ᠮᠣᠩᠭᠤᠯᠴᠤᠳ ᠤᠨ ᠵᠠᠰᠠᠯ ᠴᠢᠮᠡᠭᠯᠡᠯ ᠤᠨ ᠡᠷᠡᠭᠦᠯᠵᠢᠯ ᠤᠨ ᠤᠬᠠᠭᠠᠨ ︵  ᠳᠥᠷᠪᠡ︶
ᠨᠡᠶᠢᠲᠡᠯᠡᠭᠰᠡᠨ ᠴᠠᠭ᠄
2023/9/7
      ᠵᠠᠰᠠᠯ ᠴᠢᠮᠡᠭᠯᠡᠯ ᠪᠣᠯ ᠨᠢᠭᠡ ᠦᠨᠳᠦᠰᠦᠲᠡᠨ ᠤ ᠣᠨᠴᠠᠯᠢᠭ᠂ ᠵᠠᠩ ᠳᠠᠳᠬᠠᠯ᠂ ᠶᠣᠰᠣ ᠰᠤᠷᠲᠠᠬᠤᠨ᠂ ᠡᠷᠡᠭᠦᠯ ᠬᠠᠮᠠᠭᠠᠯᠠᠯ ᠤᠨ ᠲᠤᠰᠬᠠᠯ ᠶᠤᠮ᠃ ᠮᠣᠩᠭᠤᠯᠴᠤᠳ ᠤᠨ ᠵᠠᠰᠠᠯ ᠴᠢᠮᠡᠭᠯᠡᠯ ᠨᠢ ᠥᠪᠡᠷᠮᠢᠴᠡ ᠣᠨᠴᠠᠯᠢᠭ ᠲᠠᠢ᠂ ᠮᠣᠩᠭᠤᠯ ᠠᠨᠠᠭᠠᠬᠤ ᠤᠬᠠᠭᠠᠨ ᠤ ᠵᠠᠰᠠᠯᠭ᠎ᠠ ᠠᠴᠠ ᠤᠯᠠᠷᠢᠨ ᠬᠤᠪᠢᠷᠠᠵᠤ ᠢᠷᠡᠭᠰᠡᠨ ᠤᠯᠠ ᠮᠥᠷ ᠲᠠᠢ᠃      ᠡᠭᠡᠮᠦᠭ᠄ ᠡᠭᠡᠮᠦᠭ ᠢ ᠡᠷᠲᠡᠨ ᠳᠡᠭᠡᠨ ᠡᠷᠡᠭᠲᠡᠢ ᠡᠮᠡᠭᠲᠡᠢ ᠪᠦᠷ ᠵᠡᠭᠦᠵᠦ ᠪᠠᠶᠢᠵᠠᠢ᠃ ᠡᠨᠡ ᠨᠢ ᠵᠠᠰᠠᠯ ᠴᠢᠮᠡᠭᠯᠡᠯ ᠪᠣᠯᠬᠤ ᠪᠠᠷ ᠪᠠᠷᠠᠬᠤ ᠦᠭᠡᠢ ᠠᠨᠠᠭᠠᠬᠤ ᠤᠬᠠᠭᠠᠨ ᠤ ᠵᠠᠰᠠᠯᠭ᠎ᠠ ᠶᠢᠨ ᠡᠳ᠋ ᠪᠠᠶᠢᠵᠠᠢ᠃ ᠡᠭᠡᠮᠦᠭ ᠵᠡᠭᠦᠪᠡᠯ ᠨᠢᠳᠦᠨ ᠬᠠᠷᠠᠭ᠎ᠠ ᠶᠢ ᠬᠠᠮᠠᠭᠠᠯᠠᠳᠠᠭ ᠶᠤᠮ ᠭᠡᠵᠦ ᠮᠣᠩᠭᠤᠯ ᠠᠨᠠᠭᠠᠬᠤ ᠤᠬᠠᠭᠠᠨ ᠳᠤ ᠪᠠᠶᠢᠳᠠᠭ᠃ ᠡᠭᠦᠨ ᠢ ᠣᠳᠣ ᠦᠶ᠎ᠡ ᠶᠢᠨ ᠰᠢᠨᠵᠢᠯᠡᠬᠦ ᠤᠬᠠᠭᠠᠨ ᠪᠠ ᠤᠷᠲᠤ ᠨᠠᠰᠤᠯᠠᠭᠰᠠᠨ ᠡᠮᠡᠭᠲᠡᠶᠢᠴᠦᠳ ᠬᠠᠷᠠᠬᠠᠨ ᠪᠠᠭ᠎ᠠ ᠠᠴᠠ ᠪᠠᠨ ᠡᠭᠡᠮᠦᠭ ᠵᠡᠭᠦᠭᠰᠡᠨ ᠠᠴᠠ ᠪᠣᠯᠣᠭᠠᠳ ᠭᠠᠯ ᠰᠢᠯ ᠵᠡᠭᠦᠬᠦ ᠦᠭᠡᠢ ᠵᠡᠭᠦᠦ ᠰᠦᠪᠡᠯᠡᠵᠦ ᠪᠠᠶᠢᠳᠠᠭ ᠪᠣᠳᠠᠲᠠᠢ ᠵᠢᠱᠢᠶ᠎ᠡ ᠭᠡᠷᠡᠴᠢᠯᠡᠵᠦ ᠪᠠᠶᠢᠨ᠎ᠠ᠃
ᠢᠷᠡᠯᠲᠡ᠄ ᠪᠠᠶᠠᠨ ᠨᠠᠭᠤᠷ ᠤᠨ ᠡᠳᠦᠷ ᠤᠨ ᠰᠣᠨᠢᠨ