠎ᠠ ᠶᠢᠨ ᠰᠠᠯᠬᠢᠨ ᠤ ᠵᠦᠭᠯᠡᠭᠦᠷ᠂ ᠨᠡᠶᠢᠭᠡᠮ ᠤᠨ ᠲᠣᠭᠲᠠᠭᠤᠨ ᠪᠠᠶᠢᠳᠠᠯ ᠢ ᠮᠡᠳᠡᠷᠡᠬᠦ ᠪᠠᠭᠠᠵᠢ᠂ ᠵᠥᠷᠢᠴᠡᠯ ᠵᠢᠭᠤᠷᠠᠯᠳᠤᠭᠠᠨ ᠤ ᠳᠠᠷᠤᠯᠲᠠ ᠶᠢ | ᠪᠠᠭᠠᠰᠬᠠᠬᠤ ᠨᠡᠭᠡᠯᠡᠭᠡᠢ ᠶᠢᠨ ᠦᠢᠯᠡᠳᠦᠯ ᠢ ᠭᠦᠢᠴᠡᠳ ᠪᠠᠳᠠᠷᠠᠭᠤᠯᠵᠤ᠂ ᠣᠯᠠᠨ ᠲᠦᠮᠡᠨ ᠤ ᠲᠦᠭᠰᠢᠭᠦᠷᠢ ᠮᠡᠳᠡᠭᠦᠯᠬᠦ ᠪᠠ ᠭᠤᠮᠣᠳᠠᠯ ᠲᠣᠭᠠᠴᠢᠬᠤ ᠵᠦᠢᠯᠡᠰ ᠤᠨ | ᠰᠢᠨᠵᠢ ᠴᠢᠨᠠᠷ᠂ ᠠᠭᠤᠯᠭ᠎ᠠ᠂ ᠬᠠᠷᠢᠶᠠᠯᠠᠯ ᠵᠡᠷᠭᠡ ᠶᠢ ᠦᠨᠳᠦᠰᠦᠯᠡᠨ ᠡᠷᠭᠢᠯᠲᠡ ᠳᠤ ᠣᠷᠣᠭᠤᠯᠤᠨ ᠰᠢᠢᠳᠪᠦᠷᠢᠯᠡᠬᠦ ᠠᠵᠢᠯ ᠢ ᠵᠢᠷᠤᠮᠵᠢᠭᠤᠯᠤᠨ ᠥᠷᠨᠢᠭᠦᠯᠦᠨ᠎ᠡ᠃ | 12345 ᠳᠣᠲᠣᠭᠠᠳᠤ ᠶᠢ ᠬᠠᠮᠠᠭᠠᠯᠠᠬᠤ ᠪᠠᠶᠢᠭᠤᠯᠭ᠎ᠠ ᠳᠤ ᠬᠤᠯᠪᠣᠭᠳᠠᠭᠰᠠᠨ ᠭᠤᠮᠣᠳᠠᠯ ᠲᠣᠭᠠᠴᠢᠯᠲᠠ ᠶᠢᠨ ᠤᠴᠢᠷ ᠶᠠᠪᠤᠳᠠᠯ ᠪᠤᠶᠤ ᠪᠠᠴᠢᠮ ᠲᠤᠰᠠᠯᠠᠮᠵᠢ | ᠭᠤᠶᠤᠴᠢᠯᠠᠬᠤ ᠶᠢ ᠬᠦᠯᠢᠶᠡᠨ ᠠᠪᠴᠤ᠂ 110 ᠤᠯᠠᠨ ᠲᠦᠮᠡᠨ ᠤ ᠵᠠᠰᠠᠭ ᠤᠨ ᠶᠠᠪᠤᠳᠠᠯ ᠤᠨ ᠦᠢᠯᠡᠴᠢᠯᠡᠭᠡ ᠳᠤ ᠬᠤᠯᠪᠣᠭᠳᠠᠭᠰᠠᠨ ᠭᠤᠮᠣᠳᠠᠯ ᠲᠣᠭᠠᠴᠢᠯᠲᠠ ᠶᠢ | ᠬᠦᠯᠢᠶᠡᠨ ᠠᠪᠴᠤ᠂ ᠬᠤᠯᠪᠤᠭᠠᠯᠠᠨ ᠬᠥᠳᠡᠯᠦᠯᠴᠡᠬᠦ ᠠᠵᠢᠯᠯᠠᠭᠠᠨ ᠤ ᠲᠣᠭᠲᠠᠴᠠ ᠶᠢ ᠡᠬᠢᠯᠡᠭᠦᠯᠵᠦ᠂ ᠨᠢᠭᠡ ᠲᠣᠪᠴᠢ ᠪᠠᠷ ᠳᠠᠮᠵᠢᠭᠤᠯᠤᠨ ᠵᠠᠯᠭᠠᠬᠤ᠂ ᠭᠤᠷᠪᠠᠨ ᠲᠠᠯ᠎ᠠ | ︵ᠭᠤᠮᠣᠳᠠᠯ ᠲᠣᠭᠠᠴᠢᠭᠰᠠᠨ ᠲᠠᠯ᠎ᠠ᠂ 110᠂ 12345︶ ᠶᠢᠨ ᠤᠲᠠᠰᠤ ᠪᠠᠷ ᠶᠠᠷᠢᠯᠴᠠᠬᠤ᠂ ᠲᠤᠰᠬᠠᠢ ᠰᠠᠭᠤᠳᠠᠯ ᠢᠶᠠᠷ ᠬᠤᠯᠪᠤᠭᠠᠯᠠᠨ ᠬᠥᠳᠡᠯᠦᠯᠴᠡᠬᠦ᠂ | ᠰᠢᠰᠲ᠋ᠧᠮ ᠲᠠᠢ ᠪᠠᠷ ᠬᠦᠷᠭᠡᠬᠦ ᠵᠡᠷᠭᠡ ᠬᠡᠯᠪᠡᠷᠢ ᠪᠠᠷ ᠭᠦᠢᠴᠡᠳᠬᠡᠨ᠎ᠡ᠃ | 1. ᠬᠤᠪᠢᠶᠠᠷᠢ ᠡᠷᠭᠢᠯᠲᠡ ᠶᠢᠨ ᠠᠯᠪᠠᠨ ᠭᠡᠷ ᠤᠨ ᠲᠣᠭᠲᠠᠴᠠ ᠶᠢ ᠵᠢᠷᠤᠮᠵᠢᠭᠤᠯᠤᠨ᠎ᠠ᠃ 12345 ᠪᠤᠶᠤ 110 ᠨᠢ ᠨᠥᠭᠦᠭᠡ ᠡᠲᠡᠭᠡᠳ ᠤᠨ ᠢᠶᠠᠨ ᠡᠭᠦᠷᠭᠡ | ᠬᠠᠷᠢᠭᠤᠴᠠᠯᠭ᠎ᠠ ᠶᠢᠨ ᠬᠡᠪᠴᠢᠶᠡᠨ ᠳᠤ ᠲᠣᠳᠣᠷᠬᠠᠢ ᠬᠠᠷᠢᠶᠠᠯᠠᠭᠳᠠᠬᠤ ᠵᠦᠢᠯᠡᠰ ᠢ ᠭᠥᠯᠢᠶᠡᠨ ᠠᠪᠤᠭᠰᠠᠨ ᠦᠶ᠎ᠡ ᠳᠤ᠂ ᠨᠢᠭᠡ ᠯᠡ ᠲᠣᠪᠴᠢ ᠪᠠᠷ ᠰᠢᠯᠵᠢᠭᠦᠯᠦᠨ | ᠵᠠᠯᠭᠠᠬᠤ᠂ ᠲᠤᠰᠬᠠᠢ ᠰᠠᠭᠤᠳᠠᠯ ᠢᠶᠠᠷ ᠬᠠᠮᠲᠤᠷᠠᠨ ᠬᠥᠳᠡᠯᠦᠯᠴᠡᠬᠦ ᠵᠡᠷᠭᠡ ᠠᠷᠭ᠎ᠠ ᠮᠠᠶ᠋ᠢᠭ ᠢᠶᠠᠷ ᠳᠠᠮᠵᠢᠭᠤᠯᠤᠨ ᠴᠠᠭ ᠲᠤᠬᠠᠢ ᠳᠤᠨᠢ ᠨᠥᠭᠦᠭᠡ ᠡᠲᠡᠭᠡᠳ ᠲᠡᠭᠡᠨ | ᠰᠢᠯᠵᠢᠭᠦᠯᠦᠨ ᠲᠤᠰᠢᠶᠠᠵᠤ ᠰᠢᠢᠳᠪᠦᠷᠢᠯᠡᠭᠦᠯᠦᠨ᠎ᠡ᠃ ᠬᠠᠷᠢᠭᠤᠴᠠᠯᠭ᠎ᠠ ᠲᠠᠢ ᠨᠢᠭᠡᠴᠡ ᠨᠢ ᠲᠣᠳᠣᠷᠬᠠᠢ ᠦᠭᠡᠢ ᠪᠤᠶᠤ ᠡᠭᠦᠷᠭᠡ ᠬᠠᠷᠢᠭᠤᠴᠠᠯᠭ᠎ᠠ ᠨᠢ ᠰᠣᠯᠪᠢᠴᠠᠵᠤ | ᠪᠠᠶᠢᠪᠠᠯ᠂ ᠭᠤᠷᠪᠠᠨ ᠲᠠᠯ᠎ᠠ ᠪᠠᠷ ᠢᠶᠠᠨ ᠤᠲᠠᠰᠤ ᠪᠠᠷ ᠶᠠᠷᠢᠯᠴᠠᠬᠤ ᠠᠷᠭ᠎ᠠ ᠮᠠᠶ᠋ᠢᠭ ᠢᠶᠠᠷ ᠭᠥᠯᠢᠶᠡᠨ ᠠᠪᠴᠤ ᠰᠢᠢᠳᠪᠦᠷᠢᠯᠡᠬᠦ ᠲᠠᠪᠴᠠᠩ ᠢ ᠵᠥᠪᠳᠡᠯᠴᠡᠨ ᠲᠣᠭᠲᠠᠭᠠᠵᠤ᠂ | ᠵᠥᠪᠳᠡᠯᠴᠡᠭᠰᠡᠨ ᠤ ᠳᠠᠷᠠᠭ᠎ᠠ ᠲᠣᠭᠲᠠᠭᠠᠬᠤ ᠶᠢᠨ ᠠᠷᠭ᠎ᠠ ᠦᠭᠡᠢ ᠪᠠᠶᠢᠪᠠᠯ᠂ ᠤᠷᠢᠳᠠᠪᠠᠷ ᠣᠯᠠᠨ ᠲᠦᠮᠡᠨ ᠤ ᠬᠦᠰᠡᠯ ᠱᠠᠭᠠᠷᠳᠠᠯᠭ᠎ᠠ ᠶᠢ ᠭᠥᠯᠢᠶᠡᠨ ᠠᠪᠤᠭᠰᠠᠨ | ᠲᠠᠪᠴᠠᠩ ᠠᠴᠠ ᠤᠷᠢᠳᠠᠪᠠᠷ ᠭᠥᠯᠢᠶᠡᠨ ᠠᠪᠴᠤ ᠰᠢᠢᠳᠪᠦᠷᠢᠯᠡᠨ᠎ᠡ᠂ ᠬᠡᠷᠪᠡ ᠣᠯᠠᠨ ᠲᠦᠮᠡᠨ ᠤ ᠠᠮᠢ ᠨᠠᠰᠤ᠂ ᠡᠳ᠋ ᠬᠥᠷᠥᠩᠭᠡ ᠶᠢᠨ ᠠᠮᠤᠷ ᠲᠦᠪᠰᠢᠨ ᠪᠠ ᠨᠡᠶᠢᠭᠡᠮ | ᠨᠡᠶᠢᠲᠡ ᠶᠢᠨ ᠡᠮᠬᠢ ᠵᠢᠷᠤᠮ ᠢ ᠰᠦᠷᠳᠡᠭᠦᠯᠬᠦ ᠪᠠᠴᠢᠮ ᠪᠠᠶᠢᠳᠠᠯ ᠣᠷᠣᠰᠢᠵᠤ ᠪᠠᠶᠢᠪᠠᠯ᠂ 110 ᠶᠢ ᠴᠠᠭ ᠲᠤᠬᠠᠢ ᠳᠤᠨᠢ ᠴᠠᠭᠳᠠᠭ᠎ᠠ ᠲᠣᠮᠢᠯᠠᠵᠤ ᠤᠷᠢᠳᠠᠪᠠᠷ | ᠰᠢᠢᠳᠪᠦᠷᠢᠯᠡᠨ᠎ᠡ᠃ 110 ᠢᠨᠲ᠋ᠧᠷ ᠰᠦᠯᠵᠢᠶᠡᠨ ᠤ ᠠᠷᠭ᠎ᠠ ᠵᠠᠮ ᠢᠶᠠᠷ ᠭᠥᠯᠢᠶᠡᠨ ᠠᠪᠤᠭᠰᠠᠨ 12345 ᠲᠤᠰᠢᠶᠠᠯ ᠬᠠᠷᠢᠭᠤᠴᠠᠯᠭ᠎ᠠ ᠶᠢᠨ ᠬᠡᠪᠴᠢᠶᠡᠨ ᠳᠠᠬᠢ ᠪᠠᠴᠢᠮ | ᠪᠤᠰᠤ ᠲᠥᠷᠥᠯ ᠤᠨ ᠵᠦᠢᠯᠡᠰ ᠢ ᠰᠦᠯᠵᠢᠶᠡᠨ ᠳᠡᠭᠡᠷ᠎ᠡ ᠰᠢᠯᠵᠢᠭᠦᠯᠦᠨ ᠭᠦᠢᠴᠡᠳᠬᠡᠬᠦ᠂ ᠬᠤᠯᠪᠤᠭᠠᠯᠠᠨ ᠬᠥᠳᠡᠯᠦᠯᠴᠡᠵᠦ ᠲᠦᠷᠭᠡᠨ ᠭᠦᠢᠴᠡᠳᠬᠡᠬᠦ ᠵᠡᠷᠭᠡ ᠠᠷᠭ᠎ᠠ | ᠮᠠᠶ᠋ᠢᠭ ᠢᠶᠠᠷ ᠳᠠᠮᠵᠢᠭᠤᠯᠤᠨ 12345 ᠬᠠᠯᠠᠭᠤᠨ ᠤᠲᠠᠰᠤ ᠪᠠᠷ ᠳᠠᠮᠵᠢᠭᠤᠯᠤᠨ ᠭᠦᠢᠴᠡᠳᠬᠡᠨ᠎ᠡ᠃ 110 ᠪᠠ 12345 ᠡᠭᠦᠷᠭᠡ ᠬᠠᠷᠢᠭᠤᠴᠠᠯᠭ᠎ᠠ ᠶᠢᠨ | ᠬᠡᠪᠴᠢᠶᠡᠨ ᠳᠤ ᠬᠠᠷᠢᠶᠠᠯᠠᠭᠳᠠᠬᠤ ᠦᠭᠡᠢ ᠭᠤᠮᠣᠳᠠᠯ ᠱᠠᠭᠠᠷᠳᠠᠯᠭ᠎ᠠ ᠶᠢᠨ ᠵᠦᠢᠯᠡᠰ ᠢ ᠲᠣᠳᠣᠷᠬᠠᠶᠢᠯᠠᠬᠤ ᠳᠤ᠂ 12345 ᠬᠠᠯᠠᠭᠤᠨ ᠤᠲᠠᠰᠤ ᠪᠠ 110 | ᠲᠦᠭᠰᠢᠭᠦᠷᠢ ᠭᠥᠯᠢᠶᠡᠨ ᠠᠪᠬᠤ ᠲᠠᠪᠴᠠᠩ ᠤᠨ ᠳ᠋ᠢᠶᠠᠩᠬᠤᠸᠠ ᠵᠠᠯᠭᠠᠯᠲᠠ ᠶᠢᠨ ᠠᠵᠢᠯᠲᠠᠨ ᠵᠦᠢ ᠵᠣᠬᠢᠰᠲᠠᠢ ᠬᠥᠲᠥᠯᠥᠨ ᠵᠢᠯᠤᠭᠤᠳᠬᠤ ᠪᠠ ᠲᠠᠶᠢᠯᠪᠤᠷᠢᠯᠠᠬᠤ ᠠᠵᠢᠯ ᠢ | ᠰᠠᠶᠢᠲᠤᠷ ᠬᠢᠬᠦ ᠬᠡᠷᠡᠭᠲᠡᠢ᠃ 12345 ᠬᠠᠯᠠᠭᠤᠨ ᠤᠲᠠᠰᠤ ᠪᠠ 110 ᠲᠦᠭᠰᠢᠭᠦᠷᠢ ᠮᠡᠳᠡᠭᠡᠯᠡᠬᠦ ᠲᠠᠪᠴᠠᠩ ᠠᠴᠠ ᠨᠥᠭᠦᠭᠡ ᠡᠲᠡᠭᠡᠳ ᠤᠨ ᠲᠠᠪᠴᠠᠩ ᠳᠤ | ᠰᠢᠯᠵᠢᠭᠦᠯᠦᠨ ᠰᠢᠢᠳᠪᠦᠷᠢᠯᠡᠭᠦᠯᠦᠭᠰᠡᠨ ᠭᠤᠶᠤᠴᠢᠯᠠᠯ ᠢ ᠭᠦᠢᠴᠡᠳᠬᠡᠭᠰᠡᠨ ᠪᠠᠶᠢᠳᠠᠯ ᠢ ᠭᠥᠯᠢᠶᠡᠨ ᠠᠪᠴᠤ ᠰᠢᠢᠳᠪᠦᠷᠢᠯᠡᠬᠦ ᠲᠠᠪᠴᠠᠩ ᠠᠴᠠ ᠰᠢᠪᠠᠳᠠᠨ | ᠰᠢᠢᠳᠪᠦᠷᠢᠯᠡᠭᠦᠯᠵᠦ᠂ ᠬᠠᠷᠢᠭᠤ ᠰᠤᠷᠪᠤᠯᠵᠢᠯᠠᠵᠤ ᠦᠨᠡᠯᠡᠨ᠎ᠡ᠃ | 2. ᠡᠳᠦᠷ ᠲᠤᠲᠤᠮ ᠤᠨ ᠬᠠᠮᠲᠤᠷᠠᠨ ᠬᠥᠳᠡᠯᠦᠯᠴᠡᠬᠦ ᠲᠣᠭᠲᠠᠴᠠ ᠶᠢ ᠪᠠᠶᠢᠭᠤᠯᠤᠨ᠎ᠠ᠃ 110 ᠬᠠᠤᠯᠢ ᠠᠴᠠ ᠵᠥᠷᠢᠴᠡᠭᠰᠡᠨ ᠶᠠᠯᠠᠲᠤ ᠠᠵᠢᠯᠯᠠᠭ᠎ᠠ | ᠢᠯᠠᠩᠭᠤᠶ᠎ᠠ ᠬᠦᠴᠦᠷᠬᠡᠭᠯᠡᠯ᠂ ᠬᠡᠲᠦᠷᠡᠮᠡᠬᠡᠢ ᠬᠡᠷᠡᠭ ᠢ ᠡᠭᠦᠰᠬᠡᠵᠦ ᠮᠡᠳᠡᠬᠦ ᠵᠥᠷᠢᠴᠡᠯ ᠵᠢᠭᠤᠷᠠᠯᠳᠤᠭᠠᠨ ᠢ ᠣᠯᠣᠭᠰᠠᠨ ᠦᠶ᠎ᠡ ᠳᠤ᠂ ᠲᠡᠷᠡ ᠳᠠᠷᠤᠢ ᠳᠤᠨᠢ ᠴᠠᠭᠳᠠᠭ᠎ᠠ | ᠲᠣᠮᠢᠯᠠᠨ ᠰᠢᠢᠳᠪᠦᠷᠢᠯᠡᠭᠦᠯᠵᠦ᠂ 12345 ᠳᠤ ᠬᠠᠷᠢᠶᠠᠯᠠᠭᠳᠠᠬᠤ ᠭᠤᠮᠣᠳᠠᠯ ᠱᠠᠭᠠᠷᠳᠠᠯᠭ᠎ᠠ ᠶᠢ 12345 ᠳᠤ ᠰᠢᠯᠵᠢᠭᠦᠯᠦᠨ ᠲᠤᠰᠢᠶᠠᠵᠤ᠂ 12345 ᠠᠴᠠ | ᠭᠤᠮᠣᠳᠠᠯ ᠲᠣᠭᠠᠴᠢᠭᠰᠠᠨ ᠤᠴᠢᠷ ᠶᠠᠪᠤᠳᠠᠯ ᠢ ᠬᠠᠷᠢᠶ᠎ᠠ ᠭᠠᠵᠠᠷ ᠤᠨ ᠵᠠᠰᠠᠭ ᠤᠨ ᠣᠷᠳᠣᠨ ᠪᠠ ᠬᠤᠯᠪᠣᠭᠳᠠᠯ ᠪᠦᠬᠦᠢ ᠡᠭᠦᠷᠭᠡ ᠴᠢᠳᠠᠪᠤᠷᠢᠲᠤ ᠰᠠᠯᠠᠭ᠎ᠠ ᠮᠥᠴᠢᠷ ᠲᠤ | ᠴᠠᠭ ᠲᠤᠬᠠᠢ ᠳᠤᠨᠢ ᠰᠢᠯᠵᠢᠭᠦᠯᠦᠨ ᠰᠢᠢᠳᠪᠦᠷᠢᠯᠡᠭᠦᠯᠵᠦ᠂ ᠬᠠᠮᠲᠤᠷᠠᠨ ᠡᠶᠡᠳᠡᠭᠦᠯᠦᠨ ᠰᠢᠢᠳᠪᠦᠷᠢᠯᠡᠬᠦ ᠠᠵᠢᠯ ᠢ ᠥᠷᠨᠢᠭᠦᠯᠵᠦ᠂ ᠵᠥᠷᠢᠴᠡᠯ ᠤᠨ ᠳᠠᠯᠳᠠ ᠭᠡᠮ ᠢ ᠡᠬᠢ | ᠰᠤᠷᠪᠤᠯᠵᠢ ᠠᠴᠠ ᠨᠢ ᠠᠷᠢᠯᠭᠠᠬᠤ ᠶᠢ ᠲᠦᠯᠬᠢᠨ ᠠᠬᠢᠭᠤᠯᠤᠨ᠎ᠠ᠃ 12345 ᠪᠦᠷᠢᠯᠳᠦᠭᠦᠨ ᠨᠢᠭᠡᠴᠢ ᠰᠢᠢᠳᠪᠦᠷᠢᠯᠡᠭᠦᠯᠬᠦ ᠪᠠᠷ ᠲᠤᠰᠢᠶᠠᠭᠰᠠᠨ ᠭᠤᠶᠤᠴᠢᠯᠠᠯ ᠢ | ᠣᠯᠣᠭᠰᠠᠨ ᠤ ᠲᠠᠷᠠᠭ᠎ᠠ᠂ ᠴᠠᠭ ᠲᠤᠬᠠᠢ ᠳᠤᠨᠢ ᠰᠢᠢᠳᠪᠦᠷᠢᠯᠡᠨ ᠰᠢᠢᠳᠪᠦᠷᠢᠯᠡᠬᠦ ᠠᠵᠢᠯ ᠢ ᠥᠷᠨᠢᠭᠦᠯᠵᠦ᠂ ᠲᠤᠬᠠᠢ ᠶᠢᠨ ᠲᠠᠯᠠᠪᠤᠷ ᠲᠤ ᠰᠢᠢᠳᠪᠦᠷᠢᠯᠡᠬᠦ ᠴᠢᠬᠤᠯᠠᠲᠠᠢ | ᠪᠠᠶᠢᠪᠠᠯ᠂ ᠴᠠᠭ ᠲᠤᠬᠠᠢ ᠳᠤᠨᠢ ᠬᠥᠮᠥᠨ ᠲᠣᠮᠢᠯᠠᠨ ᠲᠤᠬᠠᠢ ᠶᠢᠨ ᠲᠠᠯᠠᠪᠤᠷ ᠲᠤ ᠣᠴᠢᠭᠤᠯᠵᠤ ᠰᠢᠢᠳᠪᠦᠷᠢᠯᠡᠬᠦ ᠠᠵᠢᠯ ᠢ ᠥᠷᠨᠢᠭᠦᠯᠬᠦ ᠬᠡᠷᠡᠭᠲᠡᠢ᠃ 12345 | ᠨᠡᠶᠢᠭᠡᠮ ᠤᠨ ᠲᠣᠭᠲᠠᠭᠤᠨ ᠪᠠᠶᠢᠳᠠᠯ ᠢ ᠨᠥᠯᠥᠭᠡᠯᠡᠬᠦ ᠰᠦᠪᠡᠭᠴᠢ ᠪᠤᠶᠤ ᠬᠥᠮᠥᠰ ᠤᠨ ᠮᠡᠳᠡᠭᠡ ᠵᠠᠩᠭᠢ ᠶᠢ ᠣᠯᠣᠭᠰᠠᠨ ᠪᠠᠶᠢᠪᠠᠯ᠂ ᠲᠡᠷᠡ ᠳᠠᠷᠤᠢ ᠳᠤᠨᠢ 110 ᠳᠤ | ᠬᠦᠷᠭᠡᠵᠦ ᠰᠢᠢᠳᠪᠦᠷᠢᠯᠡᠭᠦᠯᠬᠦ ᠬᠡᠷᠡᠭᠲᠡᠢ᠂ 12345 ᠠᠵᠢᠯ ᠤᠨ ᠬᠠᠭᠤᠳᠠᠰᠤ ᠶᠢ ᠳᠠᠭᠠᠭᠠᠨ ᠰᠢᠢᠳᠪᠦᠷᠢᠯᠡᠬᠦ ᠨᠢᠭᠡᠴᠢ ᠭᠤᠮᠣᠳᠠᠯ ᠱᠠᠭᠠᠷᠳᠠᠯᠭ᠎ᠠ ᠶᠢ ᠰᠢᠢᠳᠪᠦᠷᠢᠯᠡᠬᠦ | ᠶᠠᠪᠤᠴᠠ ᠳᠤ ᠵᠥᠷᠢᠴᠡᠯ ᠵᠢᠭᠤᠷᠠᠯᠳᠤᠭᠠᠨ ᠰᠢᠷᠦᠭᠦᠰᠴᠦ᠂ ᠬᠡᠷᠡᠭ ᠤᠨ ᠪᠠᠶᠢᠳᠠᠯ ᠢ ᠡᠵᠡᠮᠳᠡᠬᠦ ᠳᠤ ᠪᠡᠷᠬᠡᠲᠡᠢ ᠪᠤᠶᠤ ᠬᠠᠤᠯᠢ ᠶᠢ ᠵᠥᠷᠢᠴᠡᠭᠰᠡᠨ ᠶᠠᠯᠠᠲᠤ ᠠᠵᠢᠯᠯᠠᠭ᠎ᠠ ᠳᠤ | ᠬᠤᠯᠪᠣᠭᠳᠠᠭᠰᠠᠨ ᠢ ᠣᠯᠵᠤ ᠮᠡᠳᠡᠪᠡᠯ᠂ ᠲᠡᠷᠡ ᠳᠠᠷᠤᠢ ᠳᠤᠨᠢ 110 ᠴᠠᠭᠳᠠᠭ᠎ᠠ ᠲᠠᠢ ᠬᠤᠯᠪᠤᠭᠠᠯᠠᠨ ᠴᠠᠭᠳᠠᠭ᠎ᠠ ᠲᠣᠮᠢᠯᠠᠵᠤ ᠰᠢᠢᠳᠪᠦᠷᠢᠯᠡᠭᠦᠯᠬᠦ ᠬᠡᠷᠡᠭᠲᠡᠢ᠃ ᠡᠯ᠎ᠡ | ᠨᠢᠭᠡᠴᠡ ᠨᠦᠭᠦᠳ ᠠᠩᠬ᠎ᠠ ᠵᠣᠯᠭᠠᠭᠤᠯᠬᠤ ᠬᠠᠷᠢᠭᠤᠴᠠᠯᠭ᠎ᠠ ᠶᠢᠨ ᠳᠦᠷᠢᠮ ᠢ ᠴᠢᠩᠭ᠎ᠠ ᠬᠡᠷᠡᠭᠵᠢᠭᠦᠯᠵᠦ᠂ ᠪᠤᠰᠤᠳ ᠨᠢᠭᠡᠴᠡ ᠪᠤᠶᠤ ᠰᠠᠯᠠᠭ᠎ᠠ ᠮᠥᠴᠢᠷ ᠤᠨ ᠬᠠᠷᠢᠶᠠᠯᠠᠬᠤ | ᠶᠣᠰᠣᠲᠠᠢ ᠶᠢ ᠣᠯᠵᠤ ᠮᠡᠳᠡᠪᠡᠯ᠂ ᠤᠷᠢᠳᠠᠪᠠᠷ ᠰᠢᠢᠳᠪᠦᠷᠢᠯᠡᠭᠰᠡᠨ ᠤ ᠳᠠᠷᠠᠭ᠎ᠠ ᠳᠠᠬᠢᠨ ᠲᠣᠭᠲᠠᠭᠠᠯ ᠶᠣᠰᠣᠭᠠᠷ ᠰᠢᠯᠵᠢᠭᠦᠯᠦᠨ ᠲᠤᠰᠢᠶᠠᠬᠤ ᠬᠡᠷᠡᠭᠲᠡᠢ᠃ 12345᠂ | 110 ᠬᠠᠮᠢᠶᠠᠷᠤᠯᠲᠠ ᠶᠢᠨ ᠰᠠᠯᠠᠭ᠎ᠠ ᠮᠥᠴᠢᠷ ᠤᠳ ᠤᠯᠠᠷᠢᠯ ᠪᠦᠷᠢ ᠳᠤ ᠠᠳᠠᠭ ᠲᠠᠭᠠᠨ ᠨᠢᠭᠡ ᠤᠳᠠᠭ᠎ᠠ ᠠᠵᠢᠯ ᠲᠣᠬᠢᠷᠠᠭᠤᠯᠬᠤ ᠬᠤᠷᠠᠯ ᠬᠤᠷᠠᠯᠳᠤᠭᠤᠯᠵᠤ᠂ | ᠠᠵᠢᠯ ᠤᠨ ᠳᠤᠮᠳᠠ ᠢᠯᠡᠷᠡᠭᠦᠯᠦᠭᠰᠡᠨ ᠠᠰᠠᠭᠤᠳᠠᠯ ᠢ ᠴᠠᠭ ᠲᠤᠬᠠᠢ ᠳᠤᠨᠢ ᠰᠢᠢᠳᠪᠦᠷᠢᠯᠡᠨ᠂ ᠠᠵᠤ ᠠᠬᠤᠶᠢᠯᠠᠯ ᠪᠠ ᠣᠯᠠᠨ ᠲᠦᠮᠡᠨ ᠤ ᠨᠡᠯᠢᠶᠡᠳ ᠲᠥᠪᠯᠡᠷᠡᠭᠰᠡᠨ | ᠭᠤᠮᠣᠳᠠᠯ ᠱᠠᠭᠠᠷᠳᠠᠯᠭ᠎ᠠ ᠶᠢ ᠵᠠᠳᠠᠯᠤᠨ ᠰᠤᠳᠤᠯᠤᠨ ᠮᠠᠭᠠᠳᠯᠠᠵᠤ᠂ ᠠᠵᠢᠯ ᠤᠨ ᠡᠬᠡ ᠲᠠᠩᠰᠠ ᠪᠠᠶᠢᠭᠤᠯᠤᠨ᠂ ᠲᠤᠭ᠎ᠠ ᠪᠠᠷᠢᠮᠲᠠ ᠶᠢ ᠬᠠᠮᠲᠤ ᠪᠠᠷ ᠡᠳ᠋ᠯᠡᠬᠦ ᠶᠢ | ᠬᠡᠷᠡᠭᠵᠢᠭᠦᠯᠵᠦ᠂ ᠲᠤᠰᠬᠠᠢ ᠬᠥᠮᠥᠨ ᠪᠠᠶᠢᠴᠠᠭᠠᠨ ᠰᠢᠢᠳᠪᠦᠷᠢᠯᠡᠬᠦ ᠶᠢ ᠬᠡᠷᠡᠭᠵᠢᠭᠦᠯᠵᠦ᠂ ᠡᠯ᠎ᠡ ᠭᠠᠵᠠᠷ ᠣᠷᠣᠨ᠂ ᠡᠯ᠎ᠡ ᠰᠠᠯᠠᠭ᠎ᠠ ᠮᠥᠴᠢᠷ ᠢ ᠤᠷᠢᠳᠴᠢᠯᠠᠨ | ᠲᠣᠬᠢᠷᠠᠭᠤᠯᠵᠤ᠂ ᠠᠵᠤ ᠠᠬᠤᠶᠢᠯᠠᠯ ᠪᠠ ᠣᠯᠠᠨ ᠲᠦᠮᠡᠨ ᠤ ᠭᠤᠮᠣᠳᠠᠯ ᠱᠠᠭᠠᠷᠳᠠᠯᠭ᠎ᠠ ᠶᠢ ᠴᠠᠭ ᠲᠤᠬᠠᠢ ᠳᠤᠨᠢ ᠰᠢᠢᠳᠪᠦᠷᠢᠯᠡᠨ᠎ᠡ᠃ | 3. ᠪᠠᠴᠢᠮ ᠪᠠᠶᠢᠳᠠᠯ ᠢ ᠠᠷᠭᠠᠴᠠᠬᠤ ᠶᠢᠨ ᠬᠠᠮᠲᠤᠷᠠᠨ ᠬᠥᠳᠡᠯᠦᠯᠴᠡᠬᠦ ᠲᠣᠭᠲᠠᠴᠠ ᠶᠢ ᠪᠦᠷᠢᠨᠰᠢᠭᠦᠯᠦᠨ᠎ᠡ᠃ 12345᠂ 110 ᠳᠤ 119᠂ 120᠂ | 122 ᠵᠡᠷᠭᠡ ᠪᠠᠴᠢᠮ ᠶᠠᠭᠠᠷᠠᠯᠲᠠᠢ ᠤᠲᠠᠰᠤ᠂ ᠤᠰᠤ ᠴᠠᠬᠢᠯᠭᠠᠨ ᠬᠡᠢ ᠢᠯᠴᠢ ᠵᠡᠷᠭᠡ ᠤᠯᠠᠨ ᠨᠡᠶᠢᠲᠡ ᠶᠢᠨ ᠠᠵᠢᠯ ᠦᠢᠯᠡᠰ ᠤᠨ ᠬᠠᠯᠠᠭᠤᠨ ᠤᠲᠠᠰᠤᠨ ᠤ ᠪᠠᠴᠢᠮ | ᠪᠠᠶᠢᠳᠠᠯ ᠢ ᠠᠷᠭᠠᠴᠠᠬᠤ ᠬᠠᠮᠲᠤᠷᠠᠨ ᠬᠥᠳᠡᠯᠦᠯᠴᠡᠬᠦ ᠲᠣᠭᠲᠠᠴᠠ ᠶᠢ ᠪᠠᠶᠢᠭᠤᠯᠵᠤ᠂ ᠭᠡᠨᠡᠳᠲᠡ ᠡᠭᠦᠰᠦᠭᠰᠡᠨ ᠬᠦᠨᠳᠦ ᠶᠡᠭᠡ ᠪᠠᠶᠢᠳᠠᠯ ᠭᠠᠷᠤᠮᠠᠭᠴᠠ ᠦᠳᠲᠡᠷ ᠲᠦᠷᠭᠡᠨ | ᠴᠤᠤᠷᠢᠶᠠᠲᠤᠨ ᠲᠠᠭᠠᠵᠤ᠂ ᠥᠨᠳᠥᠷ ᠪᠦᠲᠦᠮᠵᠢᠲᠡᠶ ᠪᠠᠷ ᠰᠢᠢᠳᠪᠦᠷᠢᠯᠡᠬᠦ ᠶᠢ ᠦᠨᠡᠨ ᠬᠦ ᠪᠠᠲᠤᠯᠠᠵᠤ᠂ ᠤᠯᠠᠨ ᠲᠦᠮᠡᠨ ᠳᠤ ᠨᠡᠩ ᠴᠠᠭ ᠲᠤᠬᠠᠢ ᠳᠤᠨᠢ᠂ ᠲᠤᠰᠬᠠᠢ | ᠮᠡᠷᠭᠡᠵᠢᠯ ᠤᠨ᠂ ᠥᠨᠳᠥᠷ ᠪᠦᠲᠦᠮᠵᠢᠲᠡᠶ ᠪᠠᠷ ᠪᠠᠴᠢᠮ ᠠᠪᠤᠷᠠᠨ ᠲᠤᠰᠠᠯᠠᠬᠤ ᠦᠢᠯᠡᠴᠢᠯᠡᠭᠡ ᠬᠠᠩᠭᠠᠨ᠎ᠠ᠃ ᠡᠭᠦᠨ ᠤ ᠬᠠᠮᠲᠤ᠂ 12345 ᠪᠠ 110 ᠪᠠᠴᠢᠮ | ᠪᠠᠶᠢᠳᠠᠯ ᠢ ᠠᠷᠭᠠᠴᠠᠬᠤ ᠶᠢᠨ ᠬᠤᠯᠪᠤᠭᠠᠯᠠᠨ ᠬᠥᠳᠡᠯᠦᠯᠴᠡᠬᠦ ᠲᠣᠭᠲᠠᠴᠠ ᠶᠢ ᠪᠦᠷᠢᠨᠰᠢᠭᠦᠯᠵᠦ᠂ ᠬᠢᠵᠢᠭ ᠤᠨ ᠪᠠᠶᠢᠳᠠᠯ᠂ ᠪᠠᠶᠢᠭᠠᠯᠢ ᠶᠢᠨ ᠭᠠᠮᠰᠢᠭ᠂ ᠣᠯᠠᠨ | ᠨᠡᠶᠢᠲᠡ ᠶᠢᠨ ᠪᠡᠯᠡᠳᠬᠡᠮᠵᠢ ᠶᠢᠨ ᠲᠦᠭᠰᠢᠭᠦᠷᠢᠲᠦ ᠪᠠᠶᠢᠳᠠᠯ᠂ ᠬᠦᠨᠳᠦ ᠶᠡᠭᠡ ᠣᠯᠠᠨ ᠨᠡᠶᠢᠲᠡ ᠶᠢᠨ ᠠᠮᠤᠷ ᠲᠦᠪᠰᠢᠨ ᠤ ᠠᠳᠡᠯ ᠤᠨ ᠲᠦᠭᠰᠢᠭᠦᠷᠢ ᠮᠡᠳᠡᠭᠦᠯᠵᠦ | ᠲᠤᠰᠠᠯᠠᠮᠵᠢ ᠭᠤᠶᠤᠬᠤ ᠳᠤ ᠭᠦᠷᠪᠡᠯ᠂ ᠪᠠᠴᠢᠮ ᠪᠠᠶᠢᠳᠠᠯ ᠢ ᠠᠷᠭᠠᠴᠠᠬᠤ ᠶᠢᠨ ᠬᠤᠯᠪᠤᠭᠠᠯᠠᠨ ᠬᠥᠳᠡᠯᠦᠯᠴᠡᠬᠦ ᠲᠥᠰᠥᠯ ᠢ ᠴᠠᠭ ᠲᠤᠬᠠᠢ ᠳᠤᠨᠢ ᠡᠬᠢᠯᠡᠨ | ᠬᠡᠷᠡᠭᠵᠢᠭᠦᠯᠵᠦ᠂ ᠴᠠᠭᠳᠠᠭᠠᠨ ᠤ ᠬᠦᠴᠦᠨ ᠪᠠ ᠬᠤᠯᠪᠤᠭᠠᠯᠠᠨ ᠬᠥᠳᠡᠯᠦᠯᠴᠡᠬᠦ ᠨᠢᠭᠡᠴᠡ ᠶᠢ ᠳᠠᠷᠤᠢ ᠲᠦᠷᠭᠡᠨ ᠵᠣᠬᠢᠶᠠᠨ ᠪᠠᠶᠢᠭᠤᠯᠤᠨ ᠤᠷᠢᠳᠴᠢᠯᠠᠨ ᠰᠢᠢᠳᠪᠦᠷᠢᠯᠡᠵᠦ᠂ | 12345 ᠪᠠ ᠳᠣᠲᠣᠭᠠᠳᠤ ᠶᠢ ᠬᠠᠮᠠᠭᠠᠯᠠᠬᠤ ᠪᠠᠶᠢᠭᠤᠯᠭ᠎ᠠ ᠠᠴᠠ ᠬᠠᠮᠢᠶ᠎ᠠ ᠪᠦᠬᠦᠢ ᠡᠭᠦᠷᠭᠡ ᠴᠢᠳᠠᠪᠤᠷᠢᠲᠤ ᠰᠠᠯᠠᠭ᠎ᠠ ᠮᠥᠴᠢᠷ ᠢ ᠨᠢᠭᠡᠳᠦᠯᠲᠡᠢ ᠲᠥᠯᠥᠪᠯᠡᠨ | ᠵᠣᠬᠢᠴᠠᠭᠤᠯᠵᠤ ᠪᠠᠶᠢᠭᠠᠳ ᠲᠤᠰᠬᠠᠢ ᠮᠡᠷᠭᠡᠵᠢᠯ ᠤᠨ ᠰᠢᠢᠳᠪᠦᠷᠢᠯᠡᠯᠲᠡ ᠬᠢᠨ᠎ᠡ᠃ | 4. ᠵᠥᠪᠳᠡᠯᠴᠡᠨ ᠰᠣᠯᠢᠯᠴᠠᠬᠤ ᠲᠣᠭᠲᠠᠴᠠ ᠶᠢ ᠲᠡᠭᠦᠯᠳᠡᠷᠵᠢᠭᠦᠯᠦᠨ᠎ᠡ᠃ ᠡᠳᠦᠷ ᠲᠤᠲᠤᠮ ᠤᠨ ᠬᠤᠯᠪᠤᠭᠠᠯᠠᠨ ᠬᠥᠳᠡᠯᠦᠯᠴᠡᠵᠦ ᠰᠠᠭᠠᠳ ᠦᠭᠡᠢ ᠨᠡᠪᠲᠡᠷᠡᠬᠦ ᠶᠢ | ᠪᠠᠲᠤᠯᠠᠭᠰᠠᠨ ᠰᠠᠭᠤᠷᠢᠨ ᠳᠡᠭᠡᠷ᠎ᠡ᠂ ᠵᠥᠪᠳᠡᠯᠴᠡᠨ ᠰᠣᠯᠢᠯᠴᠠᠬᠤ ᠲᠣᠭᠲᠠᠴᠠ ᠶᠢ ᠪᠠᠶᠢᠭᠤᠯᠤᠨ᠎ᠠ᠃ ᠠᠵᠢᠯ ᠤᠨ ᠤᠳᠤᠷᠢᠳᠬᠤ ᠳᠤᠭᠤᠶᠢᠯᠠᠩ ᠠᠴᠠ ᠬᠠᠮᠲᠤᠷᠠᠭᠰᠠᠨ | ᠬᠤᠷᠠᠯ ᠢ ᠵᠣᠬᠢᠶᠠᠨ ᠪᠠᠶᠢᠭᠤᠯᠤᠨ ᠬᠤᠷᠠᠯᠳᠤᠭᠤᠯᠵᠤ᠂ ᠬᠤᠪᠢᠶᠠᠷᠢ ᠡᠷᠭᠢᠯᠲᠡ ᠶᠢᠨ ᠠᠯᠪᠠᠨ ᠭᠡᠷ ᠤᠨ ᠠᠵᠢᠯ ᠤᠨ ᠳᠤᠮᠳᠠ ᠢᠯᠡᠷᠡᠭᠰᠡᠨ ᠠᠰᠠᠭᠤᠳᠠᠯ ᠢ ᠴᠠᠭ ᠲᠤᠬᠠᠢ | ᠳᠤᠨᠢ ᠵᠣᠯᠭᠠᠭᠤᠯᠤᠨ ᠰᠢᠢᠳᠪᠦᠷᠢᠯᠡᠵᠦ᠂ ᠠᠵᠢᠯ ᠤᠨ ᠠᠵᠢᠯᠯᠠᠭᠠᠨ ᠤ ᠪᠠᠶᠢᠳᠠᠯ ᠢ ᠰᠠᠷ᠎ᠠ ᠪᠠᠷ ᠮᠡᠳᠡᠭᠳᠡᠵᠦ᠂ ᠬᠦᠴᠢᠷ ᠠᠰᠠᠭᠤᠳᠠᠯ ᠢ ᠤᠯᠠᠷᠢᠯ ᠳᠤ ᠰᠤᠳᠤᠯᠤᠨ | ᠮᠠᠭᠠᠳᠯᠠᠵᠤ ᠵᠥᠪᠳᠡᠯᠴᠡᠨ᠂ ᠣᠨ ᠳᠤ ᠪᠥᠬᠦ ᠲᠠᠯ᠎ᠠ ᠪᠠᠷ ᠳ᠋ᠦᠩᠨᠡᠬᠦ ᠬᠡᠷᠡᠭᠲᠡᠢ᠃ ᠬᠠᠷᠢᠶᠠᠯᠠᠯ ᠤᠨ ᠮᠠᠷᠭᠤᠯᠳᠤᠭᠠᠨ ᠣᠷᠣᠰᠢᠵᠤ ᠪᠠᠶᠢᠬᠤ᠂ ᠲᠤᠰᠢᠶᠠᠯ | ᠬᠠᠷᠢᠭᠤᠴᠠᠯᠭ᠎ᠠ ᠶᠢᠨ ᠵᠠᠭᠠᠭ ᠬᠢᠵᠠᠭᠠᠷ ᠨᠢ ᠲᠣᠳᠣᠷᠬᠠᠢ ᠦᠭᠡᠢ ᠬᠦᠯᠢᠶᠡᠨ ᠠᠪᠴᠤ ᠰᠢᠢᠳᠪᠦᠷᠢᠯᠡᠬᠦ ᠵᠦᠢᠯᠡᠰ ᠢ ᠴᠠᠭ ᠲᠤᠬᠠᠢ ᠳᠤᠨᠢ ᠬᠤᠯᠪᠣᠭᠳᠠᠯ ᠪᠦᠬᠦᠢ ᠰᠠᠯᠠᠭ᠎ᠠ | ᠮᠥᠴᠢᠷ ᠢ ᠴᠤᠭᠯᠠᠭᠤᠯᠤᠨ ᠰᠤᠳᠤᠯᠤᠨ ᠵᠥᠪᠳᠡᠯᠴᠡᠵᠦ᠂ ᠲᠤᠰᠢᠶᠠᠯ ᠬᠠᠷᠢᠭᠤᠴᠠᠯᠭ᠎ᠠ ᠶᠢᠨ ᠡᠷᠬᠡ ᠶᠢᠨ ᠬᠡᠪᠴᠢᠶ᠎ᠡ ᠶᠢ ᠨᠢᠭᠡᠳ ᠨᠢᠭᠡ ᠪᠠᠷ ᠲᠣᠳᠣᠷᠬᠠᠶᠢᠯᠠᠵᠤ᠂ | ᠬᠠᠷᠢᠶᠠᠯᠠᠯ ᠤᠨ ᠪᠡᠶᠡᠴᠢ ᠴᠣᠭᠴᠠ ᠶᠢ ᠲᠣᠳᠣᠷᠬᠠᠢ ᠪᠣᠯᠭᠠᠵᠤ᠂ ᠰᠢᠢᠳᠪᠦᠷᠢᠯᠡᠬᠦ ᠵᠢᠷᠤᠮᠵᠢᠯ ᠢ ᠲᠣᠭᠲᠠᠭᠠᠨ᠎ᠠ᠃ ᠭᠤᠣᠯᠳᠠᠯᠭ᠎ᠠ ᠲᠠᠢ᠂ ᠬᠦᠴᠢᠷ ᠠᠰᠠᠭᠤᠳᠠᠯ ᠢ | ᠤᠳᠤᠷᠢᠳᠬᠤ ᠳᠤᠭᠤᠶᠢᠯᠠᠩ ᠳᠤ ᠮᠡᠳᠡᠭᠦᠯᠦᠨ ᠰᠤᠳᠤᠯᠤᠨ ᠮᠠᠭᠠᠳᠯᠠᠭᠤᠯᠵᠤ᠂ ᠲᠣᠭᠲᠠᠭᠠᠯᠭᠠᠵᠤ᠂ ᠬᠤᠯᠪᠤᠭᠠᠯᠠᠨ ᠬᠥᠳᠡᠯᠦᠯᠴᠡᠵᠦ ᠰᠠᠯᠭᠠᠨ ᠲᠣᠬᠢᠷᠠᠭᠤᠯᠬᠤ | ᠲᠣᠭᠲᠠᠴᠠ ᠶᠢᠨ ᠵᠣᠯᠭᠠᠯᠳᠤᠯ ᠡᠮᠬᠢ ᠵᠢᠷᠤᠮ ᠲᠠᠢ᠂ ᠠᠵᠢᠯᠯᠠᠭᠠᠨ ᠨᠢ ᠥᠨᠳᠥᠷ ᠪᠦᠲᠦᠮᠵᠢᠲᠡᠶ᠂ ᠴᠤᠪᠤᠷᠠᠯ ᠨᠢ ᠪᠢᠲᠡᠭᠦᠦ ᠪᠠᠶᠢᠬᠤ ᠶᠢ ᠪᠠᠲᠤᠯᠠᠨ᠎ᠠ᠃ ᠬᠤᠲᠠ ᠶᠢᠨ | ᠶᠠᠪᠤᠳᠠᠯ ᠤᠨ ᠦᠢᠯᠡᠴᠢᠯᠡᠭᠡᠨ ᠤ ᠲᠣᠪᠴᠢᠶ᠎ᠠ᠂ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠠᠶᠤᠯ ᠲᠦᠭᠰᠢᠭᠦᠷᠢ ᠶᠢ ᠤᠷᠢᠳᠴᠢᠯᠠᠨ ᠰᠡᠷᠡᠮᠵᠢᠯᠡᠭᠦᠯᠬᠦ ᠲᠣᠭᠲᠠᠴᠠ ᠶᠢ | ᠲᠡᠭᠦᠯᠳᠡᠷᠵᠢᠭᠦᠯᠵᠦ᠂ ᠲᠣᠭᠲᠠᠮᠠᠯ ᠬᠤᠭᠤᠴᠠᠭ᠎ᠠ ᠲᠠᠢ ᠪᠠᠷ ᠲᠤᠭ᠎ᠠ ᠪᠠᠷᠢᠮᠲᠠ ᠶᠢᠨ ᠵᠠᠳᠠᠯᠤᠯᠲᠠ ᠬᠢᠵᠦ᠂ 12345 ᠪᠣᠯᠣᠨ 110 ᠶᠢᠨ ᠨᠢᠭᠡᠨᠲᠡ ᠰᠢᠢᠳᠪᠦᠷᠢᠯᠡᠵᠦ | ᠳᠠᠭᠤᠰᠬᠠᠭᠰᠠᠨ ᠭᠤᠮᠣᠳᠠᠯ ᠱᠠᠭᠠᠷᠳᠠᠯᠭ᠎ᠠ ᠪᠠ ᠰᠢᠢᠳᠪᠦᠷᠢᠯᠡᠵᠦ ᠳᠠᠭᠤᠰᠬᠠᠭᠠᠳᠤᠢ ᠭᠤᠮᠣᠳᠠᠯ ᠱᠠᠭᠠᠷᠳᠠᠯᠭ᠎ᠠ ᠵᠢᠴᠢ ᠬᠦᠴᠢᠷ ᠲᠦᠪᠡᠭᠲᠡᠢ ᠭᠤᠮᠣᠳᠠᠯ ᠱᠠᠭᠠᠷᠳᠠᠯᠭ᠎ᠠ ᠶᠢ | ᠲᠣᠳᠣᠷᠬᠠᠶᠢᠯᠠᠭᠰᠠᠨ ᠵᠠᠳᠠᠯᠤᠯᠲᠠ ᠬᠢᠬᠦ ᠪᠠᠷ ᠳᠠᠮᠵᠢᠭᠤᠯᠤᠨ᠂ ᠬᠡᠯᠪᠡᠷᠢᠯ ᠤᠨ ᠴᠢᠨᠠᠷᠲᠠᠢ᠂ ᠴᠤᠬᠤᠶᠢᠯᠲᠠ ᠶᠢᠨ ᠴᠢᠨᠠᠷᠲᠠᠢ ᠠᠰᠠᠭᠤᠳᠠᠯ ᠪᠠ ᠭᠤᠮᠣᠳᠠᠯ ᠱᠠᠭᠠᠷᠳᠠᠯᠭ᠎ᠠ | ᠨᠡᠯᠢᠶᠡᠳ ᠲᠥᠪᠯᠡᠷᠡᠩᠭᠦᠢ᠂ ᠨᠡᠶᠢᠭᠡᠮ ᠤᠨ ᠨᠥᠯᠥᠭᠡ ᠪᠠᠷ ᠨᠡᠯᠢᠶᠡᠳ ᠶᠡᠭᠡ᠂ ᠬᠠᠮᠤᠷᠬᠤ ᠬᠥᠮᠥᠨ ᠨᠡᠯᠢᠶᠡᠳ ᠣᠯᠠᠨ ᠪᠠᠶᠢᠬᠤ ᠵᠦᠢᠯᠡᠰ ᠢ ᠡᠷᠢᠨ ᠭᠠᠷᠭᠠᠵᠤ᠂ ᠬᠠᠯᠠᠭᠤᠨ | ᠴᠡᠭ ᠤᠨ ᠭᠤᠮᠣᠳᠠᠯ ᠱᠠᠭᠠᠷᠳᠠᠯᠭ᠎ᠠ ᠶᠢ ᠴᠠᠭ ᠲᠤᠬᠠᠢ ᠳᠤᠨᠢ ᠬᠠᠷᠢᠭᠤᠯᠬᠤ᠂ ᠭᠡᠨᠡᠳᠲᠡ ᠶᠢᠨ ᠬᠡᠷᠡᠭ ᠢ ᠴᠠᠭ ᠲᠤᠬᠠᠢ ᠳᠤᠨᠢ ᠤᠷᠢᠳᠴᠢᠯᠠᠨ ᠰᠡᠷᠡᠮᠵᠢᠯᠡᠭᠦᠯᠬᠦ ᠶᠢ | ᠪᠡᠶᠡᠯᠡᠭᠦᠯᠵᠦ᠂ ᠬᠠᠯᠠᠭᠤᠨ ᠤᠲᠠᠰᠤ ᠪᠠᠷ ᠬᠠᠪᠰᠤᠷᠤᠨ ᠰᠢᠢᠳᠪᠦᠷᠢᠲᠦ ᠪᠣᠳᠣᠯᠭ᠎ᠠ ᠲᠣᠭᠲᠠᠭᠠᠬᠤ ᠴᠢᠳᠠᠪᠤᠷᠢ ᠶᠢ ᠳᠡᠭᠡᠭᠰᠢᠯᠡᠭᠦᠯᠦᠨ᠎ᠡ᠃ 12345 ᠬᠢᠭᠡᠳ 110 | ᠠᠵᠢᠯᠲᠠᠨ ᠤ ᠰᠣᠯᠢᠯᠴᠠᠭ᠎ᠠ ᠰᠤᠷᠤᠯᠴᠠᠯᠭ᠎ᠠ ᠶᠢᠨ ᠲᠣᠭᠲᠠᠴᠠ ᠶᠢ ᠪᠠᠶᠢᠭᠤᠯᠵᠤ᠂ ᠵᠣᠯᠭᠠᠭᠤᠯᠵᠤ ᠬᠠᠮᠲᠤᠷᠠᠨ ᠬᠥᠳᠡᠯᠦᠯᠴᠡᠬᠦ ᠠᠵᠢᠯ ᠤᠨ ᠦᠷᠭᠦᠯᠵᠢᠯᠡᠨ ᠳᠡᠭᠡᠭᠰᠢᠯᠡᠬᠦ ᠶᠢ | ᠠᠬᠢᠭᠤᠯᠪᠠ᠃ | 5. ᠲᠥᠷᠥᠯ ᠬᠤᠪᠢᠶᠠᠨ ᠬᠢᠨᠠᠯᠲᠠ ᠲᠠᠯᠪᠢᠵᠤ ᠰᠢᠯᠭᠠᠨ ᠬᠢᠨᠠᠬᠤ ᠲᠣᠭᠲᠠᠴᠠ ᠶᠢ ᠴᠢᠩᠭᠠᠷᠠᠭᠤᠯᠤᠨ᠎ᠠ᠃ ᠬᠤᠲᠠ ᠶᠢᠨ ᠶᠠᠪᠤᠳᠠᠯ ᠤᠨ ᠦᠢᠯᠡᠴᠢᠯᠡᠭᠡᠨ ᠤ | ᠲᠣᠪᠴᠢᠶ᠎ᠠ᠂ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠨᠢ ᠡᠷᠭᠢᠯᠲᠡ ᠶᠢᠨ ᠠᠯᠪᠠᠨ ᠭᠡᠷ ᠤᠨ ᠪᠣᠳᠠᠲᠠᠢ ᠳᠦᠷᠢᠮ ᠪᠠ ᠵᠦᠢᠯᠡᠰ ᠤᠨ ᠨᠠᠷᠢᠨ ᠲᠠᠩᠰᠠ ᠶᠢ | ᠨᠠᠷᠢᠯᠢᠭᠵᠢᠭᠤᠯᠤᠨ ᠬᠤᠪᠢᠶᠠᠵᠤ᠂ ᠡᠯ᠎ᠡ ᠳᠠᠭᠠᠭᠠᠨ ᠭᠦᠢᠴᠡᠳᠬᠡᠬᠦ ᠨᠢᠭᠡᠴᠡ ᠶᠢᠨ ᠴᠠᠭ ᠬᠢᠵᠠᠭᠠᠷᠯᠠᠨ ᠰᠢᠢᠳᠪᠦᠷᠢᠯᠡᠵᠦ ᠳᠠᠭᠤᠰᠬᠠᠭᠰᠠᠨ ᠪᠠᠶᠢᠳᠠᠯ᠂ ᠭᠦᠢᠴᠡᠳᠬᠡᠭᠰᠡᠨ | ᠶᠠᠰᠤ ᠴᠢᠨᠠᠷ᠂ ᠪᠤᠴᠠᠭᠠᠨ ᠪᠤᠴᠠᠭᠠᠭᠰᠠᠨ ᠪᠠᠶᠢᠳᠠᠯ ᠵᠡᠷᠭᠡ ᠳᠤ ᠡᠳᠦᠷ ᠲᠤᠲᠤᠮ ᠤᠨ ᠬᠢᠨᠠᠯᠲᠠ ᠲᠠᠯᠪᠢᠨ᠎ᠠ᠃ ᠬᠤᠲᠠ ᠶᠢᠨ 12345 ᠬᠠᠯᠠᠭᠤᠨ ᠤᠲᠠᠰᠤᠨ ᠤ | ᠠᠵᠢᠯ ᠤᠨ ᠤᠳᠤᠷᠢᠳᠬᠤ ᠳᠤᠭᠤᠶᠢᠯᠠᠩ ᠤᠨ ᠠᠯᠪᠠᠨ ᠭᠡᠷ ᠨᠢ ᠳᠠᠭᠠᠬᠤ ᠬᠡᠮᠵᠢᠶ᠎ᠡ ᠪᠠᠷ ᠳᠣᠣᠷ᠎ᠠ᠂ ᠰᠢᠢᠳᠪᠦᠷᠢᠯᠡᠬᠦ ᠶᠠᠰᠤ ᠴᠢᠨᠠᠷ ᠢᠶᠠᠷ ᠠᠨᠠᠢ᠂ ᠰᠢᠢᠳᠪᠦᠷᠢᠯᠡᠬᠦ | ᠴᠠᠭ ᠤᠨ ᠬᠢᠵᠠᠭᠠᠷ ᠠᠴᠠ ᠬᠡᠲᠦᠷᠡᠭᠰᠡᠨ᠂ ᠬᠠᠷᠢᠯᠴᠠᠨ ᠲᠦᠯᠬᠢᠯᠴᠡᠵᠦ ᠬᠠᠷᠢᠯᠴᠠᠨ ᠲᠦᠯᠬᠢᠯᠴᠡᠭᠰᠡᠨ ᠵᠡᠷᠭᠡ ᠪᠠᠶᠢᠳᠠᠯ ᠢ ᠬᠤᠯᠪᠣᠭᠳᠠᠯ ᠪᠦᠬᠦᠢ ᠲᠣᠭᠲᠠᠭᠠᠯ ᠶᠣᠰᠣᠭᠠᠷ | ᠲᠣᠬᠢᠷᠠᠭᠤᠯᠵᠤ᠂ ᠰᠢᠪᠠᠳᠠᠨ ᠰᠢᠢᠳᠪᠦᠷᠢᠯᠡᠭᠦᠯᠵᠦ᠂ ᠵᠠᠷᠯᠠᠨ ᠮᠡᠳᠡᠭᠳᠡᠵᠦ᠂ ᠪᠣᠯᠵᠣᠨ ᠶᠠᠷᠢᠯᠴᠠᠵᠤ᠂ ᠭᠤᠮᠣᠳᠠᠯ ᠱᠠᠭᠠᠷᠳᠠᠯᠭ᠎ᠠ ᠶᠢ ᠭᠦᠢᠴᠡᠳᠬᠡᠬᠦ ᠨᠢᠭᠡᠴᠡ ᠶᠢᠨ | ᠬᠠᠷᠢᠭᠤᠴᠠᠯᠭ᠎ᠠ ᠶᠢ ᠪᠣᠳᠠᠲᠠᠶᠢᠵᠢᠭᠤᠯᠬᠤ ᠶᠢᠨ ᠬᠠᠮᠲᠤ᠂ ᠭᠥᠯᠢᠶᠡᠨ ᠠᠪᠴᠤ ᠰᠢᠢᠳᠪᠦᠷᠢᠯᠡᠬᠦ᠂ ᠲᠡᠷᠡ ᠳᠠᠷᠤᠢ ᠳᠤᠨᠢ ᠰᠢᠯᠵᠢᠭᠦᠯᠦᠨ ᠰᠢᠢᠳᠪᠦᠷᠢᠯᠡᠭᠦᠯᠬᠦ᠂ ᠴᠠᠭ | ᠬᠢᠵᠠᠭᠠᠷᠯᠠᠨ ᠰᠢᠢᠳᠪᠦᠷᠢᠯᠡᠬᠦ᠂ ᠬᠠᠨᠤᠮᠵᠢ ᠶᠢᠨ ᠬᠡᠮᠵᠢᠶ᠎ᠡ ᠶᠢ ᠰᠢᠯᠭᠠᠨ ᠲᠣᠭᠲᠠᠭᠠᠬᠤ ᠶᠢ ᠠᠵᠢᠯ ᠤᠨ ᠠᠮᠵᠢᠯᠲᠠ ᠪᠦᠲᠦᠮᠵᠢ ᠶᠢ ᠰᠢᠯᠭᠠᠨ ᠬᠢᠨᠠᠬᠤ ᠳᠤ ᠣᠷᠣᠭᠤᠯᠤᠨ᠎ᠠ᠃ | ᠬᠤᠲᠠ ᠶᠢᠨ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠬᠠᠮᠲᠤᠷᠠᠨ ᠬᠥᠳᠡᠯᠦᠯᠴᠡᠬᠦ ᠨᠢᠭᠡᠴᠡ ᠶᠢᠨ ᠪᠠᠴᠢᠮ ᠪᠠᠶᠢᠳᠠᠯ ᠢ ᠠᠷᠭᠠᠴᠠᠬᠤ ᠶᠢᠨ ᠬᠠᠮᠲᠤᠷᠠᠨ ᠬᠥᠳᠡᠯᠦᠯᠴᠡᠵᠦ | ᠳᠠᠭᠠᠬᠤ᠂ ᠴᠠᠭᠳᠠᠭᠠᠨ ᠤ ᠶᠠᠪᠤᠳᠠᠯ ᠤᠨ ᠪᠤᠰᠤ ᠲᠥᠷᠥᠯ ᠤᠨ ᠪᠠᠴᠢᠮ ᠬᠡᠷᠡᠭ ᠶᠠᠪᠤᠳᠠᠯ ᠢ ᠬᠠᠮᠲᠤᠷᠠᠨ ᠬᠥᠳᠡᠯᠦᠯᠴᠡᠵᠦ ᠰᠢᠢᠳᠪᠦᠷᠢᠯᠡᠬᠦ ᠵᠡᠷᠭᠡ ᠬᠠᠮᠢᠶ᠎ᠠ ᠪᠦᠬᠦᠢ | ᠪᠠᠶᠢᠳᠠᠯ ᠢ ᠲᠣᠭᠲᠠᠮᠠᠯ ᠬᠤᠭᠤᠴᠠᠭ᠎ᠠ ᠲᠠᠢ ᠪᠠᠷ ᠴᠤᠭᠯᠠᠭᠤᠯᠤᠨ ᠬᠤᠷᠢᠶᠠᠩᠭᠤᠶᠢᠯᠠᠵᠤ᠂ ᠡᠳᠦᠷ ᠲᠤᠲᠤᠮ ᠤᠨ ᠬᠢᠨᠠᠯᠲᠠ ᠪᠠᠨᠠᠵᠢᠯ ᠤᠨ ᠬᠡᠷᠡᠭᠵᠢᠭᠦᠯᠦᠯᠲᠡ ᠨᠢ | ᠬᠦᠴᠦᠨ ᠦᠭᠡᠢ᠂ ᠦᠶᠯᠡ ᠪᠠᠶᠢᠳᠠᠯ ᠨᠢ ᠬᠦᠨᠳᠦ ᠨᠣᠴᠢᠲᠠᠢ᠂ ᠮᠠᠭᠤ ᠨᠥᠯᠥᠭᠡ ᠪᠤᠶᠤ ᠦᠷ᠎ᠡ ᠳ᠋ᠦᠩ ᠭᠠᠷᠭᠠᠭᠰᠠᠨ ᠪᠠᠶᠢᠪᠠᠯ᠂ ᠬᠠᠮᠢᠶᠠᠷᠤᠯᠲᠠ ᠶᠢᠨ ᠡᠷᠬᠡ ᠮᠡᠳᠡᠯ ᠲᠠᠢ | ᠨᠠᠮ ᠤᠨ ᠵᠣᠬᠢᠶᠠᠨ ᠪᠠᠶᠢᠭᠤᠯᠤᠯᠲᠠ ᠪᠤᠶᠤ ᠰᠠᠬᠢᠯᠭ᠎ᠠ ᠪᠠᠲᠤ ᠪᠠᠶᠢᠴᠠᠭᠠᠬᠤ ᠬᠢᠨᠠᠨ ᠪᠠᠶᠢᠴᠠᠭᠠᠬᠤ ᠪᠠᠶᠢᠭᠤᠯᠭ᠎ᠠ ᠳᠤ ᠲᠠᠰ ᠳᠠᠷᠠᠭᠠᠯᠠᠯ ᠶᠣᠰᠣᠭᠠᠷ ᠠᠰᠠᠭᠤᠳᠠᠯ ᠤᠨ | ᠰᠦᠪᠡᠭᠴᠢ ᠶᠢ ᠰᠢᠯᠵᠢᠭᠦᠯᠦᠨ ᠲᠤᠰᠢᠶᠠᠨ᠎ᠠ᠃ 12345 ᠪᠣᠯᠣᠨ 110 ᠲᠣᠭᠲᠠᠮᠠᠯ ᠬᠤᠭᠤᠴᠠᠭ᠎ᠠ ᠲᠠᠢ ᠪᠠᠷ ᠭᠤᠮᠣᠳᠠᠯ ᠲᠣᠭᠠᠴᠢᠯᠲᠠ ᠶᠢ ᠰᠢᠢᠳᠪᠦᠷᠢᠯᠡᠭᠰᠡᠨ | ᠪᠠᠶᠢᠳᠠᠯ ᠳᠤ ᠬᠢᠨᠠᠯᠲᠠ ᠪᠠᠶᠢᠴᠠᠭᠠᠯᠲᠠ ᠬᠢᠵᠦ᠂ 12345 ᠠᠴᠠ 110 ᠴᠠᠭᠳᠠᠭ᠎ᠠ ᠶᠢ ᠬᠦᠯᠢᠶᠡᠨ ᠠᠪᠴᠤ ᠰᠢᠢᠳᠪᠦᠷᠢᠯᠡᠬᠦ ᠰᠢᠰᠲ᠋ᠧᠮ ᠤᠨ ᠴᠠᠭᠳᠠᠭᠠᠨ ᠤ | ᠶᠠᠪᠤᠳᠠᠯ ᠤᠨ ᠴᠠᠭᠳᠠᠭ᠎ᠠ ᠶᠢᠨ ᠪᠠᠶᠢᠳᠠᠯ ᠢ ᠭᠦᠢᠴᠡᠳᠬᠡᠬᠦ ᠳᠣᠲᠣᠭᠠᠳᠤ ᠶᠢ ᠬᠠᠮᠠᠭᠠᠯᠠᠬᠤ ᠪᠠᠶᠢᠭᠤᠯᠭ᠎ᠠ ᠶᠢᠨ ᠬᠢᠨᠠᠨ ᠰᠢᠯᠭᠠᠵᠤ ᠬᠢᠨᠠᠯᠲᠠ ᠲᠠᠯᠪᠢᠬᠤ ᠲᠣᠭᠲᠠᠴᠠ ᠳᠤ | ᠰᠢᠯᠵᠢᠵᠦ᠂ 12345 ᠠᠴᠠ ᠪᠦᠷᠢᠯᠳᠦᠭᠦᠨ ᠨᠢᠭᠡᠴᠢ ᠳᠤ ᠬᠢᠨᠠᠯᠲᠠ ᠲᠠᠯᠪᠢᠵᠤ ᠬᠢᠨᠠᠨ ᠰᠢᠯᠭᠠᠬᠤ ᠳᠤ ᠣᠷᠣᠯᠴᠠᠬᠤ ᠦᠭᠡᠢ︔ 12345 ᠠᠴᠠ 110 ᠪᠣᠯᠭᠠᠨ | ᠰᠢᠯᠵᠢᠭᠦᠯᠦᠨ ᠰᠢᠢᠳᠪᠦᠷᠢᠯᠡᠭᠦᠯᠬᠦ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠵᠦᠢᠯᠡᠰ ᠲᠤ 12345 ᠶᠢᠨ ᠪᠦᠷᠢᠯᠳᠦᠭᠦᠨ ᠨᠢᠭᠡᠴᠡ ᠶᠢᠨ ᠠᠵᠢᠯ ᠤᠨ ᠱᠠᠭᠠᠷᠳᠠᠯᠭ᠎ᠠ | ᠶᠣᠰᠣᠭᠠᠷ ᠬᠢᠨᠠᠯᠲᠠ ᠲᠠᠯᠪᠢᠵᠤ ᠬᠢᠨᠠᠨ ᠰᠢᠯᠭᠠᠨ᠎ᠠ︔ 110 ᠶᠢ 12345 ᠳᠤ ᠰᠢᠯᠵᠢᠭᠦᠯᠦᠨ ᠣᠷᠣᠭᠤᠯᠤᠭᠰᠠᠨ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ | ᠵᠦᠢᠯᠡᠰ ᠲᠤ 12345 ᠠᠴᠠ ᠬᠤᠯᠪᠣᠭᠳᠠᠯ ᠪᠦᠬᠦᠢ ᠪᠦᠷᠢᠯᠳᠦᠭᠦᠨ ᠨᠢᠭᠡᠴᠢ ᠳᠤ ᠬᠢᠨᠠᠯᠲᠠ ᠲᠠᠯᠪᠢᠵᠤ ᠬᠢᠨᠠᠨ ᠰᠢᠯᠭᠠᠨ᠎ᠠ᠃ | ︵ᠭᠤᠷᠪᠠ︶ ᠰᠢᠰᠲ᠋ᠧᠮ ᠤᠨ ᠲᠤᠯᠭᠠᠭᠤᠷᠢᠯᠠᠯ ᠪᠠ ᠳ᠋ᠠᠶᠢᠲ᠋ᠠ ᠶᠢ ᠬᠠᠮᠲᠤᠪᠠᠷ ᠭᠥᠷᠳᠡᠵᠦ ᠬᠡᠷᠡᠭᠯᠡᠬᠦ ᠶᠢ ᠴᠢᠩᠭᠠᠷᠠᠭᠤᠯᠤᠨ᠎ᠠ᠃ | 1. ᠬᠠᠮᠲᠤᠷᠠᠨ ᠬᠥᠳᠡᠯᠦᠯᠴᠡᠬᠦ ᠲᠠᠪᠴᠠᠩ ᠢ ᠪᠠᠶᠢᠭᠤᠯᠤᠨ᠎ᠠ᠃︽ᠰᠢᠰᠲ᠋ᠧᠮ ᠢ ᠠᠭᠤᠰᠤᠯᠴᠠᠭᠤᠯᠤᠨ ᠵᠠᠯᠭᠠᠬᠤ᠂ ᠲᠤᠭ᠎ᠠ ᠪᠠᠷᠢᠮᠲᠠ ᠶᠢ ᠠᠭᠤᠰᠤᠯᠴᠠᠭᠤᠯᠤᠨ᠂ | ᠲᠣᠭᠲᠠᠴᠠ ᠶᠢ ᠠᠭᠤᠰᠤᠯᠴᠠᠭᠤᠯᠤᠨ ᠰᠢᠯᠢᠳᠡᠭᠵᠢᠭᠦᠯᠬᠦ︾ ᠶᠡᠷᠦᠩᠬᠡᠢ ᠰᠡᠳᠬᠢᠮᠵᠢ ᠶᠢᠨ ᠶᠣᠰᠣᠭᠠᠷ᠂ 12345 ᠪᠠ 110 ᠠᠵᠢᠯ ᠤᠨ ᠲᠠᠪᠴᠠᠩ ᠢ ᠨᠠᠪᠲᠠᠷᠡᠭᠦᠯᠵᠦ᠂ | ᠠᠵᠢᠯ ᠤᠨ ᠬᠠᠭᠤᠳᠠᠰᠤ᠂ ᠴᠠᠭᠳᠠᠭᠠᠨ ᠤ ᠬᠠᠭᠤᠳᠠᠰᠤ ᠶᠢᠨ ᠬᠠᠷᠢᠯᠴᠠᠨ ᠨᠡᠪᠲᠡᠷᠡᠬᠦ ᠵᠠᠮ ᠢ ᠪᠠᠶᠢᠭᠤᠯᠤᠨ᠂ ᠵᠣᠯᠭᠠᠭᠤᠯᠬᠤ ᠵᠦᠢᠯᠡᠰ ᠢ ᠰᠦᠯᠵᠢᠶᠡᠨ ᠳᠡᠭᠡᠷ᠎ᠡ | ᠡᠷᠭᠢᠯᠳᠦᠭᠦᠯᠬᠦ᠂ ᠳᠠᠭᠠᠵᠤ ᠰᠢᠮᠳᠠᠭᠤᠯᠤᠨ ᠭᠦᠢᠴᠡᠳᠬᠡᠬᠦ᠂ ᠬᠠᠷᠢᠭᠤ ᠲᠤᠰᠬᠠᠵᠤ ᠬᠠᠷᠢᠭᠤ ᠰᠤᠷᠪᠤᠯᠵᠢᠯᠠᠬᠤ᠂ ᠣᠶᠤᠨᠴᠢ ᠪᠠᠷ ᠬᠢᠨᠠᠨ ᠬᠠᠮᠢᠶᠠᠷᠬᠤ ᠪᠢᠲᠡᠭᠦᠦ ᠴᠠᠭᠠᠷᠢᠭ | ᠠᠵᠢᠯᠯᠠᠭᠠᠨ ᠤ ᠵᠠᠭᠪᠤᠷ ᠢ ᠪᠡᠶᠡᠯᠡᠭᠦᠯᠦᠨ᠎ᠡ᠃ᠠᠵᠢᠯ ᠤᠨ ᠪᠣᠳᠠᠲᠤ ᠪᠠᠶᠢᠳᠠᠯ ᠲᠠᠢ ᠪᠠᠨ ᠤᠶᠠᠯᠳᠤᠭᠤᠯᠤᠨ 12345 ᠪᠣᠯᠣᠨ 110 ᠶᠢ ᠨᠢᠭᠡ ᠴᠣᠭᠴᠠᠵᠢᠭᠤᠯᠤᠨ | ᠬᠤᠯᠪᠤᠭᠠᠯᠠᠨ ᠬᠥᠳᠡᠯᠦᠯᠴᠡᠬᠦ ᠠᠵᠢᠯ ᠤᠨ ᠲᠠᠪᠴᠠᠩ ᠪᠤᠶᠤ ᠬᠠᠷᠢᠯᠴᠠᠨ ᠠᠵᠢᠯᠲᠠᠨ ᠲᠣᠮᠢᠯᠠᠨ ᠰᠠᠭᠤᠯᠭᠠᠬᠤ ᠶᠢ ᠠᠬᠢᠭᠤᠯᠵᠤ᠂ ᠵᠠᠰᠠᠭ ᠤᠨ ᠶᠠᠪᠤᠳᠠᠯ ᠤᠨ | ᠦᠢᠯᠡᠴᠢᠯᠡᠭᠡ ᠵᠢᠴᠢ ᠲᠡᠷᠭᠡ ᠰᠢᠯᠵᠢᠭᠦᠯᠬᠦ᠂ ᠣᠨᠢᠰᠤ ᠨᠡᠭᠡᠭᠡᠬᠦ ᠵᠡᠷᠭᠡ ᠠᠷᠠᠳ ᠲᠤ ᠲᠥᠬᠦᠮ ᠦᠵᠡᠭᠦᠯᠬᠦ ᠦᠢᠯᠡᠴᠢᠯᠡᠭᠡ ᠶᠢ ᠬᠠᠮᠵᠢᠯᠴᠠᠨ ᠰᠢᠢᠳᠪᠦᠷᠢᠯᠡᠬᠦ ᠶᠢᠨ | ᠵᠢᠷᠦᠮᠵᠢᠯᠲᠡ᠂ ᠪᠠᠷᠢᠮᠵᠢᠶᠠᠵᠢᠯᠲᠠ᠂ ᠲᠤᠰᠬᠠᠶᠢᠵᠢᠯᠲᠠ᠂ ᠣᠶᠤᠨᠴᠢᠯᠠᠯᠲᠠ ᠶᠢ ᠲᠦᠯᠬᠢᠨ ᠠᠬᠢᠭᠤᠯᠪᠠ᠃ | 2. ᠳ᠋ᠠᠶᠢᠲ᠋ᠠ ᠶᠢᠨ ᠠᠮᠤᠷ ᠲᠦᠪᠰᠢᠨ ᠢ ᠬᠠᠮᠲᠤᠪᠠᠷ ᠡᠳ᠋ᠯᠡᠬᠦ ᠶᠢ ᠠᠬᠢᠭᠤᠯᠤᠨ᠎ᠠ᠃ 12345 ᠪᠠ 110 ᠣᠲᠣ ᠶᠢᠨ ᠪᠠᠶᠢᠭ᠎ᠠ ᠰᠢᠰᠲ᠋ᠧᠮ ᠳᠤ ᠲᠦᠰᠢᠭᠯᠡᠨ᠂ | ᠪᠥᠬᠦ ᠣᠷᠣᠨ ᠤ ᠨᠢᠭᠡᠳᠦᠯᠲᠡᠢ ᠵᠢᠷᠤᠮᠵᠢᠭᠰᠠᠨ ᠵᠣᠬᠢᠶᠠᠨ ᠪᠠᠶᠢᠭᠤᠯᠤᠯᠲᠠ ᠶᠢᠨ ᠪᠠᠶᠢᠭᠤᠯᠤᠮᠵᠢ ᠶᠢᠨ ᠣᠷᠣᠯᠠᠬᠤ ᠨᠣᠮᠧᠷ᠂ ᠠᠵᠢᠯ ᠤᠨ ᠬᠠᠭᠤᠳᠠᠰᠤ ᠪᠠ ᠴᠠᠭᠳᠠᠭᠠᠨ ᠤ | ᠬᠠᠭᠤᠳᠠᠰᠤ ᠶᠢᠨ ᠪᠠᠷᠢᠮᠵᠢᠶ᠎ᠠ ᠶᠢᠨ ᠱᠠᠭᠠᠷᠳᠠᠯᠭ᠎ᠠ ᠶᠢ ᠦᠨᠳᠦᠰᠦᠯᠡᠨ᠂ ᠬᠠᠷᠢᠭᠤ ᠲᠤᠰᠬᠠᠬᠤ ᠲᠥᠷᠥᠯ ᠵᠦᠢᠯ ᠵᠡᠷᠭᠡ ᠰᠠᠭᠤᠷᠢ ᠲᠤᠭ᠎ᠠ ᠪᠠᠷᠢᠮᠲᠠ ᠪᠠ ᠭᠤᠣᠯ | ᠰᠡᠳᠦᠪᠲᠦ ᠬᠡᠷᠡᠭᠯᠡᠭᠡᠨ ᠤ ᠲᠤᠭ᠎ᠠ ᠪᠠᠷᠢᠮᠲᠠ ᠶᠢ ᠭᠥᠯᠢᠶᠡᠨ ᠠᠪᠴᠤ ᠰᠢᠢᠳᠪᠦᠷᠢᠯᠡᠵᠦ᠂ ᠲᠤᠬᠠᠶᠢᠯᠠᠭᠰᠠᠨ ᠠᠵᠢᠯ ᠤᠨ ᠴᠤᠪᠤᠷᠠᠯ ᠢ ᠡᠮᠬᠢᠯᠡᠨ ᠳᠢᠭᠯᠡᠵᠦ᠂ ᠬᠤᠯᠪᠤᠭᠠᠯᠠᠨ | ᠨᠡᠪᠲᠡᠷᠡᠯᠴᠡᠬᠦ ᠪᠠᠷᠢᠮᠵᠢᠶ᠎ᠠ ᠶᠢ ᠵᠣᠯᠭᠠᠭᠤᠯᠤᠨ᠂ ᠲᠤᠭ᠎ᠠ ᠪᠠᠷᠢᠮᠲᠠ ᠶᠢᠨ ᠠᠭᠤᠰᠤᠯᠴᠠᠬᠤ ᠬᠡᠪᠴᠢᠶ᠎ᠡ ᠶᠢ ᠵᠣᠯᠭᠠᠭᠤᠯᠤᠨ᠎ᠠ᠃ ︽ᠬᠠᠮᠲᠤ ᠪᠠᠷ ᠡᠳ᠋ᠯᠡᠬᠦ ᠪᠠᠷ ᠵᠠᠷᠴᠢᠮ | ᠪᠣᠯᠭᠠᠵᠤ᠂ ᠬᠠᠮᠲᠤ ᠪᠠᠷ ᠡᠳ᠋ᠯᠡᠬᠦ ᠦᠭᠡᠢ ᠪᠠᠷ ᠣᠨᠴᠠᠭᠠᠶ ᠵᠦᠢᠯ ᠪᠣᠯᠭᠠᠬᠤ︾ ᠶᠢ ᠪᠠᠷᠢᠮᠲᠠᠯᠠᠵᠤ᠂ ᠠᠮᠤᠷ ᠲᠦᠪᠰᠢᠨ ᠢ ᠦᠨᠡᠨᠬᠦ ᠪᠠᠲᠤᠯᠠᠭᠰᠠᠨ ᠤᠷᠢᠲᠠᠯ ᠳᠣᠣᠷ᠎ᠠ᠂ | 12345 ᠪᠣᠯᠣᠨ 110 ᠶᠢ ᠰᠠᠯᠭᠠᠨ ᠶᠠᠪᠤᠭᠤᠯᠵᠤ ᠬᠠᠮᠲᠤᠷᠠᠨ ᠬᠥᠳᠡᠯᠦᠯᠴᠡᠬᠦ ᠵᠦᠢᠯᠡᠰ ᠤᠨ ᠠᠵᠢᠯ ᠤᠨ ᠬᠠᠭᠤᠳᠠᠰᠤ ᠶᠢᠨ ᠲᠤᠭ᠎ᠠ ᠪᠠᠷᠢᠮᠲᠠ ᠳᠤ | ᠦᠢᠯᠡᠴᠢᠯᠡᠭᠡᠨ ᠤ ᠵᠠᠯᠭᠠᠰᠤ ᠶᠢ ᠬᠤᠣᠰ ᠴᠢᠭᠯᠡᠯ ᠢᠶᠠᠷ ᠬᠠᠮᠲᠤ ᠪᠠᠷ ᠡᠳ᠋ᠯᠡᠬᠦ ᠠᠷᠭ᠎ᠠ ᠬᠡᠮᠵᠢᠶ᠎ᠡ ᠠᠪᠴᠤ᠂ ᠳᠤᠮᠳᠠᠬᠢ ᠳ᠋ᠠᠶᠢᠲ᠋ᠠ ᠶᠢᠨ ᠬᠥᠮᠥᠷᠭᠡ ᠶᠢᠨ ᠬᠠᠮᠲᠤᠪᠠᠷ ᠡᠳ᠋ᠯᠡᠬᠦ | ᠳ᠋ᠠᠶᠢᠲ᠋ᠠ ᠶᠢ ᠬᠠᠮᠲᠤᠪᠠᠷ ᠪᠠᠶᠢᠭᠤᠯᠵᠤ᠂ ᠮᠡᠳᠡᠭᠡ ᠵᠠᠩᠭᠢ ᠶᠢᠨ ᠲᠤᠭ᠎ᠠ ᠪᠠᠷᠢᠮᠲᠠ ᠶᠢᠨ ᠬᠤᠯᠪᠣᠯᠳᠤᠨ ᠨᠡᠪᠲᠡᠷᠡᠯᠴᠡᠬᠦ ᠶᠢ ᠪᠡᠶᠡᠯᠡᠭᠦᠯᠵᠦ᠂ ᠠᠵᠢᠯ ᠤᠨ ᠬᠠᠭᠤᠳᠠᠰᠤ | ᠰᠡᠷᠡᠮᠵᠢ ᠶᠢᠨ ᠬᠠᠭᠤᠳᠠᠰᠤ ᠶᠢ ᠬᠤᠣᠰ ᠴᠢᠭᠯᠡᠯ ᠢᠶᠠᠷ ᠡᠷᠭᠢᠯᠳᠦᠭᠦᠯᠵᠦ᠂ ᠬᠠᠷᠢᠭᠤ ᠲᠤᠰᠬᠠᠯ ᠤᠨ ᠪᠢᠲᠡᠭᠦᠦ ᠴᠠᠭᠠᠷᠢᠭ ᠤᠨ ᠠᠵᠢᠯᠯᠠᠭᠠᠨ ᠢ ᠬᠦᠯᠢᠶᠡᠨ ᠠᠪᠴᠤ | ᠰᠢᠢᠳᠪᠦᠷᠢᠯᠡᠨ᠎ᠡ᠃ ᠬᠡᠷᠡᠭᠯᠡᠭᠡᠨ ᠤ ᠬᠤᠶᠠᠷ ᠲᠠᠯ᠎ᠠ ᠶᠢᠨ ᠮᠡᠳᠡᠯᠭᠡ ᠶᠢᠨ ᠬᠥᠮᠥᠷᠭᠡ᠂ ᠲᠤᠰᠬᠠᠢ ᠮᠡᠷᠭᠡᠵᠢᠯᠲᠡᠨ ᠤ ᠬᠥᠮᠥᠷᠭᠡ ᠵᠡᠷᠭᠡ ᠲᠤᠭ᠎ᠠ ᠪᠠᠷᠢᠮᠲᠠ ᠶᠢ ᠬᠠᠮᠲᠤ ᠪᠠᠷ | ᠡᠳ᠋ᠯᠡᠬᠦ ᠶᠢᠨ ᠬᠠᠮᠲᠤ ᠬᠠᠷᠢᠯᠴᠠᠨ ᠣᠶᠢᠯᠠᠭᠠᠵᠤ ᠮᠡᠳᠡᠬᠦ ᠪᠤᠰᠤᠳ ᠵᠦᠢᠯᠡᠰ ᠢ ᠬᠠᠮᠲᠤ ᠪᠠᠷ ᠡᠳ᠋ᠯᠡᠬᠦ ᠪᠠᠷ ᠵᠥᠪᠳᠡᠯᠴᠡᠨ ᠲᠣᠭᠲᠠᠭᠠᠵᠤ᠂ ᠣᠶᠢᠯᠠᠭᠠᠵᠤ ᠮᠡᠳᠡᠬᠦ ᠬᠦᠷᠢᠶ᠎ᠡ | ᠬᠡᠪᠴᠢᠶ᠎ᠡ ᠶᠢ ᠲᠣᠳᠣᠷᠬᠠᠶᠢᠯᠠᠨ᠂ ᠪᠠᠶᠢᠴᠠᠭᠠᠵᠤ ᠪᠣᠯᠬᠤ᠂ ᠨᠡᠬᠡᠮᠵᠢᠯᠡᠵᠦ ᠪᠣᠯᠬᠤ᠂ ᠬᠡᠷᠡᠭᠯᠡᠵᠦ ᠪᠣᠯᠬᠤ ᠶᠢ ᠪᠡᠶᠡᠯᠡᠭᠦᠯᠵᠦ᠂ ᠲᠤᠭ᠎ᠠ ᠪᠠᠷᠢᠮᠲᠠ ᠶᠢᠨ ᠦᠨ᠎ᠡ ᠥᠷᠲᠡᠭ ᠢ | ᠬᠠᠮᠤᠭ ᠤᠨ ᠶᠡᠭᠡ ᠬᠡᠮᠵᠢᠶ᠎ᠡ ᠪᠠᠷ ᠠᠭᠤᠳᠠᠯᠵᠤ᠂ ᠪᠠᠶᠢᠩᠭᠤᠵᠢᠭᠰᠠᠨ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠭᠤᠮᠣᠳᠠᠯ ᠱᠠᠭᠠᠷᠳᠠᠯᠭ᠎ᠠ ᠪᠠ ᠴᠠᠭᠳᠠᠭᠠᠨ ᠤ | ᠪᠠᠶᠢᠳᠠᠯ ᠤᠨ ᠲᠤᠭ᠎ᠠ ᠪᠠᠷᠢᠮᠲᠠ ᠶᠢ ᠠᠭᠤᠰᠤᠯᠴᠠᠭᠤᠯᠤᠨ ᠰᠤᠳᠤᠯᠤᠨ ᠮᠠᠭᠠᠳᠯᠠᠬᠤ ᠶᠢ ᠪᠡᠶᠡᠯᠡᠭᠦᠯᠦᠨ᠎ᠡ᠃ | 3. ᠲᠤᠭ᠎ᠠ ᠪᠠᠷᠢᠮᠲᠠ ᠶᠢᠨ ᠬᠡᠷᠡᠭᠯᠡᠯᠲᠡ ᠶᠢ ᠴᠢᠩᠭᠠᠷᠠᠭᠤᠯᠤᠨ᠎ᠠ᠃ ᠮᠡᠳᠡᠭᠡ ᠵᠠᠩᠭᠢᠵᠢᠯᠲᠠ ᠶᠢᠨ ᠠᠷᠭ᠎ᠠ ᠪᠠᠷᠢᠯ ᠢ ᠬᠡᠷᠡᠭᠯᠡᠨ᠂ 12345 ᠲᠣᠭᠲᠠᠮᠠᠯ | ᠬᠤᠭᠤᠴᠠᠭ᠎ᠠ ᠲᠠᠢ ᠪᠠᠷ ᠠᠵᠤ ᠠᠬᠤᠶᠢᠯᠠᠯ ᠪᠣᠯᠣᠨ ᠣᠯᠠᠨ ᠲᠦᠮᠡᠨ ᠤ ᠥᠨᠳᠥᠷ ᠳᠠᠪᠲᠠᠮᠵᠢ ᠶᠢᠨ ᠯᠠᠪᠯᠠᠯᠲᠠ ᠶᠢᠨ ᠲᠥᠷᠥᠯ ᠤᠨ ᠠᠰᠠᠭᠤᠳᠠᠯ᠂ ᠥᠨᠳᠥᠷ | ᠳᠠᠪᠲᠠᠮᠵᠢ ᠶᠢᠨ ᠰᠢᠯᠵᠢᠭᠦᠯᠦᠨ ᠭᠦᠢᠴᠡᠳᠬᠡᠬᠦ ᠤᠴᠢᠷ ᠶᠠᠪᠤᠳᠠᠯ ᠢ ᠬᠤᠷᠢᠶᠠᠩᠭᠤᠶᠢᠯᠠᠵᠤ᠂ ᠬᠤᠯᠪᠣᠭᠳᠠᠭᠤᠯᠬᠤ ᠪᠠᠷ ᠳᠠᠮᠵᠢᠭᠤᠯᠤᠨ ᠠᠷᠠᠳ ᠤᠨ ᠠᠮᠢᠳᠤᠷᠠᠯ ᠤᠨ | ᠬᠦᠰᠡᠯ ᠱᠠᠭᠠᠷᠳᠠᠯᠭ᠎ᠠ ᠶᠢ ᠰᠤᠳᠤᠯᠤᠨ ᠮᠠᠭᠠᠳᠯᠠᠵᠤ᠂ ᠠᠮᠤᠷ ᠲᠦᠪᠰᠢᠨ ᠢ ᠬᠠᠮᠠᠭᠠᠯᠠᠬᠤ ᠴᠠᠭᠳᠠᠭ᠎ᠠ ᠶᠢᠨ ᠪᠠᠶᠢᠳᠠᠯ ᠢ ᠰᠤᠳᠤᠯᠤᠨ ᠮᠠᠭᠠᠳᠯᠠᠵᠤ᠂ ᠠᠷᠠᠳ ᠤᠨ | ᠰᠠᠨᠠᠭᠠᠨ ᠤ ᠬᠠᠯᠠᠮᠰᠢᠯ ᠴᠡᠭ᠂ ᠠᠶᠤᠯ ᠲᠦᠭᠰᠢᠭᠦᠷᠢ ᠶᠢᠨ ᠬᠡᠮ ᠰᠣᠭᠤᠭ᠂ ᠵᠥᠷᠢᠴᠡᠯ ᠠᠰᠠᠭᠤᠳᠠᠯ ᠢ ᠪᠦᠲᠦᠮᠵᠢᠲᠡᠶ ᠪᠠᠷ ᠵᠢᠭᠰᠠᠭᠠᠨ ᠪᠠᠶᠢᠴᠠᠭᠠᠵᠤ᠂ ᠲᠣᠰ ᠲᠣᠰ ᠤᠨ | ᠡᠭᠦᠷᠭᠡ ᠬᠠᠷᠢᠭᠤᠴᠠᠯᠭ᠎ᠠ ᠶᠢᠨ ᠬᠡᠪᠴᠢᠶ᠎ᠡ ᠲᠠᠢ ᠪᠠᠨ ᠤᠶᠠᠯᠳᠤᠭᠤᠯᠤᠨ ᠲᠣᠰ ᠲᠣᠰ ᠲᠤᠨᠢ ᠰᠤᠳᠤᠯᠤᠨ ᠮᠠᠭᠠᠳᠯᠠᠭᠰᠠᠨ ᠰᠠᠭᠤᠷᠢᠨ ᠳᠡᠭᠡᠷ᠎ᠡ᠂ ᠬᠠᠮᠲᠤᠷᠠᠨ ᠰᠤᠳᠤᠯᠤᠨ | ᠮᠠᠭᠠᠳᠯᠠᠬᠤ᠂ ᠲᠤᠰᠬᠠᠢ ᠰᠡᠳᠦᠪ ᠢᠶᠠᠷ ᠰᠤᠳᠤᠯᠤᠨ ᠮᠠᠭᠠᠳᠯᠠᠬᠤ᠂ ᠶᠡᠷᠦᠩᠬᠡᠶᠢᠯᠡᠨ ᠰᠤᠳᠤᠯᠤᠨ ᠮᠠᠭᠠᠳᠯᠠᠬᠤ ᠶᠢ ᠪᠠᠶᠢᠩᠭᠤᠵᠢᠭᠤᠯᠤᠨ ᠥᠷᠨᠢᠭᠦᠯᠵᠦ᠂ 12345 | ᠬᠢᠭᠡᠳ 110 ᠥᠨᠳᠥᠷ ᠪᠦᠲᠦᠮᠵᠢᠲᠡᠶ ᠪᠠᠷ ᠵᠣᠯᠭᠠᠭᠤᠯᠤᠨ ᠬᠤᠯᠪᠤᠭᠠᠯᠠᠨ ᠬᠥᠳᠡᠯᠦᠯᠴᠡᠬᠦ ᠶᠢ ᠦᠨᠡᠨᠬᠦ ᠠᠬᠢᠭᠤᠯᠵᠤ᠂ ᠭᠡᠨᠡᠳᠲᠡ ᠶᠢᠨ ᠴᠠᠭᠳᠠᠭᠠᠨ ᠤ ᠪᠠᠶᠢᠳᠠᠯ ᠢ | ᠲᠦᠷᠭᠡᠨ ᠪᠥᠭᠡᠳ ᠪᠦᠲᠦᠮᠵᠢᠲᠡᠶ ᠰᠢᠢᠳᠪᠦᠷᠢᠯᠡᠵᠦ᠂ ᠴᠠᠭᠳᠠᠭᠠᠨ ᠤ ᠶᠠᠪᠤᠳᠠᠯ ᠤᠨ ᠪᠤᠰᠤ ᠲᠤᠰᠠᠯᠠᠮᠵᠢ ᠭᠤᠶᠤᠴᠢᠯᠠᠬᠤ ᠶᠢ ᠰᠢᠨᠵᠢᠯᠡᠬᠦ ᠤᠬᠠᠭᠠᠨᠴᠢ ᠪᠠᠷ ᠵᠦᠢ | ᠵᠣᠬᠢᠰᠲᠠᠢ ᠪᠠᠷ ᠰᠠᠯᠭᠠᠨ ᠲᠣᠬᠢᠷᠠᠭᠤᠯᠵᠤ᠂ ᠬᠠᠮᠵᠢᠯᠴᠠᠨ ᠦᠢᠯᠡᠴᠢᠯᠡᠬᠦ ᠦᠢᠯᠡᠳᠦᠯ ᠴᠢᠳᠠᠪᠤᠷᠢ ᠶᠢ ᠳᠡᠭᠡᠭᠰᠢᠯᠡᠭᠦᠯᠦᠨ᠂ ᠤᠳᠤᠷᠢᠳᠤᠯᠭ᠎ᠠ ᠶᠢᠨ ᠰᠢᠢᠳᠪᠦᠷᠢᠲᠦ | ᠪᠣᠳᠣᠯᠭ᠎ᠠ ᠲᠣᠭᠲᠠᠭᠠᠬᠤ ᠳᠤ ᠬᠦᠴᠦᠲᠡᠢ ᠦᠢᠯᠡᠴᠢᠯᠡᠨ᠎ᠡ᠃ | ᠭᠤᠷᠪᠠ᠂ ᠴᠢᠳᠠᠪᠤᠷᠢ ᠪᠠᠨ ᠳᠡᠭᠡᠭᠰᠢᠯᠡᠭᠦᠯᠬᠦ | ︵ᠨᠢᠭᠡ︶ 12345 ᠵᠠᠯᠭᠠᠨ ᠭᠦᠢᠴᠡᠳᠬᠡᠬᠦ ᠶᠠᠰᠤ ᠴᠢᠨᠠᠷ ᠦᠷ᠎ᠡ ᠪᠦᠲᠦᠮᠵᠢ ᠶᠢ ᠳᠡᠭᠡᠭᠰᠢᠯᠡᠭᠦᠯᠦᠨ᠎ᠡ᠃ ᠬᠤᠲᠠ ᠶᠢᠨ ᠶᠠᠪᠤᠳᠠᠯ ᠤᠨ ᠦᠢᠯᠡᠴᠢᠯᠡᠭᠡᠨ ᠤ | ᠲᠣᠪᠴᠢᠶ᠎ᠠ ᠬᠤᠲᠠ ᠶᠢᠨ ᠨᠠᠮ ᠤᠨ ᠬᠤᠷᠢᠶ᠎ᠠ ᠵᠠᠰᠠᠭ ᠤᠨ ᠣᠷᠳᠣᠨ ᠤ ᠠᠵᠢᠯ ᠤᠨ ᠱᠠᠭᠠᠷᠳᠠᠯᠭ᠎ᠠ ᠶᠣᠰᠣᠭᠠᠷ᠂ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ | ᠠᠷᠠᠳ ᠲᠤ ᠲᠥᠬᠦᠮ ᠦᠵᠡᠭᠦᠯᠬᠦ ᠬᠠᠯᠠᠮᠰᠢᠯ ᠤᠲᠠᠰᠤ ᠶᠢ ᠨᠡᠶᠢᠯᠡᠭᠦᠯᠬᠦ ᠡᠷᠴᠢᠮ ᠢ ᠤᠯᠠᠮ ᠨᠢᠭᠡ ᠠᠯᠬᠤᠮ ᠴᠢᠩᠭᠠᠷᠠᠭᠤᠯᠵᠤ᠂ ᠬᠤᠣᠰ ᠳ᠋ᠤᠭᠠᠷ ᠢ ᠵᠡᠷᠭᠡ ᠪᠠᠷ | ᠶᠠᠪᠤᠭᠤᠯᠬᠤ᠂ ᠬᠤᠪᠢᠶᠠᠷᠢ ᠲᠥᠪ ᠪᠠᠶᠢᠭᠤᠯᠬᠤ ᠬᠡᠯᠪᠡᠷᠢ ᠶᠢ ᠨᠢᠭᠡᠨᠲᠡ ᠨᠡᠶᠢᠯᠡᠭᠦᠯᠦᠭᠰᠡᠨ ᠪᠣᠯᠪᠠᠴᠤ ᠳ᠋ᠢᠶᠠᠩᠬᠤᠸᠠ ᠵᠠᠯᠭᠠᠯᠲᠠ ᠶᠢᠨ ᠰᠠᠭᠤᠳᠠᠯ ᠤᠨ ᠬᠠᠯᠠᠭᠤᠨ | ᠤᠲᠠᠰᠤᠨ ᠤ ᠨᠣᠮᠧᠷ ᠢ ᠮᠥᠨ ᠬᠦ ᠦᠯᠡᠳᠡᠭᠡᠵᠦ᠂ ︽7×24 ᠴᠠᠭ︾ ᠤᠨ ᠬᠥᠮᠥᠨ ᠤ ᠬᠦᠴᠦ ᠪᠠᠷ ᠦᠢᠯᠡᠴᠢᠯᠡᠬᠦ ᠴᠢᠳᠠᠪᠤᠷᠢ ᠶᠢ ᠪᠦᠷᠢᠯᠳᠦᠭᠦᠯᠦᠭᠰᠡᠨ ᠦᠭᠡᠢ | ᠪᠤᠶᠤ ᠬᠥᠮᠥᠨ ᠤ ᠬᠦᠴᠦ ᠪᠠᠷ ᠵᠠᠯᠭᠠᠬᠤ ᠨᠣᠷᠮ᠎ᠠ ᠨᠢ 60% ᠠᠴᠠ ᠳᠣᠣᠷ᠎ᠠ ᠪᠠᠶᠢᠪᠠᠯ᠂ ᠳ᠋ᠢᠶᠠᠩᠬᠤᠸᠠ ᠵᠠᠯᠭᠠᠯᠲᠠ ᠶᠢᠨ ᠰᠠᠭᠤᠳᠠᠯ ᠤᠨ ᠰᠠᠭᠤᠳᠠᠯ ᠢ 12345 | ᠲᠠᠢ ᠨᠡᠶᠢᠯᠡᠭᠦᠯᠦᠨ ᠨᠢᠭᠡᠳᠦᠯᠲᠡᠢ ᠬᠠᠮᠢᠶᠠᠷᠴᠤ᠂ ᠨᠣᠮᠧᠷ ᠢ ᠨᠢ ᠦᠯᠡᠳᠡᠭᠡᠵᠦ ᠪᠣᠯᠣᠨ᠎ᠠ᠃ 12345 ᠲᠠᠪᠴᠠᠩ ᠬᠢᠭᠡᠳ ᠰᠠᠯᠠᠭ᠎ᠠ ᠮᠥᠴᠢᠷ ᠤᠨ ᠲᠤᠬᠠᠶᠢᠯᠠᠭᠰᠠᠨ | ᠠᠵᠢᠯ ᠤᠨ ᠰᠢᠰᠲ᠋ᠧᠮ ᠤᠨ ᠬᠤᠯᠪᠣᠯᠳᠤᠨ ᠨᠡᠪᠲᠡᠷᠡᠯᠴᠡᠬᠦ ᠶᠢ ᠴᠢᠩᠭᠠᠳᠬᠠᠵᠤ᠂ ᠮᠡᠳᠡᠭᠡ ᠵᠠᠩᠭᠢ ᠶᠢ ᠴᠠᠭ ᠲᠤᠬᠠᠢ ᠳᠤᠨᠢ ᠪᠦᠬᠦ ᠬᠡᠮᠵᠢᠶ᠎ᠡ ᠪᠠᠷ ᠬᠠᠮᠲᠤ ᠪᠠᠷ ᠡᠳ᠋ᠯᠡᠬᠦ ᠶᠢ | ᠪᠡᠶᠡᠯᠡᠭᠦᠯᠦᠨ᠎ᠡ᠃ 12345 ᠲᠣᠭᠲᠠᠮᠠᠯ ᠬᠤᠭᠤᠴᠠᠭ᠎ᠠ ᠲᠠᠢ ᠪᠠᠷ ᠠᠵᠤ ᠠᠬᠤᠶᠢᠯᠠᠯ ᠪᠠ ᠣᠯᠠᠨ ᠲᠦᠮᠡᠨ ᠤ ᠥᠨᠳᠥᠷ ᠳᠠᠪᠲᠠᠮᠵᠢᠲᠤ ᠯᠠᠪᠯᠠᠯᠭ᠎ᠠ ᠶᠢᠨ ᠲᠥᠷᠥᠯ ᠤᠨ | ᠠᠰᠠᠭᠤᠳᠠᠯ ᠢ ᠬᠤᠷᠢᠶᠠᠩᠭᠤᠶᠢᠯᠠᠵᠤ᠂ ᠬᠠᠮᠢᠶ᠎ᠠ ᠪᠦᠬᠦᠢ ᠰᠠᠯᠠᠭ᠎ᠠ ᠮᠥᠴᠢᠷ ᠤᠨ ᠰᠠᠨᠠᠭᠠᠴᠢᠯᠠᠭ᠎ᠠ ᠠᠴᠠ ᠪᠠᠨ ᠮᠡᠳᠡᠭᠡ ᠵᠠᠩᠭᠢ ᠨᠡᠶᠢᠲᠡᠯᠡᠬᠦ ᠶᠢ12345 ᠠᠵᠢᠯ ᠤᠨ | ᠬᠠᠭᠤᠳᠠᠰᠤ ᠶᠢ ᠳᠠᠭᠠᠭᠠᠨ ᠭᠦᠢᠴᠡᠳᠬᠡᠬᠦ ᠨᠢᠭᠡᠴᠡ ᠶᠢᠨ ᠭᠦᠢᠴᠡᠳᠬᠡᠬᠦ ᠠᠵᠢᠯ ᠢ ᠰᠢᠮᠳᠠᠭᠤᠯᠤᠨ ᠪᠠᠶᠢᠴᠠᠭᠠᠵᠤ ᠬᠢᠨᠠᠨ ᠰᠢᠯᠭᠠᠬᠤ ᠶᠢ ᠴᠢᠩᠭᠠᠳᠬᠠᠵᠤ᠂ | ᠭᠦᠢᠴᠡᠳᠬᠡᠭᠰᠡᠨ ᠪᠠᠶᠢᠳᠠᠯ ᠢᠶᠠᠨ ᠴᠠᠭ ᠲᠤᠬᠠᠢ ᠳᠤᠨᠢ ᠢᠯᠡ ᠪᠣᠯᠭᠠᠨ᠂ ᠳᠠᠭᠠᠬᠤ ᠨᠣᠷᠮ᠎ᠠ᠂ ᠰᠢᠢᠳᠪᠦᠷᠢᠯᠡᠬᠦ ᠨᠣᠷᠮ᠎ᠠ ᠪᠠ ᠬᠠᠨᠤᠮᠵᠢᠲᠠᠶ ᠪᠠᠶᠢᠬᠤ ᠨᠣᠷᠮ᠎ᠠ ᠶᠢ | ᠲᠠᠰᠤᠷᠠᠯᠲᠠ ᠦᠭᠡᠢ ᠳᠡᠭᠡᠭᠰᠢᠯᠡᠭᠦᠯᠵᠦ᠂ ᠠᠵᠤ ᠠᠬᠤᠶᠢᠯᠠᠯ ᠪᠠ ᠣᠯᠠᠨ ᠲᠦᠮᠡᠨ ᠤ ᠬᠦᠰᠡᠯ ᠱᠠᠭᠠᠷᠳᠠᠯᠭ᠎ᠠ ᠶᠢᠨ ᠵᠦᠢᠯᠡᠰ ᠢ ᠠᠮᠵᠢᠯᠲᠠ ᠲᠠᠢ᠂ ᠲᠦᠷᠭᠡᠨ᠂ ᠰᠠᠶᠢᠨ | ᠬᠢᠬᠦ ᠶᠢ ᠦᠨᠡᠨᠬᠦ ᠪᠠᠲᠤᠯᠠᠬᠤ ᠬᠡᠷᠡᠭᠲᠡᠢ᠃ | ︵ᠬᠤᠶᠠᠷ︶ 110 ᠴᠠᠭᠳᠠᠭ᠎ᠠ ᠶᠢ ᠭᠥᠯᠢᠶᠡᠨ ᠠᠪᠴᠤ ᠰᠢᠢᠳᠪᠦᠷᠢᠯᠡᠬᠦ ᠠᠵᠢᠯ ᠤᠨ ᠦᠷ᠎ᠡ ᠪᠦᠲᠦᠮᠵᠢ ᠶᠢ ᠳᠡᠭᠡᠭᠰᠢᠯᠡᠭᠦᠯᠦᠨ᠎ᠡ᠃ᠬᠤᠲᠠ ᠶᠢᠨ | ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠨᠢ ᠲᠣᠰ ᠭᠠᠵᠠᠷ ᠣᠷᠣᠨ ᠤ ᠪᠠᠨ 110 ᠴᠠᠭᠳᠠᠭ᠎ᠠ ᠶᠢ ᠭᠥᠯᠢᠶᠡᠨ ᠠᠪᠬᠤ ᠬᠡᠮᠵᠢᠶ᠎ᠡ ᠶᠢ ᠦᠨᠳᠦᠰᠦᠯᠡᠨ᠂ ᠴᠠᠭᠳᠠᠭ᠎ᠠ ᠶᠢ | ᠭᠥᠯᠢᠶᠡᠨ ᠠᠪᠬᠤ ᠰᠠᠭᠤᠳᠠᠯ ᠢ ᠰᠢᠨᠵᠢᠯᠡᠬᠦ ᠤᠬᠠᠭᠠᠨᠴᠢ ᠪᠠᠷ ᠵᠦᠢ ᠵᠣᠬᠢᠰᠲᠠᠢ ᠲᠣᠬᠢᠷᠠᠭᠤᠯᠵᠤ᠂ ᠴᠠᠭᠳᠠᠭ᠎ᠠ ᠶᠢ ᠵᠢᠯᠣᠭᠤᠳᠤᠨ ᠲᠣᠬᠢᠷᠠᠭᠤᠯᠵᠤ᠂ ᠲᠥᠬᠦᠭᠡᠷᠦᠮᠵᠢ ᠪᠠ | ᠰᠢᠰᠲ᠋ᠧᠮ ᠤᠨ ᠪᠠᠲᠤᠯᠠᠭ᠎ᠠ ᠶᠢ ᠴᠢᠩᠭᠠᠷᠠᠭᠤᠯᠤᠨ᠂ 110 ︽ᠠᠮᠢᠨ ᠰᠤᠳᠠᠰᠤ︾ ᠶᠢᠨ ᠪᠥᠬᠦ ᠡᠳᠦᠷ ᠤᠨ ᠰᠠᠭᠠᠳ ᠦᠭᠡᠢ ᠨᠡᠪᠲᠡᠷᠡᠬᠦ ᠶᠢ ᠦᠨᠡᠨ ᠬᠦ ᠪᠠᠲᠤᠯᠠᠬᠤ ᠶᠢᠨ | ᠬᠠᠮᠲᠤ ᠢᠨᠲ᠋ᠧᠷ ᠰᠦᠯᠵᠢᠶ᠎ᠡ ᠪᠠᠷ ᠲᠦᠭᠰᠢᠭᠦᠷᠢ ᠮᠡᠳᠡᠭᠦᠯᠬᠦ ᠠᠷᠭ᠎ᠠ ᠵᠠᠮ ᠢ ᠥᠷᠭᠡᠳᠬᠡᠵᠦ᠂ ᠠᠵᠤ ᠠᠬᠤᠶᠢᠯᠠᠯ ᠪᠠ ᠣᠯᠠᠨ ᠲᠦᠮᠡᠨ ᠤ ᠬᠡᠷᠡᠭᠴᠡᠭᠡ ᠶᠢ ᠬᠠᠩᠭᠠᠬᠤ | ᠬᠡᠷᠡᠭᠲᠡᠢ᠃ ᠡᠯ᠎ᠡ ᠴᠠᠭᠳᠠᠭᠠᠨ ᠤ ᠲᠥᠷᠥᠯ ᠪᠠ ᠪᠣᠳᠠᠲᠤ ᠪᠠᠶᠢᠯᠳᠤᠭᠠᠨ ᠤ ᠨᠢᠭᠡᠴᠡ ᠬᠢᠭᠡᠳ 110 ᠴᠠᠭᠳᠠᠭ᠎ᠠ ᠶᠢ ᠭᠥᠯᠢᠶᠡᠨ ᠠᠪᠴᠤ ᠰᠢᠢᠳᠪᠦᠷᠢᠯᠡᠬᠦ ᠠᠵᠢᠯ ᠢ | ᠬᠠᠷᠢᠯᠴᠠᠨ ᠵᠣᠯᠭᠠᠭᠤᠯᠤᠭᠰᠠᠨ ᠲᠦᠷᠭᠡᠨ ᠳᠠᠭᠠᠬᠤ ᠲᠣᠭᠲᠠᠴᠠ ᠶᠢ ᠪᠠᠶᠢᠭᠤᠯᠵᠤ᠂ ᠨᠢᠭᠡᠳᠦᠭᠡᠷ ᠹᠷᠣᠨᠲ ᠤᠨ ᠴᠠᠭᠳᠠᠭ᠎ᠠ ᠶᠢ ᠰᠢᠢᠳᠪᠦᠷᠢᠯᠡᠬᠦ ᠠᠵᠢᠯ ᠤᠨ ᠲᠤᠭ᠎ᠠ | ᠪᠠᠷᠢᠮᠲᠠ ᠶᠢᠨ ᠴᠢᠳᠠᠪᠤᠷᠢ ᠣᠯᠭᠤᠬᠤ ᠪᠠ ᠠᠷᠤ ᠲᠠᠯ᠎ᠠ ᠶᠢᠨ ᠲᠤᠯᠭᠠᠭᠤᠷᠢᠯᠠᠯ ᠢ ᠴᠢᠩᠭᠠᠳᠬᠠᠨ᠂ ᠤᠷᠢᠳᠴᠢᠯᠠᠨ ᠰᠡᠷᠭᠡᠶᠢᠯᠡᠬᠦ ᠴᠠᠭᠳᠠᠭᠠᠨ ᠤ ᠶᠠᠪᠤᠳᠠᠯ ᠢ ᠢᠳᠡᠪᠬᠢᠲᠡᠢ | ᠰᠦᠪᠡᠭᠴᠢᠯᠡᠨ ᠬᠡᠷᠡᠭᠵᠢᠭᠦᠯᠵᠦ᠂ ᠴᠠᠭᠳᠠᠭ᠎ᠠ ᠶᠢ ᠭᠥᠯᠢᠶᠡᠨ ᠠᠪᠴᠤ ᠰᠢᠢᠳᠪᠦᠷᠢᠯᠡᠬᠦ ᠠᠵᠢᠯ ᠤᠨ ᠬᠦᠴᠦᠨ ᠴᠢᠳᠠᠪᠤᠷᠢ ᠶᠢ ᠪᠦᠲᠦᠮᠵᠢᠲᠡᠶ ᠳᠡᠭᠡᠭᠰᠢᠯᠡᠭᠦᠯᠦᠨ᠎ᠡ᠃ | ︵ᠭᠤᠷᠪᠠ︶ 12345 ᠬᠢᠭᠡᠳ 110 ᠣᠶᠤᠨ ᠤ ᠬᠤᠯᠪᠤᠭᠠᠯᠠᠨ ᠬᠥᠳᠡᠯᠦᠯᠴᠡᠬᠦ ᠶᠢ ᠴᠢᠩᠭᠠᠳᠬᠠᠨ᠎ᠠ᠃ ᠣᠶᠤᠨᠴᠢ ᠪᠠᠷ ᠲᠠᠨᠢᠯᠴᠠᠭᠤᠯᠬᠤ᠂ ᠠᠪᠢᠶ᠎ᠠ ᠶᠢ | ᠠᠦ᠋ᠲ᠋ᠣ᠋ ᠰᠢᠯᠵᠢᠭᠦᠯᠦᠨ ᠪᠢᠴᠢᠬᠦ᠂ ᠥᠪᠡᠰᠦᠪᠡᠨ ᠲᠣᠮᠢᠯᠠᠬᠤ ᠲᠠᠩ ᠴᠢᠳᠠᠮᠵᠢ ᠶᠢ ᠨᠡᠭᠡᠭᠡᠨ ᠬᠥᠭᠵᠢᠭᠦᠯᠵᠦ᠂ ᠣᠶᠤᠨᠴᠢᠯᠠᠭᠰᠠᠨ ᠦᠢᠯᠡᠴᠢᠯᠡᠭᠡᠨ ᠤ ᠰᠢᠰᠲ᠋ᠧᠮ ᠤᠨ | ᠪᠠᠶᠢᠭᠤᠯᠤᠯᠲᠠ ᠶᠢ ᠠᠬᠢᠭᠤᠯᠤᠨ᠎ᠠ᠃ 12345 ᠪᠣᠯᠣᠨ 110 ᠵᠠᠭᠠᠯᠳᠤᠯᠭ᠎ᠠ ᠶᠢ ᠬᠦᠯᠢᠶᠡᠨ ᠠᠪᠬᠤ ᠠᠵᠢᠯ ᠢ ᠬᠠᠷᠢᠯᠴᠠᠨ ᠵᠣᠯᠭᠠᠯᠳᠤᠭᠤᠯᠤᠭᠰᠠᠨ ᠲᠦᠷᠭᠡᠨ | ᠴᠤᠤᠷᠢᠶᠠᠲᠤᠨ ᠳᠠᠭᠠᠬᠤ ᠲᠣᠭᠲᠠᠴᠠ ᠶᠢ ᠪᠠᠶᠢᠭᠤᠯᠵᠤ᠂ ᠭᠡᠨᠡᠳᠲᠡ ᠶᠢᠨ ᠪᠠᠶᠢᠳᠠᠯ ᠲᠣᠬᠢᠶᠠᠯᠳᠤᠪᠠᠯ ᠳ᠋ᠢᠶᠠᠩᠬᠤᠸᠠ ᠵᠠᠯᠭᠠᠯᠲᠠ ᠶᠢᠨ ᠬᠡᠮᠵᠢᠶ᠎ᠡ ᠲᠦᠷᠭᠡᠨ ᠨᠡᠮᠡᠭᠳᠡᠬᠦ | ᠦᠶ᠎ᠡ ᠳᠤ᠂ ᠣᠶᠤᠨᠲᠤ ᠦᠢᠯᠡᠴᠢᠯᠡᠭᠡᠨ ᠤ ᠰᠢᠰᠲ᠋ᠧᠮ ᠨᠢ ᠥᠨᠳᠥᠷ ᠳᠠᠪᠲᠠᠮᠵᠢ ᠶᠢᠨ ᠠᠰᠠᠭᠤᠳᠠᠯ ᠳᠤ ᠠᠦ᠋ᠲ᠋ᠣ᠋ ᠬᠠᠷᠢᠭᠤᠯᠲᠠ ᠥᠭᠴᠦ᠂ ᠠᠵᠤ ᠠᠬᠤᠶᠢᠯᠠᠯ ᠪᠠ ᠤᠯᠠᠨ | ᠲᠦᠮᠡᠨ ᠢ ᠬᠥᠲᠥᠯᠥᠨ ᠵᠢᠯᠤᠭᠤᠳᠴᠤ ᠪᠠᠶᠢᠭᠠᠳ ᠣᠶᠤᠨᠲᠤ ᠰᠢᠰᠲ᠋ᠧᠮ ᠢᠶᠠᠷ ᠳᠠᠮᠵᠢᠭᠤᠯᠤᠨ ᠪᠠᠶᠢᠳᠠᠯ ᠢ ᠲᠤᠰᠬᠠᠪᠠ᠃ 12345 ᠪᠠ 110 ᠪᠠᠷᠢᠮᠵᠢᠶ᠎ᠠ ᠶᠢ | ᠨᠢᠭᠡᠳᠬᠡᠭᠰᠡᠨ᠂ ᠴᠠᠭ ᠲᠤᠬᠠᠢ ᠳᠤᠨᠢ ᠰᠢᠨᠡᠳᠬᠡᠭᠰᠡᠨ᠂ ᠬᠠᠮᠲᠤ ᠪᠠᠷ ᠪᠠᠶᠢᠭᠤᠯᠵᠤ ᠬᠠᠮᠲᠤ ᠪᠠᠷ ᠡᠳ᠋ᠯᠡᠬᠦ ᠮᠡᠳᠡᠯᠭᠡ ᠶᠢᠨ ᠬᠥᠮᠥᠷᠭᠡ ᠶᠢ ᠪᠠᠶᠢᠭᠤᠯᠵᠤ᠂ ᠥᠨᠳᠥᠷ | ᠳᠠᠪᠲᠠᠮᠵᠢ ᠶᠢᠨ ᠠᠰᠠᠭᠤᠳᠠᠯ ᠪᠠ ᠥᠨᠳᠥᠷ ᠳᠠᠪᠲᠠᠮᠵᠢ ᠪᠠᠷ ᠰᠢᠯᠵᠢᠭᠦᠯᠦᠨ ᠰᠢᠢᠳᠪᠦᠷᠢᠯᠡᠬᠦ ᠵᠦᠢᠯᠡᠰ ᠲᠤ ︽ᠨᠢᠭᠡ ᠠᠰᠠᠭᠤᠯᠲᠠ ᠨᠢᠭᠡ ᠬᠠᠷᠢᠭᠤᠯᠬᠤ︾ ᠪᠠᠷᠢᠮᠵᠢᠶ᠎ᠠ ᠶᠢ | ᠲᠣᠭᠲᠠᠭᠠᠵᠤ᠂ ︽ᠠᠰᠠᠭᠤᠪᠠᠯ ᠳᠠᠷᠤᠢ ᠬᠠᠷᠢᠭᠤᠯᠬᠤ︾᠂ ︽ᠵᠠᠭᠠᠯᠳᠤᠯᠭ᠎ᠠ ᠶᠢ ᠬᠦᠯᠢᠶᠡᠨ ᠠᠪᠤᠪᠠᠯ ᠳᠠᠷᠤᠢ ᠰᠢᠢᠳᠪᠦᠷᠢᠯᠡᠬᠦ︾᠂ ︽ᠠᠵᠢᠯ ᠤᠨ ᠬᠠᠭᠤᠳᠠᠰᠤ ᠶᠢ | ᠰᠢᠭᠤᠳ ᠰᠢᠯᠵᠢᠭᠦᠯᠦᠨ ᠰᠢᠢᠳᠪᠦᠷᠢᠯᠡᠬᠦ ᠨᠢᠭᠡᠳᠦᠭᠡᠷ ᠹᠷᠣᠨᠲ︾ ᠵᠡᠷᠭᠡ ᠠᠵᠢᠯ ᠤᠨ ᠠᠷᠭ᠎ᠠ ᠮᠠᠶ᠋ᠢᠭ ᠢ ᠢᠳᠡᠪᠬᠢᠲᠡᠢ ᠬᠡᠷᠡᠭᠵᠢᠭᠦᠯᠵᠦ᠂ ᠬᠤᠶᠠᠷ ᠲᠠᠯ᠎ᠠ ᠪᠠᠷ ᠢᠶᠠᠨ | ᠬᠠᠷᠭᠤᠭᠤᠯᠤᠨ ᠬᠢᠨᠠᠬᠤ᠂ ᠨᠢᠭᠡ ᠯᠡ ᠲᠣᠪᠴᠢ ᠪᠠᠷ ᠰᠢᠯᠵᠢᠭᠦᠯᠦᠨ ᠰᠢᠢᠳᠪᠦᠷᠢᠯᠡᠬᠦ᠂ ᠭᠤᠭᠤᠵᠢᠭᠳᠠᠭᠰᠠᠨ ᠵᠦᠢᠯ ᠢ ᠪᠠᠶᠢᠴᠠᠭᠠᠵᠤ ᠪᠤᠷᠤᠭᠤ ᠶᠢ ᠵᠠᠯᠠᠷᠠᠭᠤᠯᠬᠤ | ᠳᠦᠷᠢᠮ ᠢ ᠲᠡᠭᠦᠯᠳᠡᠷᠵᠢᠭᠦᠯᠪᠡ᠃ | ᠳᠥᠷᠪᠡ᠂ ᠪᠠᠲᠤᠯᠠᠭ᠎ᠠ ᠶᠢᠨ ᠠᠷᠭ᠎ᠠ ᠬᠡᠮᠵᠢᠶ᠎ᠡ | ︵ᠨᠢᠭᠡ︶ ᠵᠣᠬᠢᠶᠠᠨ ᠪᠠᠶᠢᠭᠤᠯᠤᠯᠲᠠ ᠶᠢᠨ ᠤᠳᠤᠷᠢᠳᠤᠯᠭ᠎ᠠ ᠪᠠᠨ ᠴᠢᠩᠭᠠᠳᠬᠠᠨ᠎ᠠ᠃ ᠬᠤᠲᠠ ᠶᠢᠨ ᠶᠠᠪᠤᠳᠠᠯ ᠤᠨ ᠦᠢᠯᠡᠴᠢᠯᠡᠭᠡᠨ ᠤ ᠲᠣᠪᠴᠢᠶ᠎ᠠ᠂ | ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠨᠢ ᠪᠥᠬᠦ ᠬᠤᠲᠠ ᠶᠢᠨ 12345 ᠬᠢᠭᠡᠳ 110 ᠶᠢ ᠵᠣᠯᠭᠠᠭᠤᠯᠵᠤ ᠬᠠᠮᠲᠤᠷᠠᠨ ᠬᠥᠳᠡᠯᠦᠯᠴᠡᠬᠦ ᠠᠵᠢᠯ ᠢ ᠨᠢᠭᠡᠳᠦᠯᠲᠡᠢ | ᠲᠥᠯᠥᠪᠯᠡᠨ ᠵᠣᠬᠢᠴᠠᠭᠤᠯᠬᠤ ᠶᠢ ᠬᠠᠷᠢᠭᠤᠴᠠᠨ᠎ᠠ᠃ ᠬᠤᠲᠠ ᠶᠢᠨ 12345 ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠠᠷᠠᠳ ᠲᠤ ᠲᠥᠬᠦᠮ ᠦᠵᠡᠭᠦᠯᠬᠦ | ᠬᠠᠯᠠᠮᠰᠢᠯ ᠤᠲᠠᠰᠤᠨ ᠤ ᠠᠵᠢᠯ ᠤᠨ ᠤᠳᠤᠷᠢᠳᠬᠤ ᠳᠤᠭᠤᠶᠢᠯᠠᠩ ᠤᠨ ᠪᠦᠷᠢᠯᠳᠦᠭᠦᠨ ᠨᠢᠭᠡᠴᠡ ᠨᠦᠭᠦᠳ ᠬᠤᠯᠪᠤᠭᠠᠯᠠᠨ ᠬᠥᠳᠡᠯᠦᠯᠴᠡᠬᠦ ᠠᠵᠢᠯ ᠤᠨ ᠡᠭᠦᠷᠭᠡ | ᠬᠠᠷᠢᠭᠤᠴᠠᠯᠭ᠎ᠠ ᠪᠠ ᠱᠠᠭᠠᠷᠳᠠᠯᠭ᠎ᠠ ᠶᠢ ᠦᠨᠳᠦᠰᠦᠯᠡᠨ᠂ ᠲᠣᠭᠲᠠᠭᠠᠯ ᠱᠠᠭᠠᠷᠳᠠᠯᠭ᠎ᠠ ᠶᠣᠰᠣᠭᠠᠷ ᠬᠠᠯᠠᠮᠰᠢᠯ ᠤᠲᠠᠰᠤᠨ ᠤ ᠠᠵᠢᠯ ᠤᠨ ᠬᠠᠭᠤᠳᠠᠰᠤ ᠭᠦᠢᠴᠡᠳᠬᠡᠬᠦ ᠪᠠ | ᠵᠣᠯᠭᠠᠭᠤᠯᠤᠨ ᠬᠤᠯᠪᠤᠭᠠᠯᠠᠨ ᠬᠥᠳᠡᠯᠦᠯᠴᠡᠬᠦ ᠠᠵᠢᠯ ᠤᠨ ᠳᠤᠮᠳᠠ ᠲᠤᠯᠭᠠᠷᠠᠭᠰᠠᠨ ᠬᠦᠴᠢᠷᠳᠡᠯ ᠵᠢᠴᠢ ᠠᠰᠠᠭᠤᠳᠠᠯ ᠢ ᠰᠢᠢᠳᠪᠦᠷᠢᠯᠡᠵᠦ ᠂ ᠴᠠᠭ ᠲᠤᠬᠠᠢ ᠳᠤᠨᠢ | ᠳᠠᠭᠠᠵᠤ᠂ ᠬᠦᠴᠦᠲᠡᠢ ᠰᠢᠢᠳᠪᠦᠷᠢᠯᠡᠬᠦ ᠶᠢ ᠪᠡᠶᠡᠯᠡᠭᠦᠯᠬᠦ ᠬᠡᠷᠡᠭᠲᠡᠢ᠃ | ︵ᠬᠤᠶᠠᠷ︶ ᠵᠠᠷᠤᠳᠠᠯ ᠤᠨ ᠪᠠᠲᠤᠯᠠᠭ᠎ᠠ ᠶᠢ ᠴᠢᠩᠭᠠᠳᠬᠠᠨ᠎ᠠ᠃ ᠬᠤᠲᠠ ᠶᠢᠨ ᠡᠳ᠋ ᠤᠨ ᠵᠠᠰᠠᠭ ᠤᠨ ᠲᠣᠪᠴᠢᠶ᠎ᠠ ᠨᠢ 12345 ᠬᠢᠭᠡᠳ 110 ᠶᠢ | ᠵᠣᠯᠭᠠᠭᠤᠯᠵᠤ ᠬᠠᠮᠲᠤᠷᠠᠨ ᠬᠥᠳᠡᠯᠦᠯᠴᠡᠬᠦ ᠠᠵᠢᠯ᠂ ᠰᠢᠰᠲ᠋ᠧᠮ ᠤᠨ ᠪᠠᠶᠢᠭᠤᠯᠤᠯᠲᠠ᠂ ᠠᠵᠢᠯᠲᠠᠨ ᠤ ᠪᠣᠯᠪᠠᠰᠤᠷᠠᠭᠤᠯᠤᠯ ᠤᠨ ᠡᠳ᠋ ᠤᠨ ᠵᠠᠰᠠᠭ ᠤᠨ ᠪᠠᠲᠤᠯᠠᠭ᠎ᠠ ᠶᠢᠨ | ᠡᠷᠴᠢᠮ ᠢᠶᠠᠨ ᠴᠢᠩᠭᠠᠷᠠᠭᠤᠯᠬᠤ ᠬᠡᠷᠡᠭᠲᠡᠢ᠃ ᠬᠤᠲᠠ ᠶᠢᠨ ᠡᠳ᠋ ᠤᠨ ᠵᠠᠰᠠᠭ ᠤᠨ ᠲᠣᠪᠴᠢᠶ᠎ᠠ᠂ ᠬᠥᠭᠵᠢᠭᠦᠯᠦᠯᠲᠡ ᠥᠭᠡᠷᠡᠴᠢᠯᠡᠯᠲᠡ ᠶᠢᠨ ᠬᠤᠷᠢᠶ᠎ᠠ ᠣᠲᠣ ᠶᠢᠨ | ᠪᠠᠶᠢᠭ᠎ᠠ ᠵᠠᠷᠤᠳᠠᠯ ᠤᠨ ᠠᠷᠭ᠎ᠠ ᠵᠠᠮ ᠢ ᠨᠢᠭᠡᠳᠦᠯᠲᠡᠢ ᠲᠥᠯᠥᠪᠯᠡᠨ ᠠᠰᠢᠭᠯᠠᠵᠤ᠂ 12345 ᠬᠢᠭᠡᠳ 110 ᠶᠢ ᠵᠣᠯᠭᠠᠭᠤᠯᠵᠤ ᠬᠠᠮᠲᠤᠷᠠᠨ ᠬᠥᠳᠡᠯᠦᠯᠴᠡᠬᠦ ᠠᠵᠢᠯ᠂ | ᠰᠢᠰᠲ᠋ᠧᠮ ᠤᠨ ᠪᠠᠶᠢᠭᠤᠯᠤᠯᠲᠠ᠂ ᠠᠵᠢᠯᠲᠠᠨ ᠤ ᠪᠣᠯᠪᠠᠰᠤᠷᠠᠭᠤᠯᠤᠯ ᠵᠡᠷᠭᠡ ᠳᠤ ᠬᠡᠷᠡᠭᠰᠡᠬᠦ ᠵᠠᠷᠤᠳᠠᠯ ᠢ ᠪᠠᠲᠤᠯᠠᠵᠤ᠂ ᠵᠣᠯᠭᠠᠭᠤᠯᠵᠤ ᠬᠠᠮᠲᠤᠷᠠᠨ ᠬᠥᠳᠡᠯᠦᠯᠴᠡᠬᠦ | ᠠᠵᠢᠯ ᠤᠨ ᠡᠮᠬᠢ ᠵᠢᠷᠤᠮ ᠲᠠᠢ ᠪᠥᠭᠡᠳ ᠥᠨᠳᠥᠷ ᠪᠦᠲᠦᠮᠵᠢᠲᠡᠶ ᠶᠠᠪᠤᠭᠳᠠᠬᠤ ᠶᠢ ᠳᠡᠮᠵᠢᠨ ᠠᠬᠢᠭᠤᠯᠬᠤ ᠬᠡᠷᠡᠭᠲᠡᠢ᠃ ᠬᠤᠲᠠ ᠶᠢᠨ 12345 ᠵᠠᠰᠠᠭ ᠤᠨ | ᠶᠠᠪᠤᠳᠠᠯ ᠤᠨ ᠦᠢᠯᠡᠴᠢᠯᠡᠭᠡᠨ ᠤ ᠠᠷᠠᠳ ᠲᠤ ᠲᠥᠬᠦᠮ ᠦᠵᠡᠭᠦᠯᠬᠦ ᠬᠠᠯᠠᠮᠰᠢᠯ ᠤᠲᠠᠰᠤ ᠶᠢᠨ ᠠᠵᠢᠯ ᠤᠨ ᠤᠳᠤᠷᠢᠳᠬᠤ ᠳᠤᠭᠤᠶᠢᠯᠠᠩ ᠤᠨ ᠪᠦᠷᠢᠯᠳᠦᠭᠦᠨ | ᠨᠢᠭᠡᠴᠡ ᠶᠢᠨ ᠲᠠᠰ ᠳᠡᠪᠰᠢᠭᠦᠯᠦᠨ ᠰᠢᠰᠲ᠋ᠧᠮ ᠤᠨ ᠲᠠᠪᠴᠠᠩ ᠢ ᠰᠢᠯᠢᠳᠡᠭᠵᠢᠭᠦᠯᠦᠭᠰᠡᠨ ᠠᠴᠠ ᠪᠣᠶ ᠪᠣᠯᠤᠭᠰᠠᠨ ᠵᠠᠷᠤᠳᠠᠯ ᠪᠠ ᠠᠵᠢᠯᠲᠠᠨ ᠤ ᠵᠠᠷᠤᠳᠠᠯ ᠢ ᠪᠦᠷᠢᠯᠳᠦᠭᠦᠨ | ᠨᠢᠭᠡᠴᠡ ᠥᠪᠡᠰᠦᠪᠡᠨ ᠡᠭᠦᠷᠭᠡᠯᠡᠨ᠎ᠡ᠃ | ︵ᠭᠤᠷᠪᠠ︶ ᠡᠩᠨᠡᠭᠡ ᠶᠢᠨ ᠪᠠᠶᠢᠭᠤᠯᠤᠯᠲᠠ ᠶᠢ ᠴᠢᠩᠭᠠᠳᠬᠠᠨ᠎ᠠ ᠃ ᠬᠤᠲᠠ ᠶᠢᠨ ᠶᠠᠪᠤᠳᠠᠯ ᠤᠨ ᠦᠢᠯᠡᠴᠢᠯᠡᠭᠡᠨ ᠤ ᠲᠣᠪᠴᠢᠶ᠎ᠠ᠂ ᠳᠣᠲᠣᠭᠠᠳᠤ ᠶᠢ | ᠬᠠᠮᠠᠭᠠᠯᠠᠬᠤ ᠲᠣᠪᠴᠢᠶ᠎ᠠ ᠨᠢ 12345 ᠪᠠ 110 ᠳ᠋ᠢᠶᠠᠩᠬᠤᠸᠠ ᠵᠠᠯᠭᠠᠯᠲᠠ ᠶᠢᠨ ᠬᠡᠮᠵᠢᠶ᠎ᠡ ᠶᠢ ᠦᠨᠳᠦᠰᠦᠯᠡᠨ᠂ ᠳ᠋ᠢᠶᠠᠩᠬᠤᠸᠠ ᠵᠠᠯᠭᠠᠯᠲᠠ ᠶᠢᠨ ᠰᠠᠭᠤᠳᠠᠯ ᠢ | ᠰᠢᠨᠵᠢᠯᠡᠬᠦ ᠤᠬᠠᠭᠠᠨᠴᠢ ᠪᠠᠷ ᠵᠦᠢ ᠵᠣᠬᠢᠰᠲᠠᠢ ᠲᠣᠬᠢᠷᠠᠭᠤᠯᠵᠤ᠂ ᠳ᠋ᠢᠶᠠᠩᠬᠤᠸᠠ ᠵᠠᠯᠭᠠᠯᠲᠠ ᠶᠢᠨ ᠠᠵᠢᠯᠲᠠᠨ ᠢ ᠭᠦᠢᠴᠡᠳ ᠲᠣᠬᠢᠷᠠᠭᠤᠯᠤᠨ ᠬᠦᠴᠦᠷᠬᠡᠭᠵᠢᠭᠦᠯᠵᠦ᠂ | ᠨᠢᠭᠡᠳᠦᠭᠡᠷ ᠹᠷᠣᠨᠲ ᠤᠨ ᠠᠵᠢᠯᠲᠠᠨ ᠢ ᠬᠠᠯᠠᠮᠵᠢᠯᠠᠬᠤ ᠡᠷᠴᠢᠮ ᠢᠶᠠᠨ ᠴᠢᠩᠭᠠᠷᠠᠭᠤᠯᠤᠨ᠂ ᠬᠤᠯᠪᠣᠭᠳᠠᠯ ᠪᠦᠬᠦᠢ ᠠᠵᠢᠯ ᠮᠡᠷᠭᠡᠵᠢᠯ ᠤᠨ ᠲᠥᠯᠦᠪᠵᠢᠭᠦᠯᠭᠡ᠂ ᠬᠥᠯᠥᠰᠦ | ᠣᠯᠭᠤᠮᠵᠢ᠂ ᠡᠷᠬᠡ ᠠᠰᠢᠭ ᠤᠨ ᠬᠠᠮᠠᠭᠠᠯᠠᠯᠲᠠ᠂ ᠰᠠᠶᠢᠰᠢᠶᠠᠨ ᠬᠥᠬᠢᠭᠦᠯᠬᠦ ᠵᠡᠷᠭᠡ ᠲᠠᠯ᠎ᠠ ᠶᠢᠨ ᠪᠠᠲᠤᠯᠠᠭ᠎ᠠ ᠶᠢᠨ ᠲᠥᠷᠥ ᠶᠢᠨ ᠪᠣᠳᠣᠯᠭ᠎ᠠ ᠶᠢᠨ ᠠᠷᠭ᠎ᠠ ᠬᠡᠮᠵᠢᠶ᠎ᠡ ᠶᠢ | ᠲᠣᠭᠲᠠᠭᠠᠯ ᠶᠣᠰᠣᠭᠠᠷ ᠨᠠᠶᠢᠳᠠᠪᠤᠷᠢᠵᠢᠭᠤᠯᠬᠤ ᠬᠡᠷᠡᠭᠲᠡᠢ᠃ ᠡᠭᠦᠨ ᠤ ᠬᠠᠮᠲᠤ 12345 ᠪᠣᠯᠣᠨ 110 ᠠᠵᠢᠯᠲᠠᠨ ᠤ ᠲᠤᠬᠠᠶᠢᠯᠠᠭᠰᠠᠨ ᠠᠵᠢᠯ ᠤᠨ ᠤᠷ᠎ᠠ | ᠴᠢᠳᠠᠪᠤᠷᠢ ᠶᠢᠨ ᠪᠣᠯᠪᠠᠰᠤᠷᠠᠭᠤᠯᠤᠯ ᠢ ᠴᠢᠩᠭᠠᠳᠬᠠᠵᠤ᠂ ᠳ᠋ᠢᠶᠠᠩᠬᠤᠸᠠ ᠵᠠᠯᠭᠠᠯᠲᠠ ᠶᠢᠨ ᠲᠥᠯᠥᠭᠡᠯᠡᠭᠴᠢ᠂ ᠴᠠᠭᠳᠠᠭᠠᠴᠢ ᠶᠢᠨ ᠰᠣᠯᠢᠯᠴᠠᠭᠠᠨ ᠤ ᠠᠵᠢᠯᠯᠠᠭ᠎ᠠ ᠶᠢ | ᠲᠣᠭᠲᠠᠮᠠᠯ ᠬᠤᠭᠤᠴᠠᠭ᠎ᠠ ᠲᠠᠢ ᠪᠠᠷ ᠥᠷᠨᠢᠭᠦᠯᠵᠦ᠂ ᠨᠡᠪᠲᠡᠷᠡᠯᠴᠡᠨ ᠬᠠᠷᠢᠯᠴᠠᠬᠤ ᠶᠢ ᠴᠢᠩᠭᠠᠳᠬᠠᠨ᠂ ᠬᠤᠯᠪᠤᠭᠠᠯᠠᠨ ᠬᠠᠮᠵᠢᠯᠴᠠᠬᠤ ᠶᠢ ᠴᠢᠩᠭᠠᠳᠬᠠᠨ᠎ᠠ᠃ ᠡᠯ᠎ᠡ | ᠱᠠᠲᠤᠨ ᠤ 12345 ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠠᠷᠠᠳ ᠲᠤ ᠲᠥᠬᠦᠮ ᠦᠵᠡᠭᠦᠯᠬᠦ ᠬᠠᠯᠠᠮᠰᠢᠯ ᠤᠲᠠᠰᠤ ᠶᠢᠨ ᠠᠵᠢᠯ ᠤᠨ ᠤᠳᠤᠷᠢᠳᠬᠤ | ᠳᠤᠭᠤᠶᠢᠯᠠᠩ ᠤᠨ ᠬᠠᠮᠢᠶ᠎ᠠ ᠪᠦᠬᠦᠢ ᠪᠦᠷᠢᠯᠳᠦᠭᠦᠨ ᠨᠢᠭᠡᠴᠡ ᠨᠦᠭᠦᠳ ᠠᠵᠢᠯ ᠤᠨ ᠡᠭᠦᠷᠭᠡ ᠶᠢᠨ ᠬᠡᠷᠡᠭᠴᠡᠭᠡ ᠪᠠᠨ ᠦᠨᠳᠦᠰᠦᠯᠡᠨ᠂ ᠬᠠᠮᠲᠤᠷᠠᠨ ᠬᠥᠳᠡᠯᠦᠯᠴᠡᠬᠦ | ᠲᠣᠭᠲᠠᠴᠠ ᠯᠤᠭ᠎ᠠ ᠵᠣᠬᠢᠴᠠᠯᠳᠤᠭᠰᠠᠨ ᠠᠵᠢᠯ ᠤᠨ ᠵᠠᠭᠪᠤᠷ ᠢ ᠲᠦᠷᠭᠡᠳᠬᠡᠨ ᠪᠠᠶᠢᠭᠤᠯᠵᠤ᠂ ︽7×24 ᠴᠠᠭ︾ ᠤᠨ ᠵᠢᠵᠢᠭᠦᠷᠯᠡᠨ ᠵᠢᠵᠢᠭᠦᠷᠯᠡᠨ ᠰᠠᠬᠢᠬᠤ ᠶᠢ | ᠥᠷᠨᠢᠭᠦᠯᠵᠦ᠂ ᠠᠵᠤ ᠠᠬᠤᠶᠢᠯᠠᠯ ᠪᠠ ᠣᠯᠠᠨ ᠲᠦᠮᠡᠨ ᠤ ᠬᠦᠰᠡᠯ ᠱᠠᠭᠠᠷᠳᠠᠯᠭ᠎ᠠ ᠶᠢ ᠥᠨᠳᠥᠷ ᠦᠷ᠎ᠡ ᠪᠦᠲᠦᠮᠵᠢᠲᠡᠶ ᠪᠠᠷ ᠰᠢᠢᠳᠪᠦᠷᠢᠯᠡᠬᠦ ᠶᠢ ᠦᠨᠡᠨᠬᠦ ᠪᠠᠲᠤᠯᠠᠬᠤ | ᠬᠡᠷᠡᠭᠲᠡᠢ᠃ | ︵ᠳᠥᠷᠪᠡ︶ ᠤᠬᠠᠭᠤᠯᠵᠤ ᠬᠥᠲᠥᠯᠥᠨ ᠵᠢᠯᠤᠭᠤᠳᠬᠤ ᠶᠢ ᠴᠢᠩᠭᠠᠳᠬᠠᠨ᠎ᠠ᠃ ᠬᠤᠲᠠ ᠶᠢᠨ ᠲᠣᠮᠣ ᠳ᠋ᠠᠶᠢᠲ᠋ᠠ ᠶᠢᠨ ᠲᠥᠪ᠂ ᠪᠠᠶᠠᠨᠨᠠᠭᠤᠷ ᠤᠨ ᠡᠳᠦᠷ ᠤᠨ | ᠰᠣᠨᠢᠨ ᠤ ᠬᠤᠷᠢᠶ᠎ᠠ᠂ ᠲᠧᠯᠸᠢᠰ ᠬᠤᠷᠢᠶ᠎ᠠ ᠵᠡᠷᠭᠡ ᠤᠬᠠᠭᠤᠯᠬᠤ ᠰᠠᠯᠠᠭ᠎ᠠ ᠮᠥᠴᠢᠷ ᠤᠳ ᠵᠠᠰᠠᠭ ᠤᠨ ᠣᠷᠳᠣᠨ ᠤ ᠰᠦᠯᠵᠢᠶᠡᠨ ᠥᠷᠲᠡᠭᠡ᠂ ᠰᠣᠨᠢᠨ ᠮᠡᠳᠡᠭᠡᠨ ᠤ | ᠵᠠᠭᠤᠴᠢᠯᠠᠭᠤᠷ ᠵᠡᠷᠭᠡ ᠠᠷᠭ᠎ᠠ ᠵᠠᠮ ᠢ ᠭᠦᠢᠴᠡᠳ ᠠᠰᠢᠭᠯᠠᠨ᠂ 12345 ᠬᠢᠭᠡᠳ 110 ᠶᠢᠨ ᠠᠵᠢᠯ ᠤᠨ ᠡᠭᠦᠷᠭᠡ ᠬᠠᠷᠢᠭᠤᠴᠠᠯᠭ᠎ᠠ᠂ ᠭᠥᠯᠢᠶᠡᠨ ᠠᠪᠴᠤ | ᠰᠢᠢᠳᠪᠦᠷᠢᠯᠡᠬᠦ ᠬᠡᠪᠴᠢᠶ᠎ᠡ᠂ ᠰᠢᠯᠵᠢᠭᠦᠯᠦᠨ ᠭᠦᠢᠴᠡᠳᠬᠡᠬᠦ ᠬᠠᠮᠲᠤᠷᠠᠨ ᠬᠥᠳᠡᠯᠦᠯᠴᠡᠬᠦ ᠲᠣᠭᠲᠠᠴᠠ ᠵᠡᠷᠭᠡ ᠠᠭᠤᠯᠭ᠎ᠠ ᠶᠢ ᠥᠷᠭᠡᠨ ᠢᠶᠠᠷ ᠤᠬᠠᠭᠤᠯᠵᠤ᠂ ᠠᠷᠠᠳ | ᠣᠯᠠᠨ ᠢ ᠬᠥᠲᠥᠯᠥᠨ ᠵᠢᠯᠤᠭᠤᠳᠴᠤ ᠪᠠᠶᠢᠭᠠᠳ 12345 ᠪᠠ 110 ᠶᠢ ᠵᠥᠪ ᠬᠡᠷᠡᠭᠯᠡᠭᠦᠯᠬᠦ ᠬᠡᠷᠡᠭᠲᠡᠢ᠃ ᠮᠠᠭᠤ ᠰᠠᠨᠠᠭ᠎ᠠ ᠲᠠᠢ ᠪᠠᠷ ᠲᠦᠢᠪᠡᠭᠡᠭᠰᠡᠨ 12345 ᠪᠠ | 110 ᠶᠢᠨ ᠬᠠᠤᠯᠢ ᠶᠢ ᠵᠥᠷᠢᠴᠡᠭᠰᠡᠨ ᠠᠵᠢᠯᠯᠠᠭ᠎ᠠ ᠳᠤ ᠴᠣᠬᠢᠯᠲᠠ ᠥᠭᠬᠦ ᠪᠠ ᠢᠯᠡᠴᠢᠯᠡᠬᠦ ᠡᠷᠴᠢᠮ ᠢᠶᠠᠨ ᠴᠢᠩᠭᠠᠷᠠᠭᠤᠯᠬᠤ ᠬᠡᠷᠡᠭᠲᠡᠢ᠃ ᠠᠷᠠᠳ ᠤᠨ | ᠲᠥᠯᠥᠭᠡᠯᠡᠭᠴᠢᠳ ᠤᠨ ᠶᠡᠭᠡ ᠬᠤᠷᠠᠯ ᠤᠨ ᠲᠥᠯᠥᠭᠡᠯᠡᠭᠴᠢ᠂ ᠤᠯᠤᠰ ᠲᠦᠷᠦ ᠶᠢᠨ ᠵᠥᠪᠯᠡᠯᠭᠡᠨ ᠤ ᠭᠡᠰᠢᠭᠦᠨ᠂ ᠰᠠᠬᠢᠯᠭ᠎ᠠ ᠪᠠᠲᠤ ᠪᠠᠶᠢᠴᠠᠭᠠᠬᠤ ᠬᠢᠨᠠᠨ ᠪᠠᠶᠢᠴᠠᠭᠠᠬᠤ᠂ | ᠨᠡᠶᠢᠭᠡᠮ ᠤᠨ ᠪᠦᠯᠬᠦᠮ᠂ ᠠᠷᠠᠳ ᠤᠯᠠᠨ ᠪᠠ ᠵᠠᠭᠤᠴᠢᠯᠠᠭᠤᠷ ᠤᠨ ᠬᠢᠨᠠᠯᠲᠠ ᠶᠢ ᠰᠠᠨᠠᠭᠠᠴᠢᠯᠠᠭ᠎ᠠ ᠠᠴᠠ ᠪᠠᠨ ᠬᠦᠯᠢᠶᠡᠵᠦ᠂ 12345 ᠪᠠ 110 ᠶᠢᠨ ᠨᠥᠯᠥᠭᠡᠯᠡᠬᠦ | ᠬᠦᠴᠦᠨ ᠢ ᠲᠠᠰᠤᠷᠠᠯᠲᠠ ᠦᠭᠡᠢ ᠥᠷᠭᠡᠳᠬᠡᠬᠦ ᠬᠡᠷᠡᠭᠲᠡᠢ᠃ | ︵ᠲᠠᠪᠤ︶ ᠡᠮᠬᠢ ᠳᠢᠭᠯᠢᠮ ᠤᠨ ᠬᠠᠮᠠᠭᠠᠯᠠᠯᠲᠠ ᠶᠢ ᠴᠢᠩᠭᠠᠳᠬᠠᠨ᠎ᠠ᠃ ᠳᠣᠲᠣᠭᠠᠳᠤ ᠶᠢ ᠬᠠᠮᠠᠭᠠᠯᠠᠬᠤ ᠰᠠᠯᠠᠭ᠎ᠠ ᠮᠥᠴᠢᠷ ᠵᠦᠢ ᠶᠣᠰᠣᠨ ᠤ ᠰᠢᠯᠲᠠᠭᠠᠨ ᠦᠭᠡᠢ | ᠪᠤᠶᠤ ᠮᠥᠨ ᠴᠢᠨᠠᠷ ᠤᠨ ᠠᠭᠤᠯᠭ᠎ᠠ ᠳᠤ ᠣᠯᠠᠨ ᠤᠳᠠᠭ᠎ᠠ ᠬᠠᠯᠠᠭᠤᠨ ᠤᠲᠠᠰᠤ ᠶᠢ ᠳᠠᠬᠢᠨ ᠳᠠᠪᠲᠠᠨ ᠤᠲᠠᠰᠤᠳᠠᠵᠤ᠂ ᠣᠯᠠᠨ ᠨᠡᠶᠢᠲᠡ ᠶᠢᠨ ᠡᠬᠢ ᠪᠠᠶᠠᠯᠢᠭ ᠢ ᠣᠷᠳᠣ | ᠬᠤᠭᠤᠴᠠᠭ᠎ᠠ ᠪᠠᠷ ᠡᠵᠡᠯᠡᠨ ᠬᠡᠷᠡᠭᠯᠡᠭᠰᠡᠨ︔ ᠠᠵᠢᠯᠲᠠᠨ ᠢ ᠦᠢᠮᠡᠭᠦᠯᠦᠭᠰᠡᠨ᠂ ᠭᠤᠲᠤᠭᠠᠨ ᠳᠣᠷᠣᠮᠵᠢᠯᠠᠭᠰᠠᠨ᠂ ᠰᠦᠷᠳᠡᠭᠦᠯᠦᠭᠰᠡᠨ᠂ ᠬᠠᠯᠠᠭᠤᠨ ᠤᠲᠠᠰᠤᠨ ᠤ | ᠠᠵᠢᠯ ᠤᠨ ᠬᠡᠪ ᠤᠨ ᠠᠵᠢᠯᠯᠠᠭ᠎ᠠ ᠶᠢ ᠬᠠᠷᠰᠢᠯᠠᠭᠰᠠᠨ︔ ᠵᠣᠷᠢᠭᠤᠳᠠ ᠣᠷᠣ ᠦᠭᠡᠢ ᠭᠠᠵᠠᠷ ᠣᠪᠣᠭ᠎ᠠ ᠪᠣᠰᠬᠠᠨ ᠭᠦᠳᠬᠡᠨ ᠭᠦᠵᠢᠷᠯᠡᠵᠦ᠂ ᠭᠦᠳᠬᠡᠨ ᠵᠠᠭᠠᠯᠳᠤᠵᠤ᠂ | ᠭᠦᠵᠢᠷᠯᠡᠨ ᠬᠤᠣᠷᠯᠠᠵᠤ᠂ ᠲᠥᠪ ᠪᠤᠰᠤ ᠠᠷᠭ᠎ᠠ ᠪᠠᠷ ᠬᠠᠯᠠᠭᠤᠨ ᠤᠲᠠᠰᠤᠨ ᠤ ᠠᠵᠢᠯ ᠤᠨ ᠡᠮᠬᠢ ᠵᠢᠷᠤᠮ ᠢ ᠰᠠᠮᠠᠭᠤᠷᠠᠭᠤᠯᠤᠭᠰᠠᠨ ᠪᠠᠶᠢᠳᠠᠯ ᠢ ᠬᠠᠤᠯᠢ ᠶᠣᠰᠣᠭᠠᠷ | ᠰᠢᠢᠳᠪᠦᠷᠢᠯᠡᠬᠦ ᠬᠡᠷᠡᠭᠲᠡᠢ᠃ | ᠳᠠᠭᠠᠯᠳᠤᠭᠤᠯᠤᠯ᠄ ᠪᠠᠶᠠᠨᠨᠠᠭᠤᠷ ᠬᠤᠲᠠ ᠶᠢᠨ 12345 ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠠᠷᠠᠳ ᠲᠤ ᠲᠥᠬᠦᠮ ᠦᠵᠡᠭᠦᠯᠬᠦ ᠬᠠᠯᠠᠮᠰᠢᠯ ᠤᠲᠠᠰᠤ | ᠬᠢᠭᠡᠳ 110 ᠲᠦᠭᠰᠢᠭᠦᠷᠢ ᠮᠡᠳᠡᠭᠦᠯᠬᠦ ᠦᠢᠯᠡᠴᠢᠯᠡᠭᠡᠨ ᠤ ᠲᠠᠪᠴᠠᠩ ᠤᠨ ᠭᠥᠯᠢᠶᠡᠨ ᠠᠪᠴᠤ ᠰᠢᠢᠳᠪᠦᠷᠢᠯᠡᠬᠦ ᠬᠡᠪᠴᠢᠶ᠎ᠡ ᠶᠢᠨ ᠬᠤᠪᠢᠶᠠᠷᠢᠯᠠᠯ | 2023 ᠣᠨ ᠤ 4 ᠰᠠᠷ᠎ᠠ ᠶᠢᠨ 13 ᠤ ᠡᠳᠦᠷ | ︵ᠲᠣᠰ ᠮᠠᠲ᠋ᠧᠷᠢᠶᠠᠯ ᠢ ᠢᠯᠡ ᠪᠠᠷ ᠨᠡᠶᠢᠲᠡᠯᠡᠪᠡ︶ | | | | | | | |