ᠪᠦᠯᠢᠭᠰᠡᠨ ᠥᠷᠥᠮ᠎ᠡ᠂ ᠬᠠᠮᠤᠭᠰᠠᠨ ᠥᠷᠥᠮ᠎ᠡ ᠶᠢ ᠰᠠᠪᠠᠨ ᠳᠤ ᠬᠤᠷᠢᠶᠠᠭᠠᠳ ᠨᠡᠯᠢᠶᠡᠳ ᠬᠡᠮᠵᠢᠶ᠎ᠡ ᠪᠣᠯᠣᠭᠰᠠᠨ ᠦᠶ᠎ᠡ ᠳᠤ ᠥᠷᠥᠮ᠎ᠡ ᠶᠢ ᠲᠣᠭᠤᠭᠠᠨ ᠳᠤ | ᠬᠢᠵᠦ ᠪᠤᠴᠠᠯᠭᠠᠨ᠎ᠠ᠃ ᠢᠩᠭᠢᠭᠡᠳ ᠲᠣᠭᠲᠠᠭᠰᠠᠨ ᠬᠡᠮᠵᠢᠶᠡᠨ ᠳᠤ ᠬᠦᠷᠬᠦ ᠳᠤ ᠥᠷᠥᠮ᠎ᠡ ᠨᠢ ᠬᠠᠶᠢᠯᠵᠤ ᠲᠣᠰᠣ ᠨᠢ ᠲᠤᠨᠵᠤ ᠭᠠᠷᠤᠨ᠎ᠠ᠃ ᠡᠨᠡ ᠬᠦ ᠲᠤᠨᠤᠭᠰᠠᠨ | ᠲᠣᠰᠣ ᠶᠢ ᠳᠠᠷᠤᠢ ᠰᠢᠷ᠎ᠠ ᠲᠣᠰᠣ ᠭᠡᠳᠡᠭ᠃ ᠦᠨᠢᠶᠡᠨ ᠤ ᠨᠠᠪᠲᠠᠰᠤ ᠰᠦ ᠶᠢᠨ ᠲᠣᠰᠣ ᠪᠣᠯ ᠰᠢᠷᠭᠠᠯ ᠥᠩᠭᠡᠲᠡᠢ ᠪᠥᠭᠡᠳ ᠰᠢᠮ᠎ᠡ ᠲᠡᠵᠢᠭᠡᠯ ᠢᠶᠠᠷ ᠥᠨᠳᠥᠷ ᠡᠮ ᠤᠨ | ᠴᠢᠳᠠᠯ ᠲᠠᠢ ᠲᠤᠯᠠ ᠬᠥᠮᠦᠰ ᠲᠤᠩ ᠡᠷᠬᠢᠮᠯᠡᠨ ᠠᠪᠳᠠᠭ ᠪᠢᠯᠡ᠃ ᠢᠮᠠᠭ᠎ᠠ ᠪᠣᠯᠤᠨ ᠢᠩᠭᠡᠨ ᠤ ᠰᠦ ᠶᠢᠨ ᠲᠣᠰᠣ ᠪᠣᠯ ᠴᠠᠭᠠᠨ ᠥᠩᠭᠡᠲᠡᠢ ᠪᠠᠶᠢᠳᠠᠭ᠃ | ᠰᠢᠷ᠎ᠠ ᠲᠣᠰᠣ ᠢᠯᠭᠠᠷᠠᠭᠤᠯᠬᠤ ᠳᠠᠭᠠᠨ᠂ ᠲᠣᠰᠣ ᠢᠯᠭᠠᠷᠠᠭᠤᠯᠬᠤ ᠪᠠᠷ ᠪᠡᠯᠡᠳᠬᠡᠭᠰᠡᠨ ᠥᠷᠥᠮ᠎ᠡ ᠪᠠᠨ ᠲᠣᠭᠤᠭᠠᠨ ︵ᠭᠠᠤᠯᠢᠨ ᠲᠣᠭᠤᠭ᠎ᠠ ᠬᠠᠮᠤᠭ ᠤᠨ | ᠰᠠᠶᠢᠨ︶ ᠳᠤ ᠬᠢᠵᠦ ᠵᠥᠭᠡᠯᠡᠨ ᠭᠠᠯ ᠢᠶᠠᠷ ᠪᠤᠴᠠᠯᠭᠠᠨ᠎ᠠ᠃ ᠲᠣᠭᠤᠭᠠᠨ ᠳᠠᠬᠢ ᠥᠷᠥᠮ᠎ᠡ ᠪᠤᠴᠠᠯᠤᠮᠠᠭᠴᠠ ᠳᠠᠷᠤᠢ ᠬᠤᠰᠤᠭᠤᠷ ᠢᠶᠠᠷ ᠲᠠᠰᠤᠷᠠᠯᠲᠠ ᠦᠭᠡᠢ ᠬᠤᠳᠬᠤᠨ | ᠬᠥᠳᠡᠯᠭᠡᠨ᠎ᠡ᠃ ᠢᠩᠭᠢᠭᠡᠳ ᠥᠷᠥᠮ᠎ᠡ ᠶᠢᠨ ᠳᠡᠭᠡᠷ᠎ᠡ ᠨᠢ ᠰᠢᠷᠭᠠᠯ ᠬᠥᠭᠡᠰᠦ ᠭᠠᠷᠴᠤ ᠢᠷᠡᠬᠦ ᠦᠶ᠎ᠡ ᠳᠤ ᠳᠡᠭᠡᠷ᠎ᠡ ᠨᠢ ᠥᠷᠥᠮ᠎ᠡ ᠶᠢᠨ ᠬᠡᠮᠵᠢᠶ᠎ᠡ ᠶᠢ ᠦᠨᠳᠦᠰᠦᠯᠡᠨ | ᠪᠠᠭ᠎ᠠ ᠬᠡᠮᠵᠢᠶᠡᠨ ᠤ ᠭᠤᠯᠢᠷ ᠪᠤᠶᠤ ᠪᠤᠳᠠᠭ᠎ᠠ ᠬᠢᠵᠦ ᠦᠷᠭᠦᠯᠵᠢᠯᠡᠨ ᠪᠤᠴᠠᠯᠭᠠᠵᠤ ᠬᠤᠳᠬᠤᠨ ᠬᠥᠳᠡᠯᠭᠡᠨ᠎ᠡ᠃ ᠡᠨᠡ ᠮᠡᠲᠦ ᠥᠷᠥᠮ᠎ᠡ ᠶᠢ ᠪᠤᠴᠠᠯᠭᠠᠭᠰᠠᠭᠠᠷ | ᠲᠣᠭᠲᠠᠭᠰᠠᠨ ᠬᠡᠮᠵᠢᠶᠡᠨ ᠳᠤ ᠬᠦᠷᠬᠦ ᠳᠤ ᠥᠷᠥᠮ᠎ᠡ ᠶᠢᠨ ᠳᠡᠭᠡᠭᠦᠷ ᠰᠢᠷ᠎ᠠ ᠲᠣᠰᠣ ᠲᠤᠨᠵᠤ ᠢᠯᠭᠠᠷᠠᠨ᠎ᠠ᠃ ᠡᠨᠡ ᠦᠶ᠎ᠡ ᠳᠤ ᠰᠢᠷ᠎ᠠ ᠲᠣᠰᠣ ᠶᠢ ᠨᠢ ᠪᠠᠭ᠎ᠠ | ᠰᠢᠨᠠᠭ᠎ᠠ ᠪᠠᠷ ᠰᠢᠬᠠᠵᠤ ᠲᠤᠰᠬᠠᠢ ᠰᠠᠪᠠᠨ ᠳᠤ ᠲᠤᠩᠭᠠᠨ ᠠᠪᠤᠨ᠎ᠠ᠃ ᠲᠣᠰᠣ ᠶᠢ ᠨᠢ ᠭᠦᠢᠴᠡᠳ ᠰᠠᠶᠢᠨ ᠲᠤᠩᠭᠠᠵᠤ ᠠᠪᠤᠭᠠᠳ ᠦᠯᠡᠳᠡᠭᠰᠡᠨ ᠰᠢᠭᠠᠷᠤ ᠶᠢ ᠨᠢ | ᠰᠠᠪᠠᠨ ᠳᠤ ᠠᠭᠤᠳᠠᠯᠵᠤ ᠠᠪᠤᠭᠠᠳ ᠴᠠᠷᠴᠠᠭᠠᠵᠤ ᠲᠠᠯᠪᠢᠨ᠎ᠠ᠃ ᠡᠨᠡ ᠬᠦ ᠥᠷᠥᠮ᠎ᠡ ᠶᠢᠨ ᠰᠢᠭᠠᠷᠤ ᠶᠢ ᠤᠷᠠᠳᠴᠤᠳ ᠵᠥᠭᠡᠬᠡᠢ ︵ᠪᠠᠰᠠ ᠴᠥᠴᠥᠭᠡᠢ ᠭᠡᠨ᠎ᠡ︶ ᠭᠡᠳᠡᠭ | ᠃ ᠡᠭᠦᠨ ᠢ ᠴᠠᠢ ᠳᠤ ᠬᠢᠵᠦ ᠬᠠᠭᠤᠷᠣᠭᠰᠠᠨ ᠪᠤᠳᠠᠭ᠎ᠠ ᠲᠠᠢ ᠬᠤᠯᠢᠵᠤ ᠢᠳᠡᠬᠦ ᠳᠤ ᠲᠤᠩ ᠥᠪᠡᠷᠮᠢᠴᠡ ᠠᠮᠲᠠᠲᠠᠢ ᠪᠠᠶᠢᠳᠠᠭ ᠰᠠᠨ᠃ |