ᠮᠠᠨ ᠤ ᠬᠤᠳᠠ ᠠᠷᠠᠳ ᠤᠨ ᠠᠮᠢᠳᠤᠷᠠᠯ ᠤᠨ ᠴᠢᠬᠤᠯᠠ ᠲᠠᠸᠠᠷ ᠤᠨ ᠲᠦᠷᠦᠯ ᠵᠦᠢᠯ ᠡᠯᠪᠡᠭ ᠲᠡᠯᠪᠡᠭ ᠬᠠᠩᠭᠠᠵᠠᠢ
ᠨᠡᠶᠢᠲᠡᠯᠡᠭᠰᠡᠨ ᠴᠠᠭ᠄
2024/11/12
      ᠣᠶᠢᠷ᠎ᠠ ᠳᠤ᠂ ᠬᠤᠯᠪᠣᠭᠳᠠᠯ ᠪᠥᠬᠦᠶ ᠰᠠᠯᠠᠭ᠎ᠠ ᠮᠥᠴᠢᠷ ᠠᠴᠠ ᠣᠶᠢᠯᠠᠭᠠᠭᠰᠠᠨ ᠨᠢ᠂ 10 ᠰᠠᠷ᠎ᠠ ᠶᠢᠨ 15᠎ ᠤ ᠡᠳᠦᠷ ᠠᠴᠠ 10 ᠰᠠᠷ᠎ᠠ ᠶᠢᠨ 25᠎ ᠤ ᠡᠳᠦᠷ ᠪᠣᠯᠲᠠᠯ᠎ᠠ᠂ ᠪᠥᠬᠦ ᠬᠤᠲᠠ ᠶᠢᠨ ᠠᠷᠠᠳ ᠤᠨ ᠠᠮᠢᠳᠤᠷᠠᠯ ᠤᠨ ᠴᠢᠬᠤᠯᠠ ᠲᠠᠸᠠᠷ ᠤᠨ ᠵᠠᠬ᠎ᠠ ᠳᠡᠯᠭᠡᠭᠦᠷ ᠤᠨ ᠲᠥᠷᠥᠯ ᠵᠦᠢᠯ ᠡᠯᠪᠡᠭ ᠪᠠᠶᠠᠯᠢᠭ᠂ ᠬᠠᠩᠭᠠᠯᠭ᠎ᠠ ᠭᠦᠢᠴᠡᠳ ᠪᠠᠶᠢᠨ᠎ᠠ᠃      ᠠᠮᠤ ᠲᠣᠰᠣᠨ ᠤ ᠦᠨ᠎ᠡ ᠬᠠᠩᠰᠢ ᠶᠢᠨ ᠲᠣᠭᠲᠠᠭᠤᠨ ᠪᠠᠶᠢᠬᠤ ᠶᠢ ᠪᠠᠲᠤᠯᠠᠪᠠ᠃ ᠰᠢᠨ᠎ᠡ ᠰᠣᠷᠭᠤᠭ ᠭᠠᠭ᠋ᠠᠶ ᠶᠢᠨ ᠮᠢᠬ᠎ᠠ ︵ᠬᠠᠪᠢᠷᠭᠠᠨ ᠤ ᠮᠢᠬ᠎ᠠ︶᠂ ᠲᠠᠬᠢᠶᠠᠨ ᠥᠨᠳᠡᠭᠡ ᠶᠢᠨ ᠦᠨ᠎ᠡ ᠪᠠᠭᠤᠷᠠᠭᠰᠠᠨ︔ ᠰᠢᠨ᠎ᠡ ᠰᠣᠷᠭᠤᠭ ᠦᠬᠡᠷ ᠤᠨ ᠮᠢᠬ᠎ᠠ᠂ ᠲᠠᠬᠢᠶᠠᠨ ᠮᠢᠬᠠᠨ ᠤ ᠦᠨ᠎ᠡ ᠥᠰᠴᠡᠶ︔ ᠰᠢᠨ᠎ᠡ ᠰᠣᠷᠭᠤᠭ ᠭᠠᠭ᠋ᠠᠶ ᠶᠢᠨ ᠮᠢᠬ᠎ᠠ ︵ᠠᠷᠠᠰᠤᠨ ᠭᠤᠶᠤᠯᠠᠯ ᠤᠨ ᠮᠢᠬ᠎ᠠ︶᠂ ᠰᠢᠨ᠎ᠡ ᠰᠣᠷᠭᠤᠭ ᠬᠤᠨᠢᠨ ᠮᠢᠬ᠎ᠠ᠂ ᠦᠨᠢᠶᠡᠨ ᠰᠦ ᠶᠢᠨ ᠦᠨ᠎ᠡ ᠲᠡᠩᠴᠡᠭᠦᠦ ᠪᠠᠶᠢᠵᠤ᠂ ᠤᠰᠤᠨ ᠭᠠᠷᠤᠯᠲᠠ᠂ ᠢᠳᠡᠰᠢᠨ ᠨᠣᠭᠤᠭ᠎ᠠ ᠶᠢᠨ ᠦᠨ᠎ᠡ ᠥᠰᠴᠦ ᠪᠠᠭᠤᠷᠠᠬᠤ ᠪᠠᠶᠢᠳᠠᠯ ᠬᠠᠷᠢᠯᠴᠠᠨ ᠢᠯᠡᠷᠡᠨ᠎ᠡ᠃      ᠴᠠᠶᠢᠯᠭᠠᠭᠰᠠᠨ ᠠᠮᠤ ᠪᠤᠳᠠᠭᠠᠨ ᠤ ᠦᠨ᠎ᠡ ᠬᠠᠩᠰᠢ ᠲᠣᠭᠲᠠᠭᠤᠨ ᠪᠠᠶᠢᠬᠤ ᠶᠢ ᠪᠠᠲᠤᠯᠠᠪᠠ᠃ 2024 ᠣᠨ ᠤ 10 ᠰᠠᠷ᠎ᠠ ᠶᠢᠨ 25᠎ ᠤ ᠡᠳᠦᠷ᠂ ᠠᠮᠤ ᠪᠤᠳᠠᠭ᠎ᠠ᠂ ᠣᠨᠴᠠ ᠨᠢᠭᠡ ᠨᠤᠨᠲᠠᠭ᠂ ᠪᠠᠷᠢᠮᠵᠢᠶᠠᠲᠤ ᠨᠤᠨᠳᠠᠭ ᠪᠥᠬᠦ ᠬᠤᠲᠠ ᠶᠢᠨ ᠳᠤᠮᠳᠠᠴᠢ ᠰᠤᠯᠠ ᠬᠤᠳᠠᠯᠳᠤᠬᠤ ᠦᠨ᠎ᠡ ᠨᠢ ᠲᠣᠰ ᠲᠣᠰ 500 ᠭᠷᠠᠮ 3.13 ᠲᠥᠭᠦᠷᠢᠭ᠂ 3.26 ᠲᠥᠭᠦᠷᠢᠭ᠂ 2.43 ᠲᠥᠭᠦᠷᠢᠭ᠂ ᠭᠠᠷᠠᠬᠠᠨ ᠬᠠᠷᠢᠴᠠᠯ ︵2024 ᠣᠨ ᠤ 10 ᠰᠠᠷ᠎ᠠ ᠶᠢᠨ 15᠎ ᠤ ᠡᠳᠦᠷ︶᠎ ᠤᠨ ᠦᠨ᠎ᠡ ᠲᠠᠢ ᠲᠡᠩᠴᠡᠨ᠎ᠡ᠃      ᠢᠳᠡᠰᠢᠨ ᠲᠣᠰᠣᠨ ᠤ ᠦᠨ᠎ᠡ ᠲᠣᠭᠲᠠᠭᠤᠨ ᠪᠠᠶᠢᠬᠤ ᠶᠢ ᠪᠠᠲᠤᠯᠠᠪᠠ᠃ 2024 ᠣᠨ ᠤ 10 ᠰᠠᠷ᠎ᠠ ᠶᠢᠨ 25᠎ ᠤ ᠡᠳᠦᠷ᠂ ᠯᠣᠬᠠᠱᠧᠩ ᠤᠨ ᠲᠣᠰᠣ᠂ ᠨᠣᠭᠤᠭ᠎ᠠ ᠶᠢᠨ ᠦᠷ᠎ᠡ ᠶᠢᠨ ᠲᠣᠰᠣ᠂ ᠰᠢᠷ᠎ᠠ ᠪᠤᠷᠴᠠᠭ ᠤᠨ ᠲᠣᠰᠣ᠂ ᠰᠢᠷ᠎ᠠ ᠪᠤᠷᠴᠠᠭ ᠤᠨ ᠲᠣᠬᠢᠷᠠᠭᠤᠯᠤᠯᠲᠠ ᠪᠠ ᠲᠣᠰᠣ ᠵᠡᠷᠭᠡ ᠪᠥᠬᠦ ᠬᠤᠲᠠ ᠶᠢᠨ ᠳᠤᠮᠳᠠᠴᠢ ᠵᠢᠵᠢᠭᠯᠡᠨ ᠬᠤᠳᠠᠯᠳᠤᠬᠤ ᠦᠨ᠎ᠡ ᠲᠣᠰ ᠲᠣᠰ 5  ᠯᠢᠲᠷ ᠪᠦᠷᠢ ᠳᠤ 147.06 ᠲᠥᠭᠦᠷᠢᠭ᠂ 92.69 ᠲᠥᠭᠦᠷᠢᠭ᠂ 75.2 ᠲᠥᠭᠦᠷᠢᠭ᠂ 84.1 ᠲᠥᠭᠦᠷᠢᠭ ᠂ ᠭᠠᠷᠠᠬᠠᠨ ᠬᠠᠷᠢᠴᠠᠯ ᠲᠠᠢ ᠲᠡᠩᠴᠡᠨ᠎ᠡ᠃      ᠭᠠᠭ᠋ᠠᠢ ᠶᠢᠨ ᠮᠢᠬ᠎ᠠ ︵ᠬᠠᠪᠢᠷᠭᠠᠨ ᠤ ᠮᠢᠬ᠎ᠠ︶ ᠪᠠ ᠥᠨᠳᠡᠭᠡᠨ ᠤ ᠦᠨ᠎ᠡ ᠵᠢᠭᠠᠬᠠᠨ ᠪᠠᠭᠤᠷᠠᠵᠤ᠂ ᠰᠢᠨ᠎ᠡ ᠰᠣᠷᠭᠤᠭ ᠦᠬᠡᠷ ᠤᠨ ᠮᠢᠬ᠎ᠠ᠂ ᠲᠠᠬᠢᠶᠠᠨ ᠮᠢᠬᠠᠨ ᠤ ᠦᠨ᠎ᠡ ᠵᠢᠭᠠᠬᠠᠨ ᠥᠰᠴᠦ᠂ ᠰᠢᠨ᠎ᠡ ᠰᠣᠷᠭᠤᠭ ᠭᠠᠭ᠋ᠠᠢ ᠶᠢᠨ ᠮᠢᠬ᠎ᠠ ︵ᠭᠤᠶ᠎ᠠ ᠶᠢᠨ ᠮᠢᠬ᠎ᠠ︶᠂ ᠰᠢᠨ᠎ᠡ ᠰᠣᠷᠭᠤᠭ ᠬᠤᠨᠢᠨ ᠮᠢᠬ᠎ᠠ᠂ ᠦᠨᠢᠶᠡᠨ ᠰᠦ ᠶᠢᠨ ᠦᠨ᠎ᠡ ᠠᠳᠠᠯᠢ ᠪᠣᠯᠪᠠ᠃ 2024 ᠣᠨ ᠤ 10 ᠰᠠᠷ᠎ᠠ ᠶᠢᠨ 25᠎ ᠤ ᠡᠳᠦᠷ᠂ ᠰᠢᠨ᠎ᠡ ᠰᠣᠷᠭᠤᠭ ᠭᠠᠭ᠋ᠠᠢ ᠶᠢᠨ ᠭᠤᠶ᠎ᠠ ᠶᠢᠨ ᠮᠢᠬ᠎ᠠ᠂ ᠭᠠᠭ᠋ᠠᠢ ᠶᠢᠨ ᠬᠠᠪᠢᠷᠭᠠᠨ ᠤ ᠥᠨᠳᠡᠭᠡ᠂ ᠰᠢᠨ᠎ᠡ ᠰᠣᠷᠭᠤᠭ ᠬᠤᠨᠢᠨ ᠮᠢᠬ᠎ᠠ ︵ᠶᠠᠰᠤ ᠶᠢ ᠠᠷᠢᠯᠭᠠᠬᠤ︶᠂ ᠲᠠᠬᠢᠶᠠᠨ ᠤ ᠮᠢᠬ᠎ᠠ ︵ᠴᠠᠭᠠᠨ ᠵᠣᠷᠪᠣᠰ︶᠂ ᠲᠠᠬᠢᠶᠠᠨ ᠥᠨᠳᠡᠭᠡ᠂ ᠦᠨᠢᠶᠡᠨ ᠰᠦ ᠨᠢ ᠪᠥᠬᠦ ᠬᠤᠲᠠ ᠶᠢᠨ ᠳᠤᠮᠳᠠᠴᠢ ᠰᠤᠯᠠ ᠬᠤᠳᠠᠯᠳᠤᠬᠤ ᠦᠨ᠎ᠡ ᠨᠢ ᠲᠣᠰ ᠲᠣᠰ 500 ᠭᠷᠠᠮ ︵240ml/ ᠤᠭᠤᠲᠠ︶ ᠪᠦᠷᠢ ᠳᠤ 14.10 ᠲᠥᠭᠦᠷᠢᠭ᠂ 13.35 ᠲᠥᠭᠦᠷᠢᠭ᠂ 26.11 ᠲᠥᠭᠦᠷᠢᠭ᠂ 27.67 ᠲᠥᠭᠦᠷᠢᠭ᠂ 11.3 ᠲᠥᠭᠦᠷᠢᠭ᠂ 5.63 ᠲᠥᠭᠦᠷᠢᠭ᠂ 2.57 ᠲᠥᠭᠦᠷᠢᠭ᠂ ᠲᠦᠭᠦᠬᠡᠢ ᠭᠠᠭ᠋ᠠᠢ ᠶᠢᠨ ᠬᠠᠪᠢᠷᠭᠠᠨ ᠤ ᠮᠢᠬ᠎ᠠ᠂ ᠲᠠᠬᠢᠶᠠᠨ ᠮᠢᠬᠠᠨ ᠤ ᠦᠨ᠎ᠡ ᠲᠣᠰ ᠲᠣᠰ 0.62%᠂ 0.38% ᠪᠠᠭᠤᠷᠠᠪᠠ︔ ᠰᠢᠨ᠎ᠡ ᠰᠣᠷᠭᠤᠭ ᠭᠠᠭ᠋ᠠᠢ ᠶᠢᠨ ᠮᠢᠬ᠎ᠠ᠂ ᠲᠠᠬᠢᠶᠠᠨ ᠮᠢᠬᠠᠨ ᠤ ᠦᠨ᠎ᠡ ᠲᠣᠰ ᠲᠣᠰ 0.5%᠂ 1.5%᠎ ᠪᠠᠷ ᠪᠠᠭᠤᠷᠠᠪᠠ︔ ᠰᠢᠨ᠎ᠡ ᠰᠣᠷᠭᠤᠭ ᠭᠠᠭ᠋ᠠᠢ ᠶᠢᠨ ᠭᠤᠶ᠎ᠠ ᠶᠢᠨ ᠮᠢᠬ᠎ᠠ᠂ ᠰᠢᠨ᠎ᠡ ᠬᠤᠨᠢᠨ ᠮᠢᠬ᠎ᠠ᠂ ᠦᠨᠢᠶᠡᠨ ᠰᠦ ᠶᠢᠨ ᠦᠨ᠎ᠡ ᠳᠡᠭᠡᠷ᠎ᠡ ᠬᠤᠭᠤᠴᠠᠭᠠᠨ ᠤ ᠬᠢ ᠠᠴᠠ ᠠᠳᠠᠯᠢ ᠪᠣᠯᠪᠠ᠃      ᠤᠰᠤᠨ ᠭᠠᠷᠤᠯᠲᠠ ᠶᠢᠨ ᠦᠨ᠎ᠡ ᠥᠰᠴᠦ ᠪᠠᠭᠤᠷᠠᠬᠤ ᠨᠢ ᠬᠠᠷᠢᠯᠴᠠᠨ ᠢᠯᠡᠷᠡᠵᠦ ᠪᠠᠶᠢᠨ᠎ᠠ᠃ 2024 ᠣᠨ ᠤ 10 ᠰᠠᠷ᠎ᠠ ᠶᠢᠨ 25᠎ ᠤ ᠡᠳᠦᠷ᠂ ᠪᠦᠰᠡᠯᠢᠭ ᠵᠢᠭᠠᠰᠤ᠂ ᠠᠮᠤᠷ ᠵᠢᠭᠠᠰᠤ᠂ ᠮᠥᠷᠭᠦ ᠵᠢᠭᠠᠰᠤᠨ ᠤ ᠪᠥᠬᠦ ᠬᠤᠲᠠ ᠶᠢᠨ ᠳᠤᠮᠳᠠᠴᠢ ᠦᠨ᠎ᠡ ᠨᠢ ᠲᠣᠰ ᠲᠣᠰ 500 ᠭᠷᠠᠮ 18.93 ᠲᠥᠭᠦᠷᠢᠭ᠂ 13.68 ᠲᠥᠭᠦᠷᠢᠭ᠂ 10.08 ᠲᠥᠭᠦᠷᠢᠭ᠂ ᠭᠠᠷᠠᠬᠠᠨ ᠬᠠᠷᠢᠴᠠᠯ ︵2024 ᠣᠨ ᠤ 10 ᠰᠠᠷ᠎ᠠ ᠶᠢᠨ 15᠎ ᠤ ᠡᠳᠦᠷ︶᠎ ᠲᠠᠢ ᠠᠳᠠᠯᠢᠳᠬᠠᠪᠠᠯ ᠵᠢᠭᠠᠰᠤᠨ ᠤ ᠦᠨ᠎ᠡ 5.58%᠎ ᠪᠠᠷ ᠥᠰᠴᠡᠶ︔ ᠡᠪᠡᠰᠦᠨ ᠵᠢᠭᠠᠰᠤ᠂ ᠮᠥᠷᠭᠦ ᠵᠢᠭᠠᠰᠤᠨ ᠤ ᠦᠨ᠎ᠡ ᠲᠣᠰ ᠲᠣᠰ 2.84%᠂ 0.33%᠎ ᠪᠠᠷ ᠪᠠᠭᠤᠷᠠᠪᠠ᠃   
ᠢᠷᠡᠯᠲᠡ᠄ ᠪᠠᠶᠠᠨᠨᠠᠭᠤᠷ ᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠵᠠᠰᠠᠭ ᠤᠨ ᠶᠠᠪᠤᠳᠠᠯ ᠤᠨ ᠮᠣᠩᠭᠤᠯ ᠰᠦᠯᠵᠢᠶ᠎ᠡ