ᠤᠷᠠᠳ ᠮᠣᠩᠭᠤᠯᠴᠤᠳ ᠤᠨ ᠰᠦ ᠴᠠᠭ᠎ᠠ ᠡᠳ᠋ᠯᠡᠬᠦ ᠠᠷᠭ᠎ᠠ ︵ᠬᠤᠶᠠᠷ︶
ᠨᠡᠶᠢᠲᠡᠯᠡᠭᠰᠡᠨ ᠴᠠᠭ᠄
2024/10/21
      ᠰᠠᠭᠠᠮᠠᠯ ᠰᠦ ᠶᠢ ᠪᠣᠰᠤᠭ᠎ᠠ ᠸᠠᠭᠠᠷ ᠭᠠᠩ ᠳᠣᠲᠣᠷ᠎ᠠ ᠬᠤᠷᠢᠶᠠᠵᠤ᠂ ᠪᠦᠷᠢᠨ ᠰᠠᠶᠢᠬᠠᠨ ᠡᠭᠡᠳᠡᠭᠰᠡᠨ ᠤ ᠳᠠᠷᠠᠭ᠎ᠠ᠂ ᠰᠦ ᠪᠦᠯᠢᠬᠦ ᠬᠡᠷᠡᠭᠰᠡᠯ ᠢ ᠵᠠᠷᠤᠵᠤ ᠲᠣᠭᠲᠠᠭᠰᠠᠨ ᠠᠷᠭ᠎ᠠ ᠪᠠᠷ ᠪᠦᠯᠢᠵᠦ᠂ ᠰᠦ ᠶᠢᠨ ᠳᠡᠭᠡᠷ᠎ᠡ ᠰᠠᠭᠤᠭᠰᠠᠨ ᠥᠷᠥᠮ᠎ᠡ ᠶᠢ ᠪᠦᠯᠢᠭᠰᠡᠨ ᠥᠷᠥᠮ᠎ᠡ ᠭᠡᠳᠡᠭ᠃ ᠥᠷᠥᠮ᠎ᠡ ᠶᠢ ᠨᠢ ᠲᠤᠰᠬᠠᠢ ᠰᠠᠪᠠᠨ ᠳᠤ ᠬᠢᠵᠦ ᠠᠪᠬᠤ ᠳᠤ ᠸᠠᠭᠠᠷ ᠳᠣᠲᠣᠷ᠎ᠠ ᠦᠯᠡᠳᠡᠭᠰᠡᠨ ᠢᠰᠬᠡᠭᠰᠡᠨ ᠰᠦ ᠶᠢ ᠪᠦᠯᠢᠭᠰᠡᠨ ᠰᠦ ᠭᠡᠳᠡᠭ᠃ ᠡᠨᠡ ᠨᠢ ᠡᠭᠡᠳᠡᠭᠰᠡᠨ ᠰᠦ ᠠᠴᠠ ᠰᠢᠩᠭᠡᠨ ᠪᠠᠶᠢᠳᠠᠭ᠃ ᠤᠴᠢᠷ ᠨᠢ ᠤᠰᠤ ᠬᠤᠯᠢᠭᠰᠠᠨ ᠰᠦ ᠪᠣᠯᠣᠨ᠎ᠠ᠃ ᠪᠦᠯᠢᠭᠰᠡᠨ ᠥᠷᠥᠮ᠎ᠡ ᠶᠢᠨ ᠲᠣᠰᠣ ᠭᠠᠷᠬᠤ ᠨᠣᠷᠮ᠎ᠠ ᠨᠢ ᠪᠤᠰᠤᠳ ᠥᠷᠥᠮ᠎ᠡ ᠠᠴᠠ ᠥᠨᠳᠥᠷ ᠪᠠᠶᠢᠳᠠᠭ᠃ ᠡᠶᠢᠮᠦ ᠠᠴᠠ ᠪᠦᠯᠢᠭᠰᠡᠨ ᠥᠷᠥᠮ᠎ᠡ ᠨᠢ ᠰᠢᠷ᠎ᠠ ᠲᠣᠰᠣ ᠳ᠋ᠦᠩᠨᠡᠵᠦ ᠠᠪᠬᠤ ᠭᠤᠣᠯ ᠲᠦᠭᠦᠬᠡᠢ ᠮᠠᠲ᠋ᠧᠷᠢᠶᠠᠯ ᠪᠣᠯᠳᠠᠭ᠃      ᠪᠠᠰᠠ ᠬᠠᠳᠠᠭᠠᠯᠠᠭᠰᠠᠨ ᠰᠦ ᠪᠠᠨ ᠤᠰᠤᠨ ᠤ ᠲᠤᠩ ︵ᠤᠰᠤ ᠬᠢᠳᠡᠭ ᠲᠣᠮᠣ ᠮᠣᠳᠣᠨ ᠰᠠᠪᠠ᠂ ᠪᠠᠰᠠ ᠬᠠᠪᠴᠢ ᠭᠡᠳᠡᠭ︶᠎ ᠳᠠᠭᠠᠨ ᠬᠢᠵᠦ᠂ ᠲᠡᠮᠡᠭᠡᠨ ᠳᠡᠭᠡᠨ ᠲᠡᠩᠨᠡᠭᠡᠳ ︵ᠠᠴᠢᠵᠤ︶ ᠮᠠᠯ ᠳᠠᠭᠠᠨ ᠶᠠᠪᠤᠩᠭᠤᠲᠠ ᠪᠠᠨ ᠲᠡᠮᠡᠭᠡᠨ ᠤ ᠠᠯᠬᠤᠴᠠ ᠪᠠᠷ ᠰᠠᠵᠢᠯᠠᠭᠤᠯᠵᠤ ᠪᠦᠯᠢᠭᠡᠳ᠂ ᠦᠳᠡ ᠳᠤ ᠮᠠᠯ ᠠᠴᠠ ᠪᠠᠨ ᠢᠷᠡᠵᠦ ᠡᠨᠡ ᠬᠦ ᠪᠦᠯᠢᠭᠰᠡᠨ ᠰᠦ ᠶᠢᠨ ᠥᠷᠥᠮ᠎ᠡ ᠶᠢ ᠬᠠᠮᠤᠵᠤ ᠠᠪᠳᠠᠭ ᠵᠠᠩᠰᠢᠯ ᠴᠤ ᠪᠠᠶᠢᠳᠠᠭ ᠪᠢᠯᠡ᠃      ᠰᠦ ᠪᠦᠯᠢᠬᠦ ᠭᠡᠳᠡᠭ ᠪᠣᠯ ᠥᠷᠥᠮ᠎ᠡ ᠶᠢ ᠨᠢ ᠠᠪᠤᠭᠰᠠᠨ ᠦᠭᠡᠢ ᠡᠭᠡᠳᠡᠭᠦᠯᠦᠭᠰᠡᠨ ᠰᠦ ᠶᠢ ᠸᠠᠭᠠᠷ ᠭᠠᠩ ᠳᠤ ᠳᠤᠮᠳᠠᠭᠤᠷ ᠠᠴᠠ ᠳᠡᠭᠡᠭᠰᠢ ᠬᠢᠵᠦ᠂ ᠰᠦ ᠪᠦᠯᠢᠬᠦ ᠳᠤ ᠵᠣᠷᠢᠭᠤᠯᠤᠭᠰᠠᠨ ᠳᠤᠮᠳᠠ ᠪᠠᠨ ᠨᠦᠬᠡ ᠲᠠᠢ ᠲᠠᠭᠯᠠᠭ᠎ᠠ ᠪᠠᠷ ᠸᠠᠭᠠᠷ ᠠᠮᠠᠰᠠᠷ ᠢ ᠲᠠᠭᠯᠠᠵᠤ ᠪᠦᠯᠢᠭᠦᠷ ᠢᠶᠠᠷ ᠲᠣᠭᠲᠠᠭᠰᠠᠨ ᠲᠤᠭ᠎ᠠ ᠲᠠᠢ ᠪᠦᠯᠢᠵᠦ ᠬᠥᠳᠡᠯᠭᠡᠭᠡᠳ ᠥᠷᠥᠮ᠎ᠡ ᠨᠢ ᠭᠦᠢᠴᠡᠳ ᠰᠠᠭᠤᠭᠰᠠᠨ ᠤ ᠳᠠᠷᠠᠭ᠎ᠠ ᠥᠷᠥᠮ᠎ᠡ ᠶᠢ ᠨᠢ ᠬᠠᠮᠤᠵᠤ ᠠᠪᠬᠤ ᠶᠢ ᠵᠢᠭᠠᠵᠤ ᠪᠤᠢ᠃ ᠪᠦᠯᠢᠬᠦ ᠰᠦ ᠨᠢ ᠡᠷᠬᠡᠪᠰᠢ ᠭᠦᠢᠴᠡᠳ ᠰᠠᠶᠢᠨ ᠡᠭᠡᠳᠡᠭᠰᠡᠨ ᠪᠠᠶᠢᠬᠤ ᠬᠡᠷᠡᠭᠲᠡᠢ᠃ ᠰᠦ ᠪᠦᠯᠢᠬᠦ ᠳᠤ ᠡᠭᠡᠳᠡᠭᠦᠯᠬᠦ᠂ ᠢᠯᠭᠠᠷᠠᠭᠤᠯᠬᠤ᠂ ᠬᠠᠯᠠᠭᠠᠬᠤ᠂ ᠪᠦᠯᠢᠬᠦ᠂ ᠥᠷᠥᠮ᠎ᠡ ᠬᠠᠮᠤᠬᠤ ᠵᠡᠷᠭᠡ ᠶᠠᠪᠤᠴᠠ ᠪᠠᠶᠢᠳᠠᠭ       ᠰᠦ ᠪᠠᠨ ᠪᠦᠯᠢᠭᠡᠳ ᠳᠡᠭᠡᠷ᠎ᠡ ᠨᠢ ᠪᠤᠳᠠᠭᠠᠨ ᠤ ᠮᠥᠬᠦᠯᠢᠭ ᠮᠡᠲᠦ ᠰᠢᠷᠭᠠᠯ ᠥᠷᠥᠮ᠎ᠡ ᠭᠠᠷᠴᠤ ᠢᠷᠡᠬᠦ ᠦᠶ᠎ᠡ ᠳᠤ ᠰᠦ ᠪᠠᠨ ᠲᠣᠭᠤᠭᠠᠨ ᠳᠤ ᠬᠢᠵᠦ ᠵᠥᠭᠡᠯᠡᠨ ᠭᠠᠯ ᠢᠶᠠᠷ ᠳᠤᠲᠠᠭᠤ ᠬᠠᠯᠠᠭᠠᠭᠠᠳ ︵ᠬᠤᠷᠤᠭᠤ ᠳᠦᠷᠦᠬᠦ ᠳᠤ ᠪᠠᠭ᠋ᠠᠨ ᠬᠠᠯᠠᠵᠤ ᠪᠠᠶᠢᠪᠠᠯ ᠪᠣᠯᠴᠢᠬᠠᠨ᠎ᠠ︶ ᠳᠠᠬᠢᠨ ᠸᠠᠭᠠᠷ ᠲᠠᠭᠠᠨ ᠠᠭᠤᠳᠠᠯᠵᠤ ᠠᠪᠤᠭᠠᠳ ᠦᠷᠭᠦᠯᠵᠢᠯᠡᠨ ᠪᠦᠯᠢᠭᠡᠳ ᠲᠠᠭᠯᠠᠭ᠎ᠠ ᠶᠢᠨ ᠳᠡᠭᠡᠷ᠎ᠡ ᠨᠢ ᠥᠷᠥᠮ᠎ᠡ ᠨᠢ ᠴᠠᠯᠭᠢᠯᠠᠨ ᠭᠠᠷᠴᠤ ᠢᠷᠡᠬᠦ ᠦᠶ᠎ᠡ ᠳᠤ ᠲᠠᠭᠯᠠᠭ᠎ᠠ ᠶᠢ ᠠᠪᠴᠤ ᠥᠷᠥᠮ᠎ᠡ ᠪᠠᠨ ᠬᠠᠮᠤᠬᠤ ᠶᠢᠨ ᠳᠠᠭᠠᠤ ᠰᠦ ᠶᠢ ᠪᠦᠯᠢᠭᠦᠷ ᠢᠶᠠᠷ ᠢᠶᠠᠨ ᠬᠥᠩᠭᠡᠨ ᠬᠥᠳᠡᠯᠭᠡᠨ ᠭᠦᠢᠴᠡᠳ ᠰᠠᠶᠢᠨ ᠬᠠᠮᠤᠵᠤ ᠳᠠᠭᠤᠰᠬᠠᠭᠠᠳ ᠰᠠᠶ᠋ᠢ ᠪᠦᠯᠢᠭᠰᠡᠨ ᠰᠦ ᠪᠠᠨ ᠵᠠᠳᠠᠭᠠᠢ ᠠᠮᠠ ᠲᠠᠢ ᠪᠦᠳᠦᠭᠦᠨ ᠭᠠᠩ ᠳᠤ ᠬᠢᠵᠦ ᠬᠤᠷᠢᠶᠠᠵᠤ ᠬᠦᠴᠢ ᠣᠷᠣᠭᠤᠯᠤᠨ ᠢᠰᠬᠡᠨ᠎ᠡ᠃      ᠦᠨᠢᠶᠡᠨ ᠤ ᠰᠦ ᠶᠢ ᠪᠦᠯᠢᠬᠦ ᠳᠤ ᠤᠷᠢᠳ ᠢᠶᠠᠷ ᠬᠡᠰᠡᠭ ᠪᠦᠯᠢᠭᠰᠡᠨ ᠤ ᠳᠠᠷᠠᠭ᠎ᠠ ᠰᠢᠭᠤᠳ ᠲᠣᠭᠤᠭᠠᠨ ᠳᠤ ᠬᠢᠵᠦ ᠬᠠᠯᠠᠭᠠᠳᠠᠭ᠃ ᠬᠠᠷᠢᠨ ᠢᠮᠠᠭᠠᠨ ᠤ ᠰᠦ ᠶᠢ ᠪᠣᠯ ᠲᠣᠭᠲᠠᠭᠰᠠᠨ ᠬᠡᠮᠵᠢᠶ᠎ᠡ ᠲᠠᠢ ᠪᠦᠯᠢᠭᠰᠡᠨ ᠤ ᠰᠡᠭᠦᠯᠡᠷ ᠳᠡᠭᠡᠷ᠎ᠡ ᠨᠢ ᠤᠰᠤ ᠪᠤᠴᠠᠯᠭᠠᠵᠤ ᠬᠢᠳᠡᠭ᠃ ᠡᠭᠦᠨ ᠢ ᠰᠦ ᠬᠢᠷᠠᠮᠠᠯᠠᠬᠤ ᠭᠡᠳᠡᠭ᠃ ᠪᠠᠰᠠ ᠬᠢᠷᠠᠮ᠎ᠠ ᠬᠢᠨ᠎ᠡ ᠭᠡᠳᠡᠭ᠃
ᠢᠷᠡᠯᠲᠡ᠄ ᠪᠠᠶᠠᠨ ᠨᠠᠭᠤᠷ ᠤᠨ ᠡᠳᠦᠷ ᠤᠨ ᠰᠣᠨᠢᠨ