ᠬᠠᠩᠭᠢᠨ ᠬᠤᠶᠢᠲᠤ ᠬᠤᠰᠢᠭᠤ ᠴᠡᠴᠡᠷᠯᠢᠭ ᠤᠨ ᠨᠣᠭᠤᠭᠠᠷᠠᠭᠤᠯᠤᠯᠲᠠ ᠶᠢᠨ ᠪᠠᠷᠢᠮᠵᠢᠶ᠎ᠠ ᠶᠢ ᠳᠡᠭᠡᠭᠰᠢᠯᠡᠭᠦᠯᠦᠨ ᠥᠭᠡᠷᠡᠴᠢᠯᠡᠬᠦ ᠲᠥᠰᠦᠯ ᠢ ᠰᠤᠳᠤᠯᠬᠤ ᠬᠤᠷᠠᠯ ᠬᠤᠷᠠᠯᠳᠤᠭᠤᠯᠪᠠ
ᠨᠡᠶᠢᠲᠡᠯᠡᠭᠰᠡᠨ ᠴᠠᠭ᠄
2024/3/11
      2 ᠰᠠᠷ᠎ᠠ ᠶᠢᠨ 26 ᠤ ᠡᠳᠦᠷ᠂ ᠬᠠᠩᠭᠢᠨ ᠬᠤᠶᠢᠲᠤ ᠬᠤᠰᠢᠭᠤᠨ ᠤ ᠬᠢᠨ ᠴᠡᠴᠡᠷᠯᠢᠭ ᠤᠨ ᠨᠣᠭᠤᠭᠠᠷᠠᠭᠤᠯᠤᠯᠲᠠ ᠶᠢᠨ ᠪᠠᠷᠢᠮᠵᠢᠶ᠎ᠠ ᠶᠢ ᠳᠡᠭᠡᠭᠰᠢᠯᠡᠭᠦᠯᠦᠨ ᠥᠭᠡᠷᠡᠴᠢᠯᠡᠬᠦ ᠲᠥᠰᠦᠯ ᠢ ᠰᠤᠳᠤᠯᠬᠤ ᠬᠤᠷᠠᠯ ᠬᠤᠷᠠᠯᠳᠤᠭᠤᠯᠪᠠ᠃       ᠬᠤᠰᠢᠭᠤᠨ ᠤ ᠨᠠᠮ ᠤᠨ ᠬᠤᠷᠢᠶᠠᠨ ᠤ ᠱᠦᠵᠢ ᠬᠠᠨ ᡁᠢ ᠶᠧ ᠣᠷᠣᠯᠴᠠᠵᠤ ᠶᠠᠷᠢᠶ᠎ᠠ ᠲᠠᠯᠪᠢᠵᠤ᠂ ᠬᠤᠰᠢᠭᠤᠨ ᠤ ᠤᠳᠤᠷᠢᠳᠤᠯᠭ᠎ᠠ ᠰᠦᠨ ᡁᠢ ᠭᠠᠩ᠂ ᠸᠠᠩ ᠺᠠᠶ ᠵᠢᠶᠦ᠋ᠨ᠂ ᠲᠤᠤ ᠹᠧᠨ ᠱᠠᠨ᠂ ᠬᠤᠤ ᠶᠠᠨ ᠢᠦᠶ ᠣᠷᠣᠯᠴᠠᠵᠠᠶ᠃       ᠬᠤᠷᠠᠯ ᠳᠡᠭᠡᠷ᠎ᠡ᠂ ᠵᠢᠷᠤᠭ ᠲᠥᠯᠥᠪᠯᠡᠭᠡ ᠶᠢᠨ ᠺᠣᠮᠫᠠᠨᠢ ᠶᠢᠨ ᠬᠠᠷᠢᠭᠤᠴᠠᠯᠭᠠᠲᠠᠨ ︽ᠪᠢᠴᠢᠯ ᠴᠡᠴᠡᠷᠯᠢᠭ︾ ᠤᠨ ᠪᠥᠲᠥᠭᠡᠨ ᠪᠠᠶᠢᠭᠤᠯᠤᠯᠲᠠ᠂ ᠬᠠᠨ᠎ᠠ ᠶᠢᠨ ᠵᠢᠷᠤᠭ ᠤᠨ ᠦᠵᠡᠮᠵᠢ᠂ ᠣᠷᠴᠢᠨ ᠲᠣᠭᠤᠷᠢᠨ ᠢ ᠭᠤᠶᠣᠯᠠᠬᠤ᠂ ᠬᠤᠲᠠ ᠶᠢᠨ ᠦᠵᠡᠮᠵᠢ ᠶᠢᠨ ᠨᠣᠭᠤᠭᠠᠷᠠᠭᠤᠯᠤᠯᠲᠠ ᠶᠢ ᠳᠡᠭᠡᠭᠰᠢᠯᠡᠭᠦᠯᠬᠦ ᠵᠡᠷᠭᠡ ᠨᠠᠷᠢᠨ  ᠵᠦᠢᠯᠡᠰ  ᠤᠨ ᠲᠣᠭᠤᠷᠢᠨ ᠳᠤ᠂ 2024 ᠣᠨ ᠤ ᠬᠠᠩᠭᠢᠨ ᠬᠤᠶᠢᠲᠤ ᠬᠤᠰᠢᠭᠤᠨ ᠤ ᠴᠡᠴᠡᠷᠯᠢᠭ ᠤᠨ ᠨᠣᠭᠤᠭᠠᠷᠠᠭᠤᠯᠤᠯᠲᠠ ᠶᠢᠨ ᠪᠠᠷᠢᠮᠵᠢᠶ᠎ᠠ ᠶᠢ ᠳᠡᠭᠡᠭᠰᠢᠯᠡᠭᠦᠯᠦᠨ ᠥᠭᠡᠷᠡᠴᠢᠯᠡᠬᠦ ᠲᠥᠰᠦᠯ ᠤᠨ ᠲᠥᠯᠥᠪᠵᠢᠭᠦᠯᠭᠡ ᠶᠢᠨ ᠪᠠᠶᠢᠳᠠᠯ ᠤᠨ ᠲᠣᠭᠤᠷᠢᠨ ᠳᠤ ᠬᠠᠮᠢᠶ᠎ᠠ ᠪᠥᠬᠦᠶ ᠬᠠᠷᠢᠭᠤ ᠮᠡᠳᠡᠭᠦᠯᠦᠯᠲᠡ ᠬᠢᠪᠠ᠃ ᠬᠤᠷᠠᠯ ᠳᠤ ᠣᠷᠣᠯᠴᠠᠭᠰᠠᠳ ᠲᠥᠰᠦᠯ ᠤᠨ ᠲᠣᠭᠤᠷᠢᠨ ᠳᠤ ᠲᠤᠰ ᠲᠤᠰ ᠶᠠᠷᠢᠶ᠎ᠠ ᠲᠠᠯᠪᠢᠵᠤ᠂ ᠪᠦᠲᠦᠭᠡᠯᠴᠢ ᠴᠢᠨᠠᠷᠲᠠᠶ ᠵᠠᠰᠠᠪᠤᠷᠢ ᠣᠷᠣᠭᠤᠯᠬᠤ ᠰᠠᠨᠠᠯ ᠪᠠ ᠰᠠᠨᠠᠭᠤᠯᠭ᠎ᠠ ᠳᠤᠷᠠᠳᠪᠠ᠃       ᠬᠠᠨ ᡁᠢ ᠶᠧ ᠵᠢᠭᠠᠵᠤ ᠭᠠᠷᠭᠠᠭᠰᠠᠨ ᠨᠢ᠂ ᠬᠤᠲᠠ ᠶᠢᠨ ᠨᠣᠭᠤᠭᠠᠷᠠᠭᠤᠯᠤᠯᠲᠠ ᠪᠣᠯ ᠬᠤᠲᠠ ᠶᠢᠨ ᠳᠦᠷᠢ ᠲᠥᠷᠬᠦ ᠶᠢᠨ ᠴᠢᠬᠤᠯᠠ ᠪᠦᠷᠢᠯᠳᠦᠬᠦᠨ ᠬᠡᠰᠡᠭ ᠮᠥᠨ᠂ ᠬᠤᠲᠠ ᠶᠢᠨ ᠴᠢᠨᠠᠷ ᠰᠠᠶᠢᠲᠠᠶ ᠬᠥᠭᠵᠢᠯᠲᠡ ᠪᠠ ᠠᠷᠠᠳ ᠣᠯᠠᠨ ᠤ ᠲᠣᠰ ᠪᠡᠶ᠎ᠡ ᠶᠢᠨ ᠠᠰᠢᠭ ᠲᠤᠰᠠ ᠲᠠᠢ ᠬᠤᠯᠪᠣᠭᠳᠠᠵᠤ ᠪᠠᠶᠢᠳᠠᠭ᠂ ᠥᠨᠳᠥᠷ ᠪᠠᠷᠢᠮᠵᠢᠶ᠎ᠠ ᠪᠠᠷ ᠲᠥᠯᠥᠪᠵᠢᠭᠦᠯᠬᠦ᠂ ᠰᠢᠰᠲ᠋ᠧᠮᠵᠢᠭᠦᠯᠦᠨ ᠵᠢᠷᠤᠵᠤ ᠲᠥᠯᠥᠪᠯᠡᠬᠦ᠂ ᠨᠢᠭᠡᠳᠦᠯᠲᠡᠶ ᠲᠥᠯᠥᠪᠯᠡᠨ ᠪᠠᠷᠢᠯᠭ᠎ᠠ ᠪᠠᠷᠢᠵᠤ᠂ ᠨᠣᠭᠤᠭᠠᠷᠠᠭᠤᠯᠤᠯᠲᠠ ᠶᠢᠨ ᠢᠨᠵᠧᠨᠧᠷᠢᠩ ᠤᠨ ᠲᠠᠰ ᠳᠡᠪᠰᠢᠬᠦ᠂ ᠪᠠᠷᠢᠮᠵᠢᠶ᠎ᠠ ᠶᠢ ᠳᠡᠭᠡᠭᠰᠢᠯᠡᠭᠦᠯᠦᠨ ᠥᠭᠡᠷᠡᠴᠢᠯᠡᠬᠦ ᠳᠤ ᠪᠥᠬᠦ ᠲᠠᠯ᠎ᠠ ᠪᠠᠷ ᠪᠥᠬᠦ ᠬᠤᠰᠢᠭᠤᠨ ᠤ ᠨᠣᠭᠤᠭᠠᠷᠠᠭᠤᠯᠤᠯᠲᠠ ᠶᠢᠨ ᠴᠢᠨᠠᠷ ᠴᠢᠨᠰᠠᠭ᠎ᠠ ᠶᠢ ᠲᠠᠰᠤᠷᠠᠯᠲᠠ ᠥᠬᠡᠶ ᠳᠡᠭᠡᠭᠰᠢᠯᠡᠭᠦᠯᠵᠦ᠂ ᠬᠤᠲᠠ ᠶᠢᠨ ᠥᠩᠭᠡ ᠵᠢᠰᠦ ᠶᠢ ᠳᠡᠭᠡᠭᠰᠢᠯᠡᠭᠦᠯᠬᠦ ᠳᠤ ᠴᠢᠬᠤᠯᠠ ᠠᠴᠢ ᠬᠤᠯᠪᠣᠭᠳᠠᠯ ᠲᠠᠢ ᠶᠤᠮ᠃ ᠵᠢᠷᠤᠭ ᠲᠥᠯᠥᠪᠯᠡᠭᠡ ᠶᠢᠨ ᠨᠢᠭᠡᠴᠡ ᠨᠦᠭᠦᠳ ᠨᠣᠭᠤᠭᠠᠷᠠᠭᠤᠯᠤᠯᠲᠠ ᠶᠢᠨ ᠵᠠᠩᠭᠢᠯᠠᠭ᠎ᠠ ᠶᠢᠨ ᠴᠡᠭ ᠤᠨ ᠪᠣᠳᠠᠲᠠᠶ ᠭᠠᠵᠠᠷ ᠤᠨ ᠬᠡᠰᠡᠭ ᠤᠨ ᠪᠣᠳᠠᠲᠤ ᠪᠠᠶᠢᠳᠠᠯ ᠲᠠᠢ ᠤᠶᠠᠯᠳᠤᠭᠤᠯᠤᠨ᠂ ᠣᠯᠠᠨ ᠵᠦᠢᠯ ᠤᠨ ᠬᠡᠯᠪᠡᠷᠢ ᠶᠢᠨ ᠨᠣᠭᠤᠭᠠᠷᠠᠭᠤᠯᠤᠯᠲᠠ ᠶᠢᠨ ᠵᠠᠭᠪᠤᠷ ᠢ ᠶᠡᠷᠦᠩᠬᠡᠶᠢᠯᠡᠨ ᠪᠣᠳᠣᠯᠬᠢᠯᠠᠵᠤ᠂ ᠵᠠᠩᠭᠢᠯᠠᠭ᠎ᠠ ᠶᠢᠨ ᠴᠡᠭ ᠤᠨ ᠵᠢᠷᠤᠭ ᠲᠥᠯᠥᠪᠯᠡᠭᠡ ᠶᠢ ᠨᠠᠷᠢᠯᠢᠬᠵᠢᠭᠤᠯᠤᠨ᠂ ᠤᠤᠯ ᠤᠨ ᠵᠢᠷᠤᠭ ᠲᠥᠯᠥᠪᠯᠡᠭᠡ ᠶᠢᠨ ᠲᠥᠰᠦᠯ ᠢ ᠤᠯᠠᠮ ᠨᠢᠭᠡ ᠠᠯᠬᠤᠮ ᠰᠢᠯᠢᠳᠡᠭᠵᠢᠭᠦᠯᠵᠦ᠂ ᠵᠢᠷᠤᠭ ᠲᠥᠯᠥᠪᠯᠡᠭᠡ ᠶᠢᠨ ᠲᠠᠯ᠎ᠠ ᠪᠠᠷ ᠲᠡᠮᠡᠴᠡᠬᠦ᠂ ᠭᠤᠤᠯ ᠤᠨ ᠠᠷᠢᠬᠢ᠂ ᠱᠠᠮᠪᠠ ᠶᠢᠨ ᠦᠨᠦᠷ ᠠᠮᠲᠠ ᠵᠡᠷᠭᠡ ᠰᠣᠶᠣᠯ ᠤᠨ ᠡᠯᠧᠮᠧᠨ᠋ᠲ ᠢ ᠨᠡᠮᠡᠭᠳᠡᠭᠦᠯᠵᠦ᠂ ᠬᠠᠩᠭᠢᠨ ᠬᠤᠶᠢᠲᠤ ᠬᠤᠰᠢᠭᠤᠨ ᠤ ᠣᠷᠣᠨ ᠨᠤᠲᠤᠭ ᠤᠨ ᠰᠣᠶᠣᠯ ᠤᠨ ᠣᠨᠴᠠᠯᠢᠭ ᠢ ᠳᠣᠪᠤᠶᠢᠯᠭᠠᠨ᠂ ᠡᠯ᠎ᠡ ᠨᠠᠰᠤᠨ ᠤ ᠬᠤᠭᠤᠴᠠᠭᠠᠨ ᠳᠠᠬᠢ ᠬᠤᠲᠠ ᠶᠢᠨ ᠠᠷᠠᠳ ᠤᠨ ᠠᠮᠠᠷᠠᠬᠤ᠂ ᠵᠤᠭᠠᠴᠠᠨ ᠨᠠᠭᠠᠳᠬᠤ ᠂ ᠠᠵᠢᠯᠯᠠᠭ᠎ᠠ ᠶᠢᠨ ᠴᠢᠳᠠᠮᠵᠢ ᠶᠢᠨ ᠬᠡᠷᠡᠭᠴᠡᠭᠡ ᠱᠠᠭᠠᠷᠳᠠᠯᠭ᠎ᠠ ᠶᠢ ᠬᠠᠩᠭᠠᠬᠤ ᠬᠡᠷᠡᠭᠲᠡᠶ᠃       ᠬᠠᠨ ᡁᠢ ᠶᠧ ᠴᠢᠬᠤᠯᠠᠴᠢᠯᠠᠭᠰᠠᠨ ᠨᠢ᠂ ᠴᠢᠬᠢ ᠮᠣᠳᠣ ᠶᠢ ᠰᠢᠨᠵᠢᠯᠡᠬᠦ ᠤᠬᠠᠭᠠᠨᠴᠢ ᠪᠠᠷ ᠰᠣᠩᠭᠤᠬᠤ ᠶᠢᠨ ᠬᠠᠮᠲᠤ ᠬᠤᠨᠣᠭᠯᠠᠬᠤ ᠦᠨᠳᠦᠰᠦ ᠶᠢᠨ ᠬᠤᠸᠠᠷ ᠴᠡᠴᠡᠭ ᠤᠨ ᠬᠡᠷᠡᠭᠯᠡᠯᠲᠡ ᠶᠢ ᠨᠡᠮᠡᠭᠳᠡᠭᠦᠯᠵᠦ᠂ ᠬᠥᠮᠥᠰ ᠤᠨ ᠦᠵᠡᠮᠵᠢ ᠰᠠᠶᠢᠬᠠᠨ ᠪᠠᠶᠢᠬᠤ ᠱᠠᠭᠠᠷᠳᠠᠯᠭ᠎ᠠ ᠶᠢ ᠬᠠᠩᠭᠠᠵᠤ᠂ ᠬᠤᠳᠠ ᠶᠢᠨ ᠲᠣᠭᠤᠷᠢᠭ ᠤᠨ ᠨᠣᠭᠤᠭᠠᠷᠠᠭᠤᠯᠤᠯᠲᠠ ᠶᠢᠨ ᠲᠡᠰ ᠪᠣᠯᠤᠨ ᠪᠦᠬᠦᠯᠢ ᠴᠣᠭᠴᠠ ᠶᠢᠨ ᠲᠦᠪᠰᠢᠨ ᠢ ᠴᠢᠨᠠᠭᠰᠢᠳᠠ ᠳᠡᠭᠡᠭᠰᠢᠯᠡᠭᠦᠯᠬᠦ ᠬᠡᠷᠡᠭᠲᠡᠢ᠃ ᠵᠣᠬᠢᠴᠠᠩᠭᠤᠢ᠂ ᠪᠦᠬᠦᠯᠢ ᠴᠣᠭᠴᠠ ᠪᠠᠷ ᠨᠢ ᠠᠬᠢᠭᠤᠯᠬᠤ ᠶᠢ ᠴᠢᠬᠤᠯᠠᠴᠢᠯᠠᠵᠤ᠂ ᠬᠠᠮᠢᠶ᠎ᠠ ᠪᠦᠬᠦᠢ ᠰᠠᠭᠤᠷᠢ ᠲᠥᠬᠦᠭᠡᠷᠦᠮᠵᠢ ᠶᠢ ᠢᠵᠢ ᠪᠦᠷᠢᠳᠦᠭᠦᠯᠦᠨ ᠲᠡᠭᠦᠯᠳᠡᠷᠵᠢᠭᠦᠯᠵᠦ᠂ ᠴᠡᠪᠡᠷ ᠴᠡᠮᠴᠡᠭᠡᠷ ᠲᠠᠭᠠᠯᠠᠮᠵᠢᠲᠠᠶ ᠣᠷᠣᠰᠢᠨ ᠰᠠᠭᠤᠬᠤ ᠣᠷᠴᠢᠨ ᠲᠣᠭᠤᠷᠢᠨ ᠢ ᠪᠦᠬᠦ ᠬᠦᠴᠦᠨ ᠢᠶᠠᠷ ᠢᠶᠠᠨ ᠪᠤᠢ ᠪᠣᠯᠭᠠᠵᠤ᠂ ᠨᠠᠷᠢᠯᠢᠭᠵᠢᠭᠰᠠᠨ᠂ ᠨᠠᠷᠢᠯᠢᠭᠵᠢᠭᠤᠯᠤᠭᠰᠠᠨ ᠬᠠᠮᠢᠶᠠᠷᠤᠯᠲᠠ ᠳᠡᠭᠡᠷ᠎ᠡ ᠬᠦᠴᠦ ᠲᠠᠯᠪᠢᠵᠤ᠂ ᠨᠣᠭᠤᠭᠠᠷᠠᠭᠤᠯᠵᠤ ᠠᠷᠠᠴᠢᠯᠠᠨ ᠬᠠᠮᠠᠭᠠᠯᠠᠬᠤ ᠲᠦᠪᠰᠢᠨ ᠢ ᠳᠡᠭᠡᠭᠰᠢᠯᠡᠭᠦᠯᠵᠦ᠂ ᠬᠤᠳᠠ ᠶᠢᠨ ᠲᠦᠷᠢ ᠲᠥᠷᠬᠦ ᠪᠣᠯᠤᠨ ᠴᠢᠨᠠᠷ ᠳᠡᠰ ᠢ ᠪᠦᠬᠦ ᠲᠠᠯ᠎ᠠ ᠪᠠᠷ ᠳᠡᠭᠡᠭᠰᠢᠯᠡᠭᠦᠯᠬᠦ ᠬᠡᠷᠡᠭᠲᠡᠢ᠃ ︽ᠳᠥᠷᠪᠡᠨ ᠤᠯᠠᠷᠢᠯ ᠳᠤ ᠦᠵᠡᠮᠵᠢ ᠲᠠᠢ︾ ᠪᠠᠶᠢᠬᠤ ᠱᠠᠭᠠᠷᠳᠠᠯᠭ᠎ᠠ ᠶᠣᠰᠣᠭᠠᠷ᠂ ᠲᠣᠬᠢᠷᠠᠮᠵᠢᠲᠠᠶ ᠭᠠᠵᠠᠷ ᠲᠤ ᠲᠠᠷᠢᠬᠤ ᠵᠠᠷᠴᠢᠮ ᠢ ᠪᠠᠷᠢᠮᠲᠠᠯᠠᠨ᠂ ᠬᠤᠸᠠᠷ ᠴᠡᠴᠡᠭ ᠴᠢᠬᠢ ᠮᠣᠳᠣᠨ ᠤ ᠲᠥᠷᠥᠯ ᠵᠦᠢᠯ ᠢ ᠬᠢᠨᠠᠮᠠᠭᠠᠶ ᠰᠣᠩᠭᠤᠵᠤ᠂ ᠥᠩᠭᠡ ᠪᠤᠳᠤᠭ ᠢᠶᠠᠨ ᠵᠦᠶ ᠵᠣᠬᠢᠰᠲᠠᠶ ᠳᠣᠭᠢᠷᠠᠭᠤᠯᠤᠨ᠂ ᠬᠠᠷᠮᠠᠨ ᠴᠡᠴᠡᠷᠯᠢᠭ᠂ ᠴᠡᠴᠡᠷᠯᠢᠭ ᠤᠨ ᠪᠢᠴᠢᠯ ᠦᠵᠡᠮᠵᠢ ᠶᠢ ᠨᠠᠷᠢᠨ ᠨᠢᠮᠪᠠᠶ ᠪᠠᠶᠢᠭᠤᠯᠵᠤ᠂ ᠰᠥᠨᠢ ᠶᠢᠨ ᠬᠤᠲᠠ ᠶᠢᠨ ᠲᠣᠭᠤᠷᠢᠭ ᠢ ᠭᠤᠶᠣᠯᠠᠵᠤ ᠭᠡᠷᠡᠯᠲᠦᠭᠦᠯᠬᠦ ᠶᠢ ᠳᠡᠭᠡᠭᠰᠢᠯᠡᠭᠦᠯᠦᠨ᠂ ᠲᠠᠰ ᠳᠠᠪᠬᠤᠷᠭ᠎ᠠ ᠲᠣᠳᠣᠷᠬᠠᠶ᠂ ᠪᠤᠷᠤᠭᠤ ᠪᠠᠷ ᠨᠠᠶᠢᠳᠠᠪᠤᠷᠢᠵᠢᠭᠤᠯᠤᠭᠰᠠᠨ ᠨᠣᠭᠤᠭᠠᠷᠠᠭᠤᠯᠤᠯᠲᠠ ᠶᠢᠨ ᠰᠢᠰᠲ᠋ᠧᠮᠵᠢ ᠶᠢ ᠪᠣᠶ ᠪᠣᠯᠭᠠᠵᠤ᠂ ᠬᠤᠲᠠ ᠶᠢᠨ ᠪᠣᠬᠢᠷᠲᠤᠯ ᠥᠬᠡᠶ ᠬᠥᠭᠵᠢᠯᠲᠡ ᠶᠢᠨ ᠠᠮᠢ ᠠᠬᠤᠶ ᠶᠢᠨ ᠰᠠᠭᠤᠷᠢ ᠥᠩᠭᠡ ᠶᠢ ᠵᠤᠵᠠᠭᠠᠳᠬᠠᠬᠤ ᠬᠡᠷᠡᠭᠲᠡᠶ᠃ 
ᠢᠷᠡᠯᠲᠡ᠄ ᠬᠠᠩᠭᠢᠨ ᠬᠤᠶᠢᠲᠤ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ