ᠤᠷᠠᠳ ᠮᠣᠩᠭᠤᠯᠴᠤᠳ ᠤᠨ ᠰᠦ ᠴᠠᠭ᠎ᠠ ᠡᠳ᠋ᠯᠡᠬᠦ ᠠᠷᠭ᠎ᠠ ︵ᠭᠤᠷᠪᠠ︶
ᠨᠡᠶᠢᠲᠡᠯᠡᠭᠰᠡᠨ ᠴᠠᠭ᠄
2024/10/21
      ᠰᠠᠶ᠋ᠢ ᠰᠠᠭᠠᠵᠤ ᠠᠪᠴᠢᠷᠠᠭᠰᠠᠨ ᠰᠦ ᠶᠢ ᠲᠣᠭᠤᠭᠠᠨ ᠳᠤ ᠬᠢᠵᠦ ᠵᠥᠭᠡᠯᠡᠨ ᠭᠠᠯ ᠢᠶᠠᠷ ᠪᠤᠴᠠᠯᠭᠠᠵᠤ᠂ ᠰᠠᠶᠢᠲᠤᠷ ᠰᠠᠮᠤᠷᠤᠨ ᠬᠥᠭᠡᠰᠦᠷᠡᠭᠦᠯᠦᠨ᠎ᠡ᠃ ᠰᠦ ᠶᠢᠨ ᠳᠡᠭᠡᠷ᠎ᠡ ᠭᠦᠢᠴᠡᠳ ᠰᠠᠶᠢᠨ ᠬᠥᠭᠡᠰᠦ ᠰᠠᠭᠤᠭᠰᠠᠨ ᠤ ᠳᠠᠷᠠᠭ᠎ᠠ ᠭᠠᠯ ᠢᠶᠠᠨ ᠠᠯᠭᠤᠷᠬᠠᠨ ᠢᠶᠠᠷ ᠵᠣᠭᠰᠣᠭᠠᠵᠤ ᠰᠦ ᠪᠠᠨ ᠬᠥᠷᠥᠭᠡᠨ᠎ᠡ᠃ ᠡᠭᠦᠨ ᠢ ᠰᠦ ᠵᠠᠮᠤᠷᠤᠭᠤᠯᠭ᠎ᠠ ᠭᠡᠳᠡᠭ᠃ ᠬᠥᠭᠡᠷᠦᠭᠦᠯᠦᠭᠰᠡᠨ ᠰᠦ ᠶᠢ ᠠᠶᠠᠨᠳᠠᠭᠠᠨ ᠵᠠᠮᠤᠷᠤᠭᠠᠳ ᠤᠨ ᠲᠥᠯᠥᠭᠡ ᠲᠣᠭᠤᠭᠠᠨ ᠳᠡᠭᠡᠷ᠎ᠡ ᠬᠠᠪᠬᠠᠭᠠᠰᠤ ᠪᠠᠨ ᠰᠠᠷᠠᠪᠴᠢᠯᠠᠭᠤᠯᠤᠨ ᠲᠠᠯᠪᠢᠵᠤ  ᠰᠠᠯᠬᠢ ᠣᠷᠣᠬᠤ ᠶᠢ ᠰᠡᠷᠭᠡᠶᠢᠯᠡᠨ ᠨᠥᠮᠥᠷᠢ ᠬᠢᠳᠡᠭ᠃ ᠢᠩᠭᠢᠪᠡᠯ ᠥᠷᠥᠮ᠎ᠡ ᠨᠢ ᠵᠤᠵᠠᠭᠠᠨ ᠰᠠᠭᠤᠳᠠᠭ᠃      ᠰᠦ ᠨᠢ ᠭᠦᠢᠴᠡᠳ ᠵᠠᠮᠤᠷᠴᠤ ᠬᠦᠷᠦᠭᠰᠡᠨ ᠤ ᠬᠤᠶᠢᠨ᠎ᠠ ᠥᠷᠥᠮ᠎ᠡ ᠶᠢ ᠨᠢ ᠠᠪᠬᠤ ᠬᠡᠷᠡᠭᠲᠡᠢ᠃      ᠬᠥᠭᠡᠷᠦᠭᠦᠯᠦᠭᠰᠡᠨ ᠰᠦ ᠶᠢᠨ ᠥᠷᠥᠮ᠎ᠡ ᠶᠢ ᠠᠪᠬᠤ ᠳᠠᠭᠠᠨ ᠬᠤᠰᠤᠭᠤᠷ ᠢᠶᠠᠷ ᠥᠷᠥᠮ᠎ᠡ ᠶᠢᠨ ᠲᠣᠭᠤᠭᠠᠨ ᠳᠤ ᠨᠠᠭᠠᠯᠳᠤᠵᠤ ᠪᠠᠶᠢᠬᠤ ᠬᠡᠰᠡᠭ ᠢ ᠲᠣᠭᠤᠷᠢᠭᠤᠯᠤᠨ ᠬᠤᠰᠤᠵᠤ ᠰᠠᠯᠭᠠᠭᠠᠳ᠂ ᠥᠷᠥᠮ᠎ᠡ ᠶᠢᠨ ᠳᠤᠮᠳᠠᠭᠤᠷ ᠰᠠᠪᠠ ᠪᠤᠶᠤ ᠲᠤᠰᠬᠠᠢ ᠨᠠᠷᠢᠨ ᠮᠣᠳᠣ ᠣᠷᠣᠭᠤᠯᠵᠤ ᠬᠠᠪᠰᠤᠷᠤᠭᠤᠯᠤᠨ ᠡᠯᠭᠦᠵᠦ ᠠᠪᠤᠭᠠᠳ ᠳᠡᠷᠡᠰᠦᠨ ᠴᠢᠭ ᠳᠡᠭᠡᠷ᠎ᠡ ᠬᠥᠩᠭᠡᠨ ᠲᠠᠯᠪᠢᠵᠤ ᠰᠡᠭᠦᠳᠡᠷ ᠭᠠᠵᠠᠷ ᠬᠠᠲᠠᠭᠠᠨ᠎ᠠ᠃ ᠡᠨᠡ ᠬᠦ ᠥᠷᠥᠮ᠎ᠡ ᠶᠢ ᠬᠠᠲᠠᠭᠠᠭᠰᠠᠨ ᠥᠷᠥᠮ᠎ᠡ ᠭᠡᠳᠡᠭ᠃
ᠢᠷᠡᠯᠲᠡ᠄ ᠪᠠᠶᠠᠨ ᠨᠠᠭᠤᠷ ᠤᠨ ᠡᠳᠦᠷ ᠤᠨ ᠰᠣᠨᠢᠨ